ᠠᠩᠬᠠᠳᠤᠭᠠᠷ ᠬᠤᠭᠤᠴᠠᠭᠠᠨ ᠤ ︽ᠬᠡᠦᠬᠡᠳ ᠤᠨ ᠤᠩᠰᠢᠯᠭ᠎ᠠ ᠶᠢᠨ ᠨᠠᠭᠠᠳᠤᠮ︾ ᠥᠨᠳᠥᠷᠯᠡᠪᠡᠣᠶᠢᠷ᠎ᠠ ᠳᠤ ᠬᠤᠶᠠᠷ ᠰᠠᠷ᠎ᠠ ᠬᠠᠭᠠᠰ ᠶᠠᠪᠤᠭᠳᠠᠭᠰᠠᠨ ᠥᠪᠥᠷ ᠮᠣᠩᠭᠤᠯ ᠤᠨ ᠨᠣᠮ ᠤᠨ ᠰᠠᠩ ᠤᠨ ᠠᠩᠬᠠᠳᠤᠭᠠᠷ ᠬᠤᠭᠤᠴᠠᠭᠠᠨ ᠤ ︽ᠬᠡᠦᠬᠡᠳ ᠤᠨ ᠤᠩᠰᠢᠯᠭ᠎ᠠ ᠶᠢᠨ ᠨᠠᠭᠠᠳᠤᠮ︾ ᠲᠡᠭᠦᠰ ᠠᠮᠵᠢᠯᠲᠠ ᠲᠠᠢ ᠥᠨᠳᠥᠷᠯᠡᠵᠦ᠂ ᠨᠠᠭᠠᠳᠤᠮ ᠤᠨ ᠬᠤᠭᠤᠴᠠᠭᠠᠨ ᠳᠤ ᠨᠡᠶᠢᠲᠡ 34 ᠲᠠᠯᠠᠪᠠᠢ ᠠᠬᠤᠢ ᠳᠠᠯᠠᠪᠠᠢ ᠶᠢᠨ ᠠᠵᠢᠯᠯᠠᠭ᠎ᠠ ᠪᠠ 2 ᠳᠠᠯᠠᠪᠠᠢ ᠰᠦᠯᠵᠢᠶᠡᠨ ᠠᠴᠠ ᠨᠣᠮ ᠤᠩᠰᠢᠵᠤ ᠲᠡᠮᠳᠡᠭᠯᠡᠯ ᠬᠢᠭᠰᠡᠨ ᠲᠤᠬᠠᠢ ᠠᠵᠢᠯᠯᠠᠭ᠎ᠠ ᠥᠷᠨᠢᠭᠦᠯᠵᠦ᠂ 1300 ᠭᠠᠷᠤᠢ ᠬᠥᠮᠥᠨ ᠳᠤ ᠦᠢᠯᠡᠴᠢᠯᠡᠪᠡ᠃ ᠡᠭᠦᠨ ᠳᠤ 107 ᠪᠢᠴᠢᠬᠠᠨ ᠨᠠᠶᠢᠵᠠ ᠲᠠᠪᠤ ᠠᠴᠠ ᠳᠡᠭᠡᠭᠰᠢᠬᠢ ᠲᠦᠷᠦᠯ ᠤᠨ ᠲᠠᠮᠠᠭ᠎ᠠ ᠴᠤᠭᠯᠠᠭᠤᠯᠵᠤ ᠨᠠᠨᠳᠢᠨ ᠪᠡᠯᠡᠭ ᠲᠤᠰᠴᠠᠢ᠃ ᠤᠩᠰᠢᠯᠭ᠎ᠠ ᠶᠢᠨ ᠨᠠᠭᠠᠳᠤᠮ ᠳᠤ ᠨᠣᠮ ᠳᠡᠪᠲᠡᠷ ᠢᠶᠠᠷ ᠬᠠᠶᠢᠷ᠎ᠠ ᠬᠠᠯᠠᠮᠵᠢ ᠬᠦᠷᠭᠡᠬᠦ ᠠᠵᠢᠯᠯᠠᠭ᠎ᠠ ᠥᠷᠨᠢᠭᠦᠯᠦᠨ᠂ ᠤᠩᠰᠢᠭᠴᠢᠳ ᠤᠨ ᠴᠤᠭᠯᠠᠭᠤᠯᠤᠭᠰᠠᠨ 500 ᠭᠠᠷᠤᠢ ᠨᠣᠮ ᠳᠡᠪᠲᠡᠷ ᠢ ᠬᠥᠳᠡᠭᠡ ᠲᠣᠰᠬᠤᠨ ᠤ ᠪᠠᠭ᠎ᠠ ᠰᠤᠷᠭᠠᠭᠤᠯᠢ ᠳᠤ ᠬᠠᠨᠳᠢᠪᠯᠡᠵᠤ᠂ ᠲᠡᠨᠳᠡᠬᠢ ᠬᠡᠦᠬᠡᠳ ᠤᠳ ᠲᠤ ᠮᠡᠳᠡᠯᠭᠡ ᠪᠠ ᠬᠠᠪᠤ ᠴᠡᠩᠭᠡᠯ ᠬᠦᠷᠲᠡᠭᠡᠪᠡ᠃ ︽ᠡᠨᠡ ᠪᠣᠯ ᠮᠢᠨᠤ ᠨᠣᠮ︾ ᠵᠢᠷᠤᠭᠲᠤ ᠳᠡᠪᠲᠡᠷ ᠵᠣᠬᠢᠶᠠᠬᠤ ᠠᠵᠢᠯᠯᠠᠭ᠎ᠠ ᠶᠢ 3 ᠳᠠᠯᠠᠪᠠᠢ ᠥᠷᠨᠢᠭᠦᠯᠵᠦ᠂ ᠬᠡᠦᠬᠡᠳ ᠤᠳ ᠮᠠᠰᠢ ᠣᠯᠠᠨ ᠰᠢᠯᠢᠳᠡᠭ ᠵᠢᠷᠤᠭ ᠤᠨ ᠪᠦᠲᠦᠭᠡᠯ ᠦᠢᠯᠡᠳᠴᠦ᠂ ᠬᠡᠦᠬᠡᠳ ᠤᠨ ᠮᠠᠰᠢ ᠥᠨᠳᠥᠷ ᠵᠣᠬᠢᠶᠠᠨ ᠪᠦᠲᠦᠭᠡᠬᠦ ᠤᠷᠮ᠎ᠠ ᠪᠠ ᠠᠪᠢᠶᠠᠰ ᠢ ᠢᠯᠡᠷᠡᠭᠦᠯᠪᠡ᠃ ᠠᠪᠤ ᠡᠵᠢ ᠬᠡᠦᠬᠡᠳ ᠲᠠᠢ ᠪᠠᠨ ᠬᠠᠮᠲᠤ ᠨᠣᠮ ᠤᠩᠰᠢᠬᠤ ᠠᠵᠢᠯᠯᠠᠭ᠎ᠠ ᠥᠷᠨᠢᠭᠦᠯᠦᠨ᠂ ᠠᠵᠢᠯᠯᠠᠭᠠᠨ ᠳᠤ ᠤᠷᠤᠯᠴᠠᠬᠰᠠᠨ ᠭᠡᠷ ᠪᠦᠯᠢ ᠨᠡᠶᠢᠲᠡ 3000 ᠨᠣᠮ ᠤᠩᠰᠢᠵᠤ᠂ ᠳᠤᠮᠳᠠᠴᠢ ᠪᠠᠷ ᠭᠡᠷ ᠪᠦᠯᠢ ᠨᠢᠭᠡ ᠪᠦᠷᠢ 40 ᠨᠣᠮ ᠤᠩᠰᠢᠵᠠᠶ᠃ ︽ᠬᠡᠦᠬᠡᠳ ᠤᠨ ᠰᠡᠳᠬᠢᠯ ᠨᠠᠮ ᠢᠶᠠᠨ ᠳᠠᠭᠠᠵᠤ ᠤᠯᠤᠰ ᠢᠶᠠᠨ ᠬᠦᠴᠦᠷᠬᠡᠭᠵᠢᠭᠦᠯᠬᠦ ᠳᠤ ᠬᠤᠰᠢᠭᠤᠴᠢᠯᠠᠬᠤ︾ ᠡᠬᠡ ᠪᠢᠴᠢᠭ ᠡᠯᠰᠡᠵᠦ᠂ ᠪᠠᠭᠠᠴᠤᠳ ᠤᠨ ᠤᠯᠤᠰ ᠢᠶᠠᠨ ᠬᠠᠶᠢᠷᠠᠯᠠᠬᠤ ᠰᠡᠳᠬᠢᠯᠭᠡ ᠶᠢ ᠬᠥᠭᠵᠢᠭᠡᠨ᠂ ᠲᠡᠳᠡᠨ ᠤ ᠤᠯᠤᠰ ᠤᠨ ᠢᠷᠡᠭᠡᠳᠦᠢ ᠶᠢᠨ ᠲᠤᠬᠠᠢ ᠬᠠᠷᠢᠭᠤᠴᠠᠯᠭᠠᠲᠤ ᠰᠡᠳᠬᠢᠯᠭᠡ ᠪᠠ ᠡᠭᠦᠷᠭᠡᠲᠦ ᠰᠡᠳᠬᠢᠯᠭᠡ ᠶᠢ ᠳᠡᠭᠡᠭᠰᠢᠯᠡᠭᠦᠯᠪᠡ᠃ ᠤᠩᠰᠢᠯᠭ᠎ᠠ + ᠴᠡᠴᠡᠷᠯᠢᠭ ᠤᠨ ᠭᠤᠣᠯ ᠰᠡᠳᠦᠪᠲᠦ ᠠᠵᠢᠯᠯᠠᠭ᠎ᠠ ᠳᠤ ᠮᠠᠨᠳᠤᠬᠠᠢ ᠴᠡᠴᠡᠷᠯᠢᠭ ᠲᠤ ︽ᠯᠢᠩᠬᠤ᠎ᠠ ᠶᠢᠨ ᠠᠮᠢ ᠨᠠᠰᠤᠨ ᠤ ᠠᠶᠠᠯᠠᠯ︾ ᠪᠣᠯᠣᠨ ︽ᠵᠠᠭᠠᠨ ᠤ ᠨᠡᠭᠦᠳᠡᠯ︾ ᠭᠡᠬᠦ ᠬᠤᠶᠠᠷ ᠵᠢᠷᠤᠭᠲᠤ ᠨᠣᠮ ᠢ ᠶᠠᠷᠢᠵᠤ᠂ ᠬᠡᠦᠬᠡᠳ ᠤᠳ ᠲᠤ ᠨᠣᠮ ᠤᠩᠰᠢᠬᠤ ᠶᠢᠨ ᠳᠠᠭᠠᠤ ᠡᠬᠡ ᠪᠠᠶᠢᠭᠠᠯᠢ ᠶᠢᠨ ᠷᠢᠳᠢ ᠰᠢᠳᠢ ᠶᠢ ᠮᠡᠳᠡᠷᠡᠭᠦᠯᠪᠡ᠃ ︽ᠵᠢᠷᠤᠭᠲᠤ ᠳᠡᠪᠲᠡᠷ ᠤᠨ ᠠᠭᠤᠯᠭ᠎ᠠ ᠶᠢ ᠵᠦᠴᠦᠭᠡᠯᠡᠨ ᠲᠣᠭᠯᠠᠬᠤ︾ ᠠᠵᠢᠯᠯᠠᠭ᠎ᠠ ᠳᠤ 3 ᠰᠣᠩᠭᠤᠳᠠᠭ ᠵᠢᠷᠤᠭᠲᠤ ᠳᠡᠪᠲᠡᠷ ᠢ ᠰᠣᠩᠭᠤᠵᠤ ︽ᠵᠢᠵᠢᠭ ᠽᠦᠩᠽᠢ︾᠂ ︽ᠰᠣᠯᠣᠩᠭᠠᠨ ᠴᠡᠴᠡᠭ︾᠂ ︽ᠬᠡᠨ ᠮᠢᠨᠤ ᠲᠣᠯᠣᠭᠠᠢ ᠶᠢ ᠢᠯᠪᠢᠭᠰᠡᠨ ᠪᠤᠢ︾ ᠭᠡᠬᠦ ᠵᠡᠷᠭᠡ ᠶᠢ ᠲᠣᠭᠯᠠᠭᠰᠠᠨ ᠨᠢ ᠨᠢᠭᠡᠨ ᠤᠳᠠᠭ᠎ᠠ ᠶᠢᠨ ᠠᠮᠵᠢᠯᠲᠠ ᠲᠠᠢ ᠲᠤᠷᠰᠢᠯᠲᠠ ᠪᠠᠶᠢᠵᠤ᠂ ᠬᠡᠦᠬᠡᠳ ᠤᠳ ᠲᠤ ᠴᠣ ᠰᠢᠨ᠎ᠡ ᠤᠩᠰᠢᠯᠭ᠎ᠠ ᠶᠢᠨ ᠪᠡᠶᠡᠴᠢ ᠣᠶᠢᠯᠠᠭᠠᠯᠲᠠ ᠦᠭᠴᠠᠢ᠃ ︽ᠵᠢᠵᠢᠭᠬᠡᠨ ᠵᠢᠷᠤᠭᠲᠤ ᠳᠡᠪᠲᠡᠷ ᠶᠡᠭᠡ ᠣᠶᠤᠨ ᠤᠬᠠᠭᠠᠨ︾ ᠵᠢᠷᠤᠭᠲᠤ ᠳᠡᠪᠲᠡᠷ ᠤᠨ ᠤᠩᠰᠢᠯᠭ᠎ᠠ ᠶᠢᠨ ᠠᠵᠢᠯᠯᠠᠭ᠎ᠠ ᠳᠤ ᠤᠯᠠᠨ ᠡᠰᠢᠲᠦ ᠭᠤᠣᠯ ᠰᠡᠳᠦᠪ᠂ ᠠᠳᠠᠯᠢ ᠪᠤᠰᠤ ᠬᠡᠪ ᠨᠠᠮᠪᠠ ᠲᠠᠢ ᠰᠢᠯᠢᠳᠡᠭ ᠵᠢᠷᠤᠭᠲᠤ ᠳᠡᠪᠲᠡᠷ ᠢ ᠤᠩᠰᠢᠭᠤᠯᠵᠤ᠂ ᠬᠡᠦᠬᠡᠳ ᠤᠳ ᠤᠨ ᠨᠣᠮ ᠤᠩᠰᠢᠬᠤ ᠳᠤᠷ᠎ᠠ ᠰᠣᠨᠢᠷᠬᠠᠯ ᠢ ᠬᠥᠮᠥᠵᠢᠭᠦᠯᠤ᠋
ᠨᠡᠶᠢᠲᠡᠯᠡᠭᠰᠡᠨ ᠴᠠᠭ᠄
2023/12/21
ᠠᠩᠬᠠᠳᠤᠭᠠᠷ ᠬᠤᠭᠤᠴᠠᠭᠠᠨ ᠤ ︽ᠬᠡᠦᠬᠡᠳ ᠤᠨ ᠤᠩᠰᠢᠯᠭ᠎ᠠ ᠶᠢᠨ ᠨᠠᠭᠠᠳᠤᠮ︾ ᠥᠨᠳᠥᠷᠯᠡᠪᠡᠣᠶᠢᠷ᠎ᠠ ᠳᠤ ᠬᠤᠶᠠᠷ ᠰᠠᠷ᠎ᠠ ᠬᠠᠭᠠᠰ ᠶᠠᠪᠤᠭᠳᠠᠭᠰᠠᠨ ᠥᠪᠥᠷ ᠮᠣᠩᠭᠤᠯ ᠤᠨ ᠨᠣᠮ ᠤᠨ ᠰᠠᠩ ᠤᠨ ᠠᠩᠬᠠᠳᠤᠭᠠᠷ ᠬᠤᠭᠤᠴᠠᠭᠠᠨ ᠤ ︽ᠬᠡᠦᠬᠡᠳ ᠤᠨ ᠤᠩᠰᠢᠯᠭ᠎ᠠ ᠶᠢᠨ ᠨᠠᠭᠠᠳᠤᠮ︾ ᠲᠡᠭᠦᠰ ᠠᠮᠵᠢᠯᠲᠠ ᠲᠠᠢ ᠥᠨᠳᠥᠷᠯᠡᠵᠦ᠂ ᠨᠠᠭᠠᠳᠤᠮ ᠤᠨ ᠬᠤᠭᠤᠴᠠᠭᠠᠨ ᠳᠤ ᠨᠡᠶᠢᠲᠡ 34 ᠲᠠᠯᠠᠪᠠᠢ ᠠᠬᠤᠢ ᠳᠠᠯᠠᠪᠠᠢ ᠶᠢᠨ ᠠᠵᠢᠯᠯᠠᠭ᠎ᠠ ᠪᠠ 2 ᠳᠠᠯᠠᠪᠠᠢ ᠰᠦᠯᠵᠢᠶᠡᠨ ᠠᠴᠠ ᠨᠣᠮ ᠤᠩᠰᠢᠵᠤ ᠲᠡᠮᠳᠡᠭᠯᠡᠯ ᠬᠢᠭᠰᠡᠨ ᠲᠤᠬᠠᠢ ᠠᠵᠢᠯᠯᠠᠭ᠎ᠠ ᠥᠷᠨᠢᠭᠦᠯᠵᠦ᠂ 1300 ᠭᠠᠷᠤᠢ ᠬᠥᠮᠥᠨ ᠳᠤ ᠦᠢᠯᠡᠴᠢᠯᠡᠪᠡ᠃ ᠡᠭᠦᠨ ᠳᠤ 107 ᠪᠢᠴᠢᠬᠠᠨ ᠨᠠᠶᠢᠵᠠ ᠲᠠᠪᠤ ᠠᠴᠠ ᠳᠡᠭᠡᠭᠰᠢᠬᠢ ᠲᠦᠷᠦᠯ ᠤᠨ ᠲᠠᠮᠠᠭ᠎ᠠ ᠴᠤᠭᠯᠠᠭᠤᠯᠵᠤ ᠨᠠᠨᠳᠢᠨ ᠪᠡᠯᠡᠭ ᠲᠤᠰᠴᠠᠢ᠃ ᠤᠩᠰᠢᠯᠭ᠎ᠠ ᠶᠢᠨ ᠨᠠᠭᠠᠳᠤᠮ ᠳᠤ ᠨᠣᠮ ᠳᠡᠪᠲᠡᠷ ᠢᠶᠠᠷ ᠬᠠᠶᠢᠷ᠎ᠠ ᠬᠠᠯᠠᠮᠵᠢ ᠬᠦᠷᠭᠡᠬᠦ ᠠᠵᠢᠯᠯᠠᠭ᠎ᠠ ᠥᠷᠨᠢᠭᠦᠯᠦᠨ᠂ ᠤᠩᠰᠢᠭᠴᠢᠳ ᠤᠨ ᠴᠤᠭᠯᠠᠭᠤᠯᠤᠭᠰᠠᠨ 500 ᠭᠠᠷᠤᠢ ᠨᠣᠮ ᠳᠡᠪᠲᠡᠷ ᠢ ᠬᠥᠳᠡᠭᠡ ᠲᠣᠰᠬᠤᠨ ᠤ ᠪᠠᠭ᠎ᠠ ᠰᠤᠷᠭᠠᠭᠤᠯᠢ  ᠳᠤ ᠬᠠᠨᠳᠢᠪᠯᠡᠵᠤ᠂ ᠲᠡᠨᠳᠡᠬᠢ ᠬᠡᠦᠬᠡᠳ ᠤᠳ ᠲᠤ ᠮᠡᠳᠡᠯᠭᠡ ᠪᠠ ᠬᠠᠪᠤ ᠴᠡᠩᠭᠡᠯ ᠬᠦᠷᠲᠡᠭᠡᠪᠡ᠃ ︽ᠡᠨᠡ ᠪᠣᠯ ᠮᠢᠨᠤ ᠨᠣᠮ︾ ᠵᠢᠷᠤᠭᠲᠤ ᠳᠡᠪᠲᠡᠷ ᠵᠣᠬᠢᠶᠠᠬᠤ ᠠᠵᠢᠯᠯᠠᠭ᠎ᠠ ᠶᠢ 3 ᠳᠠᠯᠠᠪᠠᠢ ᠥᠷᠨᠢᠭᠦᠯᠵᠦ᠂ ᠬᠡᠦᠬᠡᠳ ᠤᠳ ᠮᠠᠰᠢ ᠣᠯᠠᠨ ᠰᠢᠯᠢᠳᠡᠭ ᠵᠢᠷᠤᠭ ᠤᠨ ᠪᠦᠲᠦᠭᠡᠯ ᠦᠢᠯᠡᠳᠴᠦ᠂ ᠬᠡᠦᠬᠡᠳ ᠤᠨ ᠮᠠᠰᠢ ᠥᠨᠳᠥᠷ ᠵᠣᠬᠢᠶᠠᠨ ᠪᠦᠲᠦᠭᠡᠬᠦ ᠤᠷᠮ᠎ᠠ ᠪᠠ ᠠᠪᠢᠶᠠᠰ ᠢ ᠢᠯᠡᠷᠡᠭᠦᠯᠪᠡ᠃ ᠠᠪᠤ ᠡᠵᠢ ᠬᠡᠦᠬᠡᠳ ᠲᠠᠢ ᠪᠠᠨ ᠬᠠᠮᠲᠤ ᠨᠣᠮ ᠤᠩᠰᠢᠬᠤ ᠠᠵᠢᠯᠯᠠᠭ᠎ᠠ ᠥᠷᠨᠢᠭᠦᠯᠦᠨ᠂ ᠠᠵᠢᠯᠯᠠᠭᠠᠨ ᠳᠤ ᠤᠷᠤᠯᠴᠠᠬᠰᠠᠨ ᠭᠡᠷ ᠪᠦᠯᠢ ᠨᠡᠶᠢᠲᠡ 3000 ᠨᠣᠮ ᠤᠩᠰᠢᠵᠤ᠂ ᠳᠤᠮᠳᠠᠴᠢ ᠪᠠᠷ ᠭᠡᠷ ᠪᠦᠯᠢ ᠨᠢᠭᠡ ᠪᠦᠷᠢ 40 ᠨᠣᠮ ᠤᠩᠰᠢᠵᠠᠶ᠃ ︽ᠬᠡᠦᠬᠡᠳ ᠤᠨ ᠰᠡᠳᠬᠢᠯ ᠨᠠᠮ ᠢᠶᠠᠨ ᠳᠠᠭᠠᠵᠤ ᠤᠯᠤᠰ ᠢᠶᠠᠨ ᠬᠦᠴᠦᠷᠬᠡᠭᠵᠢᠭᠦᠯᠬᠦ  ᠳᠤ ᠬᠤᠰᠢᠭᠤᠴᠢᠯᠠᠬᠤ︾ ᠡᠬᠡ ᠪᠢᠴᠢᠭ ᠡᠯᠰᠡᠵᠦ᠂ ᠪᠠᠭᠠᠴᠤᠳ ᠤᠨ ᠤᠯᠤᠰ ᠢᠶᠠᠨ ᠬᠠᠶᠢᠷᠠᠯᠠᠬᠤ ᠰᠡᠳᠬᠢᠯᠭᠡ ᠶᠢ ᠬᠥᠭᠵᠢᠭᠡᠨ᠂ ᠲᠡᠳᠡᠨ ᠤ ᠤᠯᠤᠰ ᠤᠨ ᠢᠷᠡᠭᠡᠳᠦᠢ ᠶᠢᠨ ᠲᠤᠬᠠᠢ ᠬᠠᠷᠢᠭᠤᠴᠠᠯᠭᠠᠲᠤ ᠰᠡᠳᠬᠢᠯᠭᠡ ᠪᠠ ᠡᠭᠦᠷᠭᠡᠲᠦ ᠰᠡᠳᠬᠢᠯᠭᠡ ᠶᠢ ᠳᠡᠭᠡᠭᠰᠢᠯᠡᠭᠦᠯᠪᠡ᠃ ᠤᠩᠰᠢᠯᠭ᠎ᠠ + ᠴᠡᠴᠡᠷᠯᠢᠭ ᠤᠨ ᠭᠤᠣᠯ ᠰᠡᠳᠦᠪᠲᠦ ᠠᠵᠢᠯᠯᠠᠭ᠎ᠠ ᠳᠤ ᠮᠠᠨᠳᠤᠬᠠᠢ ᠴᠡᠴᠡᠷᠯᠢᠭ ᠲᠤ ︽ᠯᠢᠩᠬᠤ᠎ᠠ ᠶᠢᠨ ᠠᠮᠢ ᠨᠠᠰᠤᠨ ᠤ ᠠᠶᠠᠯᠠᠯ︾ ᠪᠣᠯᠣᠨ ︽ᠵᠠᠭᠠᠨ ᠤ ᠨᠡᠭᠦᠳᠡᠯ︾ ᠭᠡᠬᠦ ᠬᠤᠶᠠᠷ ᠵᠢᠷᠤᠭᠲᠤ ᠨᠣᠮ ᠢ ᠶᠠᠷᠢᠵᠤ᠂ ᠬᠡᠦᠬᠡᠳ ᠤᠳ ᠲᠤ ᠨᠣᠮ ᠤᠩᠰᠢᠬᠤ ᠶᠢᠨ ᠳᠠᠭᠠᠤ ᠡᠬᠡ ᠪᠠᠶᠢᠭᠠᠯᠢ ᠶᠢᠨ ᠷᠢᠳᠢ ᠰᠢᠳᠢ  ᠶᠢ ᠮᠡᠳᠡᠷᠡᠭᠦᠯᠪᠡ᠃ ︽ᠵᠢᠷᠤᠭᠲᠤ ᠳᠡᠪᠲᠡᠷ ᠤᠨ ᠠᠭᠤᠯᠭ᠎ᠠ ᠶᠢ ᠵᠦᠴᠦᠭᠡᠯᠡᠨ ᠲᠣᠭᠯᠠᠬᠤ︾ ᠠᠵᠢᠯᠯᠠᠭ᠎ᠠ ᠳᠤ 3 ᠰᠣᠩᠭᠤᠳᠠᠭ ᠵᠢᠷᠤᠭᠲᠤ ᠳᠡᠪᠲᠡᠷ ᠢ ᠰᠣᠩᠭᠤᠵᠤ ︽ᠵᠢᠵᠢᠭ ᠽᠦᠩᠽᠢ︾᠂ ︽ᠰᠣᠯᠣᠩᠭᠠᠨ ᠴᠡᠴᠡᠭ︾᠂ ︽ᠬᠡᠨ ᠮᠢᠨᠤ ᠲᠣᠯᠣᠭᠠᠢ ᠶᠢ ᠢᠯᠪᠢᠭᠰᠡᠨ ᠪᠤᠢ︾ ᠭᠡᠬᠦ ᠵᠡᠷᠭᠡ ᠶᠢ ᠲᠣᠭᠯᠠᠭᠰᠠᠨ ᠨᠢ ᠨᠢᠭᠡᠨ ᠤᠳᠠᠭ᠎ᠠ ᠶᠢᠨ ᠠᠮᠵᠢᠯᠲᠠ ᠲᠠᠢ ᠲᠤᠷᠰᠢᠯᠲᠠ ᠪᠠᠶᠢᠵᠤ᠂ ᠬᠡᠦᠬᠡᠳ ᠤᠳ ᠲᠤ ᠴᠣ ᠰᠢᠨ᠎ᠡ ᠤᠩᠰᠢᠯᠭ᠎ᠠ ᠶᠢᠨ ᠪᠡᠶᠡᠴᠢ ᠣᠶᠢᠯᠠᠭᠠᠯᠲᠠ ᠦᠭᠴᠠᠢ᠃ ︽ᠵᠢᠵᠢᠭᠬᠡᠨ ᠵᠢᠷᠤᠭᠲᠤ ᠳᠡᠪᠲᠡᠷ ᠶᠡᠭᠡ ᠣᠶᠤᠨ ᠤᠬᠠᠭᠠᠨ︾ ᠵᠢᠷᠤᠭᠲᠤ ᠳᠡᠪᠲᠡᠷ ᠤᠨ ᠤᠩᠰᠢᠯᠭ᠎ᠠ ᠶᠢᠨ ᠠᠵᠢᠯᠯᠠᠭ᠎ᠠ  ᠳᠤ ᠤᠯᠠᠨ ᠡᠰᠢᠲᠦ ᠭᠤᠣᠯ ᠰᠡᠳᠦᠪ᠂ ᠠᠳᠠᠯᠢ ᠪᠤᠰᠤ ᠬᠡᠪ ᠨᠠᠮᠪᠠ ᠲᠠᠢ ᠰᠢᠯᠢᠳᠡᠭ ᠵᠢᠷᠤᠭᠲᠤ ᠳᠡᠪᠲᠡᠷ ᠢ ᠤᠩᠰᠢᠭᠤᠯᠵᠤ᠂ ᠬᠡᠦᠬᠡᠳ ᠤᠳ ᠤᠨ ᠨᠣᠮ ᠤᠩᠰᠢᠬᠤ ᠳᠤᠷ᠎ᠠ ᠰᠣᠨᠢᠷᠬᠠᠯ ᠢ ᠬᠥᠮᠥᠵᠢᠭᠦᠯᠦᠭᠰᠡᠨ ᠪᠠᠶᠢᠨ᠎ᠠ᠃
 
ᠢᠷᠡᠯᠲᠡ᠄ ᠲᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号