ᠮᠤᠷᠢᠨ ᠤ ᠪᠠᠨ 25 ᠨᠠᠰᠤᠨ ᠤ ᠵᠢᠯ ᠢ ᠤᠷᠤᠭᠤᠯᠪᠠ
ᠨᠡᠶᠢᠲᠡᠯᠡᠭᠰᠡᠨ ᠴᠠᠭ᠄
2024/3/27
     ᠰᠠᠷᠠᠨᠮᠠᠨᠳᠤᠬᠤ ᠪᠤᠯ ᠰᠢᠯᠢ ᠶᠢᠨ ᠬᠤᠲᠠ ᠶᠢᠨ ᠴᠤᠭᠠᠠᠭᠤᠯᠠ ᠰᠤᠮᠤᠨ ᠤ ᠴᠠᠭᠠᠨᠨᠠᠭᠤᠷ ᠭᠠᠴᠠᠭ᠎ᠠ ᠪᠠᠷ ᠨᠣᠲᠤᠭᠲᠠᠢ ᠦᠪᠦᠷ ᠮᠤᠩᠭᠤᠯ ᠤᠨ ᠠᠵᠦ ᠦᠢᠯᠡᠳᠪᠦᠷᠢ ᠶᠢᠨ ᠶᠡᠭᠡ ᠰᠤᠷᠭᠠᠭᠤᠯᠢ ᠶᠢᠨ ᠪᠠᠭᠰᠢ ᠶᠤᠮ᠃ ᠲᠡᠷᠡ ᠠᠵᠢᠯ ᠤᠨ ᠴᠢᠯᠦᠬᠡ ᠪᠠᠷ ᠢᠶᠠᠨ ᠴᠢᠩᠬᠤᠸᠠ ᠶᠡᠭᠡ ᠰᠤᠷᠭᠠᠭᠤᠯᠢ ᠳᠤ ᠠᠬᠠᠯᠠᠭᠴᠢ ᠳ᠋ᠣᠺᠲ᠋ᠣᠷ ᠢᠶᠠᠷ ᠠᠵᠢᠯᠯᠠᠵᠤ ᠰᠤᠷᠤᠯᠴᠠᠵᠤ ᠪᠠᠶᠢᠨ᠎ᠠ᠃ ᠴᠠᠭᠠᠨ ᠰᠠᠷ᠎ᠠ ᠪᠠᠷ ᠠᠷᠤ ᠭᠡᠷ ᠲᠡᠭᠡᠨ ᠢᠷᠡᠵᠦ ᠰᠢᠨᠡᠯᠡᠬᠦ ᠳᠡᠭᠡᠨ ᠳᠡᠭᠦᠤ ᠮᠢᠳᠠᠭᠮ᠎ᠡ ᠲᠠᠢ ᠪᠠᠨ ᠬᠤᠶᠠᠭᠤᠯᠠ ᠠᠩᠬ᠎ᠠ ᠭᠠᠷ ᠢ ᠨᠢ ᠭᠠᠨᠵᠤᠭᠠᠨ ᠳᠤ ᠬᠥᠯ ᠢ ᠨᠢ ᠳᠦᠷᠦᠭᠡᠨ ᠳᠤ ᠬᠦᠷᠭᠡᠭᠰᠡᠨ ᠬᠠᠶᠢᠷᠠᠲᠠᠢ ᠲᠤᠯᠢᠨ ᠰᠠᠷᠠᠲᠠᠢ ᠬᠤᠤᠨ ᠮᠤᠷᠢᠨ ᠤ ᠪᠠᠨ ᠬᠤᠷᠢᠨ ᠲᠠᠪᠤᠨ ᠨᠠᠰᠤᠨ ᠤ ᠵᠢᠯ ᠢ ᠨᠢ ᠤᠷᠤᠭᠤᠯᠤᠭᠰᠠᠨ ᠪᠠᠶᠢᠨ᠎ᠠ᠃ ᠮᠤᠷᠢᠨ ᠳᠠᠭᠠᠨ ᠬᠠᠳᠠᠭ ᠤᠨ ᠭᠤᠤᠯ ᠲᠠᠢ ᠲᠠᠪᠤᠨ ᠥᠩᠭᠡ ᠶᠢᠨ ᠲᠤᠷᠭᠠᠨ ᠰᠠᠴᠤᠭ ᠲᠠᠢ ᠵᠠᠩᠭᠢᠶ᠎ᠠ ᠵᠡᠭᠦᠯᠭᠡᠵᠦ᠂ ᠨᠠᠮᠲᠠᠷ ᠲᠡᠤᠬᠡ ᠶᠢ ᠨᠢ ᠲᠤᠷᠠᠰᠴᠤ ᠵᠢᠯ ᠢ ᠨᠢ ᠤᠷᠤᠭᠤᠯᠤᠭᠰᠠᠨ ᠪᠢᠴᠢᠯᠭᠡ ᠬᠤᠯᠪᠤᠭ᠎ᠠ ᠰᠦᠯᠵᠢᠶ᠎ᠡ ᠪᠠᠷ ᠲᠠᠮᠵᠢᠭᠲᠠᠨ ᠦᠵᠡᠭᠰᠡᠨ ᠪᠦᠭᠦᠨ ᠤ ᠠᠩᠬᠠᠷᠤᠯ ᠢ ᠶᠡᠬᠡᠳᠡ ᠳᠠᠲᠠᠯ᠎ᠠ᠃
     ᠲᠡᠳᠡᠨ ᠤ ᠬᠢ 2000 ᠤᠨ ᠳᠤ ᠠᠳᠤᠭᠤᠨ ᠤ ᠪᠠᠨ ᠤᠯᠠᠩᠭᠢ ᠶᠢ ᠨᠢ ᠬᠤᠳᠠᠯᠳᠤᠬᠤ ᠳᠤ ᠤᠳᠤᠮ ᠰᠠᠶᠢᠲᠠᠢ ᠬᠦᠶᠦᠳᠡᠭ ᠮᠤᠷᠢ ᠪᠤᠯᠤᠨ᠎ᠠ ᠭᠡᠵᠦ ᠬᠡᠳᠦᠨ ᠤᠨᠤᠭᠠᠷᠢ ᠶᠢᠨ ᠮᠤᠷᠢ ᠲᠠᠢ ᠪᠠᠨ ᠬᠠᠮᠲᠤ ᠭᠠᠭᠴᠠᠬᠠᠨ ᠰᠠᠷᠪᠠ ᠠᠪᠴᠤ ᠦᠯᠡᠳᠡᠭᠰᠡᠨ ᠨᠢ ᠡᠨᠡ ᠬᠤᠸᠠ ᠮᠤᠷᠢ ᠪᠢᠯᠡ᠃ ᠨᠢᠭᠡ ᠡᠪᠤᠯ ᠡᠪᠡᠰᠦᠯᠡᠨ ᠲᠡᠵᠢᠭᠡᠵᠦ ᠬᠦᠮᠦᠨ ᠪᠦᠬᠦᠳᠡ ᠥᠬᠦᠭᠡᠷᠳᠡᠨ ᠨᠤᠤᠯᠠᠵᠤ ᠤᠨᠳᠤᠷᠤᠭᠤᠯᠤᠭᠰᠠᠨ ᠢᠶᠠᠨ ᠳᠠᠷᠠᠭ᠎ᠠ ᠬᠠᠪᠤᠷ ᠨᠢ ᠤᠨᠤᠵᠤ ᠰᠤᠷᠭᠠᠭᠰᠠᠨ ᠠᠵᠢ᠃ ᠢᠡᠭᠬᠢᠭᠡᠳ ᠳᠤᠯᠢᠨ ᠰᠠᠷᠠᠳᠠᠢ ᠬᠤᠸᠠ ᠮᠤᠷᠢ ᠬᠡᠨ ᠴᠤ ᠬᠠᠮᠢᠶ᠎ᠠ ᠦᠭᠡᠢ ᠬᠡᠭᠡᠷ᠎ᠡ ᠲᠠᠯ᠎ᠠ ᠠᠴᠠ ᠴᠤ ᠰᠤᠯᠠ ᠪᠠᠷᠢᠴᠢᠬᠠᠳᠠᠭ᠂ ᠤᠨᠤᠵᠤ ᠡᠳ᠋ᠯᠡᠬᠦ ᠳᠤ ᠨᠣᠮᠤᠬᠠᠨ ᠂ ᠦᠷᠭᠦᠵᠦ ᠰᠤᠴᠢᠬᠤ ᠡᠯᠳᠡᠪ ᠡᠰᠡᠨ ᠤ ᠵᠠᠩ ᠠᠭᠠᠰᠢ ᠦᠭᠡᠢ᠂  ᠮᠧᠲᠷ ᠭᠤᠴᠢ ᠭᠠᠷᠦ᠋ᠢᠬᠠᠨ ᠪᠡᠶ᠎ᠡ ᠲᠠᠢ᠂ ᠨᠢᠭᠡ ᠪᠦᠯᠢ ᠶᠢᠨ ᠭᠤᠷᠪᠠᠨ ᠦᠶ᠎ᠡ ᠶᠢᠨ ᠬᠢᠨ ᠤ ᠬᠠᠶᠢᠷ᠎ᠠ ᠡᠨᠡᠷᠢᠯ ᠰᠢᠩᠭᠡᠭᠰᠡᠨ ᠬᠠᠪᠤᠲᠠᠢ ᠨᠣᠮᠤᠬᠠᠨ ᠮᠤᠷᠢ ᠪᠤᠯᠤᠭᠰᠠᠨ ᠪᠠᠶᠢᠨ᠎ᠠ᠃
     ᠰᠠᠷᠠᠨᠮᠠᠨᠳᠤᠬᠤ ᠶᠢᠨ ᠠᠪᠤ ᠨᠢ ᠮᠤᠷᠢ ᠤᠶᠠᠵᠤ ᠬᠤᠷᠳᠤᠯᠠᠭᠤᠯᠬᠤ ᠳᠤ ᠲᠤᠷᠠᠲᠠᠢ ᠬᠦᠮᠦᠨ ᠪᠤᠯᠬᠤᠷ ᠬᠤᠸᠠ ᠮᠤᠷᠢ ᠪᠠᠨ ᠨᠠᠰᠤ ᠪᠡᠶ᠎ᠡ ᠨᠢ ᠬᠦᠢᠴᠡᠭᠡᠳ ᠢᠷᠡᠬᠦᠯᠡᠷ ᠤᠶᠠᠵᠦ ᠰᠦᠢᠬᠤ ᠭᠡᠰᠡᠨ ᠶᠤᠮ ᠪᠠᠶᠢᠨ᠎ᠠ᠃ ︽ᠡᠵᠢ ᠪᠢᠳᠡ ᠭᠤᠷᠪᠠ ᠤᠳᠤ ᠮᠤᠷᠢᠨ ᠤ ᠡᠳ᠋ᠯᠡᠭᠡ ᠤᠨᠤᠯᠭ᠎ᠠ ᠴᠥᠭᠡᠷᠡᠭᠰᠡᠨ ᠴᠠᠭ ᠲᠤ ᠡᠶᠢᠮᠦ ᠨᠢᠭᠡ ᠬᠠᠪᠤᠲᠠᠢ ᠨᠤᠮᠤᠬᠠᠨ ᠮᠤᠷᠢ ᠭᠠᠷᠣᠭᠠᠳ ᠢᠷᠡᠭᠦᠯᠡᠷ ᠤᠶᠠᠵᠤ ᠰᠦᠢᠨ᠎ᠠ ᠭᠡᠳ ᠶᠠᠭᠠᠬᠢᠬᠤ ᠪᠤᠢ︾ ᠭᠡᠵᠦ ᠤᠭᠲᠤ ᠵᠥᠪᠰᠢᠶᠡᠷᠡᠭᠰᠡᠨ ᠦᠭᠡᠢ ᠭᠡᠵᠦ ᠲᠡᠬᠦᠦ ᠮᠢᠳᠠᠭᠮ᠎ᠡ ᠨᠢ ᠢᠨᠢᠶᠡᠨ ᠶᠡᠷᠢᠨ᠎ᠠ᠃
     ᠮᠢᠳᠠᠭᠮ᠎ᠠ᠄ ︽ᠮᠠᠨ ᠤ ᠠᠪᠤ ᠡᠵᠢ ᠬᠡᠳᠦ ᠬᠡᠳᠦᠨ ᠬᠤᠨᠢᠨ ᠤ ᠠᠷᠪᠠᠨ ᠭᠤᠷᠪᠠ ᠶᠢ ᠨᠢ ᠤᠷᠤᠭᠤᠯᠤᠭᠰᠠᠨ᠂ ᠬᠤᠤᠨ ᠬᠦᠵᠦᠭᠦᠲᠦ ᠭᠡᠳᠡᠭ ᠬᠤᠨᠢᠨ ᠤ ᠪᠠᠨ ᠠᠷᠪᠠᠨ ᠭᠤᠷᠪᠠ ᠶᠢ ᠤᠷᠤᠭᠤᠯᠤᠭᠠᠳ ᠲᠡᠷᠡ ᠬᠤᠨᠢ ᠠᠷᠪᠠᠨ ᠵᠢᠷᠭᠤᠭ᠎ᠠ ᠬᠦᠷᠦᠭᠡᠳ ᠨᠣᠲᠤᠭ ᠲᠠᠭᠠᠨ ᠵᠢᠰᠢᠭᠰᠡᠨ᠃ ᠡᠪᠦᠭᠡ ᠲᠡᠭᠡᠳᠦᠰ ᠠᠴᠠ ᠪᠠᠨ ᠤᠯᠠᠮᠵᠢᠯᠠᠭᠰᠠᠨ ᠶᠤᠰᠤ ᠵᠠᠩᠰᠢᠯ ᠢᠶᠠᠷ ᠮᠠᠨ ᠤ ᠠᠬ᠎ᠠ ᠲᠡᠭᠦᠤ ᠬᠤᠶᠠᠭᠤᠯᠠ ᠲᠤᠯᠢᠨ ᠰᠠᠷᠠᠲᠠᠢ ᠬᠤᠸᠠ ᠮᠤᠷᠢᠨ ᠤ ᠪᠠᠨ ᠵᠢᠯ ᠢ ᠤᠷᠤᠭᠤᠯᠤᠭᠰᠠᠨ ᠶᠤᠮ᠃ ᠬᠤᠤᠨ ᠮᠤᠷᠢ ᠮᠢᠨᠢ ᠠᠪᠤ ᠡᠵᠢ᠂ ᠮᠠᠨ ᠤ ᠠᠬ᠎ᠠ ᠲᠡᠭᠦᠤ ᠬᠤᠶᠠᠷ᠂ ᠬᠡᠤᠬᠡᠳ ᠤᠳ᠂ ᠮᠠᠨ ᠤ ᠭᠤᠷᠪᠠᠨ ᠦᠶ᠎ᠡ ᠪᠠᠷ ᠢᠶᠠᠨ ᠤᠨᠤᠵᠤ ᠡᠳ᠋ᠯᠡᠵᠦ ᠢᠷᠡᠭᠰᠡᠨ ᠬᠠᠶᠢᠷᠠᠲᠠᠢ ᠬᠥᠯᠥᠭ ᠪᠤᠯᠬᠤᠷ ᠮᠠᠨ ᠤ ᠭᠡᠷ ᠪᠦᠯᠢ ᠪᠠᠷ ᠢᠶᠠᠨ ᠵᠦᠪᠳᠡᠯᠴᠡᠵᠦ᠂ ᠪᠤᠲᠠ ᠮᠠᠯ ᠢ ᠵᠦᠨᠦᠳᠡᠭᠡᠵᠦ ᠦᠬᠦᠭᠦᠯᠳᠡᠭ ᠦᠭᠡᠢ ᠭᠡᠳᠡᠭ ᠲᠡᠭᠡᠳᠦᠰ ᠤᠨ ᠢᠶᠠᠨ ᠶᠤᠰᠤ ᠵᠢᠷᠤᠮ ᠢ ᠡᠪᠳᠡᠵᠦ ᠨᠣᠲᠤᠭ ᠲᠤ ᠨᠢ ᠵᠢᠰᠢᠭᠦᠯᠬᠦ ᠪᠠᠷ ᠲᠤᠭᠳᠠᠭᠰᠠᠨ︾ ᠭᠡᠵᠦ ᠪᠠᠶᠢᠯ᠎ᠠ᠃
     ᠬᠤᠸᠠ ᠮᠤᠷᠢ ᠳᠠᠰᠤᠭᠰᠠᠨ ᠡᠵᠡᠨ ᠳᠡᠭᠡᠨ ᠨᠤᠪ ᠨᠤᠮᠤᠬᠠᠨ ᠪᠤᠯᠪᠠᠴᠤ ᠤᠨᠳᠤᠤ ᠬᠦᠮᠦᠨ ᠳᠤ ᠪᠤᠯ ᠲᠠᠶᠢᠮᠦ ᠠᠮᠠᠷᠬᠠᠨ ᠪᠠᠷᠢᠭᠳᠠᠬᠤ ᠦᠭᠡᠢ ᠮᠦᠷᠲᠡᠭᠡᠨ ᠬᠤᠷ ᠬᠠᠷ ᠭᠡᠳ ᠬᠡᠷᠡᠮ ᠬᠠᠰᠢᠶᠠᠨ ᠳᠤ ᠴᠤ ᠤᠷᠤᠬᠤ ᠦᠭᠡᠢ ᠪᠤᠷᠤᠭᠤᠯᠠᠳᠠᠭ ᠶᠤᠮ ᠪᠠᠶᠢᠨ᠎ᠠ᠃ ᠬᠤᠸᠠ ᠮᠤᠷᠢ ᠵᠢᠷᠭᠤᠭᠠᠨ ᠨᠠᠰᠤᠲᠠᠢ ᠲᠡᠷᠡ ᠵᠢᠯ ᠳᠡᠭᠡᠨ ᠪᠤᠰᠤᠳ ᠤᠨ ᠠᠳᠤᠭᠤ ᠮᠠᠯ ᠢ ᠲᠠᠭᠠᠵᠦ ᠶᠠᠪᠤᠭᠰᠠᠨ ᠶᠤᠮ ᠦᠦ ᠪᠣᠤ ᠮᠡᠳᠡ᠂ ᠭᠡᠨᠡᠳᠲᠡ ᠠᠯᠠᠭ᠎ᠠ ᠪᠤᠯᠵᠤ ᠬᠡᠳᠦᠨ ᠰᠠᠷ᠎ᠠ ᠪᠠᠷ ᠡᠷᠢᠯ ᠲᠠᠯᠪᠢᠭᠰᠠᠨ ᠴᠤ ᠦᠵᠡᠭᠰᠡᠨ ᠬᠠᠷᠠᠭᠰᠠᠨ ᠬᠦᠮᠦᠨ ᠦᠭᠡᠢ ᠰᠤᠷᠠᠭ ᠳᠠᠰᠤᠷᠠᠵᠠᠢ᠃ ᠭᠡᠷ ᠢᠶᠠᠷ ᠢᠶᠠᠨ ᠰᠠᠨᠠᠭ᠎ᠠ ᠪᠤᠯᠵᠦ᠂ ᠬᠤᠸᠠ ᠮᠤᠷᠢ ᠲᠠᠢ ᠪᠠᠨ ᠬᠤᠪᠢ ᠢᠷᠦᠭᠡᠯ ᠳᠠᠭᠤᠰᠤᠭᠰᠠᠨ ᠪᠤᠯᠤᠯᠲᠠᠢ ᠭᠡᠵᠦ ᠪᠤᠳᠤᠭᠰᠠᠨ ᠠᠵᠢ᠃ ᠭᠠᠷ ᠢᠶᠠᠨ ᠨᠤᠬᠤᠯᠠᠨ ᠭᠠᠴᠢᠭᠳᠠᠵᠤ ᠪᠠᠶᠢᠬᠤ ᠳᠤ ᠨᠢᠭᠡ ᠡᠳᠦᠷ ᠭᠡᠳᠡᠰᠦ ᠵᠣ ᠨᠢ ᠡᠩ ᠢᠶᠠᠷ ᠢᠶᠠᠨ ᠠᠳᠡ ᠲᠡᠨᠳᠡ ᠦᠭᠡᠢ ᠬᠡᠭᠵᠡᠷᠡᠴᠢᠬᠡᠭᠰᠡᠨ᠂ ᠤᠯᠠᠭᠠᠨ ᠵᠠᠭᠠᠯ ᠪᠤᠯᠴᠢᠬᠠᠭᠰᠠᠨ ᠠᠮᠢᠳᠠᠨ ᠭᠦᠶᠦᠵᠦ ᠬᠠᠷᠢᠪᠠ᠃ ᠳᠤᠤᠷ ᠲᠤ ᠬᠠᠰᠢᠭᠳᠠᠵᠤ ᠳᠡᠭᠡᠭᠦᠷ ᠨᠢ ᠬᠦᠷᠪᠡᠭᠡᠵᠦ ᠭᠠᠷᠬᠤ ᠳᠠᠭᠠᠨ ᠱᠦᠷᠦᠭ ᠲᠠᠢ ᠤᠳᠠᠰᠤᠨ ᠳᠤ ᠪᠡᠶ᠎ᠡ ᠪᠠᠨ ᠤᠷᠠᠭᠰᠠᠨ ᠪᠠᠶᠢᠬ᠎ᠠ ᠭᠡᠵᠦ ᠲᠡᠳᠡ ᠶᠡᠬᠡᠯᠡ ᠦᠷᠦᠪᠳᠦᠭᠰᠡᠨ ᠬᠡᠳᠡᠭ᠃
     ᠬᠤᠸᠠ ᠮᠤᠷᠢ ᠭᠡᠷᠰᠡᠭ᠂ ᠡᠵᠡᠨ ᠳᠡᠭᠡᠨ ᠶᠡᠭᠡ ᠡᠭᠡᠯᠢᠲᠡᠢ ᠮᠤᠷᠢ᠃ ᠬᠡᠳᠦ᠋ᠪᠡᠷ ᠬᠤᠷᠢᠨ ᠲᠠᠪᠤ ᠬᠦᠷᠴᠢᠬᠡᠭᠰᠡᠨ ᠪᠤᠯᠪᠠᠴᠤ ᠭᠠᠳᠠᠷ ᠪᠠᠶᠢᠳᠠᠯ ᠠᠴᠠ ᠪᠠᠨ ᠵᠢᠭᠠᠬᠠᠨ ᠴᠤ ᠬᠥᠭᠰᠢᠷᠡᠭᠰᠡᠨ ᠶᠠᠩᠵᠦ ᠦᠭᠡᠢ᠂ ᠪᠠᠷᠤᠭ ᠭᠤᠴᠢᠨ ᠳᠤᠯᠤᠭ᠎ᠠ ᠪᠠᠨ ᠤᠷᠤᠭᠤᠯᠵᠤ ᠮᠡᠳᠡᠨ᠎ᠡ ᠭᠡᠵᠦ ᠡᠵᠡᠨ ᠨᠢ ᠦᠬᠦᠬᠡᠷᠳᠡᠨ ᠶᠠᠷᠢᠨ᠎ᠠ᠃
          ᠤᠨᠴᠡ ᠤᠷᠢᠭᠰᠠᠨ ᠴᠢᠮᠡᠭᠡᠯᠡᠭᠴᠢ ᠳᠤᠩᠷᠤᠪᠰᠡᠷᠡᠩ
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号