ᠼᠢ ᠵᠧᠦ ᠶᠢᠨ ᠱᠠᠭᠠᠵᠠᠩ ᠡᠳ᠋ᠯᠡᠯ ᠤᠨ ᠦᠵᠡᠭᠦᠯᠦᠯᠭᠡ ᠰᠢᠯᠢ ᠶᠢᠨ ᠭᠤᠣᠯ ᠮᠦᠽᠧᠢ ᠳᠤ  ᠶᠠᠪᠤᠭᠳᠠᠪᠠ
ᠨᠡᠶᠢᠲᠡᠯᠡᠭᠰᠡᠨ ᠴᠠᠭ᠄
2024/1/2
     12 ᠰᠠᠷ᠎ᠠ ᠶᠢᠨ 29  ᠤ ᠡᠳᠦᠷ᠂  ᠼᠢ ᠵᠧᠦ ᠶᠢᠨ  ᠱᠠᠭᠠᠵᠠᠩ ᠡᠳ᠋ᠯᠡᠯ ᠤᠨ ᠦᠵᠡᠭᠦᠯᠦᠯᠭᠡ ᠰᠢᠯᠢ ᠶᠢᠨ ᠭᠤᠣᠯ ᠮᠦᠽᠧᠢ ᠶᠢᠨ ᠦᠵᠡᠭᠦᠯᠦᠯᠭᠡ ᠶᠢᠨ ᠲᠢᠩᠬᠢᠮ ᠳᠤ  ᠶᠠᠪᠤᠭᠳᠠᠯ᠎ᠠ᠃      ᠲᠣᠰ ᠤᠳᠠᠭᠠᠨ ᠤ ᠦᠵᠡᠬᠦᠯᠤᠯᠭᠡ‌‍ᠳᠦ ᠬᠠᠨ ᠳ᠋ᠠᠨ ᠬᠤᠲᠠ ᠶᠢᠨ ᠮᠦᠽᠧᠢ ᠪᠣᠯᠣᠨ ᠰᠢᠯᠢ ᠶᠢᠨ ᠭᠤᠣᠯ ᠤᠨ ᠮᠦᠽᠧᠢ ᠳᠤ ᠬᠠᠳᠠᠭᠠᠯᠠᠵᠤ ᠪᠠᠶᠢᠭ᠎ᠠ ᠲᠠᠩ ᠤᠯᠤᠰ᠂ ᠰᠥᠩ ᠤᠯᠤᠰ᠂ ᠠᠯᠲᠠᠨ ᠤᠯᠤᠰ᠂ ᠶᠤᠸᠠᠨ ᠤᠯᠤᠰ᠂ ᠮᠢᠩ ᠤᠯᠤᠰ᠂ ᠴᠢᠩ ᠤᠯᠤᠰ ᠵᠡᠷᠭᠡ ᠠᠳᠠᠯᠢ ᠪᠤᠰᠤ ᠴᠠᠭ ᠦᠶ᠎ᠡ ᠶᠢᠨ 119 ᠰᠣᠳᠣᠨ ᠡᠷᠲᠡᠨ ᠤ ᠱᠠᠭᠠᠵᠠᠩ ᠡᠳ᠋ᠯᠡᠯ ᠵᠢᠴᠢ ᠬᠡᠰᠡᠭ ᠣᠲᠣ ᠦᠶ᠎ᠡ ᠶᠢᠨ ᠱᠠᠭᠠᠵᠠᠩ ᠡᠳ᠋ᠯᠡᠯ ᠢ ᠳᠡᠯᠭᠡᠨ ᠦᠵᠡᠬᠦᠯᠵᠠᠢ᠃ ᠦᠵᠡᠬᠦᠯᠦᠯᠭᠡ ᠶᠢᠨ ᠠᠩᠬᠠᠨ ᠤ ᠡᠳᠦᠷ᠂  ᠰᠢᠯᠢ ᠶᠢᠨ ᠬᠤᠳᠠ ᠶᠢᠨ ᠭᠤᠷᠪᠠᠳᠤᠭᠠᠷ ᠳᠤᠮᠳᠠᠳᠤ ᠰᠤᠷᠭᠠᠭᠤᠯᠢ ᠶᠢᠨ  ᠪᠠᠭᠰᠠᠢ ᠰᠤᠷᠤᠭᠴᠢᠳ ᠦᠵᠡᠭᠦᠯᠦᠯᠭᠡ ᠶᠢ ᠰᠣᠨᠢᠷᠬᠠᠵᠤ᠂ ᠲᠤᠰᠬᠠᠢ ᠲᠠᠶᠢᠯᠤᠮᠵᠢ ᠶᠢ ᠨᠠᠷᠢᠨ ᠬᠢᠨᠠᠮᠠᠭᠠᠢ ᠰᠣᠨᠣᠰᠴᠤ᠂ ᠠᠳᠠᠯᠢ ᠪᠤᠰᠤ ᠲᠡᠦᠬᠡᠨ ᠱᠠᠲᠤ ᠦᠶ᠎ᠡ ᠶᠢᠨ ᠱᠠᠭᠠᠵᠠᠩ ᠡᠳ᠋ᠯᠡᠯ ᠤᠨ ᠣᠨᠴᠠᠯᠢᠭ ᠪᠠ ᠦᠢᠯᠡᠳᠬᠦ ᠤᠷ᠎ᠠ ᠮᠡᠷᠭᠡᠵᠢᠯ ᠢ ᠭᠦᠨᠵᠡᠭᠡᠢ ᠣᠶᠢᠯᠠᠭᠠᠭᠰᠠᠨ ᠪᠥᠭᠡᠳ ᠥᠪᠡᠷ ᠢᠶᠠᠨ ᠱᠠᠭᠠᠵᠠᠩ ᠡᠭᠦᠰᠬᠡᠷ ᠳᠡᠭᠡᠷ᠎ᠡ ᠵᠢᠷᠤᠭ ᠵᠢᠷᠤᠵᠤ᠂ ᠮᠢᠩᠭᠠᠨ ᠵᠢᠯ ᠤᠨ ᠱᠠᠭᠠᠵᠠᠩ ᠡᠳ᠋ᠯᠡᠯ ᠤᠨ ᠲᠡᠦᠬᠡ ᠶᠢᠨ ᠠᠭᠤᠯᠬᠤᠨ ᠪᠠ ᠷᠢᠳᠢ ᠰᠢᠳᠢ ᠶᠢ ᠤᠯᠠᠮ ᠨᠢᠭᠡ ᠠᠯᠬᠤᠮ  ᠣᠶᠢᠯᠠᠭᠠᠭᠰᠠᠨ ᠪᠠᠶᠢᠨ᠎ᠠ᠃      ᠣᠶᠢᠯᠠᠭᠠᠭᠰᠠᠨ ᠢᠶᠠᠷ᠂  ᠼᠢ ᠵᠧᠦ ᠶᠢᠨ ᠱᠠᠭᠠᠵᠠᠩ ᠦᠢᠯᠡᠳᠬᠦ ᠵᠤᠤᠬ᠎ᠠ ᠪᠣᠯ ᠮᠠᠨ ᠤ ᠤᠯᠤᠰ ᠤᠨ ᠤᠮᠠᠷᠠᠲᠤ ᠶᠢᠨ ᠨᠠᠷᠠᠲᠠᠢ ᠠᠷᠠᠳ ᠤᠨ ᠱᠠᠭᠠᠵᠠᠩ ᠦᠢᠯᠡᠳᠬᠦ ᠵᠤᠤᠬ᠎ᠠ ᠪᠤᠯᠤᠨ᠎ᠠ᠂ ᠣᠲᠣ ᠶᠢᠨ ᠾᠧᠪᠧᠢ ᠮᠤᠵᠢ ᠶᠢᠨ  ᠬᠠᠨ ᠳ᠋ᠠᠨ ᠬᠤᠲᠠ ᠶᠢᠨ ᠼᠢ ᠰᠢᠶᠠᠨ ᠪᠠ ᠹᠧᠩ ᠹᠧᠩ ᠠᠭᠤᠷᠬᠠᠢ ᠶᠢᠨ ᠲᠤᠭᠤᠷᠢᠭ ᠲᠤ ᠪᠠᠶᠢᠳᠠᠭ᠂ ᠡᠷᠲᠡᠨ ᠤ ᠦᠶ᠎ᠡ ᠶᠢᠨ ᠭᠠᠵᠠᠷ ᠰᠢᠷᠣᠢ ᠨᠢ ᠼᠢ ᠵᠧᠦ ᠳᠤ ᠬᠠᠷᠢᠶᠠᠯᠠᠭᠳᠠᠵᠤ ᠪᠠᠶᠢᠭᠰᠠᠨ ᠤᠴᠢᠷ ᠠᠴᠠ ᠢᠩᠭᠢᠵᠦ ᠨᠡᠷᠡᠯᠡᠭᠳᠡᠭᠰᠡᠨ ᠶᠤᠮ᠃ ᠤᠮᠠᠷᠠᠲᠤ ᠲᠥᠷᠥ ᠶᠢᠨ ᠰᠡᠭᠦᠯᠴᠢ ᠶᠢᠨ ᠦᠶ᠎ᠡ ᠳᠤ ᠬᠥᠬᠡ ᠱᠠᠭᠠᠵᠠᠩ  ᠦᠢᠯᠡᠳᠬᠦ ᠭᠠᠵᠠᠷ ᠢ ᠠᠩᠬ᠎ᠠ ᠪᠠᠶᠢᠭᠤᠯᠵᠤ᠂ ᠰᠦᠢ ᠤᠯᠤᠰ ᠲᠠᠩ ᠤᠯᠤᠰ ᠤᠨ ᠦᠶ᠎ᠡ ᠳᠤ ᠡᠩ ᠤᠨ ᠠᠷᠠᠳ ᠤᠨ ᠱᠠᠭᠠᠵᠠᠩ ᠦᠢᠯᠡᠳᠬᠦ ᠭᠠᠵᠠᠷ ᠪᠣᠯᠵᠤ᠂ ᠰᠦᠩ ᠤᠯᠤᠰ᠂ ᠠᠯᠲᠠᠨ ᠤᠯᠤᠰ᠂ ᠶᠤᠸᠠᠨ ᠤᠯᠤᠰ ᠤᠨ ᠦᠶ᠎ᠡ ᠳᠤ  ᠼᠢ ᠵᠧᠦ ᠶᠢᠨ ᠱᠠᠭᠠᠵᠠᠩ ᠦᠢᠯᠡᠳᠬᠦ ᠮᠡᠷᠭᠡᠵᠢᠯ ᠨᠢ ᠸᠠᠭᠠᠷ ᠱᠠᠭᠠᠵᠠᠩ ᠤᠨ ᠴᠢᠮᠡᠭᠯᠡᠯ ᠤᠨ ᠴᠠᠭ ᠦᠶ᠎ᠡ ᠳᠤ ᠣᠷᠣᠵᠤ᠂ ᠴᠢᠮᠡᠭᠯᠡᠯ ᠤᠨ ᠲᠥᠷᠥᠯ ᠵᠦᠢᠯ᠂ ᠤᠷ᠎ᠠ ᠮᠡᠷᠭᠡᠵᠢᠯ ᠨᠢ ᠶᠡᠭᠡᠪᠡᠷ ᠲᠡᠭᠡᠭᠰᠢᠯᠡᠵᠤ ᠪᠠᠶᠠᠯᠢᠭ ᠰᠠᠶᠢᠬᠠᠨ ᠪᠤᠯᠠᠵᠠᠢ᠃ ᠠᠯᠲᠠᠨ ᠤᠯᠤᠰ ᠤᠨ ᠦᠶ᠎ᠡ ᠳᠤ ᠱᠠᠭᠠᠵᠠᠩ ᠬᠢᠬᠦ ᠦᠢᠯᠡᠰ ᠣᠷᠭᠢᠯ ᠳᠠᠭᠠᠨ ᠬᠦᠷᠴᠦ᠂ ᠶᠤᠸᠠᠨ ᠤᠯᠤᠰ ᠤᠨ ᠦᠶ᠎ᠡ ᠳᠤ ᠴᠠᠭᠠᠨ ᠳᠡᠪᠢᠰᠬᠡᠷᠲᠦ ᠬᠠᠷ᠎ᠠ ᠬᠤᠸᠠᠷᠲᠤ ᠴᠢᠮᠡᠭᠯᠡᠯ ᠤᠨ ᠤᠷᠠᠯᠢᠭ ᠨᠢᠭᠡᠨ ᠦᠶ᠎ᠡ ᠬᠥᠭᠵᠢᠨ ᠪᠠᠳᠠᠷᠠᠵᠤ᠂ ᠪᠦᠬᠦ ᠤᠯᠤᠰ ᠤᠨ ᠮᠠᠰᠢ ᠣᠯᠠᠨ ᠱᠠᠭᠠᠵᠠᠩ ᠤᠨ ᠵᠤᠤᠬ᠎ᠠ ᠪᠦᠷ  ᠼᠢ ᠵᠧᠦ ᠶᠢᠨ  ᠬᠡᠪ ᠨᠠᠮᠪᠠ  ᠲᠠᠢ ᠱᠠᠭᠠᠵᠠᠩ ᠰᠠᠪᠠ  ᠶᠢ ᠰᠢᠲᠠᠭᠠᠵᠤ᠂ ᠮᠤᠨᠳᠠᠭ ᠶᠡᠭᠡ ᠬᠡᠪᠴᠢᠶᠡᠨ ᠤ ︽ᠼᠢ ᠵᠧᠦ ᠶᠢᠨ ᠱᠠᠭᠠᠵᠠᠩ ᠦᠢᠯᠳᠬᠦ ᠵᠤᠤᠬ᠎ᠠ ᠶᠢᠨ ᠰᠢᠰᠲ᠋ᠧᠮ︾ ᠢ ᠪᠦᠷᠢᠯᠳᠦᠭᠦᠯᠦᠭᠰᠡᠨ ᠪᠠᠶᠢᠨ᠎ᠠ᠃ ᠰᠢᠯᠢ ᠶᠢᠨ ᠭᠤᠣᠯ ᠠᠶᠢᠮᠠᠭ ᠨᠢ ᠤᠮᠠᠷᠠᠲᠤ ᠶᠢᠨ ᠰᠣᠶᠣᠯ ᠤᠨ ᠤᠯᠠᠮᠵᠢᠯᠠᠯ ᠪᠠ ᠬᠥᠭᠵᠢᠯᠲᠡ ᠶᠢᠨ ᠴᠢᠬᠤᠯᠠ ᠭᠠᠵᠠᠷ ᠣᠷᠣᠨ ᠪᠣᠯᠤᠭᠰᠠᠨ ᠤ ᠬᠤᠪᠢ ᠳᠤ᠂ ᠲᠡᠦᠬᠡᠨ ᠳᠡᠭᠡᠷᠡᠬᠢ ᠠᠳᠠᠯᠢ ᠪᠤᠰᠤ ᠴᠠᠭ ᠦᠶ᠎ᠡ ᠳᠤ ᠴᠦ ᠶᠡᠭᠡ ᠬᠡᠮᠵᠢᠶᠡᠨ ᠤ ᠼᠢ ᠵᠧᠦ ᠶᠢᠨ ᠲᠡᠦᠬᠡ ᠶᠢᠨ ᠳᠤᠷᠠᠰᠬᠠᠯᠲᠤ ᠵᠦᠢᠯᠡᠰ ᠤᠨ ᠰᠣᠳᠣᠨ ᠪᠦᠲᠦᠭᠡᠯ ᠢ ᠢᠯᠡᠷᠡᠭᠦᠯᠵᠦ᠂ ᠮᠠᠨ ᠤ ᠤᠯᠤᠰ ᠤᠨ ᠲᠡᠦᠬᠡᠨ ᠳᠡᠭᠡᠷᠡᠬᠢ ᠦᠨᠳᠦᠰᠦᠲᠡᠨ ᠨᠦᠭᠦᠳ ᠤᠨ ᠬᠤᠭᠤᠷᠣᠨᠳᠣᠬᠢ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠤᠨ ᠠᠭᠤᠤ ᠶᠡᠭᠡ ᠲᠡᠦᠬᠡᠨ ᠪᠣᠳᠠᠲᠤ ᠪᠠᠶᠢᠳᠠᠯ ᠢ ᠭᠡᠷᠡᠴᠢᠯᠡᠵᠡᠢ᠃        ᠰᠢᠯᠢ ᠶᠢᠨ ᠭᠤᠣᠯ ᠮᠦᠽᠧᠢ ᠶᠢᠨ ᠳᠡᠳ᠋ ᠳᠠᠷᠤᠭ᠎ᠠ ᠵᠢᠩ ᠶᠦᠩ ᠵᠢᠶᠸ᠄ ᠡᠨᠡᠬᠦ  ᠦᠵᠡᠬᠦᠯᠤᠯᠭᠡ ᠶᠢ ᠡᠷᠭᠢᠯᠡᠭᠰᠡᠨ ᠵᠣᠷᠢᠯᠭ᠎ᠠ ᠨᠢ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠲᠠᠰᠤᠷᠠᠯᠲᠠ ᠦᠭᠡᠢ ᠪᠠᠲᠤᠳᠬᠠᠵᠤ᠂ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠢ ᠤᠯᠠᠮᠵᠢᠯᠠᠨ ᠪᠠᠳᠠᠷᠠᠭᠤᠯᠬᠤ ᠶᠢᠨ ᠬᠠᠮᠲᠤ ᠵᠦᠩᠶᠤᠸᠠᠨ ᠣᠷᠣᠨ ᠤ ᠣᠨᠴᠠᠯᠢᠭᠲᠤ ᠰᠣᠶᠣᠯ ᠢ ᠠᠷᠠᠳ ᠤᠯᠠᠨ ᠤ ᠦᠵᠡᠵᠦ ᠰᠣᠨᠢᠷᠬᠠᠬᠤ ᠳᠤᠷᠠᠲᠠᠢ ᠬᠡᠯᠪᠡᠷᠢ ᠪᠠᠷ  ᠲᠤᠰᠬᠠᠨ ᠢᠯᠡᠷᠡᠬᠦᠯᠵᠤ᠂ ᠼᠢ ᠵᠧᠦ ᠶᠢᠨ ᠱᠠᠭᠠᠵᠠᠩ ᠤᠨ ᠷᠢᠳᠢ ᠰᠢᠳᠢ ᠶᠢ ᠣᠶᠢᠯᠠᠭᠠᠭᠤᠯᠬᠤ ᠶᠢᠨ ᠬᠠᠮᠲᠤ ᠪᠠᠰᠠ ᠮᠠᠨ ᠤ ᠳᠤᠮᠳᠠᠳᠤ ᠶᠢᠨ ᠤᠯᠠᠮᠵᠢᠯᠠᠯᠲᠤ ᠰᠣᠶᠣᠯ ᠤᠨ ᠥᠷᠭᠡᠨ ᠳᠡᠯᠭᠡᠷ ᠭᠦᠨ ᠭᠦᠨᠵᠡᠭᠡᠢ ᠪᠠᠶᠢᠬᠤ ᠶᠢ  ᠦᠢᠯᠠᠭᠠᠭᠤᠯᠤᠭᠰᠠᠨ ᠪᠠᠶᠢᠨ᠎ᠠ᠃      ᠪᠤᠯᠤᠷ ᠰᠣᠷᠪᠣᠯᠵᠢᠯᠠᠵᠣ᠂ ᠲᠣᠭᠤᠷ ᠣᠷᠴᠢᠭᠤᠯᠪᠠ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号