ᠰᠢᠯᠢ ᠶᠢᠨ ᠬᠤᠳᠠ ᠥᠩᠭᠡᠲᠦ ᠳ᠋ᠧᠩ ᠡᠯᠭᠦᠵᠦ ᠴᠠᠭᠠᠨ ᠰᠠᠷ᠎ᠠ ᠶᠢᠨ ᠠᠭᠤᠷ ᠠᠮᠢᠰᠬᠤᠯ ᠢᠶᠠᠷ ᠪᠢᠯᠬᠠᠮ᠎ᠠ ᠪᠠᠶᠢᠨ᠎ᠠ
ᠨᠡᠶᠢᠲᠡᠯᠡᠭᠰᠡᠨ ᠴᠠᠭ᠄
2024/2/5
     ᠴᠠᠭᠠᠨ ᠰᠠᠷ᠎ᠠ ᠦᠢᠷᠠᠳᠬᠤ ᠶᠢ ᠲᠠᠭᠠᠯᠳᠤᠨ᠂  ᠰᠢᠯᠢ ᠶᠢᠨ ᠬᠤᠳᠠ ᠶᠢᠨ ᠬᠤᠲᠠ ᠲᠣᠭᠤᠷᠢᠭ ᠤᠨ ᠭᠤᠣᠯ ᠵᠡᠭᠡᠯᠢ ᠭᠤᠳᠤᠮᠵᠢ ᠶᠢᠨ ᠬᠤᠶᠠᠷ ᠲᠠᠯ᠎ᠠ ᠪᠠᠷ ᠡᠯ᠎ᠡ ᠵᠦᠢᠯ ᠤᠨ ᠥᠩᠭᠡᠲᠦ ᠳ᠋ᠧᠩ ᠡᠯᠭᠦᠵᠦ᠂ ᠦᠩᠭᠡ ᠭᠡᠷᠡᠯ ᠨᠠᠮᠷᠢᠯᠠᠨ ᠤᠯᠠᠨ ᠤ ᠬᠠᠷᠠᠭ᠎ᠠ ᠶᠢ ᠪᠠᠶᠠᠰᠠᠬᠵᠤ᠂ ᠥᠯᠵᠡᠢ ᠪᠡᠯᠭᠡ ᠲᠠᠢ ᠯᠣᠣ ᠵᠢᠯ ᠤᠨ ᠴᠠᠭᠠᠨ ᠰᠠᠷ᠎ᠠ ᠶᠢᠨ ᠠᠭᠤᠷ ᠠᠮᠢᠰᠬᠤᠯ ᠢ ᠦᠨᠢᠷ ᠦᠳᠭᠡᠨ ᠪᠣᠯᠭᠠᠵᠤ  ᠪᠠᠶᠢᠨ᠎ᠠ᠃        ᠦᠳᠡᠰᠢ ᠶᠢᠨ ᠦᠶ᠎ᠠ ᠪᠠᠷ᠂ ᠪᠢᠨ ᠾᠧ ᠵᠠᠮ ᠤᠨ ᠬᠡᠰᠡᠭ ᠲᠠᠬᠢ ᠰᠢᠯᠦᠭ ᠳᠠᠭᠤᠯᠠᠯ ᠎ ᠢ ᠪᠢᠴᠢᠭᠯᠡᠭᠰᠠᠨ ᠰᠢᠨ᠎ᠠ ᠭᠡᠯᠪᠡᠷᠢᠳᠤ ᠦᠩᠭᠡᠳᠤ ᠳ᠋ᠧᠩ ᠤᠳ ᠰᠠᠯᠬᠢᠨ ᠤ ᠠᠶ᠎ᠠ ᠪᠠᠷ ᠨᠠᠮᠤᠭᠤᠬᠠᠨ ᠰᠠᠵᠢᠯᠠᠨ᠂ ᠣᠳᠣᠨ ᠮᠡᠴᠢᠳ ᠮᠡᠲᠦ ᠭᠢᠯᠠᠯᠵᠠᠵᠤ᠂ ᠭᠡᠷᠡᠯ  ᠎ ᠢᠶᠠᠨ ᠰᠠᠴᠤᠷᠠᠭᠤᠯᠵᠤ᠂  ᠬᠤᠳᠠ ᠶᠢᠨ ᠰᠦᠨᠢ ᠶᠢᠨ ᠦᠵᠡᠮᠵᠢ ᠶᠢ ᠤᠯᠠᠮ ᠭᠤᠶᠤᠵᠢᠭᠤᠯᠤᠨ᠎ᠠ᠃      ᠵᠡᠭᠡᠯᠢ ᠭᠤᠳᠤᠮᠵᠢ ᠪᠠᠷ ᠰᠠᠯᠠᠬᠦᠴᠠᠨ ᠶᠠᠪᠤᠬᠤ ᠳᠤ᠂ ᠪᠠᠶᠠᠷ ᠪᠠᠶᠠᠰᠤᠯ ᠢ ᠪᠡᠯᠡᠭᠡᠳᠡᠭᠰᠠᠨ ᠤᠯᠠᠭᠠᠨ ᠳ᠋ᠧᠩᠯᠦ ᠪᠣᠯᠣᠨ ᠤᠯᠠᠨ ᠵᠤᠶᠢᠯ ᠤᠨ ᠭᠡᠯᠪᠡᠷᠢᠳᠤ ᠥᠩᠭᠡᠲᠦ ᠳ᠋ᠧᠩ ᠤᠳ ᠨᠢ ᠪᠠᠶᠠᠷ ᠤᠨ ᠡᠳᠦᠷ ᠤᠨ ᠠᠭᠤᠷ ᠠᠮᠢᠰᠬᠤᠯ ᠢ  ᠶᠡᠭᠡᠪᠡᠷ  ᠨᠠᠮᠡᠭᠳᠡᠬᠦᠯᠵᠤ᠂  ᠬᠤᠳᠠ ᠶᠢᠨ ᠠᠷᠠᠳ ᠤᠯᠠᠨ ᠤ ᠠᠮᠤᠷ ᠲᠠᠶᠢᠪᠤᠩ ᠠᠵᠤ ᠲᠦᠷᠦᠭᠦ᠂ ᠥᠭᠡᠳᠡᠯᠡᠨ ᠳᠠᠪᠰᠢᠬᠤ᠂ ᠴᠡᠴᠡᠭᠯᠡᠨ ᠬᠥᠭᠵᠢᠬᠦ ᠰᠢᠨ᠎ᠡ ᠳᠦᠷᠰᠦ ᠪᠠᠶᠢᠳᠠᠯ ᠢ  ᠲᠤᠰᠬᠠᠨ ᠢᠯᠡᠷᠡᠭᠦᠯᠵᠦ ᠪᠠᠶᠢᠭ᠎ᠠ ᠪᠤᠯᠤᠨ᠎ᠠ᠃      ᠬᠤᠳᠠ ᠶᠢᠨ ᠠᠷᠠᠳ ᠶᠤᠸᠠᠢ ᠰᠢᠸ ᠹᠠᠩ᠄ ᠡᠨᠡ ᠵᠢᠯ ᠤᠨ ᠴᠠᠭᠠᠨ ᠰᠠᠷ᠎ᠠ ᠶᠢᠨ ᠠᠭᠤᠷ ᠠᠮᠢᠰᠬᠤᠯ ᠨᠡᠯᠢᠶᠡᠳ ᠰᠠᠶᠢᠬᠠᠨ ᠰᠠᠨᠠᠭᠳᠠᠵᠤ ᠪᠠᠶᠢᠨ᠎ᠠ᠃  ᠡᠨᠡ ᠵᠢᠯ  ᠂ ᠴᠠᠰᠤᠨ ᠱᠤᠭᠤᠮᠠᠯ ᠴᠠᠰᠤᠨ ᠬᠦᠮᠦᠨ ᠢ ᠱᠤᠭᠤᠵᠤ᠂ ᠥᠩᠭᠡᠲᠦ ᠳ᠋ᠧᠩ ᠴᠦ ᠥᠩᠭᠡᠷᠡᠭᠰᠡᠨ ᠵᠢᠯ ᠤᠳ ᠤᠨ ᠬᠢ ᠠᠴᠠ ᠠᠷᠪᠢᠨ ᠮᠦᠷᠳᠡᠭᠡᠨ    ᠭᠡᠯᠪᠡᠷᠢ ᠲᠦᠷᠰᠤ ᠨᠢ ᠤᠯᠠᠨ ᠪᠠᠶᠢᠵᠤ ᠤᠨᠴᠠᠭᠠᠶᠢᠯᠠᠨ ᠰᠢᠯᠦᠭ ᠳᠠᠭᠤᠯᠠᠯ ᠢ ᠪᠢᠴᠢᠭᠯᠡᠭᠰᠠᠨ ᠳ᠋ᠧᠩ ᠤᠨ ᠴᠢᠮᠡᠭᠯᠡᠯ ᠎ ᠨᠢ ᠰᠣᠶᠣᠯ ᠤᠨ ᠠᠭᠤᠷ ᠠᠮᠢᠰᠬᠤᠯ ᠎ ᠢᠶᠠᠷ ᠪᠢᠯᠬᠠᠵᠤ  ᠪᠢᠳᠠᠨ ᠳᠤ ᠨᠢᠭᠡ ᠵᠦᠢᠯ ᠤᠨ ᠠᠳᠠᠯᠢ ᠪᠤᠰᠤ ᠲᠥᠷᠥᠭᠳᠡᠯ ᠢ ᠤᠯᠭᠤᠵᠤ ᠪᠠᠶᠢᠨ᠎ᠠ᠃      ᠯᠢᠶᠠᠩ ᠴᠦ᠋ ᠢ᠂ ᠯᠢ ᠶᠦᠩ ᠶᠠᠩ᠂  ᠰᠠᠴᠤᠷᠠᠯ ᠰᠣᠷᠪᠣᠯᠵᠢᠯᠠᠵᠣ᠂ ᠲᠣᠭᠤᠷ ᠣᠷᠴᠢᠭᠤᠯᠪᠠ᠃
 
ᠢᠷᠡᠯᠲᠡ᠄ ᠰᠢᠯᠢ ᠶᠢᠨ ᠬᠤᠲᠠ ᠶᠢᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号