ᠠᠳᠤᠭᠤᠨ ᠤ ᠠᠵᠤ ᠦᠢᠯᠡᠰ ᠤᠨ ᠬᠦᠭᠵᠢᠬᠦᠯᠦᠯᠳᠡ ᠶᠢᠨ ᠳᠤᠳᠤᠷᠬᠠᠢ ᠨᠢᠭᠡᠨ ᠦᠡᠭᠭᠡ | — ᠮᠠᠨ ᠤ ᠠᠶᠢᠮᠠᠭ ᠲᠠᠶᠠᠭᠠᠷ ᠲᠤ ᠬᠤᠷᠳᠤᠨ ᠬᠥᠯᠥᠭ ᠪᠤᠶᠢᠵᠢᠭᠤᠯᠬᠤ ᠬᠠᠯᠠᠮᠰᠢᠯ ᠥᠷᠨᠢᠵᠦ | ᠪᠠᠶᠢᠬᠤ ᠲᠤᠬᠠᠢ ᠲᠠᠳᠠᠯᠠᠯ | ︽ᠮᠤᠩᠭᠤᠯ ᠮᠤᠷᠢᠨ ᠤ ᠵᠤᠷᠢᠭ ᠰᠠᠨᠠᠭ᠎ᠠ︾︕ ᠲᠥᠷᠦ ᠶᠢᠨ ᠥᠨᠳᠦᠷᠯᠢᠭ ᠤᠨ ᠲᠠᠶᠢᠴᠢᠨ ᠤᠷᠢᠶ᠎ᠠ᠂ ᠲᠥᠭ | ᠲᠥᠮᠡᠨ ᠲᠤᠮᠳᠠᠳᠤ ᠶᠢᠨ ᠦᠨᠳᠦᠰᠦᠳᠡᠨ ᠤ ᠬᠠᠮᠳᠤ ᠶᠢᠨ ᠴᠤᠭᠴᠠ ᠶᠢᠨ ᠤᠬᠠᠮᠰᠠᠷ ᠠᠴᠠ ᠬᠢᠯᠠᠯᠵᠠᠬᠤ | ᠤᠷᠤᠭᠰᠢᠯᠠᠯᠳᠠ ᠶᠢᠨ ᠪᠥᠷᠢᠶ᠎ᠡ ᠶᠤᠮ᠃ | ᠰᠢᠯᠢ ᠨᠤᠳᠤᠭ ᠮᠠᠨᠢ ᠠᠵᠢᠨᠠᠢ ᠬᠦᠯᠥᠭ ᠲᠡᠭᠦᠯᠢᠬᠦ ᠵᠦᠯᠭᠡ ᠨᠤᠭᠤᠭᠠᠨ ᠲᠡᠪᠵᠢᠶ᠎ᠡ ᠶᠤᠮ᠃ ᠭᠡᠬᠦ ᠳᠡᠭᠡᠨ | ᠡᠨᠡ ᠨᠢ ᠵᠥᠪᠬᠡᠨ ᠰᠢᠯᠢ ᠶᠢᠨ ᠬᠤᠳᠠ ᠤᠷᠤᠨ ᠢ ᠯᠡ ᠵᠢᠭᠠᠭᠰᠠᠨ ᠪᠢᠰᠢ᠂ ᠰᠢᠯᠢ ᠶᠢᠨ ᠬᠤᠳᠠ ᠯᠤᠭ᠎ᠠ | ᠤᠶᠢᠷᠠᠯᠴᠠᠭᠠᠬᠢ ᠡᠯ᠎ᠡ ᠬᠤᠰᠢᠭᠤ ᠰᠢᠶᠠᠨ ᠬᠤᠳᠠ ᠶᠢ ᠪᠠᠭᠳᠠᠭᠠᠭᠰᠠᠨ ᠢᠶᠠᠷ ᠰᠢᠯᠢ ᠶᠢᠨ ᠭᠤᠤᠯ ᠠᠶᠢᠮᠠᠭ ᠢ ᠵᠢᠭᠠᠭᠰᠠᠨ | ᠲᠡᠯᠡᠴᠡ ᠲᠠᠢ᠃ ᠶᠠᠭ ᠡᠶᠢᠮᠦ ᠶᠡᠭᠡ ᠠᠭᠤᠷ ᠠᠮᠢᠰᠬᠤᠯ ᠲᠤᠮᠳᠠ᠂ ᠮᠠᠨ ᠤ ᠠᠶᠢᠮᠠᠭ ᠲᠠᠶᠠᠭᠠᠷ ᠲᠤ ᠬᠤᠷᠳᠤᠨ | ᠬᠥᠯᠥᠭ ᠪᠤᠶᠢᠵᠢᠭᠤᠯᠬᠤ ᠨᠢᠭᠡᠨ ᠬᠠᠯᠠᠮᠰᠢᠯ ᠲᠤᠯᠭ᠎ᠠ ᠶᠢᠨ ᠭᠠᠯ ᠰᠢᠭ ᠲᠦᠷᠡᠯᠵᠡᠵᠦ ᠡᠬᠢᠯᠡᠵᠡᠢ᠃ ᠤᠳᠤᠬᠠᠨ ᠳᠤ᠂ | ᠪᠥᠬᠦ ᠠᠶᠢᠮᠠᠭ ᠤᠨ ᠪᠤᠶᠢᠵᠢᠭᠤᠯᠤᠨ ᠭᠠᠷᠭᠠᠭᠰᠠᠨ ᠬᠤᠷᠳᠤᠨ ᠬᠥᠯᠥᠭ ᠴᠤᠬᠤᠮ ᠬᠡᠳᠦᠢ ᠪᠠᠶᠢᠬᠤ ᠭᠡᠳᠡᠭ ᠲᠤ | ᠪᠥᠷᠢᠳᠭᠡᠭᠳᠡᠵᠦ ᠭᠠᠷᠴᠤ ᠢᠷᠡᠭᠰᠡᠨ ᠲᠤᠭ᠎ᠠ ᠪᠠᠷᠢᠮᠳᠠ ᠭᠠᠷᠴᠤ ᠢᠷᠡᠭᠡ ᠦᠭᠡᠢ ᠪᠠᠶᠢᠭ᠎ᠠ ᠴᠤ᠂ ᠰᠢᠯᠢ ᠶᠢᠨ ᠬᠤᠳᠠ | ᠤᠷᠤᠨ ᠤ ᠪᠤᠶᠢᠵᠢᠭᠤᠯᠤᠨ ᠭᠠᠷᠭᠠᠭᠰᠠᠨ ᠬᠤᠷᠳᠤᠨ ᠬᠥᠯᠥᠭ 1500 ᠤᠷᠴᠢᠮ ᠪᠠᠶᠢᠭᠠᠳ ᠪᠥᠬᠦ ᠠᠶᠢᠮᠠᠭ ᠲᠤ | ᠬᠤᠰᠢᠭᠤᠴᠢᠯᠠᠵᠤ ᠪᠠᠶᠢᠭ᠎ᠠ ᠲᠤᠭ᠎ᠠ ᠪᠠᠷᠢᠮᠳᠠ ᠲᠤᠳᠤᠷᠬᠠᠢ ᠬᠠᠷᠠᠭᠳᠠᠵᠤ ᠪᠠᠶᠢᠨ᠎ᠠ᠃ ᠡᠭᠦᠨ ᠤ ᠲᠠᠭᠠᠤ ᠳᠤ᠂ ᠪᠤᠰᠤᠳ | ᠬᠤᠰᠢᠭᠤ ᠰᠢᠶᠠᠨ ᠬᠤᠳᠠ ᠶᠢᠨ ᠬᠢᠨ ᠴᠤ᠂ ᠤᠨᠴᠠᠯᠢᠭ ᠤᠨᠴᠠᠯᠢᠭ ᠢᠶᠠᠨ ᠪᠠᠷᠢᠨ ᠬᠤᠷᠳᠤᠨ ᠬᠥᠯᠥᠭ ᠪᠤᠶᠢᠵᠢᠭᠤᠯᠬᠤ | ᠠᠵᠢᠯ ᠢ ᠭᠠᠷᠳᠠᠨ ᠠᠳᠬᠤᠭᠰᠠᠭᠠᠷ ᠪᠠᠶᠢᠭ᠎ᠠ ᠶᠢ ᠬᠠᠷᠠᠭᠤᠰᠢᠳᠠᠢ᠃ | ︽ᠮᠤᠩᠭᠤᠯ ᠮᠤᠷᠢᠨ ᠤ ᠵᠤᠷᠢᠭ ᠰᠠᠨᠠᠭ᠎ᠠ︾ ᠪᠤᠯ ᠨᠢᠭᠡ ᠶᠤᠰᠤᠨ ᠤ ᠬᠤᠷᠳᠤ ᠶᠤᠮ᠃ ᠨᠡᠶᠢᠭᠡᠮ ᠨᠡᠶᠢᠳᠡ ᠶᠢᠨ | ᠬᠥᠭᠵᠢᠯ ᠴᠤ᠂ ᠬᠤᠷᠳᠤ ᠲᠡᠭᠡᠷ᠎ᠡ ᠶᠠᠷᠢᠭᠳᠠᠨ᠎ᠠ᠃ ᠬᠤᠷᠳᠤ ᠶᠢ ᠡᠷᠬᠢᠮᠯᠡᠳᠡᠭ ᠬᠦᠮᠦᠰ ᠯᠡ ᠨᠡᠶᠢᠭᠡᠮ ᠨᠡᠶᠢᠳᠡ ᠳᠡᠭᠡᠨ | ᠨᠡᠩ ᠶᠡᠭᠡ ᠬᠤᠪᠢ ᠨᠡᠮᠡᠷᠢ ᠡᠷᠭᠦᠵᠦ ᠴᠢᠳᠠᠨ᠎ᠠ᠃ ᠬᠤᠷᠳᠤ ᠲᠠᠢ ᠮᠤᠩᠭᠤᠯ ᠮᠤᠷᠢ ᠪᠤᠶᠢᠵᠢᠭᠤᠯᠵᠤ ᠭᠠᠷᠭᠠᠳᠠᠭ ᠬᠦᠮᠦᠰ | ᠯᠡ ︽ᠮᠤᠩᠭᠤᠯ ᠮᠤᠷᠢᠨ ᠤ ᠵᠤᠷᠢᠭ ᠰᠠᠨᠠᠭ᠎ᠠ︾ ᠶᠢ ᠲᠤᠭ ᠰᠢᠭ ᠡᠷᠭᠦᠵᠦ ᠶᠠᠪᠤᠵᠤ ᠴᠢᠳᠠᠨ᠎ᠠ᠃ ᠲᠡᠭᠡᠪᠡᠯ᠂ | ᠬᠤᠷᠳᠤ ᠲᠠᠢ ᠮᠤᠩᠭᠤᠯ ᠮᠤᠷᠢ ᠶᠢ ᠭᠠᠷᠭᠠᠬᠤ ᠦᠨᠡᠨ ᠬᠥᠷᠦᠩᠭᠡ ᠨᠢ ᠶᠠᠭᠤ ᠪᠤᠢ ᠭᠡᠪᠡᠯ᠂ ︽ᠰᠢᠯᠢ ᠶᠢᠨ ᠭᠤᠤᠯ | ᠠᠳᠤᠭᠤ︾᠂ ᠦᠵᠦᠮᠦᠴᠢᠨ ᠴᠠᠭᠠᠨ ᠠᠳᠤᠭᠤ᠂ ᠦᠵᠦᠮᠦᠴᠢᠨ ᠰᠢᠷᠭ᠎ᠠ ᠠᠳᠤᠭᠤ᠂ ᠠᠪᠠᠭ᠎ᠠ ᠬᠠᠷ᠎ᠠ ᠠᠳᠤᠭᠤ᠂ | ᠰᠥᠨᠢᠳ ᠠᠳᠤᠭᠤ ᠵᠡᠷᠭᠡ ᠤᠷᠤᠨ ᠨᠤᠳᠤᠭ ᠤᠨ ᠰᠤᠩᠭᠤᠳᠠᠭ ᠠᠳᠤᠭᠤᠨ ᠤ ᠰᠤᠩᠭᠤᠨ ᠪᠤᠶᠢᠵᠢᠭᠤᠯᠤᠯᠳᠠ | ᠶᠠᠷᠢᠭᠳᠠᠨ᠎ᠠ᠃ ᠡᠳᠡᠭᠡᠷ ᠰᠤᠩᠭᠤᠳᠠᠭ ᠡᠭᠦᠯᠳᠡᠷ ᠢ ᠰᠤᠩᠭᠤᠨ ᠪᠤᠶᠢᠵᠢᠭᠤᠯᠬᠤ ᠠᠵᠢᠯ ᠤᠨ ᠵᠠᠷᠢᠮ ᠨᠢ ᠮᠠᠨ ᠤ | ᠠᠶᠢᠮᠠᠭ ᠲᠤ ᠲᠡᠭᠡᠳᠦ ᠵᠠᠭᠤᠨ ᠤ ᠶᠡᠷᠡᠭᠡᠳ ᠤᠨ ᠠᠴᠠ ᠲᠤᠰᠬᠠᠢ ᠲᠥᠷᠦᠯ ᠵᠦᠢᠯ ᠤᠨ ᠬᠡᠯᠪᠡᠷᠢ ᠪᠠᠷ ᠶᠠᠪᠤᠭᠳᠠᠵᠤ | ᠡᠬᠢᠯᠡᠭᠰᠡᠨ ᠭᠡᠬᠦ ᠳᠤ᠂ ᠵᠠᠷᠢᠮ ᠨᠢ ᠰᠢᠨ᠎ᠡ ᠵᠠᠭᠤᠨ ᠤ ᠡᠬᠢᠨ ᠠᠴᠠ ᠶᠠᠪᠤᠭᠳᠠᠭᠰᠠᠨ ᠪᠠᠶᠢᠪᠠ᠃ ᠵᠢᠱᠢᠶᠡᠯᠡᠪᠡᠯ᠂ | ᠪᠠᠶᠠᠨᠰᠢᠯᠢ ᠮᠠᠯᠵᠢᠯ ᠤᠨ ᠲᠠᠯᠠᠪᠠᠢ ᠪᠠᠷ ᠲᠥᠪᠯᠡᠭᠰᠡᠨ ︽ᠰᠢᠯᠢ ᠶᠢᠨ ᠭᠤᠤᠯ ᠠᠳᠤᠭᠤ︾ ᠶᠢᠨ ᠰᠤᠩᠭᠤᠨ | ᠪᠤᠶᠢᠵᠢᠭᠤᠯᠬᠤ ᠠᠵᠢᠯ ᠲᠡᠭᠡᠳᠦ ᠵᠠᠭᠤᠨ ᠤ ᠶᠡᠷᠡᠭᠡᠳ ᠤᠨ ᠠᠴᠠ ᠡᠷᠴᠢᠮᠳᠡᠢ ᠥᠷᠨᠢᠵᠦ ᠡᠬᠢᠯᠡᠭᠰᠡᠨ ᠶᠤᠮ᠃ | ᠤᠤᠯ ᠠᠴᠠ ᠪᠠᠨ᠂ ᠪᠠᠶᠠᠨᠰᠢᠯᠢ ᠶᠢᠨ ᠬᠤᠷᠳᠤᠨ ᠬᠥᠯᠥᠭ ᠭᠡᠭᠴᠢ ᠬᠤᠯᠠ ᠤᠶᠢᠷ᠎ᠠ ᠳᠠᠭᠠᠨ ᠠᠯᠳᠠᠷᠳᠠᠢ ᠲᠡᠭᠡᠷ᠎ᠡ ᠪᠠᠨ | 1982 ᠤᠨ ᠤ ᠰᠢᠯᠢ ᠶᠢᠨ ᠭᠤᠤᠯ ᠠᠶᠢᠮᠠᠭ ᠤᠨ ᠲᠠᠯᠠᠢ ᠶᠡᠭᠡ ᠨᠠᠶᠢᠷ ᠲᠡᠭᠡᠷ᠎ᠡ ᠠᠯᠤᠰ ᠤᠨ ᠮᠤᠷᠢᠨ ᠤ | ᠤᠷᠤᠯᠳᠤᠭᠠᠨ ᠳᠤ ᠪᠠᠶᠠᠨᠰᠢᠯᠢ ᠶᠢᠨ ᠤᠯᠠᠭᠠᠨ ᠪᠤᠷᠤ ᠮᠤᠷᠢ ᠲᠡᠷᠢᠭᠦᠯᠡᠵᠦ ᠢᠷᠡᠭᠰᠡᠨ ᠨᠢ ᠪᠠᠶᠠᠨᠰᠢᠯᠢ ᠶᠢᠨ ᠬᠤᠷᠳᠤᠨ | ᠬᠥᠯᠥᠭ ᠢ ᠲᠠᠶᠠᠩ ᠳᠤ ᠠᠯᠳᠠᠷᠰᠢᠭᠤᠯᠤᠭᠰᠠᠨ ᠶᠤᠮ᠃ | ᠡᠶᠢᠨᠬᠦ᠂ ᠤᠤᠯ ᠠᠴᠠ ᠪᠠᠨ ᠬᠤᠷᠳᠤᠨ ᠬᠥᠯᠥᠭ ᠰᠠᠶᠢᠳᠠᠢ ᠰᠠᠭᠤᠷᠢᠨ ᠲᠡᠭᠡᠷ᠎ᠡ᠂ ︽ᠰᠢᠯᠢ ᠶᠢᠨ ᠭᠤᠤᠯ | ᠠᠳᠤᠭᠤ︾ ᠬᠡᠮᠡᠬᠦ ᠲᠤᠰᠬᠠᠢ ᠲᠥᠷᠦᠯ ᠵᠦᠢᠯ ᠤᠨ ᠪᠠᠶᠢᠭᠤᠯᠤᠯᠳᠠ ᠥᠷᠨᠢᠭᠰᠡᠨ ᠨᠢ ᠪᠠᠶᠠᠨᠰᠢᠯᠢ ᠶᠢᠨ ᠬᠥᠯᠥᠭ | ᠮᠤᠷᠢᠳ ᠲᠤ ᠵᠢᠭᠦᠷ ᠤᠷᠭᠤᠭᠤᠯᠤᠭᠰᠠᠨ ᠮᠡᠳᠦ ᠦᠢᠯᠡᠳᠦᠯ ᠳᠤ ᠬᠦᠷᠭᠡᠭᠰᠡᠨ ᠶᠤᠮ᠃ 2020 ᠤᠨ ᠳᠤ ᠳᠤᠮᠳᠠᠳᠤ | ᠤᠯᠤᠰ ᠤᠨ ᠠᠳᠤᠭᠤᠨ ᠤ ᠦᠢᠯᠡᠰ ᠤᠨ ᠨᠡᠶᠢᠭᠡᠮᠯᠢᠭ ᠠᠴᠠ ᠪᠠᠶᠠᠨᠰᠢᠯᠢ ᠮᠠᠯᠵᠢᠯ ᠤᠨ ᠲᠠᠯᠠᠪᠠᠢ ᠶᠢ ︽ᠳᠤᠮᠳᠠᠳᠤ | ᠤᠯᠤᠰ ᠤᠨ ᠰᠢᠯᠢᠳᠡᠭ ᠡᠭᠦᠯᠳᠡᠷ ᠤᠨ ᠠᠳᠤᠭᠤ ᠥᠰᠭᠡᠨ ᠦᠷᠡᠵᠢᠭᠦᠯᠬᠦ ᠰᠠᠭᠤᠷᠢᠨ ᠭᠠᠵᠠᠷ︾ ᠢᠶᠠᠷ ᠨᠡᠷᠡᠶᠢᠳᠦᠭᠰᠡᠨ | ᠪᠠᠶᠢᠨ᠎ᠠ᠃ ᠤᠳᠤᠬᠠᠨ ᠳᠤ ᠲᠤᠰ ᠮᠠᠯᠵᠢᠯ ᠤᠨ ᠲᠠᠯᠠᠪᠠᠢ ᠳᠤ ᠠᠳᠤᠭᠤ ᠮᠠᠯᠵᠢᠵᠦ ᠪᠠᠶᠢᠭ᠎ᠠ ᠡᠷᠦᠬᠡ 147 ᠪᠠᠶᠢᠵᠦ᠂ | ᠤᠯᠠᠩᠭᠢ ᠡᠷᠦᠬᠡ ᠨᠢ ᠬᠤᠷᠳᠤᠨ ᠤ ᠴᠢᠭᠯᠡᠯ ᠢᠶᠠᠷ ᠪᠤᠶᠢᠵᠢᠭᠤᠯᠵᠤ ᠪᠠᠶᠢᠳᠠᠭ ᠶᠤᠮ᠃ ᠪᠠᠶᠠᠡᠰᠢᠯᠢ ᠶᠢᠨ ᠨᠠᠷᠠᠨ | ᠲᠠᠮᠠᠭᠠᠳᠤ ᠠᠳᠤᠭᠤ ᠨᠠᠭᠠᠳᠤᠮ ᠤᠨ ᠮᠠᠩᠯᠠᠢ ᠳᠤ ᠬᠤᠷᠳᠤᠯᠠᠳᠠᠭ ᠢᠶᠠᠷ ᠢᠶᠠᠨ ᠬᠤᠯᠠ ᠤᠶᠢᠷ᠎ᠠ ᠳᠠᠭᠠᠨ ᠠᠯᠳᠠᠷᠳᠠᠢ | ᠪᠠᠶᠢᠳᠠᠭ᠃ ᠪᠠᠶᠠᠨᠰᠢᠯᠢ ᠮᠠᠯᠵᠢᠯ ᠤᠨ ᠲᠠᠯᠠᠪᠠᠢ ᠶᠢᠨ ᠤᠰᠤᠨ ᠲᠦᠷᠦᠭᠦᠦ ᠬᠤᠪᠢᠶᠠᠷᠢ ᠲᠠᠯᠠᠪᠠᠢ ᠶᠢᠨ ᠬᠠᠰᠢᠷ | ᠠᠳᠤᠭᠤᠴᠢᠨ ᠵᠢᠶᠠᠨ ᠫᠢᠡᠭ ᠭᠤᠴᠢ ᠭᠠᠷᠤᠢ ᠵᠢᠯ ᠠᠳᠤᠭᠤ ᠮᠠᠯᠵᠢᠬᠤ ᠳᠠᠭᠠᠨ ᠤᠯᠤᠰ ᠤᠷᠤᠨ ᠳᠤ ᠨᠥᠯᠥᠭᠡ ᠲᠠᠢ | ᠪᠠᠭ᠎ᠠ ᠨᠠᠷᠠᠨ ᠲᠠᠮᠠᠭᠠᠳᠤ ᠬᠤᠷᠳᠤᠨ ᠤ ᠴᠢᠭᠯᠡᠯ ᠲᠠᠢ ᠠᠳᠤᠭᠤ ᠶᠢ ᠠᠮᠵᠢᠯᠳᠠ ᠲᠠᠢ ᠰᠤᠩᠭᠤᠨ ᠪᠤᠶᠢᠵᠢᠭᠤᠯᠵᠦ᠂ | ᠠᠯᠳᠠᠷ ᠨᠡᠷ᠎ᠡ ᠪᠤᠯᠤᠨ ᠠᠰᠢᠭ ᠤᠷᠤᠯᠭ᠎ᠠ ᠶᠢ ᠵᠡᠷᠭᠡᠪᠡᠷ ᠬᠦᠷᠳᠡᠵᠦ ᠶᠠᠪᠤᠭ᠎ᠠ ᠪᠠᠷ ᠪᠠᠷᠠᠬᠤ ᠦᠭᠡᠢ ᠪᠠᠰᠠ 50 ᠭᠠᠷᠤᠢ | ᠠᠶᠢᠷᠠᠭ ᠲᠤ ᠬᠤᠷᠳᠤᠯᠠᠭᠤᠯᠤᠭᠰᠠᠨ ᠤᠶᠠᠭᠠᠴᠢ ᠪᠠᠶᠢᠯ᠎ᠠ᠃ 2020 ᠤᠨ ᠤ 10 ᠰᠠᠷ᠎ᠠ ᠶᠢᠨ 16 ᠤ ᠡᠳᠦᠷ᠂ | ᠠᠳᠤᠭᠤᠴᠢᠨ ᠵᠢᠶᠠᠨ ᠫᠢᠡᠭ ᠤᠨ ᠠᠳᠤᠭᠤᠨ ᠤ ᠤᠨᠠᠭᠠᠨ ᠲᠠᠮᠠᠭᠠᠨ ᠳᠡᠭᠡᠷ᠎ᠡ ᠰᠢᠯᠢ ᠶᠢᠨ ᠭᠤᠤᠯ ᠠᠶᠢᠮᠠᠭ ᠤᠨ ᠡᠯ᠎ᠡ | ᠬᠤᠰᠢᠭᠤᠨ ᠤ ᠲᠠᠪᠢ ᠰᠢᠬᠠᠮ ᠤᠶᠠᠭᠠᠴᠢ ᠢᠷᠡᠵᠡᠭᠡᠵᠦ᠂ ᠠᠳᠤᠭᠤᠨ ᠰᠥᠷᠥᠭ ᠠᠴᠠ ᠨᠢ ᠬᠤᠷᠳᠤᠨ ᠤᠳᠤᠮ ᠤᠨ | 40 ᠭᠠᠷᠤᠢ ᠡᠷ᠎ᠡ ᠤᠨᠠᠭ᠎ᠠ ᠶᠢ ᠪᠤᠯᠢᠶᠠᠯᠴᠠᠵᠤ ᠠᠪᠤᠭᠰᠠᠨ ᠢᠶᠠᠷ ᠤᠨᠠᠭ᠎ᠠ ᠬᠤᠳᠠᠯᠳᠤᠭᠰᠠᠨ ᠤᠷᠤᠯᠭ᠎ᠠ ᠨᠢ ᠲᠠᠪᠤᠬᠠᠨ | ᠴᠠᠭ ᠲᠤ 100 ᠲᠦᠮᠡᠨ ᠲᠦᠭᠦᠷᠢᠭ ᠢ ᠳᠠᠪᠠᠭᠰᠠᠨ ᠪᠠᠶᠢᠵᠦ ᠪᠢᠯᠡ᠃ ᠵᠢᠶᠠᠨ ᠫᠢᠡᠭ ᠵᠢᠯ ᠪᠤᠯᠭᠠᠨ ᠬᠤᠷᠳᠤᠨ | ᠤᠳᠤᠮ ᠤᠨ ᠤᠨᠠᠭ᠎ᠠ ᠬᠤᠳᠠᠯᠳᠤᠭᠠᠳ 12 ᠵᠢᠯ ᠤᠨ ᠨᠢᠭᠤᠷ ᠦᠵᠡᠵᠦ ᠪᠤᠢ᠃ ︽ᠰᠢᠯᠢ ᠶᠢᠨ ᠭᠤᠤᠯ ᠠᠳᠤᠭᠤ︾ | ᠬᠡᠮᠡᠬᠦ ᠰᠢᠨ᠎ᠡ ᠡᠭᠦᠯᠳᠡᠷ ᠤᠨ ᠬᠤᠷᠳᠤᠨ ᠤ ᠴᠢᠭᠯᠡᠯ ᠢᠶᠠᠷ ᠪᠤᠶᠢᠵᠢᠭᠤᠯᠤᠭᠰᠠᠨ ᠨᠢ ᠮᠤᠩᠭᠤᠯ ᠠᠳᠤᠭᠤᠨ ᠤ ᠴᠢᠰᠤᠨ | ᠤᠳᠤᠮᠯᠠᠯ ᠳᠤ ᠬᠤᠯᠢᠭᠠ ᠤᠷᠤᠭᠤᠯᠤᠭᠰᠠᠨ ᠤᠨᠴᠠᠯᠢᠭ ᠢᠶᠠᠷ ᠶᠠᠷᠢᠭᠳᠠᠳᠠᠭ ᠪᠠᠶᠢᠭᠰᠠᠨ ᠪᠤᠯ᠂ ᠤᠶᠢᠷ᠎ᠠ ᠶᠢᠨ ᠵᠢᠯ ᠠᠴᠠ | ᠂ ᠰᠢᠯᠢ ᠶᠢᠨ ᠬᠤᠳᠠ ᠨᠢ ᠰᠢᠯᠢ ᠶᠢᠨ ᠭᠤᠤᠯ ᠠᠳᠤᠭᠤ ᠵᠡᠷᠭᠡ ᠤᠷᠤᠨ ᠨᠤᠳᠤᠭ ᠤᠨ ᠡᠭᠦᠯᠳᠡᠷ ᠢ ᠬᠠᠮᠠᠭᠠᠯᠠᠬᠤ | ᠢᠨᠵᠸᠨ᠋ᠸᠷᠢᠩ ᠢ ᠡᠬᠢᠯᠡᠭᠦᠯᠦᠨ᠂ ᠤᠷᠤᠨ ᠨᠤᠳᠤᠭ ᠤᠨ ᠡᠭᠦᠯᠳᠡᠷ ᠤᠳᠤᠮᠯᠠᠯ ᠤᠨ ᠡᠬᠢ | ᠪᠠᠶᠠᠯᠢᠭ ᠢ ᠬᠠᠮᠠᠭᠠᠯᠠᠵᠤ᠂ ᠰᠤᠬᠤᠷ ᠪᠠᠯᠠᠢ ᠪᠠᠷ ᠡᠷᠯᠢᠰᠡᠵᠢᠭᠦᠯᠦᠨ ᠤᠷᠤᠨ ᠨᠤᠳᠤᠭ ᠤᠨ ᠰᠤᠩᠭᠤᠳᠠᠭ ᠡᠭᠦᠯᠳᠡᠷ ᠤᠨ | ᠡᠬᠢ ᠪᠠᠶᠠᠯᠢᠭ ᠪᠠᠯᠠᠷᠠᠬᠤ ᠦᠵᠡᠭᠳᠡᠯ ᠢ ᠰᠡᠷᠭᠡᠶᠢᠯᠡᠬᠦ ᠠᠷᠭ᠎ᠠ ᠠᠪᠴᠠᠯ ᠢ ᠠᠪᠴᠤ᠂ ᠠᠳᠤᠭᠤᠨ ᠤ ᠦᠢᠯᠡᠰ ᠢ | ᠬᠥᠭᠵᠢᠭᠦᠯᠬᠦ ᠲᠤᠬᠠᠢ ᠮᠠᠰᠢ ᠤᠯᠠᠨ ᠨᠠᠷᠢᠨ ᠪᠤᠳᠠᠳᠠᠢ ᠠᠵᠢᠯᠯᠠᠭ᠎ᠠ ᠠᠪᠴᠤ ᠪᠠᠶᠢᠬᠤ ᠪᠠᠷ ᠶᠠᠷᠢᠭᠳᠠᠬᠤ ᠪᠤᠯᠵᠠᠢ᠃ | ᠤᠳᠤᠬᠠᠨ ᠳᠤ᠂ ᠰᠢᠯᠢ ᠶᠢᠨ ᠬᠤᠳᠠ ᠨᠢ ᠬᠤᠷᠳᠤᠨ ᠬᠥᠯᠥᠭ ᠪᠤᠶᠢᠵᠢᠭᠤᠯᠬᠤ ᠲᠠᠯ᠎ᠠ ᠪᠠᠷ ᠪᠥᠬᠦ ᠠᠶᠢᠮᠠᠭ ᠲᠤ | ᠬᠤᠰᠢᠭᠤᠴᠢᠯᠠᠬᠤ ᠦᠢᠯᠡᠳᠦᠯ ᠭᠠᠷᠭᠠᠵᠤ ᠪᠠᠶᠢᠭ᠎ᠠ ᠨᠢ ᠶᠠᠭ ᠡᠭᠦᠨ ᠲᠠᠢ ᠨᠢᠭᠳᠠ ᠬᠤᠯᠪᠤᠭ᠎ᠠ ᠲᠠᠢ ᠪᠠᠶᠢᠭ᠎ᠠ ᠠᠵᠢ᠃ | ᠮᠢᠩᠭ᠎ᠠ ᠮᠢᠩᠭᠠᠨ ᠵᠢᠯ ᠤᠨ ᠲᠡᠷᠳᠡᠭᠡ ᠠᠴᠠ ᠢᠷᠡᠯᠳᠡ ᠲᠠᠢ ᠡᠳᠡᠭᠡᠷ ᠰᠤᠩᠭᠤᠳᠠᠭ ᠡᠭᠦᠯᠳᠡᠷ ᠢ ᠪᠤᠶᠢᠵᠢᠭᠤᠯᠬᠤ | ᠠᠵᠢᠯ ᠢ ᠪᠤᠳᠠᠳᠠᠢ ᠭᠠᠷᠳᠠᠨ ᠬᠢᠭᠰᠡᠨ ᠶᠠᠪᠤᠳᠠᠯ ᠰᠡᠬᠦᠭᠳᠡᠬᠦ ᠳᠤ ᠮᠠᠯᠴᠢᠳ ᠲᠡᠷᠢᠭᠦᠨ ᠳᠤᠨᠢ ᠶᠠᠷᠢᠭᠳᠠᠨ᠎ᠠ᠃ ᠪᠥᠬᠦ | ᠰᠢᠯᠢ ᠶᠢᠨ ᠭᠤᠤᠯ ᠳᠤ ᠰᠠᠶᠢᠨ ᠪᠥᠬᠡ ᠬᠢᠭᠡᠳ ᠰᠠᠶᠢᠨ ᠤᠶᠠᠭᠠᠴᠢᠨ ᠤ ᠲᠤᠭ᠎ᠠ ᠠᠯᠢ ᠨᠢ ᠠᠯᠢᠨ ᠳᠠᠭᠠᠨ ᠠᠪᠳᠠᠬᠤ | ᠦᠭᠡᠢ ᠪᠠᠶᠢᠵᠤ ᠮᠡᠳᠡᠨ᠎ᠡ᠃ ᠤᠶᠠᠭᠠᠴᠢ ᠶᠢᠨ ᠭᠠᠷ ᠲᠠᠮᠵᠢᠬᠤ ᠦᠭᠡᠢ ᠪᠠᠷ ᠬᠤᠷᠳᠤᠨ ᠬᠥᠯᠥᠭ ᠭᠠᠷᠤᠨ᠎ᠠ ᠭᠡᠳᠡᠭ ᠪᠤᠯ | ᠬᠤᠳᠠᠯ ᠦᠭᠡ᠃ ᠤᠶᠠᠭᠠᠴᠢ ᠶᠢᠨ ᠤᠷ᠎ᠠ ᠤᠬᠠᠭ᠎ᠠ ᠪᠤᠯ ᠬᠦᠮᠦᠨ ᠮᠤᠷᠢ ᠪᠠᠶᠢᠭᠠᠯᠢ ᠤᠶᠠᠯᠳᠤᠭᠰᠠᠨ ᠬᠦᠨ ᠤᠬᠠᠭ᠎ᠠ | ᠪᠤᠯᠬᠤᠷ᠂ ᠰᠠᠶᠢᠨ ᠬᠥᠯᠥᠭ ᠢ ᠵᠢᠭᠦᠷ ᠤᠷᠭᠤᠭᠤᠯᠤᠭᠰᠠᠨ ᠰᠢᠭ ᠬᠦᠶᠦᠯᠭᠡᠵᠦ᠂ ᠠᠨᠠᠢ ᠬᠦᠯᠦᠭ ᠢ ᠴᠤ ︽ᠠᠮᠠᠨ | ᠬᠦᠵᠦᠭᠦᠨ︾ ᠳᠤ ᠭᠦᠶᠦᠯᠭᠡᠴᠢᠬᠡᠳᠡᠭ᠃ ︽ᠮᠤᠩᠭᠤᠯ ᠮᠤᠷᠢᠨ ᠤ ᠵᠤᠷᠢᠭ ᠰᠠᠨᠠᠭ᠎ᠠ︾ ᠶᠢ ᠡᠷᠬᠢᠮᠯᠡᠭᠰᠡᠨ ᠡᠳᠦᠭᠡ | ᠡᠷᠢᠨ ᠳᠤ᠂ ᠲᠦᠷᠦ ᠶᠢᠨ ᠥᠨᠳᠦᠷᠯᠢᠭ ᠤᠨ ᠤᠷᠢᠶᠠᠯᠠᠭ᠎ᠠ ᠬᠢᠭᠡᠳ ᠤᠶᠠᠭᠠᠴᠢᠳ ᠤᠨ ᠰᠠᠨᠠᠭ᠎ᠠ ᠴᠠᠢ ᠰᠦ ᠬᠤᠶᠠᠷ | ᠰᠢᠭ ᠠᠭᠤᠰᠤᠯᠴᠠᠯᠠ ᠭᠡᠵᠦ ᠪᠤᠯᠤᠨ᠎ᠠ᠃ ᠬᠤᠷᠢᠨ ᠲᠥᠮᠡ ᠭᠠᠷᠤᠢ ᠬᠠᠪᠳᠠᠭᠠᠢ ᠲᠦᠷᠪᠡᠯᠵᠢᠨ ᠺᠢᠯᠤᠮᠧᠲᠷ ᠦᠷᠭᠡᠨ | ᠵᠠᠶᠢᠴᠠ ᠲᠠᠢ ᠰᠠᠷᠠᠭᠤᠯ ᠠᠭᠤᠳᠠᠮ ᠰᠢᠯᠢ ᠶᠢᠨ ᠭᠤᠤᠯ ᠳᠤ ᠵᠢᠯ ᠤᠨ ᠲᠦᠷᠪᠡᠨ ᠤᠯᠠᠷᠢᠯ ᠳᠤ ᠬᠡᠳᠦᠨ ᠮᠢᠩᠭᠠᠨ | ᠲᠠᠯᠠᠪᠠᠢ ᠶᠡᠭᠡ ᠪᠠᠭ᠎ᠠ ᠨᠠᠶᠢᠷ ᠶᠠᠪᠤᠭᠳᠠᠵᠤ᠂ ᠨᠠᠶᠢᠷ ᠪᠤᠯᠭᠠᠨ ᠮᠤᠷᠢᠨ ᠤ ᠤᠷᠤᠯᠳᠤᠭᠠᠨ ᠢᠶᠠᠷ ᠲᠤᠳᠠᠳᠠᠭ ᠦᠭᠡᠢ᠃ | ᠨᠠᠶᠢᠷ ᠨᠢ ᠬᠡᠳᠦᠨ ᠮᠢᠩᠭᠠᠨ ᠲᠠᠯᠠᠪᠠᠢ ᠪᠠᠷ ᠶᠠᠷᠢᠭᠳᠠᠳᠠᠭ ᠭᠠᠵᠠᠷ ᠬᠡᠳᠦᠨ ᠲᠥᠮᠡᠨ ︵ᠤᠳᠠᠭ᠎ᠠ︶ ᠮᠤᠷᠢ ᠲᠠᠪᠬᠢᠯ᠎ᠠ | ᠭᠡᠵᠦ ᠬᠡᠯᠡᠬᠦ ᠪᠢᠯᠡ᠃ ᠭᠢᠨᠢᠰ ᠤᠨ ᠲᠡᠮᠳᠡᠭᠯᠡᠯ ᠬᠠᠮᠢᠭ᠎ᠠ ᠪᠠᠶᠢᠨ᠎ᠠ ᠪᠤᠢ ᠭᠡᠵᠦ ᠶᠠᠷᠢᠬᠤ ᠤᠴᠢᠷ᠃ ᠡᠨᠡ ᠤᠴᠢᠷ | ᠪᠠᠷᠠᠭᠤᠨ ᠦᠵᠦᠮᠦᠴᠢᠨ ᠬᠤᠰᠢᠭᠤᠨ ᠳᠤ ᠪᠤᠯᠤᠭᠰᠠᠨ 800 ᠠᠵᠢᠨᠠᠢ ᠶᠢᠨ ᠤᠷᠤᠯᠳᠤᠭᠠᠨ ᠢᠶᠠᠷ ᠦᠨᠡᠨ ᠶᠠᠷᠢᠭᠳᠠᠵᠤ | ᠴᠤ ᠥᠡᠭᠭᠡᠷᠡᠭᠰᠡᠨ᠃ ᠰᠢᠯᠢ ᠶᠢᠨ ᠮᠢᠩᠭᠠᠨ ᠨᠠᠶᠢᠷ ᠤᠨ ᠮᠤᠷᠢᠳ ᠪᠤᠯ ᠤᠨᠤᠴᠢᠳᠠᠢ ᠪᠥᠷᠢᠳᠭᠡᠬᠦ ᠳᠤ ᠪᠡᠷᠬᠡ ᠨᠢᠭᠡᠨ | ᠲᠤᠭ᠎ᠠ ᠭᠡᠳᠡᠭ ᠴᠤ᠂ ᠡᠨᠡ ᠲᠤᠭ᠎ᠠ ᠠᠴᠠ ᠬᠤᠷᠳᠤᠨ ᠬᠥᠯᠥᠭ ᠲᠥᠷᠦᠬᠦ ᠦᠭᠡᠢ ᠭᠡᠵᠦ ᠬᠡᠨ ᠬᠡᠯᠡᠬᠦ ᠪᠢᠯᠡ᠃ | ᠰᠥᠨᠢᠳ ᠨᠤᠳᠤᠭ ᠤᠨ ᠬᠤᠷᠳᠤᠨ ᠬᠥᠯᠥᠭ ᠡᠷᠳᠡ ᠦᠶ᠎ᠡ ᠠᠴᠠ ᠠᠯᠳᠠᠷᠳᠠᠢ᠃ ᠠᠯᠢ ᠡᠷᠳᠡ ᠨᠡᠶᠢᠳᠡ | ᠲᠠᠶᠠᠭᠠᠷ ᠲᠤ ᠤᠯᠠᠨ ᠬᠤᠪᠢᠯᠪᠤᠷᠢ ᠪᠠᠷ ᠲᠡᠯᠭᠡᠷᠡᠭᠰᠡᠨ ︽ᠬᠥᠭᠰᠢᠨ ᠬᠤᠤᠬᠠᠩ︾ ᠭᠡᠳᠡᠭ ᠠᠷᠠᠳ ᠤᠨ ᠲᠠᠭᠤᠤ ᠶᠢ | ᠰᠥᠨᠢᠳᠴᠤᠤᠯ ᠰᠥᠨᠢᠳ ᠠᠷᠠᠳ ᠤᠨ ᠲᠠᠭᠤᠤ ᠭᠡᠮᠡᠨ ᠨᠤᠳᠤᠭ ᠤᠰᠤᠨ ᠤ ᠪᠠᠨ ᠨᠡᠷ᠎ᠡ ᠶᠢ ᠤᠷᠤᠭᠤᠯᠤᠨ ᠥᠮᠴᠢᠷᠬᠡᠨ | ᠲᠠᠭᠤᠯᠠᠵᠠᠭᠠᠳᠠᠭ᠃ ᠠᠷᠠᠳ ᠤᠨ ᠲᠠᠭᠤᠤ ᠯᠠ ᠪᠤᠯᠬᠤᠷ᠂ ᠭᠠᠵᠠᠷ ᠭᠠᠵᠠᠷ ᠤᠨ ᠬᠦᠮᠦᠰ ᠥᠮᠴᠢᠷᠬᠡᠨ ᠲᠠᠭᠤᠯᠠᠬᠤ | ᠦᠵᠡᠭᠳᠡᠯ ᠵᠥᠡᠭᠳᠡᠭᠡᠨ ᠯᠡ ᠪᠠᠶᠢᠳᠠᠭ᠃ ᠭᠡᠬᠦ ᠳᠡᠭᠡᠨ ᠰᠥᠨᠢᠳᠴᠤᠤᠯ ︽ᠬᠥᠭᠰᠢᠨ ᠬᠤᠤᠬᠠᠡᠭ︾ ᠢ ᠵᠥᠪᠬᠡᠨ | ᠲᠠᠭᠤᠤ ᠲᠡᠳᠦᠢ ᠲᠠᠭᠤᠯᠠᠵᠠᠭᠠᠭᠰᠠᠨ ᠪᠤᠰᠤ᠂ ᠬᠠᠷᠢᠨ ᠬᠤᠷᠳᠤ ᠶᠢ ᠡᠷᠬᠢᠮᠯᠡᠭᠰᠡᠨ ᠵᠤᠷᠢᠭ ᠰᠠᠨᠠᠭ᠎ᠠ ᠪᠤᠯᠭᠠᠨ ᠦᠶ᠎ᠡ | ᠲᠠᠮᠵᠢᠨ ᠲᠠᠭᠤᠯᠠᠵᠠᠭᠠᠵᠤ ᠢᠷᠡᠭᠰᠡᠨ ᠨᠢ ᠡᠳᠦᠭᠡ ᠡᠷᠢᠨ᠎ᠡ ᠲᠤᠳᠤᠷᠠᠵᠤ ᠢᠷᠡᠬᠦ ᠰᠢᠦ ᠶᠤᠮ᠃ ᠦᠶ᠎ᠡ ᠦᠶ᠎ᠡ ᠶᠢᠨ | ᠰᠦᠨᠢᠳᠴᠤᠤᠯ ︽ᠬᠥᠭᠰᠢᠨ ᠬᠤᠤᠬᠠᠩ︾ ᠢᠶᠠᠷ ᠰᠢᠷᠤᠩᠬᠠᠶᠢᠯᠠᠨ᠎ᠠ᠂ ᠴᠠᠭ ᠴᠠᠭ ᠤᠨ ᠬᠤᠷᠳᠤᠨ ᠬᠥᠯᠥᠭ ᠰᠥᠨᠢᠳ | ᠨᠤᠳᠤᠭ ᠠᠴᠠ ᠲᠤᠳᠤᠷᠠᠭᠰᠠᠭᠠᠷ ᠦᠨᠡᠭᠡᠷ ᠴᠤ ᠨᠢᠭᠡ ᠠᠷᠠᠳ ᠤᠨ ᠲᠠᠭᠤᠤ ᠠᠵᠢᠨᠠᠢ ᠬᠥᠯᠥᠭ ᠪᠤᠯᠵᠤ ᠠᠮᠢᠯᠠᠭᠰᠠᠨ | ᠤᠷᠤᠨ ᠭᠡᠵᠦ ᠪᠤᠯᠤᠮᠠᠷ ᠪᠤᠯᠵᠠᠢ᠃ ᠤᠨ ᠵᠢᠯ ᠤᠨ ᠲᠤᠭᠠᠯᠠᠩ ︽2016︾ ᠭᠡᠬᠦ ᠳᠤ ᠯᠡ ᠰᠥᠨᠢᠳ ᠪᠠᠷᠠᠭᠤᠨ | ᠬᠤᠰᠢᠭᠤ ︽ᠲᠤᠮᠳᠠᠳᠤ ᠤᠯᠤᠰ ᠤᠨ ᠲᠠᠯ᠎ᠠ ᠨᠤᠳᠤᠭ ᠤᠨ ᠬᠤᠷᠳᠤᠨ ᠬᠥᠯᠥᠭ ᠤᠨ ᠨᠤᠳᠤᠭ︾ ᠭᠡᠮᠡᠨ | ᠨᠡᠷᠡᠶᠢᠳᠦᠭᠳᠡᠭᠰᠡᠨ ᠪᠠᠶᠢᠨ᠎ᠠ᠃ ᠤᠶᠢᠯᠠᠭᠠᠭᠰᠠᠨ ᠢᠶᠠᠷ᠂ ᠰᠥᠨᠢᠳ ᠪᠠᠷᠠᠭᠤᠨ ᠬᠤᠰᠢᠭᠤᠨ ᠳᠤ 20 ᠠᠴᠠ ᠳᠡᠭᠡᠭᠰᠢ | ᠠᠳᠤᠭᠤ ᠮᠠᠯᠵᠢᠵᠦ ᠪᠠᠶᠢᠭ᠎ᠠ ᠡᠷᠦᠬᠡ 300 ᠭᠠᠷᠤᠢ ᠪᠠᠶᠢᠳᠠᠭ ᠠᠵᠢ᠃ ᠮᠡᠷᠭᠡᠨᠳᠤ ᠪᠤᠯ ᠰᠦᠨᠢᠳ ᠪᠠᠷᠠᠭᠤᠨ | ᠬᠤᠰᠢᠭᠤᠨ ᠤ ᠦᠷᠭᠡᠨᠳᠡᠯᠠ ᠪᠠᠯᠭᠠᠰᠤᠨ ᠤ ᠴᠠᠩᠳᠤᠰᠢᠯᠢ ᠭᠠᠴᠠᠭᠠᠨ ᠤ ᠮᠠᠯᠴᠢᠨ᠂ ᠤᠯᠠᠨ ᠨᠠᠶᠢᠷ ᠨᠠᠭᠠᠳᠤᠮ ᠢᠶᠠᠷ | ᠮᠤᠷᠢ ᠪᠠᠨ ᠤᠷᠤᠯᠳᠤᠭᠤᠯᠵᠦ ᠤᠳᠤ ᠬᠡᠶᠢᠮᠦᠷᠢ ᠲᠠᠢ ᠲᠠᠪᠬᠢᠭᠤᠯᠵᠦ ᠶᠠᠪᠤᠭᠰᠠᠨ ᠰᠠᠶᠢᠨ ᠤᠨᠤᠭᠠᠴᠢ ᠤᠶᠠᠭᠠᠴᠢ ᠪᠢᠯᠡ᠃ | ᠡᠳᠡᠨ ᠤ ᠬᠢ 160 ᠠᠳᠤᠭᠤ ᠮᠠᠯᠵᠢᠵᠦ᠂ ᠡᠭᠦᠨ ᠳᠤ ᠳᠠᠯᠠᠭᠠᠳ ᠮᠤᠩᠭᠤᠯ ᠠᠳᠤᠭᠤ ᠪᠤᠢ᠃ ᠡᠳᠡᠨ ᠤ | ᠠᠳᠤᠭᠤᠨ ᠤ ᠤᠳᠤᠮ ᠤᠭᠰᠠᠭ᠎ᠠ ᠨᠢ ᠴᠡᠪᠡᠷ᠂ ᠪᠡᠶ᠎ᠡ ᠪᠢᠯᠳᠡᠷ ᠨᠢ ᠴᠢᠬᠢᠷᠠᠭ ᠪᠠᠶᠢᠵᠦ᠂ ᠰᠦᠨᠢᠳ ᠨᠤᠲᠤᠭ ᠤᠨ | ᠮᠤᠩᠭᠤᠯ ᠠᠳᠤᠭᠤᠨ ᠤ ᠪᠡᠶ᠎ᠡ ᠭᠠᠯᠪᠢᠷ᠂ ᠤᠨᠴᠠᠯᠢᠭ ᠰᠢᠨᠵᠢ ᠶᠢ ᠲᠡᠷᠡ ᠬᠡᠪ ᠢᠶᠠᠷ ᠨᠢ ᠬᠠᠳᠠᠭᠠᠯᠠᠵᠦ ᠪᠠᠶᠢᠳᠠᠭ᠃ | ᠮᠡᠷᠭᠡᠨᠳᠦ ᠭᠠᠴᠠᠭᠠᠨ ᠤ ᠪᠠᠨ 5 ᠮᠠᠯᠴᠢᠨ ᠡᠷᠤᠬᠡ ᠲᠠᠢ ᠬᠤᠯᠪᠤᠭᠠᠯᠠᠨ ᠪᠠᠯᠠ ᠮᠥᠩᠭᠦ ᠭᠠᠷᠭᠠᠵᠤ᠂ ᠬᠤᠰᠢᠭᠤᠨ ᠤ | ᠵᠠᠰᠠᠭ ᠤᠨ ᠤᠷᠳᠤᠨ ᠤ ᠲᠡᠮᠵᠢᠯᠭᠡ ᠲᠤᠤᠷ᠎ᠠ 2016 ᠤᠨ ᠳᠤ ︽ᠳᠠᠮᠠᠴᠢ ᠠᠵᠢᠨᠠᠢ︾ ᠠᠳᠤᠭᠤᠨ ᠤ ᠦᠢᠯᠡᠰ ᠤᠨ | ᠲᠤᠰᠬᠠᠶ ᠬᠤᠷᠰᠢᠶᠠᠵᠢᠯ ᠪᠠᠶᠢᠭᠤᠯᠵᠤ᠂ 700 ᠬᠠᠪᠳᠠᠭᠠᠢ ᠲᠦᠷᠪᠡᠯᠵᠢᠨ ᠮᠤᠳ᠋ᠷ ᠤᠨ ᠪᠠᠷᠢᠮᠵᠢᠶᠠᠵᠢᠭᠰᠠᠨ ᠮᠤᠷᠢᠨ ᠤ | ᠬᠠᠰᠢᠶ᠎ᠠ ᠪᠠᠶᠢᠭᠤᠯᠤᠨ᠂ ᠠᠳᠤᠭᠤ ᠶᠢ ᠭᠡᠪᠴᠢᠶᠠᠵᠢᠬᠦᠯᠦᠨ ᠮᠠᠯᠵᠢᠬᠤ ᠪᠠ ᠡᠬᠦᠯᠲᠡᠷ ᠰᠢᠯᠢᠳᠡᠭᠵᠢᠬᠦᠯᠬᠦ ᠠᠵᠢᠯ ᠢ ᠬᠢᠵᠤ᠂ | ᠠᠳᠤᠭᠤᠨ ᠤ ᠠᠵᠤ ᠦᠢᠯᠡᠰ ᠢ ᠬᠦᠭᠵᠢᠬᠦᠯᠵᠠᠢ᠃ | ᠰᠤᠨᠢᠨ ᠰᠡᠳᠭᠦᠯ ᠭᠡᠳᠡᠭ ᠪᠤᠳᠠᠳᠠᠢ ᠲᠤᠭ᠎ᠠ ᠪᠠᠷᠢᠮᠳᠠ ᠪᠠᠷ ᠦᠭᠡ ᠬᠡᠯᠡᠬᠦ ᠶᠢ ᠡᠷᠬᠢᠮᠯᠡᠬᠦ ᠠᠴᠠ ᠪᠢᠰᠢ᠂ | ᠪᠤᠳᠠᠳᠠᠢ ᠲᠤᠭ᠎ᠠ ᠪᠠᠷᠢᠮᠳᠠ ᠠᠴᠠ ᠴᠠᠭᠠᠰᠢ ᠪᠤᠳᠠᠳᠠᠢ ᠤᠴᠢᠷ ᠢᠶᠠᠷ ᠶᠠᠷᠢᠪᠠᠯ᠂ ᠬᠤᠷᠳᠤᠨ ᠬᠥᠯᠥᠭ ᠪᠤᠶᠢᠵᠢᠭᠤᠯᠬᠤ | ᠭᠡᠳᠡᠭ ᠪᠤᠯ᠂ ᠵᠠᠰᠠᠭ ᠲᠥᠷᠦ ᠵᠢᠭᠠᠪᠤᠷᠢ ᠪᠠᠨ ᠥᠭᠴᠢᠬᠡᠪᠡᠯ᠂ ᠮᠠᠯᠴᠢᠨ ᠠᠷᠠᠳ ᠶᠠᠮᠠᠷ ᠱᠠᠯᠠᠭ᠎ᠠ ᠦᠭᠡᠢ ᠪᠠᠷ | ᠬᠦᠢᠴᠡᠳᠭᠡᠬᠦ ᠠᠶᠠᠨᠳᠠᠭᠠᠨ ᠤ ᠠᠵᠢᠯ ᠭᠡᠳ ᠤᠶᠢᠯᠠᠭᠠᠴᠢᠬᠠᠪᠠᠯ ᠤᠨᠤᠴᠢ ᠶᠢ ᠨᠢ ᠤᠯᠤᠭᠰᠠᠨ ᠶᠠᠪᠤᠳᠠᠯ ᠪᠤᠯᠬᠤ ᠶᠤᠮ᠃ | ᠤᠴᠢᠷ ᠨᠢ᠂ ᠬᠤᠷᠳᠤ ᠲᠠᠢ ᠬᠥᠯᠥᠭ ᠮᠠᠯᠵᠢᠨ᠎ᠠ ᠭᠡᠬᠦ ᠰᠢᠭ ᠪᠠᠭᠠᠳᠠᠢ ᠠᠵᠢᠯ ᠪᠤᠯ ᠲᠡᠳᠡᠨ ᠤ ᠬᠦᠰᠡᠭᠡᠳ ᠤᠯᠬᠤ | ᠦᠭᠡᠢ ᠪᠠᠶᠢᠭᠰᠠᠨ ᠠᠵᠢᠯ ᠤᠨ ᠨᠢᠭᠡ ᠶᠤᠮ᠃ ᠶᠠᠭ ᠡᠶᠢᠮᠦ ᠳᠡᠭᠡᠨ᠂ ᠰᠢᠯᠢ ᠶᠢᠨ ᠭᠤᠤᠯ ᠤᠨ ᠲᠤᠷᠭᠠᠨ ᠬᠥᠷᠦᠰᠦᠨ | ᠲᠡᠭᠡᠷ᠎ᠡ ᠬᠤᠷᠳᠤᠨ ᠬᠥᠯᠥᠭ ᠪᠤᠶᠢᠵᠢᠭᠤᠯᠬᠤ ᠠᠵᠢᠯ ᠬᠤᠷ᠎ᠠ ᠬᠦᠰᠡᠭᠰᠡᠨ ᠰᠢᠯᠢ ᠳᠤ ᠷᠠᠰᠢᠶᠠᠨ ᠪᠠᠭᠤᠭᠰᠠᠨ ᠮᠡᠳᠦ | ᠪᠤᠯᠤᠭᠰᠠᠨ ᠶᠤᠮ᠃ ᠲᠦᠷᠦ ᠶᠢᠨ ᠵᠢᠭᠠᠪᠤᠷᠢ ᠲᠦᠮᠡᠨ ᠤ ᠰᠠᠨᠠᠭ᠎ᠠ ᠨᠡᠪᠳᠡ ᠠᠭᠤᠰᠤᠯᠴᠠᠭᠰᠠᠨ ᠴᠠᠭ ᠲᠤ ᠶᠠᠮᠠᠷ ᠠᠵᠢᠯ | ᠪᠥᠳᠦᠬᠦ ᠦᠭᠡᠢ ᠭᠡᠬᠦ ᠪᠢᠯᠡ᠃ | ᠬᠠᠮ ᠵᠠᠭᠤᠴᠢᠯᠠᠭᠤᠷ ᠤᠨ ᠰᠤᠷᠪᠤᠯᠵᠢᠯᠠᠭᠴᠢ ᠢᠪᠡᠭᠡᠯ |