ᠠᠶᠢᠯ ᠳᠤ ᠢᠳᠡᠰᠢ ᠳᠥᠬᠦᠭᠡᠷᠴᠦ ᠥᠭᠭᠦᠭᠡᠳ26000 ᠭᠠᠷᠤᠢ ᠲᠦᠭᠦᠷᠢᠭ ᠤᠨ ᠤᠷᠤᠯᠭ᠎ᠠ ᠤᠯᠪᠡ
ᠨᠡᠶᠢᠲᠡᠯᠡᠭᠰᠡᠨ ᠴᠠᠭ᠄
2023/12/31
ᠠᠶᠢᠯ ᠳᠤ ᠢᠳᠡᠰᠢ ᠳᠥᠬᠦᠭᠡᠷᠴᠦ ᠥᠭᠭᠦᠭᠡᠳ26000 ᠭᠠᠷᠤᠢ ᠲᠦᠭᠦᠷᠢᠭ ᠤᠨ ᠤᠷᠤᠯᠭ᠎ᠠ ᠤᠯᠪᠡᠡᠪᠤᠯ ᠪᠤᠯᠤᠭᠠᠳ ᠲᠡᠭᠷᠢ ᠬᠦᠢᠲᠡᠷᠠᠵᠤ ᠢᠷᠡᠬᠦ ᠪᠠᠷ ᠨᠢ ᠮᠠᠯᠴᠢᠳ ᠡᠪᠤᠯ ᠤᠨ ᠢᠳᠡᠰᠢ ᠪᠠᠨ ᠳᠦᠬᠦᠭᠡᠷᠦᠭᠡᠳ ᠶᠠᠭᠠᠷᠠᠳᠠᠭ᠃ ᠡᠪᠦᠯ ᠤᠨ ᠢᠳᠡᠰᠢ ᠪᠠᠨ ᠳᠦᠬᠦᠭᠡᠷᠬᠦ ᠭᠡᠵᠦ ᠶᠡᠭᠡ ᠠᠵᠢᠯ ᠪᠠᠶᠢᠳᠠᠭ ᠳᠡᠭᠡᠷ᠎ᠡ ᠪᠠᠨ ᠤᠶᠢᠷ᠎ᠠ ᠶᠢᠨ ᠵᠢᠯ ᠠᠴᠠ ᠬᠦᠳᠡᠭᠡ ᠨᠤᠲᠤᠭ ᠢᠶᠠᠷ ᠮᠠᠯ ᠳᠦᠬᠦᠭᠡᠷᠬᠦ ᠬᠦᠮᠦᠨ ᠴᠥᠬᠡᠷᠡᠭᠰᠡᠨ ᠠᠴᠠ ᠪᠠᠷᠠᠭᠤᠨ ᠦᠵᠦᠮᠦᠴᠢᠨ ᠬᠤᠰᠢᠭᠤᠨ ᠤ ᠵᠢᠷ ᠤᠨ ᠭᠤᠤᠯ ᠪᠠᠯᠭᠠᠰᠤᠨ ᠤ ᠪᠠᠶᠠᠬᠠᠭᠤᠯᠠ ᠭᠠᠴᠠᠭᠠᠨ ᠤ ᠮᠠᠯᠴᠢᠨ ᠥᠯᠵᠡᠶᠢᠮᠦ᠋ᠷᠡᠨ ᠬᠤᠸᠠᠷ᠎ᠡ᠂ ᠡᠩᠭᠡᠪᠡᠲᠦ ᠬᠠᠰᠭᠤᠸ᠎ᠠ ᠬᠤᠶᠠᠷ ᠭᠡᠷ ᠪᠥᠯᠢ ᠪᠠᠷ ᠢᠶᠠᠨ ᠬᠠᠮᠵᠢᠯᠴᠠᠨ ᠠᠶᠢᠯ ᠤᠨ ᠢᠳᠡᠰᠢ ᠶᠢ ᠳᠦᠬᠦᠭᠡᠷᠴᠤ ᠤᠷᠤᠯᠭ᠎ᠠ ᠤᠯᠵᠦ ᠶᠠᠪᠤᠨ᠎ᠠ᠃︽ᠮᠠᠨᠠᠶᠢᠬᠢᠨ ᠡᠪᠤᠯ ᠤᠨ ᠢᠳᠡᠰᠢᠨ ᠤ ᠴᠠᠭ ᠪᠤᠯᠬᠤ ᠪᠠᠷ ᠠᠶᠢᠯ ᠰᠠᠭᠠᠬᠠᠯᠲᠠ ᠪᠠᠷ ᠢᠶᠠᠨ ᠬᠠᠷᠢᠯᠴᠠᠨ ᠬᠠᠮᠵᠢᠯᠴᠠᠨ ᠲᠤᠰᠠ ᠳᠡᠮ ᠪᠤᠯᠳᠠᠭ᠃ ᠤᠳᠤ ᠴᠤ ᠮᠦᠨ ᠢᠡᠭᠭᠢᠵᠦ ᠬᠢᠵᠦ ᠪᠠᠶᠢᠭ᠎ᠠ ᠨᠢ ᠤᠯᠠᠩᠭᠢ ᠲᠤᠭ᠎ᠠ ᠶᠢ ᠡᠵᠡᠯᠡᠵᠦ ᠪᠠᠶᠢᠨ᠎ᠠ᠃ ᠤᠳᠤ ᠬᠥᠳᠡᠭᠡ ᠳᠦᠴᠢᠨ ᠨᠠᠰᠤᠨ ᠠᠴᠠ ᠲᠤᠷᠤᠭᠰᠢᠬᠢ ᠮᠠᠯ ᠭᠠᠷᠭᠠᠳᠠᠭ ᠬᠦᠮᠦᠨ ᠲᠤᠩ ᠴᠥᠬᠡᠨ ᠬᠠᠷᠠᠭᠳᠠᠬᠤ ᠪᠤᠯᠤᠭᠰᠠᠨ᠂ ᠳᠡᠭᠡᠷ᠎ᠡ ᠨᠢ ᠬᠥᠳᠡᠭᠡ ᠰᠠᠭᠤᠵᠤ ᠪᠠᠶᠢᠭ᠎ᠠ ᠨᠢ ᠨᠠᠰᠤᠳᠠᠶᠢᠴᠤᠳ ᠢᠶᠠᠷ ᠭᠤᠤᠯᠯᠠᠵᠤ᠂ ᠤᠯᠠᠩᠬᠢ ᠠᠶᠢᠯ ᠨᠢ ᠮᠠᠯ ᠤᠨ ᠬᠦᠮᠦᠨ ᠵᠠᠷᠤᠳᠠᠭ᠃ ᠮᠠᠨ ᠤ ᠬᠤᠶᠠᠷ ᠠᠶᠢᠯ ᠢᠶᠠᠷ ᠢᠶᠠᠨ ᠡᠨᠡ ᠠᠵᠢᠯ ᠢ ᠬᠢᠭᠡᠳ ᠵᠢᠷᠭᠤᠭ᠎ᠠ ᠲᠤᠯᠤᠭᠠᠨ ᠵᠢᠯ ᠤᠨ ᠨᠢᠭᠤᠷ ᠦᠵᠡᠵᠦ ᠪᠠᠶᠢᠨ᠎ᠠ︾ ᠭᠡᠵᠦ ᠤᠷᠮᠠᠳᠠᠶᠢᠬᠠᠨ ᠶᠠᠷᠢᠪᠡ᠃ᠲᠡᠳᠡ ᠬᠢᠳᠤᠭ᠎ᠠ ᠰᠢᠪᠦᠭᠡ ᠠᠴᠠ ᠡᠬᠢᠯᠡᠭᠡᠳ ᠲᠦᠮᠫᠡᠨ ᠰᠠᠪᠠ᠂ ᠬᠤᠳᠤᠭᠤᠲᠤ ᠶᠢᠨ ᠰᠦᠪᠡᠯᠡᠭᠦᠷ ᠳᠤᠨᠢ ᠲᠤᠯᠳᠠᠯ᠎ᠠ ᠪᠦᠬᠦᠨ ᠢ ᠠᠪᠴᠦ ᠤᠴᠢᠳᠠᠭ ᠠᠴᠠ ᠢᠳᠡᠰᠢ ᠳᠦᠬᠦᠭᠡᠷᠬᠦ ᠠᠶᠢᠯ ᠮᠢᠬ᠎ᠠ ᠪᠠᠨ ᠳᠡᠯᠭᠡᠬᠦ ᠭᠠᠵᠠᠷ ᠢᠶᠠᠨ ᠭᠠᠷᠭᠠᠪᠠᠯ ᠪᠤᠯᠴᠢᠬᠠᠳᠠᠭ᠃ ᠲᠡᠳᠡ ᠠᠵᠢᠯ ᠢ ᠨᠠᠷᠢᠨ ᠨᠢᠮᠪᠡᠢ ᠴᠡᠪᠡᠷ ᠰᠠᠶᠢᠬᠠᠨ ᠬᠢᠳᠡᠭ ᠢᠶᠠᠷ ᠪᠠᠷᠠᠬᠤ ᠦᠭᠡᠢ ᠶᠠᠪᠤᠬᠤ ᠳᠠᠭᠠᠨ ᠭᠡᠷ ᠢ ᠨᠢ ᠰᠠᠶᠢᠬᠠᠨ ᠴᠡᠪᠡᠷᠯᠡᠵᠦ ᠥᠭᠳᠡᠭ ᠠᠴᠠ ᠵᠠᠷᠤᠭᠰᠠᠨ ᠠᠶᠢᠯ ᠴᠤ ᠰᠡᠳᠭᠢᠯ ᠬᠠᠨᠤᠮᠵᠢᠲᠠᠢ ᠪᠠᠶᠢᠳᠠᠭ᠃ ᠤᠶᠢᠯᠠᠭᠠᠭᠰᠠᠨ ᠢᠶᠠᠷ᠂ ᠡᠨᠡ ᠡᠪᠤᠯ ᠤᠨ ᠢᠳᠡᠰᠢᠨ ᠤ ᠬᠤᠭᠤᠴᠠᠭᠠᠨ ᠳᠤ ᠲᠡᠳᠡ ᠥᠪᠡᠷ ᠤᠨ ᠭᠠᠴᠠᠭ᠎ᠠ ᠪᠠᠯᠭᠠᠰᠤ ᠪᠤᠯᠤᠨ ᠴᠤᠬᠠᠡᠭᠤᠯᠠ ᠰᠤᠮᠤᠨ ᠤ ᠬᠤᠷᠢᠨ ᠬᠡᠳᠦᠨ ᠠᠶᠢᠯ ᠤᠨ 22 ᠦᠬᠡᠷ 21 ᠬᠤᠨᠢ ᠶᠢ ᠪᠠᠵᠠᠭᠠᠵᠤ᠂ 2 ᠲᠦᠮᠡ 6200 ᠲᠦᠭᠦᠷᠢᠭ ᠤᠨ ᠤᠷᠤᠯᠭ᠎ᠠ ᠤᠯᠤᠭᠰᠠᠨ ᠪᠠᠶᠢᠨ᠎ᠠ
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号