ᠥᠪᠥᠷ ᠮᠣᠩᠭᠤᠯ ᠤᠨ ᠡᠷᠡᠭᠲᠡᠢ ᠶᠢᠨ ᠪᠤᠶᠢᠺᠤ ᠪᠥᠮᠪᠥᠭᠡᠨ ᠠᠩᠭᠢ ᠪᠦᠭᠦ ᠤᠯᠤᠰ ᠲᠤ ᠮᠠᠩᠯᠠᠶᠢᠯᠠᠪᠠ
ᠨᠡᠶᠢᠲᠡᠯᠡᠭᠰᠡᠨ ᠴᠠᠭ᠄
2023/12/1
ᠥᠪᠥᠷ ᠮᠣᠩᠭᠤᠯ ᠤᠨ ᠡᠷᠡᠭᠲᠡᠢ ᠶᠢᠨ ᠪᠤᠶᠢᠺᠤ ᠪᠥᠮᠪᠥᠭᠡᠨ ᠠᠩᠭᠢ ᠪᠦᠭᠦ ᠤᠯᠤᠰ ᠲᠤ ᠮᠠᠩᠯᠠᠶᠢᠯᠠᠪᠠᠥᠪᠡᠷᠲᠡᠭᠡᠨ ᠵᠠᠰᠠᠬᠤ ᠣᠷᠣᠨ ᠤ ᠪᠡᠶ᠎ᠡ ᠶᠢᠨ ᠲᠠᠮᠢᠷ ᠤᠨ ᠲᠣᠪᠴᠢᠶ᠎ᠠ ᠠᠴᠠ ᠣᠶᠢᠯᠠᠭᠠᠭᠰᠠᠨ ᠢᠶᠠᠷ᠂ 11 ᠰᠠᠷ᠎ᠠ ᠶᠢᠨ 7᠎ ᠤ ᠡᠳᠦᠷ᠂ 2023 ᠣᠨ ᠤ ᠪᠦᠭᠦ ᠤᠯᠤᠰ ᠤᠨ ᠡᠷᠡᠭᠲᠡᠢ ᠶᠢᠨ ᠪᠤᠶᠢᠺᠤ ᠪᠥᠮᠪᠦᠭᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠵᠢᠶᠠᠩᠰᠤ ᠶᠢᠨ ᠴᠠᠩᠵᠸᠦ ᠶᠢᠨ ᠪᠤᠶᠢᠺᠤ ᠪᠥᠮᠪᠦᠭᠡ ᠶᠢᠨ ᠪᠣᠯᠪᠠᠰᠤᠷᠠᠯ ᠤᠨ ᠰᠠᠭᠤᠷᠢᠨ ᠳᠤ ᠶᠠᠪᠤᠭᠳᠠᠪᠠ᠃ ᠲᠡᠷᠢᠭᠦᠨ ᠳᠡᠳ᠋ ᠤᠨ ᠥᠷᠢᠰᠦᠯᠳᠦᠭᠡᠨ ᠳᠤ᠂ ᠥᠪᠥᠷ ᠮᠣᠩᠭᠤᠯ ᠤᠨ ᠠᠩᠭᠢ ᠶᠢᠨ ᠬᠢᠨ ᠭᠤᠸᠠᠩᠳᠦ᠋ᠩ ᠤᠨ ᠠᠩᠭᠢ ᠲᠠᠢ ᠥᠷᠢᠰᠦᠯᠳᠦᠪᠡ᠃ ᠳᠡᠭᠡᠷ᠎ᠡ ᠬᠠᠭᠠᠰ ᠲᠠᠯᠠᠪᠤᠷ ᠤᠨ ᠤᠷᠤᠯᠳᠤᠭᠠᠨ ᠳᠤ᠂ ᠬᠤᠶᠠᠷ ᠲᠠᠯ᠎ᠠ ᠪᠠᠷ ᠢᠶᠠᠨ ᠪᠦᠷ ᠪᠥᠮᠪᠦᠭᠡ ᠣᠷᠣᠭᠤᠯᠤᠭᠰᠠᠨ ᠦᠭᠡᠢ᠃ ᠳᠣᠣᠷ᠎ᠠ ᠬᠠᠭᠠᠰ ᠲᠠᠯᠠᠪᠤᠷ ᠤᠨ ᠤᠷᠤᠯᠳᠤᠭᠠᠨ ᠳᠤ᠂ ᠥᠪᠥᠷ ᠮᠣᠩᠭᠤᠯ ᠤᠨ ᠠᠩᠭᠢ 1᠄ 0᠎ ᠤᠨ ᠬᠠᠷᠢᠴᠠᠯ ᠢᠶᠠᠷ ᠥᠷᠢᠰᠦᠯᠳᠦᠭᠴᠢ ᠠᠴᠠ ᠪᠠᠨ ᠳᠠᠪᠠᠵᠠᠢ᠃ ᠳᠥᠷᠪᠡᠳᠦᠭᠡᠷ ᠨᠤᠭᠤᠯᠤᠭ᠎ᠠ ᠪᠤᠯᠬᠤ ᠳᠤ᠂ ᠥᠪᠥᠷ ᠮᠣᠩᠭᠤᠯ ᠤᠨ ᠠᠩᠭᠢ ᠶᠢᠨ ᠨᠢᠭᠡ ᠲᠠᠮᠢᠷᠴᠢᠨ ᠰᠢᠷ᠎ᠠ ᠫᠠᠶᠢᠰᠠ ᠪᠠᠷ ᠲᠣᠷᠭᠠᠭᠳᠠᠵᠤ᠂ ᠲᠠᠮᠢᠷᠴᠢᠨ ᠴᠥᠭᠡᠨ ᠪᠣᠯᠤᠭᠰᠠᠨ ᠪᠠᠶᠢᠳᠠᠯ ᠳᠣᠣᠷ᠎ᠠ ᠳᠠᠭᠢᠨ ᠨᠢᠭᠡ ᠪᠥᠮᠪᠦᠭᠡ ᠣᠷᠣᠭᠤᠯᠵᠤ᠂ 2᠄ 0᠎ ᠤᠨ ᠬᠠᠷᠢᠴᠠᠯ ᠢᠶᠠᠷ ᠭᠤᠸᠠᠩᠳᠦ᠋ᠩ ᠤᠨ ᠠᠩᠭᠢ ᠶᠢ ᠢᠯᠠᠵᠤ᠂ 2023 ᠣᠨ ᠤ ᠪᠦᠭᠦ ᠤᠯᠤᠰ ᠤᠨ ᠡᠷᠡᠭᠲᠡᠢ ᠶᠢᠨ ᠪᠤᠶᠢᠺᠤ ᠪᠥᠮᠪᠦᠭᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠮᠠᠩᠯᠠᠶᠢᠯᠠᠪᠠ᠃
 
ᠢᠷᠡᠯᠲᠡ᠄ ᠲᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号