ᠠᠳᠤᠭᠤᠨ ᠤ ᠮᠢᠬ᠎ᠠ ᠪᠠᠷ ᠰᠢᠨ᠎ᠡ ᠪᠦᠳᠦᠬᠡᠭᠳᠡᠬᠦᠨ ᠬᠢᠪᠡᠯ ᠠᠵᠦ ᠦᠢᠯᠡᠰᠵᠢᠯᠳᠡ ᠶᠢᠨ ᠠᠬᠢᠴᠡ ᠲᠦᠷᠬᠡᠰᠦᠨ᠎ᠡ
ᠨᠡᠶᠢᠲᠡᠯᠡᠭᠰᠡᠨ ᠴᠠᠭ᠄
2024/3/27
— ᠮᠠᠨ ᠤ ᠠᠶᠢᠮᠠᠭ ᠤᠨ ᠵᠢᠯ ᠪᠦᠷᠢ ᠤᠯᠠᠨ ᠠᠳᠤᠭᠤ ᠪᠤᠷᠤᠯᠠᠭᠤᠯᠳᠠᠭ ᠭᠡᠰᠡᠭ ᠮᠠᠯᠴᠢᠨ ᠠᠶᠢᠯ ᠢ ᠰᠤᠷᠪᠤᠯᠵᠢᠯᠠᠭᠠᠳ                       ᠬᠠᠮ ᠵᠠᠭᠤᠴᠢᠯᠠᠭᠤᠷ ᠤᠨ ᠰᠤᠷᠪᠤᠯᠵᠢᠯᠠᠭᠴᠢ ᠪᠠᠶᠠᠨᠴᠡᠴᠡᠭ      ᠠᠳᠤᠭᠤᠨ ᠰᠤᠶᠤᠯ ᠪᠤᠯ ᠮᠤᠩᠭᠤᠯ ᠦᠨᠳᠦᠰᠦᠳᠡᠨ ᠤ ᠡᠷᠳᠡ ᠲᠡᠬᠡᠳᠦ ᠠᠴᠠ ᠪᠠᠨ ᠦᠪᠯᠡᠵᠦ ᠢᠷᠡᠭᠰᠡᠨ ᠰᠤᠶᠤᠯ ᠪᠢᠯᠡ᠃ ᠡᠷᠳᠡ ᠳᠡᠭᠡᠳᠦ ᠠᠴᠠ ᠪᠠᠨ ᠠᠳᠤᠭᠤᠳᠤ ᠨᠤᠲᠤᠭ ᠬᠡᠮᠡᠬᠦ ᠰᠠᠶᠢᠬᠠᠨ ᠠᠯᠳᠠᠷ ᠳ᠋ᠠᠢ ᠮᠠᠨ ᠤ ᠠᠶᠢᠮᠠᠭ ᠠᠳᠤᠭᠤᠨ ᠤ ᠠᠵᠤ ᠦᠢᠯᠡᠰ ᠢ ᠬᠦᠭᠵᠢᠬᠦᠯᠬᠦ ᠳᠠᠯ᠎ᠠ ᠪᠠᠷ ᠵᠢᠯ ᠠᠴᠠ ᠵᠢᠯ ᠢᠳᠡᠪᠬᠢᠳᠡᠢ ᠠᠵᠢᠯᠯᠠᠵᠦ ᠪᠠᠶᠢᠭ᠎ᠠ ᠪᠢᠯᠡ᠃ ᠠᠳᠤᠭᠤᠨ ᠤ ᠠᠵᠦ ᠦᠢᠯᠡᠰᠵᠢᠯᠳᠡ ᠶᠢᠨ ᠤᠯᠠᠨ ᠠᠷᠭ᠎ᠠ ᠠᠪᠴᠠᠯ ᠤᠨ ᠳᠤᠮᠳᠠ ᠮᠢᠬᠠᠨ ᠤ ᠠᠳᠤᠭᠤ ᠮᠠᠯᠵᠢᠵᠦ᠂ ᠵᠢᠯ ᠪᠤᠯᠭᠠᠨ ᠤᠯᠠᠨ ᠳᠤᠭ᠎ᠠ ᠪᠠᠷ ᠭᠠᠳᠠᠭᠰᠢ ᠪᠤᠷᠤᠯᠠᠭᠤᠯᠬᠤ ᠪᠤᠯ ᠨᠢᠭᠡᠨ ᠭᠠᠷᠬᠤ ᠵᠠᠮ ᠶᠤᠮ᠃ ᠤᠳᠤᠬᠠᠨ ᠳᠤ ᠮᠠᠨ ᠤ ᠠᠶᠢᠮᠠᠭ ᠳᠡᠳᠦᠢ ᠦᠭᠡᠢ᠂ ᠪᠦᠬᠦ ᠤᠷᠤᠨ ᠳᠤ ᠴᠤ ᠠᠳᠤᠭᠤᠨ ᠤ ᠮᠢᠬ᠎ᠠ ᠪᠠᠷ ᠪᠦᠳᠦᠭᠡᠭᠳᠡᠬᠦᠨ ᠬᠢᠵᠦ ᠪᠠᠶᠢᠭ᠎ᠠ ᠭᠠᠵᠠᠷ ᠪᠠᠶᠢᠬᠤ ᠦᠭᠡᠢ ᠶᠤᠮ ᠪᠠᠶᠢᠨ᠎ᠠ᠃ ᠠᠳᠤᠭᠤ ᠤᠯᠠᠨ ᠪᠤᠷᠤᠯᠠᠭᠤᠯᠳᠠᠭ ᠮᠠᠯᠴᠢᠳ ᠮᠠᠨᠢ  ᠡᠾᠧᠪᠸᠢ᠂ ᠡᠾᠧᠨᠠᠨ ᠵᠡᠷᠭᠡ ᠭᠠᠳᠠᠷ ᠮᠤᠵᠢ ᠬᠤᠳᠠ ᠶᠢᠨ ᠠᠷᠠᠯᠵᠢᠶᠠᠴᠢᠨ ᠳᠤ ᠠᠳᠤᠭᠤ ᠪᠠᠨ ᠬᠤᠳᠠᠯᠳᠤᠵᠦ ᠠᠳᠤᠭᠤᠨ ᠤ ᠮᠢᠬᠠᠨ ᠤ ᠪᠦᠳᠦᠭᠡᠭᠳᠡᠬᠦᠨ ᠬᠢᠬᠦ ᠳᠤᠨᠢ ᠤᠭ ᠮᠠᠲᠤᠷᠢᠶᠠᠯ ᠬᠠᠨᠭ᠍ᠭᠠᠵᠦ ᠪᠠᠶᠢᠭ᠎ᠠ ᠶᠤᠮ᠃ ᠳᠡᠭᠡᠪᠡᠯ ᠵᠢᠯ ᠪᠤᠯᠭᠠᠨ ᠤᠯᠠᠨ ᠠᠳᠤᠭᠤ ᠪᠤᠷᠤᠯᠠᠭᠤᠯᠳᠠᠭ ᠮᠠᠯᠴᠢᠨ ᠠᠶᠢᠯ ᠨᠢ ᠮᠢᠬᠠᠨ ᠤ ᠴᠢᠭᠯᠡᠯ ᠢᠶᠠᠷ ᠠᠳᠤᠭᠤ ᠮᠠᠯᠵᠢᠵᠦ ᠪᠠᠶᠢᠨ᠎ᠠ ᠭᠡᠰᠡᠨ ᠦᠭᠡ᠃ ᠬᠤᠳᠠᠯᠳᠤᠭᠰᠠᠨ ᠠᠳᠤᠭᠤ ᠨᠢ ᠪᠦᠷ ᠭᠠᠳᠠᠨ᠎ᠠ ᠮᠤᠵᠢ ᠬᠤᠳᠠ ᠶᠢᠨ ᠬᠤᠭᠤᠯᠠᠨ ᠭᠡᠷ ᠪᠤᠶᠤ ᠤᠯᠠᠭᠠᠨ ᠢᠳᠡᠭᠡᠨ ᠤ ᠺᠤᠮᠫᠠᠨᠢ ᠶᠢᠨ ᠠᠳᠤᠭᠤᠨ ᠤ ᠮᠢᠬᠠᠨ ᠤ ᠪᠦᠳᠦᠭᠡᠭᠳᠡᠬᠦᠨ ᠬᠢᠬᠦ ᠨᠦᠬᠦᠴᠡᠯ ᠢ ᠪᠦᠷᠢᠯᠳᠦᠬᠦᠯᠵᠦ ᠪᠠᠶᠢᠳᠠᠭ᠃ ᠠᠳᠤᠭᠤᠨ ᠤ ᠮᠢᠬ᠎ᠠ ᠪᠠᠷ ᠬᠢᠭᠰᠡᠨ ᠪᠦᠳᠦᠭᠡᠭᠳᠡᠬᠦᠨ ᠴᠦᠭᠡᠨ ᠪᠤᠶᠤ ᠪᠠᠶᠢᠬᠤ ᠦᠭᠡᠢ ᠪᠠᠶᠢᠭ᠎ᠠ ᠨᠢ ᠬᠦᠭᠵᠢᠯᠳᠡ ᠶᠢᠨ ᠨᠢᠭᠡᠨ ᠤᠷᠤᠨ ᠵᠠᠢ ᠶᠢ ᠮᠡᠳᠡᠷᠡᠬᠦᠯᠵᠦ᠂ ᠬᠢᠵᠦ ᠪᠦᠳᠦᠭᠡᠵᠦ ᠴᠢᠳᠠᠬᠤ ᠬᠦᠮᠦᠰ ᠤᠨ ᠬᠤᠪᠢ ᠳᠤ ᠠᠪᠴᠦ ᠬᠡᠯᠡᠪᠡᠯ ᠴᠢᠬᠤᠯᠠ ᠨᠢᠭᠡᠨ ᠭᠠᠷᠬᠤ ᠵᠠᠮ ᠪᠤᠯᠵᠦ ᠪᠠᠶᠢᠬᠤ ᠨᠢ ᠳᠠᠮᠵᠢᠭ ᠦᠭᠡᠢ᠃      ᠰᠢᠯᠤᠭᠤᠨ ᠬᠦᠬᠡ ᠬᠤᠰᠢᠭᠤᠨ ᠤ ᠱᠠᠩᠳᠤ ᠪᠠᠯᠭᠠᠰᠤᠨ ᠤ ᠢᠷᠠᠯᠵᠠᠬᠤ ᠭᠠᠴᠠᠭᠠᠨ ᠤ ᠬᠠᠰᠴᠢᠯᠠᠭᠤ ᠶᠢᠨ ᠬᠢ ᠤᠯᠠᠨ ᠠᠳᠤᠭᠤ ᠮᠠᠯᠵᠢᠳᠠᠭ᠃ ᠬᠠᠷᠠᠬᠠᠨ ᠪᠠᠭ᠎ᠠ ᠠᠴᠠ ᠪᠠᠨ ᠠᠳᠤᠭᠤᠨ ᠳᠤ ᠪᠠᠭ᠋ᠠᠳᠠᠢ ᠬᠠᠰᠴᠢᠯᠠᠭᠤ 2005 ᠤᠨ ᠤ ᠦᠶ᠎ᠡ ᠪᠠᠷ 15000 ᠲᠦᠭᠦᠷᠢᠭ ᠢᠶᠠᠷ ᠤᠶᠢᠷ᠎ᠠ ᠬᠠᠪᠢ ᠠᠴᠠ ᠪᠠᠨ ᠠᠷᠪᠠᠭᠠᠳ ᠤᠨᠠᠭ᠎ᠠ ᠬᠤᠳᠠᠯᠳᠤᠨ ᠠᠪᠴᠤ ᠠᠳᠤᠭᠤ ᠮᠠᠯᠵᠢᠵᠤ ᠡᠬᠢᠯᠡᠭᠰᠡᠨ ᠭᠡᠳᠡᠭ᠃ ᠲᠡᠬᠦᠨ ᠤ ᠠᠳᠤᠭᠤ ᠮᠠᠯᠵᠢᠭᠰᠠᠨ ᠭᠤᠤᠯ ᠵᠤᠷᠢᠯᠭ᠎ᠠ ᠨᠢ ᠨᠤᠳᠤᠭ ᠠᠳᠤᠭᠤᠨ ᠤ ᠪᠠᠨ ᠦᠨ᠎ᠡ ᠴᠡᠨ᠎ᠡ ᠶᠢ ᠭᠠᠷᠭᠠᠵᠤ᠂ ᠦᠰᠭᠡᠨ ᠦᠷᠡᠵᠢᠬᠦᠯᠬᠦ ᠶᠢᠨ ᠲᠦᠯᠦᠬᠡ ᠶᠤᠮ᠃ 2018 ᠤᠨ ᠪᠤᠯᠬᠤ ᠳᠤ ᠲᠡᠷᠡ 300 ᠭᠠᠷᠤᠢ ᠠᠳᠤᠭᠤ ᠲᠠᠢ ᠪᠤᠯᠵᠤ᠂ ᠰᠢᠯᠤᠭᠤᠨ ᠬᠦᠬᠡ ᠬᠤᠰᠢᠭᠤᠨ ᠳᠠᠭᠠᠨ ᠬᠠᠮᠤᠭ ᠤᠯᠠᠨ ᠠᠳᠤᠭᠤ ᠲᠠᠢ ᠠᠶᠢᠯ ᠪᠤᠯᠤᠭᠰᠠᠨ ᠪᠠᠶᠢᠨ᠎ᠠ᠃ ᠬᠠᠰᠴᠢᠯᠠᠭᠤ ᠶᠢᠨ ᠮᠠᠯᠵᠢᠵᠤ ᠪᠠᠶᠢᠭ᠎ᠠ ᠠᠳᠤᠭᠤ ᠨᠢ ᠰᠢᠨᠵᠢᠶᠠᠩ ᠤᠨ ᠪᠠᠶᠠᠨᠪᠤᠯᠠᠭ ᠤᠨ ᠲᠠᠯ᠎ᠠ ᠨᠤᠳᠤᠭ ᠤᠨ ᠤᠨᠴᠠᠭᠠᠢ ᠡᠬᠦᠯᠳᠡᠷ ᠪᠤᠯᠬᠤ ᠭᠤᠷᠪᠠᠨ ᠭᠤᠤᠯ ᠤᠨ ᠠᠳᠤᠭᠤ ᠪᠤᠯᠤᠨ ᠨᠤᠳᠤᠭ ᠤᠨ ᠠᠳᠤᠭᠤ ᠲᠠᠢ ᠡᠷᠯᠢᠰᠡᠵᠢᠬᠦᠯᠦᠭᠰᠡᠨ ᠠᠳᠤᠭᠤ ᠪᠤᠯᠬᠤᠷ ᠶᠠᠰᠦ ᠰᠠᠶᠢᠳᠠᠢ᠂ ᠨᠢᠷᠤᠭᠤ ᠤᠷᠳᠤ᠂ ᠬᠦᠢᠳᠡᠨ ᠳᠤ ᠲᠡᠰᠪᠦᠷᠢᠳᠡᠢ ᠵᠡᠷᠭᠡ ᠲᠠᠪᠠᠭᠤᠯᠢᠭ ᠤᠨᠴᠠᠯᠢᠭ ᠲᠠᠢ ᠶᠤᠮ᠃ ᠡᠨᠡ ᠵᠢᠯ ᠡᠳᠡᠨ ᠤ ᠬᠢ ᠭᠠᠳᠠᠨ᠎ᠠ ᠶᠢᠨ ᠠᠷᠠᠯᠵᠢᠶᠠᠴᠢᠨ ᠳᠤ ᠳᠡᠭᠰᠢᠳᠭᠡᠭᠡᠳ 4000 ᠭᠠᠷᠤᠢ ᠲᠦᠭᠦᠷᠢᠭ ᠢᠶᠠᠷ ᠭᠤᠴᠢᠭᠠᠳ ᠲᠠᠭ᠎ᠠ ᠪᠤᠷᠤᠯᠠᠭᠤᠯᠵᠠᠢ᠃ ᠤᠶᠢᠯᠠᠭᠠᠭᠰᠠᠨ ᠢᠶᠠᠷ ᠨᠢᠳᠤᠨᠤᠨ ᠪᠠᠰᠠ ᠭᠤᠴᠢᠭᠠᠳ ᠢ ᠪᠤᠷᠤᠯᠠᠭᠤᠯᠤᠭᠰᠠᠨ ᠪᠠᠶᠢᠨ᠎ᠠ᠃ ᠭᠠᠵᠠᠷ ᠨᠤᠳᠤᠭ ᠪᠠᠭ᠎ᠠ ᠲᠠᠢ ᠡᠳᠡᠨ ᠤ ᠬᠢᠨ ᠳᠤ ᠠᠪᠴᠤ ᠬᠡᠯᠡᠪᠡᠯ᠂ ᠠᠳᠤᠭᠤ ᠮᠠᠯᠵᠢᠬᠤ ᠬᠡᠴᠡᠬᠦᠦ ᠪᠠᠶᠢᠭᠰᠠᠨ ᠪᠤᠯᠪᠠᠴᠤ ᠠᠳᠤᠭᠤ ᠭᠡᠳᠡᠭ ᠠᠮᠢᠳᠠᠨ ᠬᠠᠷᠢᠴᠠᠩᠭᠤᠢ ᠪᠠᠷ ᠠᠷᠠᠴᠢᠯᠠᠭ᠎ᠠ ᠳᠤᠳᠤᠮᠳᠠᠯᠭ᠎ᠠ ᠪᠠᠭ᠎ᠠ ᠤᠷᠤᠳᠠᠭ ᠪᠤᠯᠬᠤᠷ ᠵᠠᠷᠤᠳᠠᠯ ᠪᠠᠭᠠᠳᠠᠢ᠂ ᠵᠢᠯ ᠤᠨ ᠵᠢᠯ ᠭᠠᠳᠠᠭᠰᠢ ᠪᠤᠷᠤᠯᠠᠭᠤᠯᠤᠭᠠᠳ ᠪᠠᠶᠢᠪᠠᠯ ᠨᠤᠲᠤᠭ ᠪᠡᠯᠴᠢᠭᠡᠷ ᠲᠤ ᠴᠤ ᠳᠠᠷᠤᠭᠠᠰᠤ ᠦᠭᠡᠢ ᠪᠤᠯᠬᠤᠷ ᠡᠨᠡ ᠵᠠᠮ ᠢᠶᠠᠨ ᠪᠠᠷᠢᠮᠳᠠᠯᠠᠵᠦ ᠶᠠᠪᠤᠭ᠎ᠠ ᠠᠵᠢ᠃ ᠠᠳᠤᠭᠤᠨ ᠤ ᠮᠢᠬ᠎ᠠ ᠪᠠᠷ ᠶᠠᠮᠠᠷ ᠨᠢᠭᠡᠨ ᠪᠦᠳᠦᠭᠡᠭᠳᠡᠬᠦᠨ ᠬᠢᠬᠦ ᠪᠤᠯᠤᠮᠵᠢ ᠦᠭᠡᠢ ᠪᠠᠶᠢᠭ᠎ᠠ ᠪᠤᠯᠪᠠᠴᠦ ᠵᠢᠯ ᠵᠢᠯ ᠨᠡᠯᠢᠶᠡᠳ ᠤᠯᠠᠨ ᠳᠤᠭ᠎ᠠ ᠪᠠᠷ ᠭᠠᠳᠠᠭᠰᠢ ᠪᠤᠷᠤᠯᠠᠭᠤᠯᠵᠦ ᠪᠠᠶᠢᠭ᠎ᠠ ᠨᠢ ᠮᠢᠬᠠᠨ ᠤ ᠪᠦᠳᠦᠭᠡᠭᠳᠡᠬᠦᠨ ᠬᠢᠬᠦ ᠳᠤ ᠮᠠᠲᠤᠷᠢᠶᠠᠯ ᠬᠠᠨᠭ᠍ᠭᠠᠵᠦ ᠪᠠᠶᠢᠭ᠎ᠠ ᠤᠴᠢᠷ ᠶᠤᠮ᠃      ᠵᠡᠬᠦᠨ ᠦᠵᠦᠮᠦᠴᠢᠨ ᠬᠤᠰᠢᠭᠤᠨ ᠤ ᠤᠯᠢᠶᠠᠰᠦᠳᠠᠢ ᠪᠠᠯᠭᠠᠰᠤᠨ ᠤ ᠪᠠᠶᠠᠨᠭᠤᠪᠢ ᠭᠠᠴᠠᠭᠠᠨ ᠤ ᠮᠠᠯᠴᠢᠨ ᠰᠤᠶᠤᠯᠳᠤ ᠶᠢᠨ ᠬᠢ 1992 ᠤᠨ ᠠᠴᠠ ᠡᠬᠢᠯᠡᠨ ᠦᠪᠡᠷ ᠤᠨ 5000 ᠭᠠᠷᠤᠢ  ᠮᠤ᠋ ᠨᠤᠳᠤᠭ ᠲᠠᠭᠠᠨ ᠠᠳᠤᠭᠤ ᠮᠠᠯᠵᠢᠵᠤ ᠡᠬᠢᠯᠡᠵᠡᠢ᠃ ᠤᠳᠤ ᠪᠤᠯᠬᠤ ᠳᠤ ᠰᠤᠶᠤᠯᠳᠤ ᠶᠢᠨ ᠬᠢᠨ ᠨᠢᠬᠡᠨᠳᠡ ᠭᠤᠴᠢᠭᠠᠳ ᠵᠢᠯ ᠠᠳᠤᠭᠤ ᠮᠠᠯᠵᠢᠵᠤ᠂ ᠵᠢᠯ ᠪᠤᠯᠭᠠᠨ 100 ᠭᠠᠷᠤᠢ ᠠᠳᠤᠭᠤ ᠦᠯᠡᠳᠡᠬᠡᠵᠦ ᠡᠪᠦᠯᠵᠢᠬᠦᠯᠬᠦ ᠪᠠᠨ ᠪᠠᠷᠢᠮᠳᠠᠯᠠᠨ᠂ ᠦᠯᠡᠳᠡᠭᠰᠡᠨ ᠢ ᠨᠢ ᠪᠤᠷᠤᠯᠠᠭᠤᠯᠳᠠᠭ ᠪᠠᠶᠢᠨ᠎ᠠ᠃ ᠵᠢᠯ ᠳᠡᠭᠡᠨ ᠬᠤᠷᠢᠭᠠᠳ ᠨᠤᠳᠤᠭ ᠤᠨ ᠲᠠᠭ᠎ᠠ ᠶᠢ 6000 ᠲᠦᠬᠦᠷᠢᠭ ᠢᠶᠠᠷ᠂ ᠬᠡᠬᠦᠦ ᠪᠠᠨ 9000 ᠲᠦᠭᠦᠷᠢᠭ ᠤᠨ ᠤᠷᠴᠢᠮ ᠢᠶᠠᠷ ᠪᠤᠷᠤᠯᠠᠭᠤᠯᠵᠤ᠂ ᠵᠢᠯ ᠳᠡᠭᠡᠨ ᠠᠳᠤᠭᠤᠨ ᠤ ᠤᠷᠤᠯᠭ᠎ᠠ ᠨᠢ ᠬᠤᠷᠢᠭᠠᠳ ᠲᠦᠮᠡᠡ ᠲᠦᠬᠦᠷᠢᠭ ᠭᠠᠷᠳᠠᠭ ᠪᠠᠶᠢᠨ᠎ᠠ ᠃ ᠡᠳᠡᠨ ᠤ ᠬᠢ ᠵᠤᠨ ᠳᠠᠭᠠᠨ ᠦᠪᠡᠷ ᠤᠨ ᠨᠤᠳᠤᠭ ᠲᠠᠭᠠᠨ ᠮᠠᠯᠵᠢᠵᠤ᠂ ᠡᠪᠦᠯ ᠪᠤᠯᠪᠠᠯ ᠪᠠᠰᠠ ᠠᠶᠢᠯ ᠤᠨ ᠨᠤᠳᠤᠭ ᠳᠠᠮᠵᠢᠨ ᠤᠳᠤᠷ ᠶᠠᠪᠤᠳᠠᠭ ᠶᠤᠮ ᠪᠠᠶᠢᠨ᠎ᠠ᠃ ᠵᠢᠯ ᠳᠡᠭᠡᠨ ᠦᠬᠢᠨ ᠤᠨᠠᠭ᠎ᠠ ᠪᠠᠨ ᠦᠯᠡᠳᠡᠬᠡᠵᠦ᠂ ᠬᠦᠭᠰᠢᠨ ᠬᠡᠬᠦᠦ ᠪᠤᠯᠤᠨ ᠡᠷ᠎ᠡ ᠤᠨᠠᠭ᠎ᠠ ᠪᠠᠨ ᠪᠤᠷᠤᠯᠠᠭᠤᠯᠳᠠᠭ ᠪᠠᠶᠢᠨ᠎ᠠ᠃ ᠡᠳᠡᠨ ᠤ ᠠᠳᠤᠭᠤᠨ ᠤ ᠤᠷᠤᠯᠭ᠎ᠠ ᠮᠦᠨ ᠯᠡ ᠬᠤᠳᠠᠯᠳᠤᠬᠤ ᠪᠠᠷ ᠭᠤᠤᠯᠳᠠᠵᠦ ᠪᠠᠶᠢᠭ᠎ᠠ ᠪᠤᠯᠬᠤᠷ ᠮᠢᠬᠠᠨ ᠤ ᠴᠢᠭᠯᠡᠯ ᠢᠶᠠᠷ ᠤᠷᠤᠯᠭ᠎ᠠ ᠡᠬᠦᠳᠴᠦ ᠪᠠᠶᠢᠭ᠎ᠠ ᠳᠤ ᠳᠤᠭᠠᠴᠢᠵᠦ ᠪᠤᠯᠤᠨ᠎ᠠ᠃      ᠰᠢᠯᠢ ᠶᠢᠨ ᠬᠤᠳᠠ ᠶᠢᠨ ᠷᠠᠰᠢᠶᠠᠨᠪᠤᠯᠠᠭ ᠰᠤᠮᠤᠨ ᠤ ᠪᠠᠶᠠᠨᠭᠤᠤᠯ ᠭᠠᠴᠠᠭᠠᠨ ᠤ ᠮᠠᠯᠴᠢᠨ ᠠᠯᠳ᠋ᠬᠠᠤᠳᠤ ᠪᠠᠰᠠ ᠠᠳᠤᠭᠤ ᠪᠠᠨ ᠮᠢᠬᠠᠨ ᠤ ᠴᠢᠭᠯᠡᠯ ᠢᠶᠠᠷ ᠪᠤᠷᠤᠯᠠᠭᠤᠯᠳᠠᠭ ᠶᠤᠮ ᠪᠠᠶᠢᠨ᠎ᠠ᠃ ᠲᠡᠳᠡᠨ ᠤ ᠬᠢᠨ ᠲᠡᠭᠡᠳᠦ ᠠᠴᠠ ᠪᠠᠨ ᠦᠶ᠎ᠡ ᠤᠯᠠᠮᠵᠢᠯᠠᠨ ᠠᠳᠤᠭᠤ ᠪᠠᠨ ᠮᠠᠯᠵᠢᠭᠰᠠᠭᠠᠷ ᠢᠷᠡᠭᠰᠡᠨ ᠪᠦᠭᠡᠳ ᠠᠳᠤᠭᠤᠨ ᠠᠴᠠ ᠪᠠᠨ ᠬᠡᠷᠬᠢᠨ ᠠᠰᠢᠭ ᠬᠦᠷᠳᠡᠬᠦ ᠳᠤᠬᠠᠢ ᠤᠯᠠᠨ ᠵᠢᠯ ᠠᠷᠭ᠎ᠠ ᠵᠠᠮ ᠬᠠᠶᠢᠵᠦ ᠶᠠᠪᠤᠭᠰᠠᠨ ᠶᠤᠮ᠃ ᠴᠠᠭ ᠦᠶ᠎ᠡ ᠶᠢᠨ ᠬᠦᠭᠵᠢᠯᠳᠡ ᠶᠢ ᠳᠠᠭᠠᠭᠠᠳ ᠶᠠᠮᠠᠷ ᠨᠢᠭᠡᠨ ᠠᠷᠭ᠎ᠠ ᠵᠠᠮ ᠬᠠᠶᠢᠵᠦ ᠤᠷᠤᠯᠭ᠎ᠠ ᠪᠠᠨ ᠨᠡᠮᠡᠭᠳᠡᠬᠦᠯᠬᠦ ᠪᠤᠯ ᠱᠠᠭᠠᠷᠳᠠᠯᠭ᠎ᠠ ᠶᠤᠮ᠃ ᠠᠯᠳ᠋ᠬᠠᠤᠳᠤ ᠶᠢᠨ ᠬᠤᠪᠢ ᠳᠤ ᠮᠢᠬᠠᠨ ᠤ ᠴᠢᠭᠯᠡᠯ ᠢᠶᠠᠷ ᠮᠠᠯᠵᠢᠬᠤ ᠪᠤᠯ ᠨᠢᠭᠡᠨ ᠰᠤᠩᠭᠤᠯᠳᠠ ᠪᠤᠯᠤᠭᠰᠠᠨ ᠶᠤᠮ᠃ ᠲᠡᠷᠡ ᠨᠤᠳᠤᠭ ᠠᠳᠤᠭᠤ ᠪᠠᠨ ᠪᠠᠶᠢᠭᠠᠯᠢᠯᠢᠭ ᠢᠶᠠᠷ ᠢᠶᠠᠨ ᠪᠡᠯᠴᠢᠬᠡᠷᠯᠡᠬᠦᠯᠵᠦ ᠮᠠᠯᠵᠢᠬᠤ ᠪᠠᠷ ᠭᠤᠤᠯᠯᠠᠵᠤ᠂ ᠵᠢᠯ ᠳᠡᠭᠡᠨ ᠡᠷ᠎ᠡ ᠤᠨᠠᠭ᠎ᠠ ᠪᠠᠨ ᠪᠤᠷᠤᠯᠠᠭᠤᠯᠳᠠᠭ᠃ ᠨᠢᠳᠤᠨᠤᠨ ᠢᠶᠠᠷ ᠵᠢᠱᠢᠶᠡᠯᠡᠬᠦ ᠳᠤ᠂ 10 ᠤᠨᠠᠭ᠎ᠠ ᠪᠠᠨ 5000 ᠲᠦᠭᠦᠷᠢᠭ ᠢᠶᠠᠷ ᠲᠡᠭᠰᠢᠳᠬᠡᠨ ᠪᠤᠷᠤᠯᠠᠭᠤᠯᠤᠭᠰᠠᠨ ᠪᠠᠶᠢᠨ᠎ᠠ᠃ ᠬᠡᠷᠪᠡ ᠤᠨᠠᠭᠠᠨ ᠲᠡᠭᠡᠷ᠎ᠡ ᠪᠠᠨ ᠦᠨ᠎ᠡ ᠬᠦᠷᠬᠦ ᠦᠬᠡᠢ ᠪᠤᠯ ᠨᠢᠬᠡ ᠵᠢᠯ ᠦᠨᠵᠢᠬᠡᠬᠡᠳ᠂ ᠲᠠᠭᠠᠨ ᠲᠡᠭᠡᠷ᠎ᠡ ᠨᠢ ᠪᠤᠷᠤᠯᠠᠭᠤᠯᠳᠠᠭ ᠃ ᠤᠨᠠᠭ᠎ᠠ ᠲᠠᠢ ᠬᠡᠬᠦᠦ ᠪᠠᠨ 12000 ᠲᠦᠬᠦᠷᠢᠭ ᠤᠷᠴᠢᠮ᠂ ᠪᠦᠳᠦᠬᠦᠨ ᠮᠤᠷᠢ ᠪᠠᠨ 12000 ᠲᠦᠬᠦᠷᠢᠭ ᠤᠷᠴᠢᠮ ᠢᠶᠠᠷ ᠪᠤᠷᠤᠯᠠᠭᠤᠯᠳᠠᠭ ᠪᠠᠶᠢᠵᠦ᠂ ᠵᠢᠯ ᠪᠤᠯᠭᠠᠨ ᠨᠡᠯᠢᠶᠡᠳ ᠤᠯᠠᠨ ᠳᠤᠭ᠎ᠠ ᠪᠠᠷ ᠠᠳᠤᠭᠤ ᠬᠤᠳᠠᠯᠳᠤᠳᠠᠭ ᠪᠤᠯᠬᠤᠷ ᠠᠷᠠᠯᠵᠢᠶᠠᠴᠢᠳ ᠴᠤ ᠦᠪᠡᠷᠰᠡᠳ ᠢᠶᠠᠨ ᠡᠷᠢᠵᠦ ᠢᠷᠡᠭᠡᠳ ᠠᠳᠤᠭᠤ ᠶᠢ ᠨᠢ ᠬᠤᠳᠠᠯᠳᠤᠵᠦ ᠠᠪᠳᠠᠭ ᠪᠤᠯᠵᠠᠢ᠃      ᠠᠯᠳ᠋ᠬᠠᠤᠳᠤ ᠴᠠᠭ ᠦᠶ᠎ᠡ ᠶᠢᠨ ᠤᠷᠤᠰᠠᠬᠠᠯ ᠢ ᠲᠠᠭᠠᠵᠤ᠂ ᠬᠤᠷᠳᠤᠨ ᠤ ᠴᠢᠭᠯᠡᠯ ᠤᠨ ᠠᠳᠤᠭᠤ ᠮᠠᠯᠵᠢᠵᠦ ᠦᠵᠡᠭᠰᠡᠨ ᠪᠢᠯᠡ᠃ ᠶᠠᠰᠦ ᠨᠠᠷᠢᠨ᠂ ᠪᠡᠶ᠎ᠡ ᠦᠨᠳᠦᠷ ᠠᠳᠤᠭᠤᠳ ᠡᠪᠦᠯ ᠳᠤ ᠲᠠᠭᠠᠭᠠᠴᠠ ᠦᠬᠡᠢ᠂ ᠶᠡᠭᠡ ᠠᠷᠠᠴᠢᠯᠠᠭ᠎ᠠ ᠤᠷᠤᠳᠠᠭ ᠠᠴᠠ ᠲᠡᠷᠡ ᠬᠠᠰᠢᠯᠠ ᠨᠤᠳᠤᠭ ᠠᠳᠤᠭᠤ ᠪᠠᠨ ᠮᠢᠬᠠᠨ ᠤ ᠴᠢᠭᠯᠡᠯ ᠢᠶᠠᠷ ᠮᠠᠯᠵᠢᠬᠤ ᠵᠠᠮ ᠢ ᠬᠠᠶᠢᠯ᠎ᠠ᠃ ᠬᠦᠮᠦᠨ ᠬᠦᠮᠦᠨ ᠤ ᠨᠦᠬᠦᠴᠡᠯ ᠪᠠᠶᠢᠳᠠᠯ ᠤᠨᠳᠤᠤ ᠪᠤᠯᠬᠤᠷ ᠦᠪᠡᠷ ᠤᠨ ᠢᠶᠠᠨ ᠪᠠᠶᠢᠳᠠᠯ ᠳᠤ ᠳᠤᠬᠢᠷᠠᠭᠤᠯᠤᠨ ᠰᠤᠩᠭᠤᠯᠳᠠ ᠬᠢᠬᠦ ᠱᠠᠭᠠᠷᠳᠠᠯᠭ᠎ᠠ ᠲᠠᠢ ᠪᠠᠶᠢᠳᠠᠭ᠃ ᠮᠢᠬᠠᠨ ᠤ ᠠᠳᠤᠭᠤ ᠨᠢ ᠪᠡᠶ᠎ᠡ ᠪᠦᠳᠦᠬᠦᠨ᠂ ᠶᠠᠰᠦ ᠲᠤᠮᠤ᠂ ᠮᠢᠬᠠᠯᠠᠭᠤᠨ ᠪᠠᠶᠢᠳᠠᠭ ᠢᠶᠠᠷ ᠢᠶᠠᠨ ᠲᠡᠳᠡᠨ ᠤ ᠠᠳᠤᠭᠤᠨ ᠰᠦᠷᠦᠭ ᠲᠤ ᠬᠦᠮᠦᠰ ᠰᠠᠶᠢᠨ ᠦᠨᠡᠯᠡᠯᠳᠡ ᠦᠭᠳᠡᠭ᠃ ᠪᠠᠰᠠ ᠠᠵᠢᠷᠭ᠎ᠠ ᠲᠠᠯᠪᠢᠬᠤ ᠪᠠᠷ ᠭᠤᠶᠤᠴᠢᠯᠠᠵᠤ ᠢᠷᠡᠳᠡᠭ ᠬᠦᠮᠦᠨ ᠴᠤ ᠪᠤᠢ᠃ ᠲᠡᠷᠡ᠄ ︽ᠮᠢᠬᠠᠨ ᠤ ᠠᠳᠤᠭᠤ ᠮᠠᠨ ᠤ ᠨᠤᠳᠤᠭ ᠠᠳᠤᠭᠤ ᠲᠠᠢ ᠲᠦᠰᠦᠭᠡᠳᠡᠢ᠂ ᠶᠡᠭᠡ ᠲᠠᠭᠠᠭᠠᠴᠠᠳᠠᠢ ᠪᠤᠯᠬᠤᠷ ᠲᠦᠡᠭᠯᠢᠶᠤᠤ ᠬᠤᠳᠠ ᠠᠴᠠ ᠨᠢᠬᠡ ᠮᠢᠬᠠᠨ ᠤ ᠡᠬᠦᠯᠳᠡᠷ ᠤᠨ ᠠᠵᠢᠷᠭ᠎ᠠ ᠠᠪᠴᠢᠷᠠᠭᠰᠠᠨ ᠶᠤᠮ᠃ ᠨᠤᠲᠤᠭ ᠤᠨ ᠬᠡᠬᠦᠦ ᠳᠡᠭᠡᠨ ᠮᠢᠬᠠᠨ ᠤ ᠠᠵᠢᠷᠭ᠎ᠠ ᠳᠠᠯᠪᠢᠭᠠᠳ ᠤᠯᠠᠮ ᠠᠴᠠ ᠤᠯᠠᠮ ᠮᠢᠬᠠᠨ ᠤ ᠬᠡᠷᠡᠭᠴᠡᠭᠡ ᠶᠢ ᠬᠠᠨᠭ᠍ᠭᠠᠬᠤ ᠴᠢᠭᠯᠡᠯ ᠢᠶᠠᠷ ᠮᠠᠯᠵᠢᠬᠤ ᠰᠠᠨᠠᠭᠠᠳᠠᠢ︾ ᠬᠡᠵᠦ ᠶᠠᠷᠢᠨ᠎ᠠ᠃ ᠠᠷᠭ᠎ᠠ ᠪᠦᠬᠦᠨ ᠢ ᠰᠦᠪᠡᠭᠴᠢᠯᠡᠵᠦ᠂ ᠠᠳᠤᠭᠤ ᠪᠠᠨ ᠶᠠᠭᠠᠬᠢᠵᠤ ᠴᠠᠭ ᠦᠶ᠎ᠡ ᠲᠠᠢ ᠵᠤᠬᠢᠴᠠᠭᠤᠯᠤᠨ᠂ ᠲᠤᠭ᠎ᠠ ᠶᠢ ᠬᠦᠬᠡᠬᠡᠴᠡᠯᠳᠦᠬᠦ ᠦᠬᠡᠢ ᠮᠦᠷᠳᠡᠬᠡᠨ ᠠᠰᠢᠭ ᠦᠨᠳᠦᠷ ᠪᠤᠯᠭᠠᠬᠤ ᠲᠤᠬᠠᠢ ᠲᠡᠷᠡ ᠪᠤᠳᠤᠯᠬᠢᠯᠠᠭᠰᠠᠭᠠᠷ ᠪᠠᠶᠢᠯ᠎ᠠ᠃ ᠨᠤᠳᠤᠭ ᠬᠡᠬᠦᠦ ᠳᠡᠭᠡᠨ ᠮᠢᠬᠠᠨ ᠤ ᠠᠵᠢᠷᠭ᠎ᠠ ᠲᠠᠯᠪᠢᠬᠤ ᠨᠢ ᠬᠤᠶᠢᠰᠢᠳᠠ ᠮᠢᠬᠠᠨ ᠤ ᠴᠢᠭᠯᠡᠯ ᠢᠶᠠᠷ ᠠᠳᠤᠭᠤ ᠪᠠᠨ ᠪᠤᠷᠤᠯᠠᠭᠤᠯᠬᠤ ᠵᠠᠮ ᠳᠤᠨᠢ ᠨᠢᠬᠡᠨ ᠲᠡᠪᠢᠰᠭᠡᠷ ᠪᠤᠯᠵᠤ ᠴᠢᠳᠠᠭᠰᠠᠨ ᠪᠠᠶᠢᠯ᠎ᠠ᠃ ᠢᠡᠭᠬᠢᠭᠰᠡᠨ ᠠᠴᠠ ᠲᠡᠬᠦᠨ ᠤ ᠠᠳᠤᠭᠤᠳ ᠶᠡᠭᠡ ᠲᠡᠵᠢᠭᠡᠯᠭᠡ ᠠᠷᠠᠴᠢᠯᠠᠭ᠎ᠠ ᠤᠷᠤᠬᠤ ᠦᠬᠡᠢ᠂ ᠲᠤᠯᠠᠭᠠᠨ ᠬᠠᠰᠢᠶ᠎ᠠ ᠬᠦᠷᠢᠶ᠎ᠡ ᠱᠠᠭᠠᠷᠳᠠᠭᠳᠠᠬᠤ ᠦᠬᠡᠢ ᠪᠠᠷ ᠪᠠᠶᠢᠭᠠᠯᠢᠯᠢᠭ ᠮᠠᠯᠵᠢᠬᠤ ᠪᠤᠳᠤᠯ ᠨᠢ ᠪᠡᠶᠡᠯᠡᠭᠳᠡᠵᠦ᠂ ᠠᠰᠢᠭ ᠤᠯᠬᠤ ᠵᠠᠮ ᠨᠢ ᠳᠡᠪᠢᠰᠦᠭᠳᠡᠭᠰᠡᠨ ᠪᠠᠶᠢᠨ᠎ᠠ᠃      ᠡᠷᠳᠡ ᠢᠵᠠᠭᠤᠷ ᠠᠴᠠ ᠪᠠᠨ ᠠᠳᠤᠭᠤᠳᠤ ᠨᠤᠲᠤᠭ ᠬᠡᠮᠡᠬᠦ ᠰᠠᠶᠢᠬᠠᠨ ᠠᠯᠳᠠᠷ ᠢᠶᠠᠨ ᠡᠷᠬᠦᠵᠦ ᠢᠷᠡᠭᠰᠡᠨ ᠮᠠᠨ ᠤ ᠠᠶᠢᠮᠠᠭ ᠲᠤ ᠤᠳᠤ ᠨᠡᠶᠢᠳᠡ 18 ᠲᠦᠮᠡ ᠭᠠᠷᠤᠢ ᠠᠳᠤᠭᠤ ᠮᠠᠯᠵᠢᠵᠤ ᠪᠠᠶᠢᠭ᠎ᠠ ᠪᠢᠯᠡ᠃ ᠤᠯᠤᠰ ᠤᠨ ᠲᠤᠭ᠎ᠠ ᠪᠦᠷᠢᠳᠬᠡᠯ ᠤᠨ ᠲᠤᠪᠴᠢᠶᠠᠨ ᠤ ᠰᠢᠯᠢ ᠶᠢᠨ ᠭᠤᠤᠯ ᠳᠠᠬᠢ ᠪᠠᠶᠢᠴᠠᠭᠠᠬᠤ ᠠᠩᠬᠢ ᠶᠢᠨ ᠪᠦᠷᠢᠳᠬᠡᠯ ᠢ ᠦᠨᠳᠦᠰᠦᠯᠡᠪᠡᠯ᠂ ᠨᠢᠳᠤᠨᠤᠨ ᠮᠠᠨ ᠤ ᠠᠶᠢᠮᠠᠭ ᠤᠨ ᠠᠳᠤᠭᠤᠨ ᠤ ᠵᠠᠷᠤᠴᠠᠭᠤᠯᠤᠯᠳᠠ ᠶᠢᠨ ᠲᠤᠭ᠎ᠠ ᠨᠢ 7 ᠲᠦᠮᠡ ᠶᠢ ᠲᠠᠪᠠᠭᠰᠠᠨ ᠪᠠᠶᠢᠨ᠎ᠠ᠃ ᠲᠡᠭᠡᠪᠡᠯ ᠡᠨᠡ ᠵᠠᠷᠤᠴᠠᠭᠤᠯᠤᠯᠳᠠ ᠶᠢᠨ ᠳᠤᠭ᠎ᠠ ᠪᠠᠷᠢᠮᠳᠠ ᠶᠢ ᠨᠢᠭᠳᠠᠯᠠᠵᠦ ᠯᠠᠪᠯᠠᠪᠠᠯ ᠤᠯᠠᠩᠬᠢ ᠨᠢ ᠾᠧᠪᠡᠢ᠂  ᠡᠾᠧᠨᠠᠨ ᠵᠡᠷᠭᠡ ᠭᠠᠳᠠᠷ ᠮᠤᠵᠢ ᠬᠤᠳᠠ ᠶᠢᠨ ᠠᠷᠠᠯᠵᠢᠶᠠᠴᠢᠨ ᠤ ᠠᠳᠤᠭᠤᠨ ᠤ ᠮᠢᠬᠠᠨ ᠤ ᠪᠦᠳᠦᠭᠡᠭᠳᠡᠬᠦᠨ ᠬᠢᠬᠦ ᠳᠤᠨᠢ ᠤᠭ ᠮᠠᠲᠤᠷᠢᠶᠠᠯ ᠬᠠᠨᠭ᠍ᠭᠠᠵᠦ ᠪᠠᠶᠢᠭ᠎ᠠ ᠶᠤᠮ ᠪᠠᠶᠢᠨ᠎ᠠ᠃ ᠠᠳᠤᠭᠤᠳᠤ ᠨᠤᠳᠤᠭ ᠤᠨ ᠠᠯᠳᠠᠷ ᠢ ᠡᠷᠬᠦᠵᠦ᠂ ᠠᠳᠤᠭᠤᠨ ᠤ ᠠᠵᠦ ᠦᠢᠯᠡᠰ ᠢ ᠬᠦᠭᠵᠢᠬᠦᠯᠬᠦ ᠵᠠᠮ ᠳᠤ ᠬᠦᠴᠦ ᠪᠠᠨ ᠡᠷᠬᠦᠵᠦ ᠪᠠᠶᠢᠭ᠎ᠠ ᠮᠠᠯᠴᠢᠳ ᠡᠳᠦ᠋ᠬᠡᠨ ᠢᠶᠠᠷ ᠲᠤᠭᠳᠠᠬᠤ ᠦᠬᠡᠢ ᠶᠤᠮ  ᠃
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号