ᠬᠠᠮᠤᠭ ᠤᠨ ᠰᠡᠭᠦᠯᠴᠢ ᠶᠢᠨ ᠬᠢᠴᠢᠶᠡᠯ | ᠠ᠊ · ᠳ᠋ᠠᠦᠲ᠋ᠠᠢ | ᠲᠡᠷᠡ ᠥᠷᠯᠥᠭᠡ ᠪᠢ᠂ ᠰᠤᠷᠭᠠᠭᠤᠯᠢ ᠳᠤ ᠪᠠᠨ ᠲᠤᠩ ᠶᠡᠭᠡ ᠬᠤᠵᠢᠳᠠᠵᠤ ᠣᠴᠢᠭᠰᠠᠨ ᠲᠤᠯᠠ ᠪᠠᠭᠰᠢ | ᠬᠠᠮᠧᠯ ᠳᠤ ᠵᠢᠮᠡᠯᠡᠭᠳᠡᠬᠦ ᠠᠴᠠ ᠪᠠᠨ ᠤᠬᠠᠭᠠᠨ ᠥᠭᠡᠢ ᠠᠶᠤᠭᠰᠠᠨ ᠪᠢᠯᠡ᠃ ᠲᠡᠷᠡ ᠡᠳᠦᠷ ᠥᠨᠥᠬᠢ ᠦᠢᠯᠡ ᠦᠭᠡ | ᠶᠢᠨ ᠬᠤᠪᠢᠯᠤᠯ ᠢᠶᠠᠨ ᠪᠢᠳᠡᠨ ᠠᠴᠠ ᠠᠰᠠᠭᠤᠬᠤ ᠭᠡᠵᠦ ᠪᠠᠶᠢᠭᠰᠠᠨ ᠶᠤᠮ᠃ ᠪᠢ ᠶᠠᠳᠠᠬᠤ ᠳᠤ ᠪᠠᠨ ᠲᠡᠭᠦᠨ ᠠᠴᠠ ᠨᠢ | ᠨᠢᠭᠡ ᠶᠢ ᠴᠦ ᠣᠯᠢᠭᠳᠠᠢᠬᠠᠨ ᠬᠠᠷᠢᠭᠤᠯᠵᠤ ᠴᠢᠳᠠᠬᠤ ᠦᠭᠡᠢ ᠲᠤᠯᠠ ᠰᠤᠷᠭᠠᠭᠤᠯᠢ ᠳᠤ ᠣᠴᠢᠬᠤ ᠶᠢᠨ ᠣᠷᠣᠨ ᠳᠤ | ᠭᠠᠳᠠᠭᠤᠷ ᠶᠠᠪᠤᠵᠤ ᠵᠤᠭᠠᠴᠠᠮᠠᠷ ᠰᠠᠨᠠᠭᠳᠠᠯ᠎ᠠ᠃ | ᠲᠡᠷᠡ ᠡᠳᠦᠷ ᠤᠨ ᠴᠡᠯᠮᠡᠭ ᠪᠥᠭᠡᠳ ᠳᠤᠯᠠᠭᠠᠬᠠᠨ ᠴᠤ ᠭᠡᠵᠦ ᠡ︕ ᠶᠡᠭᠡ ᠠᠯᠠᠭ ᠪᠢᠯᠵᠤᠤᠳᠬᠠᠶ ᠨᠤᠭᠤᠳ | ᠮᠣᠳᠣᠳ ᠲᠤ ᠪᠠᠨ ᠳᠣᠩᠭᠤᠳᠬᠤ ᠨᠢ ᠶᠠᠭᠤᠲᠠᠶ ᠰᠠᠶᠢᠬᠠᠨ ᠠᠵᠢ᠂ ᠮᠣᠳᠣ ᠵᠦᠰᠦᠬᠦ ᠦᠢᠯᠡᠳᠪᠦᠷᠢ ᠶᠢᠨ ᠠᠷᠤ ᠶᠢᠨ | ᠵᠦᠯᠭᠡᠨ ᠳᠡᠭᠡᠷ᠎ᠡ ᠪᠠᠰᠠ ᠫᠷᠥ᠋ᠰᠰᠢ ᠶᠢᠨ ᠴᠡᠷᠢᠭ ᠪᠣᠯᠪᠠᠰᠤᠷᠠᠯ ᠬᠢᠵᠦ ᠪᠠᠶᠢᠯ᠎ᠠ᠃ ᠡᠳᠡᠭᠡᠷ ᠪᠦᠬᠦᠨ ᠨᠢ ᠨᠠᠳᠠ ᠦᠢᠯᠡ | ᠦᠭᠡ ᠶᠢᠨ ᠬᠤᠪᠢᠯᠤᠯ ᠠᠴᠠ ᠬᠠᠪᠢ ᠥᠭᠡᠢ ᠲᠠᠭᠠᠲᠠᠶ ᠰᠠᠨᠠᠭᠳᠠᠭᠰᠠᠨ ᠪᠣᠯᠪᠠᠴᠤ ᠪᠡᠶ᠎ᠡ ᠪᠠᠨ ᠪᠠᠷᠢᠵᠤ ᠰᠤᠷᠭᠠᠭᠤᠯᠢ | ᠤᠷᠤᠭᠤ ᠪᠠᠨ ᠶᠠᠭᠠᠷᠠᠨ ᠭᠦᠶᠦᠵᠦ ᠪᠢᠯᠡ᠃ | ᠲᠣᠰᠬᠤᠨ ᠤ ᠵᠠᠬᠢᠷᠭ᠎ᠠ ᠶᠢᠨ ᠬᠠᠵᠠᠭᠤ ᠪᠠᠷ ᠭᠠᠷᠬᠤ ᠳᠤ ᠵᠠᠷᠯᠠᠯ ᠤᠨ ᠰᠠᠮᠪᠠᠷ᠎ᠠ ᠶᠢᠨ ᠳᠡᠷᠭᠡᠳᠡ ᠪᠠᠭ᠋ᠠᠨ ᠤᠯᠤᠰ | ᠪᠣᠵᠢᠭᠢᠨᠠᠯᠳᠤᠵᠦ ᠪᠠᠶᠢᠯ᠎ᠠ᠃ ᠣᠶᠢᠷ᠎ᠠ ᠶᠢᠨ ᠬᠤᠶᠠᠷ ᠵᠢᠯ ᠠᠴᠠ ᠮᠠᠨ ᠤ ᠲᠣᠰᠬᠤᠨ ᠳᠤ ᠲᠠᠷᠬᠠᠭᠳᠠᠭᠰᠠᠨ᠄ ᠳᠠᠶᠢᠨ ᠳᠤ | ᠢᠯᠠᠭᠳᠠᠯ᠎ᠠ᠂ ᠴᠡᠷᠢᠭ ᠲᠤ ᠮᠣᠷᠳᠠᠯ᠎ᠠ ᠭᠡᠬᠦ ᠮᠡᠲᠦᠴᠢᠯᠡᠨ ᠴᠡᠷᠢᠭ ᠤᠨ ᠱᠲ᠋ᠠᠪ ᠤᠨ ᠬᠢᠨ ᠤ ᠶᠠᠩᠵᠤ ᠪᠦᠷᠢ ᠶᠢᠨ | ᠥᠯᠵᠡᠶ ᠪᠤᠰᠤ ᠶᠢᠨ ᠵᠠᠷᠯᠠᠯ ᠮᠡᠳᠡᠭᠡ ᠨᠦᠭᠦᠳ ᠴᠥᠮ ᠠᠳᠡ ᠠᠴᠠ ᠡᠭᠦᠰᠳᠡᠭ ᠶᠤᠮ᠃ | ᠪᠢ ᠠᠯᠬᠤᠬᠤ ᠵᠠᠭᠤᠷ᠎ᠠ ᠪᠠᠨ᠄ ︽ᠵᠠ᠂ ᠪᠠᠰᠠ ᠶᠠᠭᠤ ᠪᠣᠯᠬᠤ ᠭᠡᠵᠦ ᠪᠠᠶᠢᠭ᠎ᠠ ᠪᠣᠯ ᠳ᠋ᠠ︖︾ ᠭᠡᠵᠦ | ᠪᠣᠳᠣᠵᠤ ᠶᠠᠪᠤᠯ᠎ᠠ᠃ | ᠲᠡᠮᠦᠷ ᠤᠨ ᠳᠠᠷᠬᠠᠨ ᠸᠠᠱᠢᠲ ᠭᠤᠸᠠᠶ ᠱᠠᠪᠢ ᠨᠠᠷ ᠤᠨ ᠢᠶᠠᠨ ᠬᠠᠮᠲᠤ ᠣᠯᠠᠨ ᠤ ᠳᠣᠲᠣᠷ᠎ᠠ ᠰᠢᠬᠠᠴᠠᠯᠳᠤᠵᠤ | ᠵᠠᠷᠯᠠᠯ ᠦᠵᠡᠵᠦ ᠪᠠᠶᠢᠭᠰᠠᠨ ᠢᠶᠠᠨ ᠮᠢᠨᠦ ᠭᠦᠶᠦᠵᠦ ᠶᠠᠪᠤᠭ᠎ᠠ ᠶᠢ ᠬᠠᠷᠠᠩᠭᠤᠳᠠ᠄ ︽ᠪᠢᠲᠡᠭᠡᠶ ᠶᠠᠭᠠᠷᠠ ᠬᠦᠦ ᠮᠢᠨᠢ᠂ | ᠴᠢ ᠶᠠᠭᠠᠬᠢᠯ᠎ᠠ ᠴᠤ ᠭᠡᠰᠡᠨ ᠰᠤᠷᠭᠠᠭᠤᠯᠢ ᠳᠤ ᠪᠠᠨ ᠡᠷᠲᠡ ᠬᠦᠷᠦᠨ᠎ᠡ︕︾ ᠭᠡᠵᠦ ᠬᠠᠰᠬᠢᠷᠤᠯ᠎ᠠ᠃ | ᠪᠢ ᠲᠡᠭᠦᠨ ᠢ ᠨᠠᠳᠠ ᠪᠠᠷ ᠲᠣᠭᠯᠠᠵᠤ ᠪᠠᠶᠢᠭ᠎ᠠ ᠪᠠᠶᠢᠯ ᠥᠬᠡᠶ ᠶᠠᠭᠠᠬᠢᠬᠤ ᠪᠤᠢ ᠭᠡᠵᠦ ᠰᠠᠨᠠᠭᠠᠳ ᠪᠥᠭᠯᠡᠷᠡᠵᠦ | ᠦᠬᠦᠮᠡᠷ ᠭᠦᠶᠦᠭᠰᠡᠭᠡᠷ ᠬᠠᠮᠧᠯ ᠪᠠᠭᠰᠢ ᠶᠢᠨ ᠵᠢᠵᠢᠭ᠌ᠬᠡᠨ ᠬᠠᠰᠢᠶ᠎ᠠ ᠤᠷᠤᠭᠤ ᠨᠢ ᠤᠷᠤᠭᠰᠠᠨ ᠪᠠᠶᠢᠯ᠎ᠠ᠃ | ᠮᠠᠨ ᠤ ᠬᠢᠨ ᠶᠡᠷᠦ ᠳᠤ ᠪᠠᠨ ᠬᠢᠴᠢᠶᠡᠯ ᠡᠬᠢᠯᠡᠭᠰᠡᠭᠡᠷ ᠶᠡᠭᠡ ᠯᠡ ᠦᠢᠮᠡᠵᠦ ᠱᠤᠤᠭᠢᠳᠠᠭ ᠪᠥᠭᠡᠳ ᠡᠨᠡ ᠨᠢ | ᠭᠤᠳᠤᠮᠵᠢᠨ ᠳᠤ ᠬᠦᠷᠲᠡᠯ᠎ᠡ ᠢᠯᠡᠭᠡᠨ ᠰᠣᠨᠣᠰᠳᠠᠳᠠᠭ ᠪᠢᠯᠡ᠃ ᠮᠠᠨ ᠤ ᠨᠥᠬᠦᠳ ᠤᠨ ᠪᠢᠴᠢᠭ ᠤᠨ ᠰᠢᠷᠡᠭᠡᠨ ᠤ | ᠰᠢᠷᠭᠤᠭᠤᠯ ᠢᠶᠠᠨ ᠨᠡᠭᠡᠭᠡᠵᠦ ᠬᠠᠭᠠᠬᠤ ᠴᠢᠮᠡᠭᠡ᠂ ᠪᠢᠴᠢᠭ ᠢᠶᠠᠷ ᠢᠶᠠᠨ ᠴᠢᠬᠢ ᠪᠠᠨ ᠲᠠᠭᠯᠠᠵᠤ ᠳᠡᠭᠡᠷ᠎ᠡ ᠳᠠᠭᠤᠨ ᠢᠶᠠᠷ | ᠴᠡᠭᠡᠵᠢ ᠪᠠᠷ ᠤᠩᠰᠢᠬᠤ ᠴᠢᠮᠡᠭᠡ ᠁ ᠪᠠᠰᠠ ᠪᠠᠭᠰᠢ ᠶᠢᠨ ᠮᠢᠨᠢ ᠥᠨᠥᠬᠢ ᠪᠦᠳᠦᠭᠦᠨ ᠲᠡᠮᠦᠷ ᠱᠤᠭᠤᠮ ᠢᠶᠠᠷ | ᠢᠶᠠᠨ ᠰᠢᠷᠡᠭᠡ ᠶᠢ ᠳᠡᠰ ᠨᠢᠰ ᠬᠢᠲᠡᠯ᠎ᠡ ᠪᠠᠯᠪᠡᠵᠤ ︽ᠪᠢᠲᠡᠭᠡᠶ ᠱᠤᠤᠭᠢ︕ ᠪᠢᠲᠡᠭᠡ ᠱᠤᠤᠭᠢ ᠁︾ ᠭᠡᠬᠦ ᠳᠠᠭᠤ | ᠵᠡᠷᠭᠡ ᠪᠠᠷ ᠳᠤᠭᠤᠯᠳᠠᠵᠤ ᠶᠡᠭᠡ ᠯᠡ ᠦᠢᠮᠡᠭᠡᠨ ᠲᠠᠢ ᠪᠠᠶᠢᠳᠠᠭ ᠰᠠᠨ᠃ | ᠡᠨᠡ ᠡᠳᠦᠷ ᠪᠢ ᠡᠨᠡ ᠬᠦ ᠱᠤᠤᠬᠢᠶᠠᠨ ᠢ ᠳᠠᠯᠢᠮᠳᠠᠭᠤᠯᠤᠨ ᠭᠤᠯᠭᠤᠨ ᠣᠷᠣᠵᠤ ᠠᠮᠵᠢᠬᠤ ᠭᠡᠰᠡᠨ ᠶᠤᠮ᠃ | ᠭᠡᠲᠡᠯ᠎ᠡ ᠡᠨᠡ ᠡᠳᠦᠷ ᠠᠩᠭᠢ ᠮᠠᠨᠢ ᠬᠠᠷᠢᠨ ᠠᠮᠠᠷᠠᠯᠲᠠ ᠶᠢᠨ ᠡᠳᠦᠷ ᠤᠨ ᠥᠷᠯᠥᠭᠡ ᠰᠢᠭ ᠴᠢᠪ ᠴᠢᠮᠡᠭᠡ ᠦᠭᠡᠢ | ᠪᠠᠶᠢᠪᠠ᠃ ᠭᠠᠶᠢᠬᠠᠬᠤ ᠳᠤ ᠪᠠᠨ ᠪᠢ ᠨᠡᠭᠡᠭᠡᠯᠲᠡᠲᠡᠶ ᠴᠣᠩᠬᠤ ᠪᠠᠷ ᠨᠢ ᠳᠣᠲᠣᠭᠰᠢ ᠱᠠᠭᠠᠶᠢᠭᠰᠠᠨ ᠴᠢᠨᠢ ᠰᠤᠷᠤᠭᠴᠢᠳ | ᠴᠥᠮ ᠥᠪᠡᠷ ᠥᠪᠡᠷ ᠤᠨ ᠰᠠᠭᠤᠳᠠᠯ ᠳᠤ ᠪᠠᠨ ᠰᠠᠭᠤᠴᠢᠬᠠᠭᠠᠳ ᠪᠠᠭᠰᠢ ᠬᠠᠮᠧᠯ᠂ ᠥᠨᠥᠬᠢ ᠠᠶᠢᠬᠤᠪᠲᠤᠷ ᠲᠣᠮᠣ | ᠡᠳ᠋ ᠢᠶᠠᠨ ᠰᠤᠭᠤᠨ ᠳᠤ ᠪᠠᠨ ᠬᠠᠪᠴᠢᠵᠤ ᠨᠠᠭᠠᠰᠢ ᠴᠠᠭᠠᠰᠢ ᠪᠠᠨ ᠠᠯᠬᠤᠯᠠᠵᠤ ᠪᠠᠶᠢᠯ᠎ᠠ᠃ ᠪᠢ ᠬᠠᠭᠠᠯᠭ᠎ᠠ ᠶᠢ ᠨᠢ | ᠠᠶᠠᠷᠬᠠᠨ ᠲᠠᠲᠠᠵᠤ ᠨᠥᠬᠦᠳ ᠤᠨ ᠨᠢᠭᠤᠷ ᠲᠠᠯ᠎ᠠ ᠠᠴᠠ ᠦᠢᠮᠡᠭᠦᠯᠦᠯ ᠥᠭᠡᠢ ᠪᠠᠷ ᠠᠶᠠᠲᠠᠶᠢᠬᠠᠨ ᠣᠷᠣᠵᠤ | ᠰᠠᠭᠤᠬᠤ ᠠᠴᠠ ᠥᠭᠡᠷ᠎ᠡ ᠠᠷᠭ᠎ᠠ ᠠᠯᠠᠭ᠎ᠠ ᠪᠣᠯᠵᠠᠶ᠃ ᠲᠡᠷᠡ ᠦᠶ᠎ᠡ ᠳᠤ ᠮᠢᠨᠦ ᠵᠢᠰᠦ ᠴᠢᠷᠠᠶ ᠶᠡᠷᠦ ᠨᠢ ᠶᠠᠮᠠᠷ | ᠶᠠᠩᠵᠤ ᠲᠠᠢ ᠪᠠᠶᠢᠭᠰᠠᠨ ᠭᠡᠵᠦ ᠰᠠᠨᠠᠨ᠎ᠠ ᠪᠤᠢ ᠲᠠ︖ ᠨᠢᠭᠤᠷ ᠮᠢᠨᠢ ᠴᠢᠰ ᠤᠯᠠᠭᠠᠨ ᠪᠣᠯᠵᠤ ᠵᠢᠷᠦᠬᠡ ᠠᠮᠠ ᠪᠠᠷ | ᠭᠠᠷᠴᠢᠬᠠᠬᠤ ᠰᠢᠬᠠᠵᠠᠶ︕ | ᠭᠡᠲᠡᠯ᠎ᠡ ᠶᠠᠭᠠᠬᠢᠭᠰᠠᠨ ᠴᠤ ᠥᠬᠡᠶ᠃ ᠪᠠᠭᠰᠢ ᠬᠠᠮᠧᠯ ᠨᠠᠮ᠎ᠠ ᠶᠢ ᠦᠵᠡᠭᠡᠳ᠄ ︽ᠪᠢᠴᠢᠬᠠᠨ ᠹᠷᠠᠩᠱ ᠮᠢᠨᠢ | ᠪᠤᠰᠢᠭᠤᠬᠠᠨ ᠣᠷᠣᠨ ᠳᠤ ᠪᠠᠨ ᠰᠠᠭᠤᠭᠠᠷᠠᠶ᠂ ᠴᠢᠮ᠎ᠠ ᠶᠢ ᠪᠢᠳᠡ ᠬᠦᠯᠢᠶᠡᠬᠦ ᠥᠭᠡᠢ ᠰᠢᠤ᠂ ᠬᠢᠴᠢᠶᠡᠯ ᠢᠶᠠᠨ | ᠡᠬᠢᠯᠡᠴᠢᠬᠡᠨᠡ︾ ᠭᠡᠵᠦ ᠶᠡᠷᠦ ᠪᠤᠰᠤ ᠶᠢᠨ ᠡᠶᠡᠯᠳᠡᠩᠬᠡᠨ ᠳᠤᠤᠭᠠᠷᠪᠠ᠃ | ᠪᠢ ᠰᠡᠩᠳᠡ ᠮᠡᠩᠳᠡ ᠣᠷᠣᠨ ᠳᠤ ᠪᠠᠨ ᠣᠴᠢᠵᠤ ᠰᠠᠨᠳᠠᠯᠢ ᠳᠡᠭᠡᠷ᠎ᠡ ᠪᠠᠨ ᠰᠠᠭᠤᠯ᠎ᠠ᠃ ᠡᠨᠡ ᠦᠶ᠎ᠡ ᠳᠤ ᠮᠢᠨᠦ | ᠵᠢᠷᠦᠬᠡᠨ ᠤ ᠯᠤᠭᠰᠢᠯᠲᠠ ᠪᠠᠭ᠋ᠠᠨ ᠨᠠᠮᠳᠠᠵᠤ ᠡᠨᠡ ᠡᠳᠦᠷ ᠪᠠᠭᠰᠢ ᠶᠢᠨ ᠢᠶᠠᠨ ᠶᠣᠰᠣᠯᠠᠯ ᠤᠨ ᠭᠤᠶᠤ ᠨᠣᠭᠤᠭᠠᠨ | ᠬᠤᠪᠴᠠᠰᠤ ᠪᠠᠨ ᠡᠮᠦᠰᠦᠭᠡᠳ ᠬᠡ ᠤᠭᠠᠯᠵᠠ ᠲᠠᠢ ᠭᠠᠯᠰᠲ᠋ᠦ᠋ᠺ ᠢᠶᠠᠨ ᠵᠡᠭᠦᠵᠦ ᠥᠨᠥᠬᠢ ᠬᠠᠳᠬᠤᠮᠠᠯ ᠡᠮᠵᠢᠶᠡᠷᠢ ᠲᠠᠢ | ᠬᠠᠷ᠎ᠠ ᠲᠣᠷᠭᠠᠨ ᠲᠣᠭᠤᠷᠴᠤᠭ ᠢᠶᠠᠨ ᠴᠤ ᠡᠮᠦᠰᠴᠢᠭᠡᠭᠰᠡᠨ ᠢ ᠬᠠᠷᠠᠯ᠎ᠠ᠃ ᠪᠠᠭᠰᠢ ᠮᠠᠨᠢ ᠡᠨᠡ ᠬᠦ ᠳᠡᠪᠡᠯ ᠮᠠᠯᠠᠭᠠᠶ ᠪᠠᠨ | ᠵᠥᠪᠬᠡᠨ ᠪᠠᠶᠢᠴᠠᠭᠠᠭᠴᠢ ᠲᠦᠰᠢᠮᠡᠯ ᠢᠷᠡᠬᠦ ᠪᠤᠶᠤ ᠱᠠᠩᠨᠠᠯ ᠣᠯᠭᠤᠬᠤ ᠡᠳᠦᠷ ᠤᠳ ᠲᠤ ᠯᠡ ᠡᠮᠦᠰᠳᠡᠭ ᠶᠤᠮ᠃ | ᠡᠭᠦᠨ ᠢᠶᠠᠷ ᠴᠦ ᠦᠯᠥ ᠪᠠᠷᠠᠨ ᠡᠨᠡ ᠡᠳᠦᠷ ᠬᠢᠴᠢᠶᠡᠯ ᠤᠨ ᠭᠡᠷ ᠶᠡᠷᠦ ᠪᠤᠰᠤ ᠶᠢᠨ ᠲᠥᠪᠯᠡᠭᠦᠨ ᠪᠠᠶᠢᠪᠠ᠃ ᠪᠢ ᠠᠷᠤ | ᠲᠠᠯ᠎ᠠ ᠶᠢᠨ ᠬᠡᠳᠦᠨ ᠮᠥᠷ ᠢᠯᠡᠭᠦᠦ ᠰᠠᠨᠳᠠᠯᠢ ᠳᠡᠭᠡᠷ᠎ᠡ ᠲᠣᠰᠬᠤᠨ ᠤ ᠬᠢᠨ ᠤ ᠨᠡᠯᠢᠶᠡᠳ ᠤᠯᠤᠰ ᠢᠷᠡᠵᠦ ᠪᠢᠳᠡᠨ ᠲᠠᠢ | ᠠᠳᠠᠯᠢ ᠲᠣᠪ ᠳᠤᠭᠤᠶ ᠰᠠᠭᠤᠵᠠᠭᠠᠵᠤ ᠪᠠᠶᠢᠭ᠎ᠠ ᠶᠢ ᠦᠵᠡᠭᠡᠳ ᠮᠠᠰᠢ ᠶᠡᠭᠡ ᠭᠠᠶᠢᠬᠠᠯ᠎ᠠ᠂ ᠡᠭᠦᠨ ᠳᠤ ᠭᠤᠷᠪᠠᠯᠵᠢᠨ | ᠮᠠᠯᠠᠭᠠᠶ ᠲᠠᠢ ᠡᠪᠦᠭᠡᠨ ᠬᠠᠤᠰᠦ᠋᠂ ᠤᠷᠢᠳᠤ ᠶᠢᠨ ᠲᠣᠰᠬᠤᠨ ᠤ ᠳᠠᠷᠤᠭ᠎ᠠ᠂ ᠤᠷᠢᠳᠤ ᠶᠢᠨ ᠰᠢᠤᠳᠠᠨ ᠤ ᠤᠯᠠᠭᠠᠴᠢ | ᠵᠡᠷᠭᠡ ᠨᠡᠯᠢᠶᠡᠳ ᠬᠥᠮᠦᠰ ᠪᠠᠶᠢᠯᠴᠠᠪᠠ᠃ ᠡᠳᠡ ᠴᠥᠮ ᠢᠶᠠᠷ ᠢᠶᠠᠨ ᠵᠣᠪᠠᠨᠢᠩᠭᠤᠶ ᠴᠢᠷᠠᠶ ᠲᠠᠢ ᠰᠠᠭᠤᠵᠠᠭᠠᠨ᠎ᠠ᠃ | ᠬᠠᠰᠦ᠋ ᠭᠤᠸᠠᠶ ᠡᠪᠦᠳᠦᠭ ᠳᠡᠭᠡᠷ᠎ᠡ ᠪᠠᠨ ᠡᠯᠡᠭᠳᠡᠵᠦ ᠬᠠᠭᠤᠴᠢᠷᠬᠠᠭᠰᠠᠨ ᠠᠩᠬ᠎ᠠ ᠵᠡᠷᠭᠡ ᠶᠢᠨ ᠰᠤᠷᠬᠤ ᠪᠢᠴᠢᠭ | ᠳᠡᠯᠭᠡᠵᠦ ᠳᠡᠭᠡᠷ᠎ᠡ ᠨᠢ ᠪᠠᠰᠠ ᠥᠨᠥᠬᠢ ᠪᠥᠭᠡᠯᠢᠭ ᠲᠣᠮᠣ ᠭᠠᠯ ᠰᠢᠯ ᠢᠶᠠᠨ ᠲᠠᠯᠪᠢᠵᠠᠶ᠃ | ᠪᠢ ᠡᠳᠡᠭᠡᠷ ᠰᠣᠨᠢᠷᠬᠠᠯᠲᠠᠶ ᠪᠠᠶᠢᠳᠠᠯ ᠢ ᠠᠵᠢᠭᠯᠠᠵᠤ ᠭᠠᠶᠢᠬᠠᠨ ᠠᠳᠠᠯ᠎ᠠ ᠪᠠᠭᠰᠢ ᠬᠠᠮᠧᠯ ᠰᠠᠨᠳᠠᠯᠢ ᠳᠡᠭᠡᠷ᠎ᠡ ᠪᠠᠨ | ᠰᠠᠭᠤᠭᠠᠳ ᠰᠠᠶᠢᠬᠠᠨ ᠨᠠᠳᠠ ᠶᠠᠷᠢᠭᠰᠠᠨ ᠲᠠᠢ ᠪᠠᠨ ᠠᠳᠠᠯᠢ ᠪᠢᠳᠡᠨ ᠤᠷᠤᠭᠤ ᠡᠶᠡᠯᠳᠡᠭ ᠲᠥᠪᠯᠡᠭᠦᠨ ᠢᠶᠠᠷ᠄ | ︽ᠬᠡᠦᠬᠡᠳ ᠤᠳ ᠡ︕ ᠡᠨᠡ ᠪᠣᠯ ᠪᠠᠭᠰᠢ ᠶᠢᠨ ᠴᠢᠨᠢ ᠬᠠᠮᠤᠭ ᠤᠨ ᠰᠡᠭᠦᠯᠴᠢ ᠶᠢᠨ ᠨᠢᠭᠡ ᠬᠢᠴᠢᠶᠡᠯ᠂ | ᠪᠧᠷᠯᠢᠨ ᠠᠴᠠ ᠨᠢᠭᠡᠨᠲᠡ ᠠᠯᠰᠠᠰ ᠬᠢᠭᠡᠳ ᠯᠣᠲ᠋ᠠᠷᠢᠨᠬᠢ ᠶᠢᠨ ᠰᠤᠷᠭᠠᠭᠤᠯᠢ ᠨᠤᠭᠤᠳ ᠲᠤ ᠵᠥᠪᠬᠡᠨ ᠭᠧᠷᠮᠠᠨ ᠬᠡᠯᠡ | ᠵᠢᠭᠠᠬᠤ ᠬᠡᠷᠡᠭᠲᠡᠶ ᠭᠡᠳᠡᠭ ᠲᠤᠰᠢᠶᠠᠯ ᠢᠷᠡᠵᠡᠢ᠃ ᠰᠢᠨ᠎ᠡ ᠪᠠᠭᠰᠢ ᠴᠢᠨᠢ ᠮᠠᠷᠭᠠᠰᠢ ᠢᠷᠡᠨ᠎ᠡ᠃ ᠡᠨᠡ ᠡᠳᠦᠷ ᠪᠣᠯ | ᠹᠷᠠᠨᠼᠢ ᠬᠡᠯᠡᠨ ᠤ ᠲᠤᠬᠠᠶ ᠲᠠ ᠨᠠᠷ ᠤᠨ ᠬᠠᠮᠤᠭ ᠤᠨ ᠰᠡᠭᠦᠯᠴᠢ ᠶᠢᠨ ᠬᠢᠴᠢᠶᠡᠯ ᠪᠣᠯᠬᠤ ᠲᠤᠯᠠ ᠢᠯᠡᠭᠦᠬᠡᠨ | ᠠᠩᠬᠠᠷᠬᠤ ᠶᠢ ᠬᠦᠰᠡᠶ᠎ᠡ︾ ᠭᠡᠪᠡ᠃ | ᠪᠠᠭᠰᠢ ᠶᠢᠨ ᠢᠶᠠᠨ ᠡᠨᠡ ᠬᠡᠳᠦᠨ ᠦᠭᠡ ᠶᠢ ᠰᠣᠨᠣᠰᠤᠭᠠᠳ ᠡᠯᠢᠭᠡ ᠵᠢᠷᠦᠬᠡ ᠮᠢᠨᠢ ᠰᠢᠮᠰᠢᠷᠡᠵᠦ ᠪᠢᠯᠡ᠃ ᠠ᠂ | ᠵᠣᠯᠢᠭ ᠤᠳ ᠣᠣᠬᠠᠢ︕ ᠲᠡᠳᠡ ᠲᠣᠰᠬᠤᠨ ᠤ ᠵᠠᠬᠢᠷᠭ᠎ᠠ ᠶᠢᠨ ᠵᠠᠷᠯᠠᠯ ᠤᠨ ᠰᠠᠮᠪᠠᠷ᠎ᠠ ᠳᠤ ᠶᠠᠭᠤᠮ᠎ᠠ ᠨᠠᠭᠠᠵᠤ | ᠪᠠᠶᠢᠭᠰᠠᠨ ᠴᠢᠨᠢ ᠡᠨᠡ ᠤᠴᠢᠷ ᠶᠤᠮ ᠰᠠᠨᠵᠠᠶ᠃ | ᠮᠢᠨᠦ ᠬᠠᠮᠤᠭ ᠤᠨ ᠰᠡᠭᠦᠯᠴᠢ ᠶᠢᠨ ᠹᠷᠠᠨᠼᠢ ᠬᠡᠯᠡᠨ ᠤ ᠬᠢᠴᠢᠶᠡᠯ ᠡ︕ | ᠪᠢ ᠣᠳᠣᠬᠠᠨ᠂ ᠥᠭᠦᠯᠡᠪᠦᠷᠢ ᠨᠠᠶᠢᠷᠠᠭᠤᠯᠵᠤ ᠪᠢᠴᠢᠵᠦ ᠴᠤ ᠴᠢᠳᠠᠭᠠᠳᠤᠶ ᠪᠠᠶᠢᠬᠤ ᠳᠤ ᠹᠷᠠᠨᠼᠢ ᠬᠡᠯᠡ ᠪᠠᠨ | ᠳᠠᠬᠢᠨ ᠣᠯᠵᠤ ᠰᠤᠷᠬᠤ ᠦᠭᠡᠶ ᠨᠢ ᠡ︕ ᠡᠭᠦᠨ ᠤ ᠤᠷᠢᠳ ᠪᠢ ᠬᠢᠴᠢᠶᠡᠯ ᠢᠶᠠᠨ ᠣᠷᠬᠢᠵᠤ ᠰᠢᠪᠠᠭᠤᠨ ᠤ ᠡᠭᠦᠷ | ᠠᠭᠤᠳᠠᠯᠬᠤ᠂ ᠰᠠᠷ ᠭᠤᠤᠯ ᠤᠨ ᠮᠥᠰᠥᠨ ᠳᠡᠭᠡᠷ᠎ᠡ ᠲᠡᠰᠢᠬᠦ ᠵᠡᠷᠭᠡ ᠪᠠᠷ ᠳᠠᠩᠴᠤ ᠤᠬᠠᠭᠠᠨ ᠥᠬᠡᠶ ᠰᠤᠷᠤᠯᠴᠠᠵᠤ ᠳ᠋ᠠ | ᠁ ᠶᠠᠭᠤᠲᠠᠶ ᠴᠤ ᠬᠠᠷᠠᠮᠰᠠᠯᠲᠠᠶ ᠠᠵᠢ︕ ᠡᠳᠡᠭᠡᠷ ᠬᠡᠯᠡ ᠵᠦᠶ᠂ ᠲᠡᠦᠬᠡ ᠵᠡᠷᠭᠡ ᠬᠢᠴᠢᠶᠡᠯ ᠤᠳ ᠤᠨ ᠰᠤᠷᠬᠤ | ᠪᠢᠴᠢᠭ ᠨᠠᠳᠠ ᠥᠴᠥᠭᠡᠳᠦᠷᠬᠡᠨ ᠬᠦᠷᠲᠡᠯ᠎ᠡ ᠠᠪᠴᠤ ᠶᠠᠪᠤᠬᠤ ᠳᠤ ᠬᠦᠨᠳᠦ ᠪᠥᠭᠡᠳ ᠰᠤᠷᠬᠤ ᠳᠤ ᠲᠤᠩ ᠬᠡᠴᠡᠭᠦᠦ | ᠰᠠᠨᠠᠭᠳᠠᠨ ᠠᠳᠠᠯᠠᠭᠳᠠᠵᠤ ᠪᠠᠶᠢᠭᠰᠠᠨ ᠨᠢ ᠡᠳᠦᠭᠡ ᠬᠠᠷᠢᠨ ᠳᠣᠲᠣᠨᠣ ᠶᠢᠨ ᠬᠠᠯᠠᠮᠵᠢᠲᠤ ᠰᠠᠶᠢᠨ ᠨᠥᠬᠦᠷ ᠰᠢᠭ | ᠪᠣᠯᠣᠭᠠᠳ ᠰᠠᠯᠵᠤ ᠶᠠᠳᠠᠮ᠎ᠠ ᠪᠣᠯᠴᠢᠬᠠᠯ᠎ᠠ᠃ ᠪᠠᠭᠰᠢ ᠮᠢᠨᠢ ᠴᠦ ᠪᠠᠰᠠ ᠨᠣᠮ ᠲᠠᠢ ᠮᠢᠨᠢ ᠠᠳᠠᠯᠢ ᠪᠠᠷ ᠢᠩᠭᠢᠵᠦ | ᠰᠠᠨᠠᠭᠳᠠᠭᠠᠳ ᠶᠠᠪᠤᠴᠢᠬᠠᠯ᠎ᠠ᠃ ᠪᠠᠭᠰᠢ ᠮᠢᠨᠢ ᠪᠢᠳᠡᠨ ᠠᠴᠠ ᠪᠠᠨ ᠰᠠᠯᠤᠯ᠎ᠠ᠂ ᠳᠠᠬᠢᠨ ᠠᠭᠤᠯᠵᠠᠬᠤ ᠦᠭᠡᠢ ᠨᠢ ᠡ︕ | ᠡᠳᠡᠭᠡᠷ ᠪᠦᠬᠦᠨ ᠢ ᠪᠣᠳᠣᠬᠤ ᠳᠤ ᠪᠠᠭᠰᠢ ᠶᠢᠨ ᠮᠢᠨᠢ ᠨᠠᠮ᠎ᠠ ᠶᠢ ᠶᠠᠯᠠᠲᠠᠨ ᠰᠢᠢᠳᠬᠡᠬᠦ ᠲᠡᠮᠦᠷ ᠱᠤᠭᠤᠮ ᠢᠶᠠᠷ ᠢᠶᠠᠨ | ᠵᠣᠳᠣᠳᠠᠭ ᠨᠢ ᠬᠦᠷᠲᠡᠯ᠎ᠡ ᠴᠥᠮ ᠮᠠᠷᠲᠠᠭᠳᠠᠭᠰᠠᠨ ᠪᠠᠶᠢᠯ᠎ᠠ᠃ | ᠳᠠᠩᠴᠤ ᠬᠥᠭᠡᠷᠦᠬᠦᠶ︕ | ᠪᠠᠭᠰᠢ ᠮᠢᠨᠢ ᠡᠨᠡ ᠬᠦ ᠬᠠᠮᠤᠭ ᠤᠨ ᠰᠡᠭᠦᠯᠴᠢ ᠶᠢᠨ ᠬᠢᠴᠢᠶᠡᠯ ᠢᠶᠠᠨ ᠳᠤᠷᠠᠰᠬᠠᠨ ᠲᠡᠮᠳᠡᠭᠯᠡᠬᠦ ᠶᠢᠨ ᠲᠤᠯᠠᠳᠠ | ᠶᠣᠰᠣᠯᠠᠯ ᠤᠨ ᠭᠤᠶᠣ ᠬᠤᠪᠴᠠᠰᠤ ᠪᠠᠨ ᠡᠮᠦᠰᠦᠭᠰᠡᠨ ᠶᠤᠮ ᠪᠠᠶᠢᠵᠤ ᠯᠠ ᠳ᠋ᠠ︕ ᠠᠷᠤ ᠲᠠᠯ᠎ᠠ ᠪᠠᠷ ᠰᠠᠭᠤᠵᠠᠭᠠᠵᠤ | ᠪᠠᠶᠢᠭᠰᠠᠨ ᠨᠠᠰᠤᠲᠠᠳ ᠤᠨ ᠢᠷᠡᠭᠰᠡᠨ ᠰᠢᠯᠲᠠᠭᠠᠨ ᠢ ᠴᠤ ᠪᠢ ᠤᠬᠠᠵᠤ ᠮᠡᠳᠡᠯ᠎ᠡ᠃ ᠮᠥᠨ ᠲᠡᠳᠡ ᠠᠩᠬᠠᠨ ᠳᠤ ᠪᠠᠨ | ᠰᠤᠷᠭᠠᠭᠤᠯᠢ ᠳᠤ ᠳᠡᠮᠡᠶ ᠢᠷᠡᠳᠡᠭ ᠥᠬᠡᠶ ᠳᠤ ᠪᠠᠨ ᠬᠠᠷᠠᠮᠰᠠᠨ ᠭᠤᠲᠤᠷᠠᠵᠤ ᠪᠠᠶᠢᠭ᠎ᠠ ᠶᠤᠮ ᠰᠢᠭ᠋ ᠰᠠᠨᠠᠭᠲᠠᠯ᠎ᠠ᠃ | ᠲᠡᠳᠡ ᠮᠠᠨ ᠤ ᠪᠠᠭᠰᠢ ᠶᠢᠨ ᠳᠥᠴᠢᠭᠡᠳ ᠵᠢᠯ ᠢᠩᠭᠢᠵᠦ ᠦᠨᠡᠨᠴᠢ ᠪᠠᠷ ᠠᠵᠢᠯᠯᠠᠭᠰᠠᠨ ᠶᠠᠪᠤᠳᠠᠯ ᠳᠤ ᠲᠠᠯᠠᠷᠬᠠᠵᠤ | ᠪᠠᠶᠢᠭ᠎ᠠ ᠪᠠᠨ᠂ ᠪᠤᠰᠤᠳ ᠤᠨ ᠭᠠᠷ ᠲᠤ ᠣᠷᠣᠬᠤ ᠭᠡᠵᠦ ᠪᠠᠶᠢᠭ᠎ᠠ ᠡᠬᠡ ᠣᠷᠣᠨ ᠤ ᠪᠠᠨ ᠨᠤᠲᠤᠭ ᠤᠰᠤᠨ ᠳᠤ | ᠬᠠᠶᠢᠷ᠎ᠠ ᠬᠦᠨᠳᠦᠳᠬᠡᠯ ᠲᠠᠢ ᠪᠠᠶᠢᠭ᠎ᠠ ᠪᠠᠨ ᠢᠯᠡᠷᠬᠡᠶᠢᠯᠡᠵᠦ ᠪᠠᠶᠢᠭ᠎ᠠ ᠨᠢ ᠲᠣᠳᠣᠬᠠᠨ ᠪᠠᠶᠢᠯ᠎ᠠ᠃ | ᠪᠢ ᠡᠳᠡᠭᠡᠷ ᠢ ᠪᠣᠳᠣᠵᠤ ᠰᠠᠭᠤᠲᠠᠯ᠎ᠠ ᠪᠠᠭᠰᠢ ᠭᠡᠨᠡᠳᠲᠡ ᠮᠢᠨᠦ ᠨᠡᠷ᠎ᠡ ᠶᠢ ᠳᠠᠭᠤᠳᠠᠬᠤ ᠨᠢ ᠰᠣᠨᠣᠰᠳᠠᠪᠠ᠃ | ᠨᠣᠮ ᠢᠶᠠᠨ ᠴᠡᠭᠡᠵᠢ ᠪᠠᠷ ᠤᠩᠰᠢᠬᠤ ᠮᠢᠨᠦ ᠡᠭᠡᠯᠵᠢ ᠪᠣᠯᠤᠭᠰᠠᠨ ᠶᠤᠮ ᠰᠠᠨᠵᠠᠶ᠃ ᠠᠶ ᠪᠣᠭᠳᠠ ᠮᠢᠨᠢ︕ ᠪᠢ ᠬᠡᠷᠪᠡ | ᠡᠨᠡ ᠮᠡᠲᠦ ᠶᠢᠨ ᠰᠤᠷᠬᠤ ᠳᠤ ᠬᠡᠴᠡᠭᠦᠦ ᠭᠡᠵᠦ ᠣᠯᠠᠨ ᠳᠤ ᠠᠯᠳᠠᠷᠰᠢᠭᠰᠠᠨ᠂ ᠦᠢᠯᠡ ᠦᠭᠡ ᠶᠢᠨ ᠬᠤᠪᠢᠷᠠᠯ ᠤᠨ | ᠬᠡᠷᠡᠭᠯᠡᠬᠦ ᠵᠢᠱᠢᠶ᠎ᠡ ᠨᠦᠭᠦᠳ ᠢ ᠡᠬᠢᠨ ᠠᠴᠠ ᠨᠢ ᠠᠳᠠᠭ ᠲᠤ ᠨᠢ ᠬᠦᠷᠲᠡᠯ᠎ᠡ ᠨᠢᠭᠡᠳ ᠨᠢᠭᠡ ᠦᠭᠡᠶ ᠢᠷᠠᠭᠤ ᠲᠣᠳᠣ᠂ | ᠥᠴᠦᠬᠡᠨ ᠴᠦ ᠠᠯᠳᠠᠭ᠎ᠠ ᠮᠠᠳᠠᠭ ᠦᠭᠡᠢ ᠶᠠᠷᠢᠭᠠᠳ ᠴᠢᠳᠠᠴᠢᠬᠠᠪᠠᠯ ᠶᠠᠮᠠᠷ ᠦᠨ᠎ᠡ ᠥᠷᠲᠡᠭ ᠭᠠᠷᠭᠠᠭᠰᠠᠨ ᠴᠤ ᠪᠢ | ᠪᠦᠷ ᠳᠤᠷᠠᠲᠠᠶ᠃ ᠭᠡᠲᠡᠯ᠎ᠡ ᠪᠢ ᠲᠡᠭᠦᠨ ᠤ ᠡᠬᠢᠨ ᠤ ᠬᠢᠨᠢ ᠬᠡᠳᠦᠨ ᠦᠭᠡ ᠦᠰᠦᠭ ᠳᠡᠭᠡᠷ᠎ᠡ ᠣᠴᠢᠭᠠᠳ ᠪᠠᠯᠠᠷᠠᠵᠤ | ᠡᠬᠢᠯᠡᠭᠰᠡᠨ ᠲᠤᠯᠠ ᠳᠣᠲᠣᠷ᠎ᠠ ᠮᠢᠨᠢ ᠶᠠᠭᠠᠬᠢᠯ᠎ᠠ ᠳ᠋ᠠ ᠭᠡᠮᠡᠷ ᠲᠤᠩ ᠡᠪ ᠬᠠᠪᠤ ᠥᠬᠡᠶ ᠰᠠᠨᠠᠭᠳᠠᠨ ᠲᠣᠯᠣᠭᠠᠶ ᠪᠠᠨ ᠴᠤ | ᠡᠷᠭᠦᠵᠦ ᠴᠢᠳᠠᠬᠤ ᠥᠬᠡᠶ ᠬᠤᠯᠮᠠᠯᠵᠠᠨ ᠵᠣᠭᠰᠣᠵᠤ ᠪᠠᠶᠢᠲᠠᠯ᠎ᠠ ᠪᠠᠭᠰᠢ ᠨᠠᠳᠠ ᠤᠷᠤᠭᠤ ᠬᠠᠷᠠᠭᠠᠳ᠄ | ︽ᠪᠢᠴᠢᠬᠠᠨ ᠹᠷᠠᠩᠱ ᠮᠢᠨᠢ᠂ ᠪᠠᠭᠰᠢ ᠨᠢ ᠴᠢᠮ᠎ᠠ ᠶᠢ ᠵᠢᠮᠡᠯᠡᠬᠦ ᠦᠭᠡᠢ᠂ ᠴᠢ ᠥᠪᠡᠷ ᠢᠶᠠᠨ ᠰᠦᠷᠡᠬᠡᠶ | ᠭᠡᠮᠰᠢᠵᠦ ᠪᠠᠶᠢᠭ᠎ᠠ ᠪᠣᠯᠤᠯᠲᠠᠶ᠃ ᠡᠶᠢᠮᠦ ᠯᠡ ᠪᠠᠶᠢᠬᠤ ᠶᠣᠰᠣᠲᠠᠶ ᠳ᠋ᠠ︕ ᠲᠠ ᠨᠠᠷ ᠦᠷᠭᠦᠯᠵᠢ ᠯᠡ᠄ ︿ᠵᠠ︕ | ᠪᠤᠯᠢᠶ᠎ᠠ᠂ ᠴᠠᠭ ᠭᠡᠭᠴᠢ ᠪᠠᠶᠢᠬᠤ ᠯᠠ᠂ ᠮᠠᠷᠭᠠᠰᠢ ᠰᠣᠷᠣᠭᠰᠠᠨ ᠴᠤ ᠤᠷᠣᠶᠢᠲᠠᠬᠤ ᠶᠤᠮ ᠪᠢᠰᠢ﹀ ᠭᠡᠵᠡᠬᠡᠳᠡᠭ ᠪᠢᠯᠡ | ᠦᠦ᠃ ᠣᠳᠣ ᠪᠢᠳᠡᠨ ᠤ ᠡᠴᠦᠰ ᠤᠨ ᠣᠶᠢᠷ᠎ᠠ ᠳ᠋ᠦᠩ ᠢᠶᠠᠨ ᠦᠵᠡᠬᠦ ᠦᠭᠡᠢ ᠦᠦ᠃ ᠡ ᠳ᠋ᠠ᠂ ᠲᠠ ᠨᠠᠷ ᠮᠢᠨᠢ︕ | ᠰᠤᠷᠤᠯᠭ᠎ᠠ ᠪᠠᠨ ᠦᠷᠭᠦᠯᠵᠢ ᠬᠤᠶᠢᠰᠢ ᠪᠠᠨ ᠲᠦᠯᠬᠢᠭᠡᠳ ᠪᠠᠶᠢᠳᠠᠭ ᠨᠢ ᠠᠯᠰᠠᠰ ᠬᠥᠮᠦᠨ ᠳᠤ ᠪᠠᠶᠢᠵᠤ ᠪᠣᠯᠤᠰᠢ | ᠦᠭᠡᠢ ᠬᠠᠮᠤᠭ ᠤᠨ ᠵᠣᠯ ᠪᠤᠰᠤ ᠶᠠᠪᠤᠳᠠᠯ ᠶᠤᠮ᠃ ᠬᠡᠦᠬᠡᠳ ᠤᠳ ᠡ︕ ᠣᠳᠣ ᠲᠡᠷᠡ ᠮᠣᠨᠳᠢ ᠨᠤᠭᠤᠳ᠄ ︽ | ᠶᠠᠮᠠᠷ ᠪᠣᠢ︖ ᠲᠠ ᠨᠠᠷ ᠥᠪᠡᠷ ᠤᠨ ᠢᠶᠠᠨ ᠦᠭᠡ ᠬᠡᠯᠡ ᠶᠢ ᠴᠦ ᠮᠡᠳᠡᠬᠦ ᠦᠭᠡᠢ᠂ ᠪᠢᠴᠢᠵᠦ ᠴᠦ ᠴᠢᠳᠠᠬᠤ ᠦᠭᠡᠢ ᠁ | ᠪᠠᠶᠢᠵᠤ ᠪᠡᠶ᠎ᠡ ᠪᠠᠨ ᠶᠠᠭᠠᠬᠢᠵᠤ ᠹᠷᠠᠨᠼᠢ ᠬᠥᠮᠦᠨ ᠭᠡᠬᠦ ᠪᠣᠢ ᠳ᠋ᠠ﹀ ᠭᠡᠵᠦ ᠠᠮᠠ ᠶᠢ ᠴᠢᠨᠢ ᠠᠪᠬᠤ ᠰᠢᠯᠲᠠᠭ ᠲᠠᠢ | ᠪᠣᠯᠵᠤ ᠳ᠋ᠠ᠃ ᠭᠡᠪᠡᠴᠦ ᠬᠥᠭᠡᠷᠦᠬᠦᠶ ᠵᠠᠶᠢᠯᠠᠭᠤᠯ᠂ ᠪᠢᠴᠢᠬᠠᠨ ᠹᠷᠠᠩᠱ ᠮᠢᠨᠢ᠂ ᠭᠠᠭᠴᠠ ᠴᠢᠨᠦ ᠪᠤᠷᠤᠭᠤ ᠴᠤ ᠪᠢᠰᠢ | ᠳ᠋ᠡ᠂ ᠪᠢᠳᠡ ᠪᠦᠭᠦᠳᠡᠭᠡᠷ ᠢᠶᠠᠨ ᠨᠡᠯᠢᠶᠡᠳ ᠵᠦᠢᠯ ᠳᠡᠭᠡᠷ᠎ᠡ ᠪᠡᠶ᠎ᠡ ᠪᠠᠨ ᠪᠤᠷᠤᠭᠤᠰᠢᠶᠠᠬᠤ ᠬᠡᠷᠡᠭᠲᠡᠶ ᠶᠤᠮ︾ ᠭᠡᠳ | ᠴᠢᠨᠠᠭᠰᠢ ᠦᠷᠭᠦᠯᠵᠢᠯᠡᠨ᠄ ︽ᠡᠴᠢᠭᠡ ᠡᠬᠡ ᠴᠢᠨᠢ ᠲᠠ ᠨᠠᠷ ᠤᠨ ᠰᠤᠷᠤᠯᠭ᠎ᠠ ᠶᠢ ᠶᠡᠷᠦ ᠨᠢ ᠬᠠᠶᠢᠬᠤᠷᠬᠤ ᠥᠬᠡᠶ᠂ | ᠪᠠᠭ᠎ᠠ ᠰᠠᠭ᠎ᠠ ᠮᠥᠩᠭᠦ ᠵᠣᠭᠤᠰ ᠣᠯᠬᠤ ᠶᠢᠨ ᠲᠥᠯᠥᠭᠡ ᠲᠠᠷᠢᠶᠠᠨ ᠳᠡᠭᠡᠷ᠎ᠡ ᠶᠠᠪᠤᠭᠤᠯᠬᠤ ᠪᠤᠶᠤ ᠨᠡᠬᠡᠮᠡᠯ ᠤᠨ | ᠦᠢᠯᠡᠳᠪᠦᠷᠢ ᠳᠤ ᠣᠷᠣᠭᠤᠯᠵᠤ ᠠᠵᠢᠯ ᠬᠢᠯᠭᠡᠳᠡᠭ ᠪᠢᠯᠡ ᠦᠦ︖ ᠲᠡᠭᠡᠪᠡᠯ ᠨᠠᠳᠠ ᠳᠤ ᠪᠠᠰᠠ ᠪᠡᠶ᠎ᠡ ᠪᠠᠨ ᠵᠢᠮᠡᠯᠡᠬᠦ | ᠶᠠᠪᠤᠳᠠᠯ ᠣᠭᠲᠣ ᠦᠭᠡᠢ ᠦᠦ︖ ᠭᠡᠪᠡᠯ ᠪᠠᠶᠢᠨ᠎ᠠ᠃ ᠵᠥᠩᠳᠡᠭᠡᠨ ᠪᠠᠶᠢᠨ᠎ᠠ᠂ ᠪᠠᠶᠢᠨ ᠪᠠᠶᠢᠨ ᠬᠢᠴᠢᠶᠡᠯ ᠢ ᠴᠢᠨᠢ | ᠲᠠᠰᠤᠯᠳᠠᠭᠤᠯᠵᠤ ᠴᠡᠴᠡᠭ ᠢᠶᠠᠨ ᠤᠰᠤᠯᠠᠭᠤᠯᠳᠠᠭ᠂ ᠵᠢᠭᠠᠰᠤᠨ ᠳᠤ ᠶᠠᠪᠤᠨ᠎ᠠ ᠭᠡᠪᠡᠯ ᠡᠳᠦᠷᠵᠢᠨ ᠴᠢᠯᠥᠭᠡ ᠲᠠᠯᠪᠢᠵᠤ | ᠲᠠ ᠨᠠᠷ ᠢᠶᠠᠨ ᠵᠦᠭᠡᠷ ᠰᠠᠭᠤᠯᠭᠠᠳᠠᠭ ᠪᠢᠰᠢ ᠦᠦ︖︾ ᠭᠡᠪᠡ᠃ | ᠲᠡᠭᠡᠭᠡᠳ ᠪᠠᠭᠰᠢ ᠮᠢᠨᠢ ᠡᠨᠡ ᠲᠡᠷᠡ ᠶᠢ ᠶᠠᠷᠢᠭᠰᠠᠭᠠᠷ ᠪᠠᠶᠢᠭᠠᠳ ᠹᠷᠠᠨᠼᠢ ᠬᠡᠯᠡᠨ ᠤ ᠲᠤᠬᠠᠶ ᠶᠠᠷᠢᠵᠤ ᠡᠬᠢᠯᠡᠪᠡ | ᠃ ︽ᠹᠷᠠᠨᠼᠢ ᠬᠡᠯᠡ ᠪᠣᠯ ᠳᠡᠯᠡᠬᠡᠶ ᠲᠡᠭᠡᠷ᠎ᠡ ᠬᠠᠮᠤᠭ ᠤᠨ ᠢᠷᠠᠭᠤ ᠰᠠᠶᠢᠬᠠᠨ ᠬᠡᠯᠡ ᠪᠥᠭᠡᠳ ᠲᠣᠪᠴᠢ ᠲᠣᠳᠣᠷᠬᠠᠶ | ᠬᠡᠯᠡ ᠶᠤᠮ᠃ ᠪᠢᠳᠡ ᠡᠭᠦᠨ ᠢ ᠪᠠᠨ ᠡᠭᠦᠷᠢᠳᠡ ᠮᠠᠷᠲᠠᠯ ᠥᠬᠡᠶ ᠴᠡᠭᠡᠵᠢᠯᠡᠵᠦ ᠶᠠᠪᠤᠪᠠᠯ ᠵᠣᠬᠢᠨ᠎ᠠ᠃ ᠲᠥᠷᠥ ᠤᠯᠤᠰ | ᠨᠢ ᠮᠥᠬᠦᠭᠡᠳ ᠪᠤᠰᠤᠳ ᠲᠤ ᠪᠣᠭᠤᠯᠴᠢᠯᠠᠭᠳᠠᠭᠰᠠᠨ ᠠᠷᠠᠳ ᠲᠦᠮᠡᠨ ᠬᠡᠷᠪᠡ ᠲᠥᠷᠥᠯᠬᠢ ᠦᠭᠡ ᠬᠡᠯᠡ ᠪᠠᠨ | ᠮᠠᠷᠲᠠᠭᠠᠳᠤᠶ ᠪᠠᠲᠤ ᠴᠡᠭᠡᠵᠢᠯᠡᠵᠦ ᠪᠠᠶᠢᠭ᠎ᠠ ᠴᠠᠭ ᠲᠤ ᠱᠣᠷᠣᠩ ᠤᠨ ᠡᠭᠦᠳᠡᠨ ᠤ ᠲᠦᠯᠬᠢᠭᠦᠷ ᠠᠳᠬᠤᠵᠤ ᠪᠠᠶᠢᠭ᠎ᠠ ᠲᠠᠢ | ᠠᠳᠠᠯᠢ ᠶᠤᠮ ᠰᠢᠤ︾ ᠭᠡᠳ ᠴᠢᠨᠠᠭᠰᠢ ᠨᠢ ᠬᠡᠯᠡᠨ ᠤ ᠵᠦᠶ ᠪᠠᠨ ᠵᠢᠭᠠᠯ᠎ᠠ᠃ ᠶᠠᠭᠠᠬᠢᠭᠰᠠᠨ ᠵᠢᠭᠲᠡᠶᠢᠬᠡᠨ ᠶᠤᠮ ᠪᠣᠢ︕ | ᠪᠢ ᠡᠨᠡ ᠡᠳᠦᠷ ᠤᠨ ᠵᠢᠭᠠᠭᠰᠠᠨ ᠢ ᠠᠯᠳᠠᠯ ᠦᠭᠡᠢ ᠰᠠᠶᠢᠬᠠᠨ ᠣᠶᠢᠯᠠᠭᠠᠴᠢᠬᠠᠯᠠ︕ ᠡᠨᠡ ᠡᠳᠦᠷ ᠤᠨ ᠵᠢᠭᠠᠭᠰᠠᠨ | ᠨᠢ ᠬᠢᠯᠪᠠᠷᠬᠠᠨ ᠴᠤ ᠶᠤᠮ ᠰᠢᠭ᠋᠃ ᠪᠢ ᠶᠡᠷᠦ ᠨᠢ ᠬᠢᠴᠢᠶᠡᠯ ᠢ ᠢᠩᠭᠢᠵᠦ ᠠᠩᠬᠠᠷᠤᠯᠲᠠᠶ ᠰᠣᠨᠣᠰᠳᠠᠭ ᠦᠭᠡᠢ ᠰᠠᠨ᠃ | ᠪᠠᠭᠰᠢ ᠮᠢᠨᠢ ᠴᠦ ᠶᠡᠷᠦ ᠨᠢ ᠢᠩᠭᠢᠵᠦ ᠲᠣᠳᠣ ᠰᠠᠶᠢᠬᠠᠨ ᠵᠢᠭᠠᠳᠠᠭ ᠥᠬᠡᠶ ᠰᠢᠭ ᠰᠠᠨᠠᠭᠳᠠᠭᠰᠠᠨ ᠪᠢᠯᠡ᠃ ᠬᠠᠶᠢᠷᠠᠲᠤ | ᠪᠠᠭᠰᠢ ᠮᠢᠨᠢ ᠬᠥᠭᠡᠷᠦᠬᠦᠶ᠂ ᠪᠠᠭᠰᠢ ᠠᠴᠠ ᠪᠠᠨ ᠰᠠᠯᠬᠤ ᠶᠢᠨ ᠤᠷᠢᠳ ᠥᠪᠡᠷ ᠤᠨ ᠢᠶᠠᠨ ᠪᠤᠢ ᠪᠦᠬᠦᠢ ᠮᠡᠳᠡᠯᠭᠡ ᠪᠠᠨ | ᠴᠥᠮ ᠢ ᠨᠢ ᠵᠢᠭᠠᠵᠤ ᠥᠯᠥ ᠴᠢᠳᠠᠬᠤ ᠳᠤ ᠪᠠᠨ ᠭᠤᠲᠤᠷᠠᠵᠤ ᠪᠠᠶᠢᠭ᠎ᠠ ᠪᠣᠯᠤᠯᠲᠠᠶ᠃ | ᠬᠡᠯᠡᠨ ᠤ ᠵᠦᠶ ᠶᠢᠨ ᠬᠢᠴᠢᠶᠡᠯ ᠤᠨ ᠳᠠᠷᠠᠭ᠎ᠠ ᠪᠢᠳᠡᠨ ᠳᠤ ᠪᠠᠰᠠ ᠴᠡᠪᠡᠷ ᠪᠢᠴᠢᠯᠭᠡ ᠶᠢᠨ ᠬᠢᠴᠢᠶᠡᠯ ᠬᠢᠪᠡ᠃ | ᠮᠥᠨ ᠡᠨᠡ ᠬᠢᠴᠢᠶᠡᠯ ᠳᠡᠭᠡᠷ᠎ᠡ ᠪᠠᠭᠰᠢ ᠪᠢᠳᠡᠨ ᠳᠤ ᠦᠰᠦᠭ ᠪᠢᠴᠢᠯᠭᠡ ᠶᠢᠨ ᠰᠢᠨ᠎ᠡ ᠰᠤᠷᠬᠤ ᠪᠢᠴᠢᠭ ᠲᠦᠭᠡᠭᠡᠵᠦ | ᠥᠭᠪᠡ᠃ ᠲᠡᠷᠡ ᠬᠦ ᠰᠤᠷᠬᠤ ᠪᠢᠴᠢᠭ ᠲᠤ ︽ᠹᠷᠠᠨᠼᠢ︾᠂ ︽ᠠᠯᠰᠠᠰ︾᠂ ︽ᠹᠷᠠᠨᠼᠢ︾᠂ ︽ᠠᠯᠰᠠᠰ︾ | ᠭᠡᠰᠡᠨ ᠲᠥᠭᠦᠷᠢᠭ ᠭᠤᠶᠣᠬᠠᠨ ᠦᠰᠦᠭ ᠤᠳ ᠪᠢᠴᠢᠭᠡᠰᠦᠲᠡᠶ ᠪᠠᠶᠢᠯ᠎ᠠ᠃ ᠡᠳᠡᠭᠡᠷ ᠰᠤᠷᠬᠤ ᠪᠢᠴᠢᠭ ᠤᠳ ᠢ ᠪᠢᠳᠡᠨ | ᠤ ᠪᠢᠴᠢᠭ ᠤᠨ ᠰᠢᠷᠡᠭᠡᠨ ᠤ ᠬᠥᠨᠳᠡᠯᠡᠨ ᠲᠡᠮᠦᠷ ᠳᠣᠲᠣᠷ᠎ᠠ ᠳᠠᠷᠤᠵᠤ ᠲᠠᠯᠪᠢᠭᠰᠠᠨ ᠨᠢ ᠶᠠᠭ ᠯᠠ ᠵᠢᠵᠢᠭ | ᠲᠠᠯᠪᠠᠭ᠎ᠠ ᠨᠤᠭᠤᠳ ᠢ ᠬᠢᠴᠢᠶᠡᠯ ᠤᠨ ᠭᠡᠷ ᠲᠤ ᠨᠠᠮᠢᠷᠠᠭᠤᠯᠤᠨ ᠬᠠᠳᠬᠤᠭᠰᠠᠨ ᠶᠤᠮ ᠰᠢᠭ᠋ ᠬᠠᠷᠠᠭᠳᠠᠨ᠎ᠠ᠃ ᠮᠠᠨ ᠤ | ᠬᠢᠨ ᠤ ᠬᠥᠮᠦᠨ ᠪᠦᠬᠦᠨ ᠰᠡᠳᠬᠢᠯ ᠲᠠᠯᠪᠢᠵᠤ ᠮᠠᠰᠢ ᠠᠩᠬᠠᠷᠤᠯᠲᠠᠶ ᠬᠢᠴᠢᠶᠡᠯᠯᠡᠵᠦ ᠪᠠᠶᠢᠭ᠎ᠠ ᠠᠴᠠ ᠠᠩᠭᠢ ᠳᠤ | ᠴᠠᠭᠠᠰᠤ ᠱᠠᠷᠴᠢᠭᠢᠨᠠᠬᠤ ᠠᠴᠠ ᠥᠭᠡᠷ᠎ᠡ ᠴᠢᠮᠡᠭᠡ ᠠᠨᠢᠷ ᠣᠭᠲᠣ ᠦᠭᠡᠢ ᠪᠠᠶᠢᠪᠠ᠃ ᠡᠨᠡ ᠦᠶ᠎ᠡ ᠳᠤ ᠪᠠᠭ᠋ᠠᠨ ᠠᠯᠲᠠᠨ | ᠴᠣᠬᠤ ᠨᠢᠰᠦᠨ ᠣᠷᠣᠵᠤ ᠢᠷᠡᠭᠰᠡᠨ ᠪᠣᠯᠪᠠᠴᠤ ᠲᠡᠭᠦᠨ ᠳᠤ ᠠᠩᠬᠠᠷᠤᠯ ᠲᠠᠲᠠᠭᠳᠠᠬᠤ ᠬᠥᠮᠦᠨ ᠥᠭᠡᠢ ᠪᠠᠶᠢᠯ᠎ᠠ᠃ | ᠬᠠᠮᠤᠭ ᠤᠨ ᠵᠢᠭᠠᠬᠠᠨ ᠬᠡᠦᠬᠡᠳ ᠤᠳ ᠬᠦᠷᠲᠡᠯ᠎ᠡ ᠰᠡᠳᠬᠢᠯ ᠠᠯᠭᠠᠰᠠᠬᠤ ᠥᠬᠡᠶ ᠪᠠᠷ ᠳᠡᠪᠲᠡᠷ ᠲᠤ ᠪᠠᠨ ᠲᠠᠰᠢᠭᠤ | ᠵᠢᠷᠤᠭᠠᠰᠤ ᠨᠤᠭᠤᠳ ᠢ ᠹᠷᠠᠨᠼᠢ ᠦᠰᠦᠭ ᠢᠶᠠᠨ ᠰᠢᠭ ᠬᠦᠨᠳᠦᠳᠬᠡᠵᠦ ᠰᠢᠮᠳᠠᠨ ᠱᠤᠭᠤᠮᠳᠠᠵᠠᠭᠠᠵᠤ ᠪᠠᠶᠢᠯ᠎ᠠ᠃ | ᠪᠠᠶᠢᠰᠢᠩ ᠤᠨ ᠣᠷᠣᠢ ᠪᠠᠷ ᠪᠠᠶᠢᠭ᠎ᠠ ᠲᠠᠭᠲᠠᠭ᠎ᠠ ᠨᠤᠭᠤᠳ ᠤᠨ ᠬᠥᠬᠦᠭᠯᠡᠨ ᠳᠤᠤᠭᠠᠷᠴᠠᠭᠠᠬᠤ ᠶᠢ ᠰᠣᠨᠣᠰᠤᠭᠠᠳ ᠪᠢ | ︽ᠲᠡᠳᠡ᠂ ᠲᠠᠭᠲᠠᠭ᠎ᠠ ᠶᠢ ᠪᠠᠰᠠ ᠭᠧᠷᠮᠠᠨ ᠬᠡᠯᠡ ᠪᠠᠷ ᠠᠯᠪᠠᠲᠠᠨ ᠳᠤᠤᠭᠠᠷᠭᠠᠬᠤ ᠶᠤᠮ ᠪᠣᠯᠪᠠ ᠦᠦ︖᠁︾ | ᠭᠡᠵᠦ ᠪᠣᠳᠤᠯ᠎ᠠ᠃ | ᠪᠢ ᠬᠠᠷᠠᠬᠤ ᠪᠦᠷᠢ ᠳᠤ ᠯᠡ ᠪᠠᠭᠰᠢ ᠮᠢᠨᠢ ᠰᠠᠨᠳᠠᠯᠢ ᠳᠡᠭᠡᠷ᠎ᠡ ᠪᠠᠨ ᠬᠥᠳᠡᠯᠦᠯ ᠦᠭᠡᠢ ᠰᠠᠭᠤᠵᠤ ᠡᠨᠡ | ᠵᠢᠵᠢᠭᠬᠡᠨ ᠲᠠᠰᠤᠯᠭᠠᠨ ᠤ ᠠᠯᠢᠪᠠ ᠶᠢ ᠨᠢᠳᠦᠨ ᠳᠤ ᠪᠠᠨ ᠰᠢᠩᠭᠡᠭᠡᠵᠦ ᠠᠪᠤᠭᠠᠳ ᠶᠠᠪᠤᠬᠤ ᠭᠡᠵᠦ ᠪᠠᠶᠢᠭ᠎ᠠ ᠶᠤᠮ ᠰᠢᠭ᠋ | ᠡᠷᠭᠢᠨ ᠲᠣᠭᠤᠷᠢᠨ ᠢ ᠰᠢᠨᠤᠨ ᠰᠢᠷᠲᠡᠵᠦ ᠪᠠᠶᠢᠯ᠎ᠠ᠃ ᠪᠣᠳᠣᠬᠤ ᠳᠤ ᠮᠠᠨ ᠤ ᠪᠠᠭᠰᠢ ᠳᠥᠴᠢᠨ ᠵᠢᠯ ᠤᠨ ᠲᠤᠷᠰᠢ | ᠠᠳᠡ ᠠᠴᠠ ᠰᠠᠯᠤᠭᠠᠳᠤᠶ ᠪᠠᠷ ᠦᠯᠥ ᠪᠠᠷᠠᠨ ᠴᠣᠩᠬᠤᠨ ᠤ ᠬᠠᠵᠠᠭᠤᠬᠠᠨ ᠳᠤ ᠲᠡᠭᠦᠨ ᠤ ᠵᠢᠵᠢᠭᠬᠡᠨ ᠬᠠᠰᠢᠶ᠎ᠠ ᠨᠢ | ᠪᠠᠶᠢᠨ᠎ᠠ᠂ ᠡᠮᠦᠨ᠎ᠡ ᠨᠢ ᠰᠤᠷᠤᠭᠴᠢᠳ ᠰᠠᠭᠤᠵᠠᠭᠠᠨ᠎ᠠ᠂ ᠮᠥᠨ ᠤᠳᠠᠭᠠᠨ ᠵᠢᠯ ᠢᠶᠠᠷ ᠬᠡᠷᠡᠭᠯᠡᠭᠰᠡᠨ ᠰᠢᠷᠡᠭᠡ | ᠰᠠᠨᠳᠠᠯᠢ ᠨᠤᠭᠤᠳ ᠤᠨ ᠡᠯᠡᠭᠳᠡᠬᠦ ᠨᠢ ᠡᠯᠡᠭᠳᠡᠵᠦ᠂ ᠡᠪᠳᠡᠷᠡᠬᠦ ᠨᠢ ᠡᠪᠳᠡᠷᠡᠭᠡᠳ ᠪᠠᠶᠢᠭ᠎ᠠ ᠨᠢ ᠬᠠᠷᠠᠭᠳᠠᠨ᠎ᠠ᠃ | ᠬᠠᠰᠢᠶᠠᠨ ᠤ ᠬᠤᠰᠢᠭ᠎ᠠ ᠶᠢᠨ ᠮᠣᠳᠣ ᠥᠨᠳᠥᠷ ᠲᠣᠮᠣ ᠪᠣᠯᠵᠠᠶ᠂ ᠥᠪᠡᠷ ᠤᠨ ᠬᠢᠨᠢ ᠭᠠᠷ ᠢᠶᠠᠷ ᠲᠠᠷᠢᠭᠰᠠᠨ | ᠣᠷᠢᠶᠠᠩᠭᠤ ᠨᠢ ᠡᠳᠦᠭᠡ ᠴᠣᠩᠬᠤ ᠶᠢ ᠣᠷᠢᠶᠠᠵᠤ ᠪᠠᠶᠢᠰᠢᠩ ᠤᠨ ᠣᠷᠣᠢ ᠳᠤ ᠬᠥᠷᠪᠡ᠃ ᠬᠥᠭᠡᠷᠦᠬᠦᠶ ᠵᠠᠶᠢᠯᠠᠭᠤᠯ | ᠪᠠᠭᠰᠢ ᠮᠢᠨᠢ᠂ ᠡᠨᠡ ᠪᠦᠬᠦᠨ ᠠᠴᠠ ᠪᠠᠨ ᠬᠠᠭᠠᠴᠠᠬᠤ ᠭᠡᠵᠦ ᠪᠠᠶᠢᠭ᠎ᠠ ᠲᠤᠯᠠ ᠡᠯᠢᠭᠡ ᠡᠮᠲᠡᠷᠡᠬᠦ ᠥᠭᠡᠢ ᠪᠠᠶᠢᠵᠤ | ᠬᠡᠷᠬᠢᠨ ᠴᠢᠳᠠᠬᠤ ᠪᠢᠯᠡ︕ ᠮᠥᠨ ᠥᠬᠢᠨ ᠳᠡᠭᠦᠦ ᠨᠢ ᠠᠰᠠᠷ ᠤᠨ ᠳᠡᠭᠡᠷ᠎ᠡ ᠢᠰᠢ ᠲᠡᠶᠢᠰᠢ ᠶᠠᠪᠤᠵᠤ ᠡᠳ᠋ᠯᠡᠯ | ᠬᠥᠷᠥᠩᠭᠡ ᠶᠢ ᠨᠢ ᠬᠤᠷᠢᠶᠠᠬᠤ ᠴᠢᠮᠡᠭᠡ ᠳᠤᠭᠤᠯᠳᠠᠬᠤ ᠶᠢ ᠶᠠᠭᠤᠨ ᠥᠭᠦᠯᠡᠬᠦ ᠠᠵᠢ︕ ᠲᠡᠳᠡ ᠮᠠᠨᠢ ᠮᠠᠷᠭᠠᠰᠢ | ᠠᠳᠡ ᠠᠴᠠ ᠡᠭᠦᠷᠢᠳᠡ ᠠᠩᠭᠢᠵᠢᠷᠠᠬᠤ ᠨᠢ ᠡ︕ | ᠭᠡᠪᠡᠴᠦ ᠪᠠᠭᠰᠢ ᠳᠤ ᠮᠠᠨᠢ ᠡᠨᠡ ᠡᠳᠦᠷ ᠤᠨ ᠢᠶᠠᠨ ᠬᠢᠴᠢᠶᠡᠯ ᠢ ᠪᠦᠷᠢᠨ ᠵᠢᠭᠠᠬᠤ ᠢᠲᠡᠭᠡᠯ ᠳᠦᠭᠦᠷᠡᠩ ᠪᠠᠶᠢᠯ᠎ᠠ | ᠃ ᠡᠨᠡ ᠬᠢᠴᠢᠶᠡᠯ ᠤᠨ ᠳᠠᠷᠠᠭ᠎ᠠ ᠪᠠᠰᠠ ᠨᠢᠭᠡ ᠴᠠᠭ ᠲᠡᠦᠬᠡ ᠵᠢᠭᠠᠯ᠎ᠠ᠃ ᠴᠢᠩᠭᠢᠭᠡᠳ ᠪᠠᠰᠠ ᠠᠩᠬ᠎ᠠ ᠵᠡᠷᠭᠡ ᠶᠢᠨ | ᠠᠩᠭᠢ ᠳᠤ ba. be. bi. bo. bu ᠭᠡᠵᠦ ᠠᠪᠢᠶ᠎ᠠ ᠵᠢᠭᠠᠪᠠ᠃ ᠠᠷᠤ ᠳᠤ ᠰᠠᠭᠤᠭᠰᠠᠨ ᠬᠠᠤᠰᠦ᠋ ᠭᠤᠸᠠᠶ | ᠬᠡᠵᠢᠶᠡᠨ ᠤ ᠭᠠᠯ ᠰᠢᠯ ᠢᠶᠠᠨ ᠵᠡᠭᠦᠵᠦ ᠨᠥᠬᠦᠭᠡ ᠨᠣᠮ ᠢᠶᠠᠨ ᠬᠤᠶᠠᠷ ᠭᠠᠷ ᠢᠶᠠᠷ ᠢᠶᠠᠨ ᠵᠠᠶᠢᠲᠠᠶᠢᠬᠠᠨ ᠪᠠᠷᠢᠵᠤ ᠲᠡᠳᠡᠨ | ᠤ ᠬᠠᠮᠲᠤ ᠦᠰᠦᠭ ᠬᠤᠯᠪᠣᠵᠤ ᠰᠠᠭᠤᠨ᠎ᠠ᠃ ᠲᠡᠭᠦᠨ ᠤ ᠰᠡᠳᠬᠢᠯ ᠬᠥᠳᠡᠯᠦᠭᠰᠡᠨ ᠪᠣᠯᠤᠯᠲᠠᠶ᠂ ᠬᠤᠭᠤᠯᠠᠶ ᠨᠢ | ᠴᠡᠴᠡᠷᠬᠢᠯᠡᠵᠦ ᠪᠠᠶᠢᠯ᠎ᠠ᠃ ᠲᠡᠭᠦᠨ ᠤ ᠵᠢᠭᠲᠡᠶ ᠳᠠᠭᠤ ᠶᠢ ᠰᠣᠨᠣᠰᠤᠭᠠᠳ ᠪᠢ ᠢᠨᠢᠶᠡᠳᠦ ᠬᠦᠷᠬᠦ ᠰᠢᠭ ᠪᠠᠶᠢᠭᠰᠠᠨ | ᠪᠣᠯᠪᠠᠴᠤ ᠪᠠᠰᠠ ᠡᠯᠢᠭᠡ ᠡᠮᠳᠡᠷᠡᠬᠦ ᠰᠢᠭ ᠪᠠᠶᠢᠯ᠎ᠠ᠃ ᠪᠢ ᠡᠨᠡ ᠬᠦ ᠬᠠᠮᠤᠭ ᠤᠨ ᠰᠡᠭᠦᠯᠴᠢ ᠶᠢᠨ ᠬᠢᠴᠢᠶᠡᠯ ᠢᠶᠠᠨ | ᠶᠠᠭᠠᠬᠢᠭᠰᠠᠨ ᠴᠤ ᠮᠠᠷᠲᠠᠬᠤ ᠥᠬᠡᠶ ᠳ᠋ᠡ︕ | ᠭᠡᠨᠡᠳᠲᠡ ᠾᠷᠢᠰᠲ᠋ᠣᠰ ᠤᠨ ᠰᠦᠮ᠎ᠡ ᠶᠢᠨ ᠵᠢᠩ ᠠᠷᠪᠠᠨ ᠬᠤᠶᠠᠷ ᠴᠣᠬᠢᠯ᠎ᠠ᠃ ᠮᠥᠷᠭᠦᠯ ᠤᠨ ᠵᠢᠩ ᠴ᠊ ᠤ | ᠲᠤᠤᠭᠠᠷᠤᠯᠠ᠃ ᠭᠠᠳᠠᠨ᠎ᠠ ᠫᠷᠥ᠋ᠰᠰᠢ ᠶᠢᠨ ᠴᠡᠷᠢᠭ ᠤᠨ ᠪᠦᠷᠢᠶᠡᠨ ᠤ ᠳᠠᠭᠤᠨ ᠬᠠᠩᠭᠢᠨᠠᠨ᠎ᠠ᠃ ᠲᠡᠳᠡᠨ ᠤ | ᠪᠣᠯᠪᠠᠰᠤᠷᠠᠯ ᠴᠤ ᠳᠠᠭᠤᠰᠤᠭᠰᠠᠨ ᠪᠣᠯᠤᠯᠲᠠᠶ᠃ ᠪᠠᠭᠰᠢ ᠮᠠᠨᠢ ᠴᠦ ᠴᠢᠷᠠᠶ ᠨᠢ ᠵᠢᠪᠡᠬᠡᠶᠢᠷᠡᠨ ᠪᠣᠰᠤᠯ᠎ᠠ᠂ ᠪᠠᠭᠰᠢ ᠮᠢᠨᠢ | ᠨᠠᠳᠠ ᠶᠡᠷᠦ ᠠᠴᠠ ᠪᠠᠨ ᠡᠶᠢᠮᠦ ᠬᠠᠨᠠᠭᠠᠷ ᠰᠠᠶᠢᠬᠠᠨ ᠲᠣᠮᠣ ᠪᠡᠶ᠎ᠡ ᠲᠠᠢ ᠪᠠᠶᠢᠭ᠎ᠠ ᠦᠭᠡᠶ ᠶᠤᠮ ᠰᠢᠭ᠋ ᠪᠣᠳᠣᠭᠲᠠᠯᠠ᠃ | ︽ᠮᠢᠨᠦ ᠨᠥᠬᠦᠳ ᠨᠠᠶᠢᠵᠠ ᠨᠠᠷ ᠡ︕ ᠪᠢ -︾ ᠭᠡᠳ ᠪᠠᠭᠰᠢ ᠮᠠᠨᠢ ᠳᠤᠤᠭᠠᠷᠴᠦ ᠴᠢᠳᠠᠬᠤ ᠦᠭᠡᠢ | ᠪᠣᠯᠤᠭᠰᠠᠨ ᠢᠶᠠᠨ ᠰᠠᠮᠪᠠᠷ᠎ᠠ ᠤᠷᠤᠭᠤ ᠬᠠᠨᠳᠤᠵᠤ ᠤ ᠶᠢᠨ ᠪᠢᠷ ᠠᠪᠤᠭᠠᠳ ᠪᠠᠶᠢᠳᠠᠭ ᠴᠢᠳᠠᠯ ᠢᠶᠠᠷ ᠢᠶᠠᠨ ︽ᠹᠷᠠᠨᠼᠢ | ᠮᠠᠨᠳᠤᠲᠤᠭᠠᠶ︾ ᠭᠡᠰᠡᠨ ᠬᠤᠶᠠᠷᠬᠠᠨ ᠲᠣᠮᠣ ᠦᠰᠦᠭ ᠢ ᠪᠢᠴᠢᠵᠦ ᠣᠷᠭᠢᠯ᠎ᠠ᠃ ᠢᠩᠭᠢᠭᠡᠳ ᠦᠭᠡ ᠪᠠᠨ ᠬᠡᠯᠡᠵᠦ | ᠭᠠᠷᠬᠤ ᠥᠬᠡᠶ ᠬᠠᠨ᠎ᠠ ᠳᠦᠰᠢᠨ ᠪᠠᠭ᠋ᠠᠨ ᠬᠦᠯᠢᠷᠡᠨ ᠵᠣᠭᠰᠣᠭᠰᠠᠨ ᠢᠶᠠᠨ᠄ | ︽ᠰᠤᠷᠭᠠᠭᠤᠯᠢ ᠴᠤ ᠲᠠᠷᠬᠠᠯ᠎ᠠ - ᠲᠠ ᠨᠠᠷ ᠬᠠᠷᠢᠵᠠᠭ᠎ᠠ ᠳ᠋ᠠ︕︾ ᠭᠡᠰᠡᠨ ᠤᠳᠬ᠎ᠠ ᠲᠠᠢ ᠳᠣᠬᠢᠶ᠎ᠠ ᠥᠭᠪᠡ | ᠃ |