ᠨᠠᠢᠮᠠᠨ ᠨᠠᠰᠤᠲᠠᠢ ᠦᠵᠤᠮᠤᠴᠢᠨ ᠦᠬᠢᠨ ᠮᠤᠷᠢ ᠤᠨᠤᠵᠤ 100 ᠭᠠᠵᠡᠷ ᠠᠶᠠᠯᠠᠯ᠎ᠠ
ᠨᠡᠶᠢᠲᠡᠯᠡᠭᠰᠡᠨ ᠴᠠᠭ᠄
2023/12/31
ᠨᠠᠢᠮᠠᠨ ᠨᠠᠰᠤᠲᠠᠢ ᠦᠵᠤᠮᠤᠴᠢᠨ ᠦᠬᠢᠨ ᠮᠤᠷᠢ ᠤᠨᠤᠵᠤ 100 ᠭᠠᠵᠡᠷ ᠠᠶᠠᠯᠠᠯ᠎ᠠᠦᠢᠷ᠎ᠠ ᠶᠢᠨ ᠡᠲᠤᠷ᠂ ᠨᠢᠬᠡᠨ ᠵᠢᠭᠠᠯ ᠦᠬᠢᠨ ᠮᠤᠷᠢ ᠤᠨᠤᠭᠠᠤᠨ ᠠᠲᠤᠭᠤᠨ ᠰᠦᠷᠦᠭ ᠲᠠᠭᠤᠵᠤ ᠶᠠᠪᠤᠭ᠎ᠠ ᠸᠢᠳᠢᠤ᠋ ᠪᠢᠴᠢᠯᠬᠡ ᠴᠤᠤᠷᠢᠶ᠎ᠠ ᠲᠠᠪᠴᠡᠩ᠂ ᠵᠢᠷᠬᠢᠶ᠎ᠠ ᠪᠠᠷ ᠲᠠᠮᠵᠢᠭᠲᠠᠨ ᠤᠯᠠᠨ ᠬᠦᠮᠤᠰ ᠤᠨ ᠬᠠᠷᠠᠭᠠᠨ ᠳᠤ ᠬᠦᠷᠴᠤ ᠪᠠᠶᠢᠯ᠎ᠠ᠃ ᠡᠨᠡ ᠦᠬᠢᠨ ᠢ ᠠᠨᠤᠵᠢᠨ ᠬᠡᠲᠡᠭ᠂ ᠡᠨᠡ ᠵᠢᠯ ᠨᠠᠢᠮᠠᠨ ᠨᠠᠰᠤᠲᠠᠢ᠃ ᠪᠠᠷᠠᠭᠤᠨ ᠦᠵᠤᠮᠤᠴᠢᠨ ᠬᠤᠰᠢᠭᠤᠨ ᠤ ᠬᠤᠭᠤᠯᠠᠲᠤ ᠶᠢᠨ ᠭᠤᠤᠯ ᠪᠠᠯᠭᠠᠰᠤᠨ ᠤ ᠪᠠᠶ᠋ᠬᠠᠷᠬᠡᠲᠤ ᠭᠠᠴᠠᠭᠠᠨ ᠤ ᠮᠠᠯᠴᠢᠨ ᠲᠡᠭᠰᠢᠪᠠᠶᠡᠷ ᠤᠨ ᠦᠬᠢᠨ ᠶᠤᠮ᠃ ᠡᠲᠤᠬᠡ ᠪᠠᠷᠠᠭᠤᠨ ᠦᠵᠤᠮᠤᠴᠢᠨ ᠬᠤᠰᠢᠭᠤᠨ ᠤ ᠭᠤᠷᠪᠠᠲᠤᠭᠠᠷ ᠪᠠᠭ᠎ᠠ ᠰᠤᠷᠭᠠᠭᠤᠯᠢ ᠶᠢᠨ ᠭᠤᠷᠪᠠᠲᠤᠭᠠᠷ ᠤᠨ ᠳᠤ ᠰᠤᠷᠤᠯᠴᠠᠵᠤ ᠪᠤᠢ᠃11 ᠰᠠᠷ᠎ᠠ ᠶᠢᠨ 12᠎ ᠤᠨ ᠡᠲᠤᠷ᠂ ᠰᠢᠭᠤᠷᠭᠠᠨ ᠲᠠᠢ᠃ ᠡᠪᠦᠭᠡ ᠠᠪᠤ ᠨᠢ ᠠᠲᠤᠭᠤ ᠪᠠᠨ ᠦᠪᠠᠷ ᠤᠨ ᠪᠠᠯᠴᠢᠬᠡᠷ ᠠᠴᠠ ᠪᠠᠨ ᠭᠠᠴᠠᠭᠠᠨ ᠤ ᠬᠠᠮᠲᠤ ᠶᠢᠨ ᠬᠠᠲᠤᠯᠡᠩ ᠤᠨ ᠬᠦᠷᠢᠶᠠᠨ ᠳᠤ ᠠᠪᠠᠴᠢᠵᠤ ᠬᠢᠨ᠎ᠠ ᠬᠡᠬᠦ ᠴᠢᠮᠡᠭᠡ ᠪᠠᠷ ᠭᠠᠷᠠᠭ ᠤᠨ ᠠᠮᠠᠷᠠᠯᠲᠠ ᠪᠠᠷ ᠬᠠᠷᠢᠵᠤ ᠢᠷᠠᠬᠡᠤᠨ ᠪᠠᠶᠢᠭᠰᠠᠨ ᠠᠨᠤᠵᠢᠨ ᠠᠯᠢ ᠬᠡᠲᠦ᠋ᠢᠨ ᠬᠤᠪᠴᠠᠰᠤ ᠬᠤᠨᠠᠷ ᠢᠶᠠᠨ ᠵᠤᠵᠠᠭᠠᠯᠠᠨ ᠬᠡᠬᠡᠷ ᠬᠠᠯᠵᠠᠨ ᠢᠶᠠᠨ ᠤᠨᠤᠴᠢᠬᠠᠭᠰᠠᠨ ᠪᠠᠶᠢᠯ᠎ᠠ᠃ ᠡᠶᠢᠠᠬᠦ ᠲᠤᠮᠤᠴᠤᠤᠯ ᠨᠢ ᠠᠲᠤᠭᠤᠨ ᠰᠦᠷᠦᠭ ᠢ ᠵᠠᠮ ᠳᠤ ᠭᠠᠷᠭᠠᠵᠤ ᠦᠭᠬᠦ ᠳᠤ ᠠᠨᠤᠵᠢᠨ ᠬᠡᠬᠡᠷ ᠬᠠᠯᠵᠠᠠ ᠢᠶᠠᠨ ᠤᠨᠤᠨ ᠠᠲᠤᠭᠤᠨ ᠰᠦᠷᠦᠭ ᠢ ᠲᠠᠭᠤᠵᠤ 50 ᠭᠠᠵᠡᠷ ᠤᠨ ᠠᠯᠤᠰ ᠲᠠᠬᠢ ᠭᠠᠴᠠᠭᠠᠨ ᠤ ᠬᠠᠮᠲᠤ ᠶᠢᠨ ᠬᠠᠲᠤᠯᠡᠩ ᠤᠨ ᠬᠦᠷᠢᠶᠠᠨ ᠳᠤ ᠠᠪᠠᠴᠢᠵᠤ ᠬᠢᠬᠡᠤᠨ ᠬᠠᠷᠢᠵᠤ ᠢᠷᠡᠬᠦ ᠲᠠᠢ ᠪᠠᠨ ᠨᠠᠶᠢᠲᠠ 100 ᠭᠠᠵᠡᠷ ᠤᠨ ᠵᠠᠮ ᠢ ᠠᠶᠠᠯᠠᠭᠰᠠᠨ ᠪᠠᠶᠢᠨ᠎ᠠ᠃ᠠᠨᠤᠵᠢᠨ ᠤ ᠡᠪᠦᠭᠡ ᠠᠪᠤ ᠬᠡᠷᠡᠯ ᠬᠡᠵᠤ ᠨᠤᠲᠤᠭ ᠤᠰᠤᠨ ᠳᠠᠭᠠᠨ ᠨᠠᠷᠠᠲᠠᠢ ᠤᠶᠠᠭᠠᠴᠢ᠂ ᠠᠪᠤ ᠲᠡᠭᠰᠢᠪᠠᠶᠡᠷ ᠨᠢ ᠡᠮᠨᠢᠭ ᠲᠤᠭᠰᠢᠨ ᠢ ᠡᠪᠲᠠᠶᠢᠬᠡᠨ ᠰᠤᠷᠭᠠᠴᠢᠬᠠᠲᠠᠭ᠃ ᠡᠶᠢᠠᠬᠦ ᠠᠲᠤᠭᠤᠴᠢᠨ ᠬᠡᠷ ᠪᠦᠯᠢ ᠳᠤ ᠦᠰᠴᠤ ᠲᠤᠷᠨᠢᠭᠰᠠᠨ ᠠᠨᠤᠵᠢᠨ ᠪᠠᠭ᠎ᠠ ᠠᠴᠠ ᠪᠠᠨ ᠯᠠ ᠠᠲᠤᠭᠤ ᠮᠠᠯ ᠲᠠᠢ ᠨᠤᠤᠷᠠᠯᠲᠤᠬᠤ ᠲᠤᠷᠠᠲᠠᠢ ᠪᠠᠶᠢᠲᠠᠭ᠃ ᠭᠠᠷᠠᠭ ᠤᠨ ᠠᠮᠠᠷᠠᠯᠲᠠ᠂ ᠡᠪᠤᠯ ᠵᠤᠨ ᠤ ᠠᠮᠠᠷᠠᠯᠲᠠ ᠪᠠᠷ ᠬᠡᠬᠡᠷ ᠬᠠᠯᠵᠠᠨ ᠠᠨᠤᠵᠢᠨ ᠬᠤᠶᠡᠷ ᠬᠡᠵᠢᠶᠠᠲᠠ ᠬᠠᠮᠲᠤ ᠪᠠᠶᠢᠲᠠᠭ ᠶᠤᠮ᠃ᠰᠤᠷᠤᠯᠭ᠎ᠠ ᠬᠢᠴᠢᠶᠠᠯ ᠳᠡᠭᠡᠨ ᠴᠢᠷᠮᠠᠶᠢᠯᠲᠠ ᠲᠠᠢ᠂ ᠲᠠᠮᠢᠷ ᠤᠷᠠᠯᠢᠭ ᠲᠤ ᠪᠠᠭ᠋ᠠᠳᠠᠢ ᠪᠠᠶᠢᠲᠠᠭ ᠠᠨᠤᠵᠢᠨ ᠤᠶᠠᠭᠠᠴᠢ ᠡᠪᠦᠭᠡ᠂ ᠠᠲᠤᠭᠤᠴᠢᠨ ᠠᠪᠤ ᠶᠢᠨ ᠢᠶᠠᠨ ᠲᠠᠷᠠ ᠰᠠᠶᠢᠬᠠᠨ ᠨᠦᠯᠤᠬᠡ ᠪᠠᠷ ᠤᠲᠤ ᠪᠤᠯᠬᠤ ᠳᠤ ᠬᠦᠮᠤᠨ ᠤ ᠦᠪᠠᠷ ᠤᠨ ᠤᠷᠤᠯᠲᠤᠭᠠᠨ ᠮᠤᠷᠢ ᠶᠢ ᠬᠡᠲᠤ ᠤᠲᠠᠭ᠎ᠠ ᠤᠨᠤᠵᠠᠢ᠃ ᠲᠤᠷᠠᠤᠠᠴᠤ ᠶᠠᠷᠢᠬᠤ ᠳᠤ᠂ ᠨᠢᠲᠤᠨᠤᠨ ᠨᠢᠬᠡ ᠨᠠᠶᠢᠷ ᠤᠨ 55 ᠭᠠᠵᠡᠷ ᠤᠨ ᠠᠯᠤᠰ ᠤᠨ ᠮᠤᠷᠢᠨ ᠤ ᠤᠷᠤᠯᠲᠤᠭᠠᠨ ᠳᠤ ᠡᠪᠦᠭᠡ ᠠᠪᠤ ᠶᠢᠨ ᠢᠶᠠᠨ ᠬᠦᠷᠡᠩ ᠬᠠᠯᠵᠠᠨ ᠮᠤᠷᠢ ᠶᠢ ᠤᠨᠤᠵᠤ ᠬᠤᠷᠢᠨ ᠬᠤᠶᠡᠷ ᠲᠤ ᠲᠠᠪᠬᠢᠭᠤᠯᠵᠤ᠂ ᠪᠠᠰᠠ ᠨᠢᠬᠡ ᠤᠪᠤᠭᠠᠨ ᠨᠠᠶᠢᠷ ᠲᠤ ᠡᠪᠦᠭᠡ ᠠᠪᠤ ᠶᠢᠨ ᠢᠶᠠᠨ ᠰᠢᠷᠭ᠎ᠠ ᠦᠷᠢᠶ᠎ᠠ ᠶᠢ ᠤᠨᠤᠵᠤ ᠨᠠᠢᠮᠠ ᠳᠤ ᠬᠤᠷᠲᠤᠯᠠᠭᠤᠯᠵᠠᠢ᠃︽ᠮᠢᠨᠤ ᠦᠬᠢᠨ ᠬᠡᠬᠡᠷ ᠬᠠᠯᠵᠠᠨ ᠢᠶᠠᠨ ᠤᠨᠤᠴᠢᠬᠠᠪᠠᠯ ᠬᠦᠲᠡᠭᠡ ᠬᠡᠬᠡᠷ᠎ᠠ ᠦᠬᠡᠷ᠂ ᠬᠤᠨᠢ᠂ ᠠᠲᠤᠭᠤᠨ ᠰᠦᠷᠦᠭ ᠢ ᠦᠵᠠᠵᠤ ᠡᠷᠬᠢᠬᠦᠯᠴᠢᠬᠡᠭᠡᠤᠨ ᠯᠠ ᠢᠷᠠᠴᠢᠬᠡᠨ᠎ᠠ ᠰᠢᠤ᠃ ᠬᠠᠯᠠᠭᠤᠨ ᠬᠦᠢᠲᠠᠨ ᠳᠤ ᠬᠠᠮᠢᠶ᠎ᠠ ᠴᠦ ᠦᠬᠡᠢ᠂ ᠤᠲᠤ ᠲᠠᠮ ᠳᠤ ᠤᠷᠤᠵᠤ ᠪᠢᠲᠠᠨ ᠳᠡᠭᠡᠨ ᠲᠤᠰᠠ ᠪᠤᠯᠬᠤ ᠪᠠᠷ ᠪᠤᠯᠤᠭᠰᠠᠨ᠃ ᠤᠲᠤ ᠶᠢᠨ ᠨᠠᠶᠢᠷ ᠨᠠᠭᠠᠲᠤᠮ ᠴᠢᠨᠢ ᠬᠡᠤᠬᠡᠤᠨ ᠢ ᠤᠷᠤᠯᠲᠤᠭᠠᠨ ᠮᠤᠷᠢ ᠤᠨᠤᠭᠤᠯᠬᠤ ᠦᠬᠡᠢ ᠪᠤᠯᠤᠭᠰᠠᠨ ᠠᠴᠠ ᠤᠷᠤᠯᠲᠤᠭᠠᠨ ᠮᠤᠷᠢ ᠤᠨᠤᠬᠤ ᠨᠢ ᠴᠦᠬᠡᠨ᠃ ᠬᠠᠶᠠ ᠵᠠᠷᠢᠮ ᠨᠠᠶᠢᠷ ᠨᠠᠭᠠᠲᠤᠮ ᠢᠶᠠᠷ ᠤᠨᠤᠭᠤᠯᠴᠢᠬᠠᠲᠠᠭ ᠶᠤᠮ︾ ᠬᠡᠵᠤ ᠲᠡᠭᠰᠢᠪᠠᠶᠡᠷ ᠢᠨᠢᠶᠠᠮᠰᠦᠭᠯᠡᠨ ᠶᠠᠷᠢᠪᠠ᠃
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号