— ᠰᠢᠯᠢ ᠶᠢᠨ ᠭᠤᠤᠯ ᠠᠳᠤᠭᠤ ᠪᠤᠶᠤ ᠨᠠᠷᠠᠨ ᠲᠠᠮᠠᠭᠠᠳᠤ ᠬᠤᠷᠳᠤᠨ ᠠᠳᠤᠭᠤᠨ ᠤ ᠲᠤᠭᠤᠷᠢᠨ ᠳᠠᠬᠢ ᠬᠦᠤᠷᠨᠢᠯ | ᠬᠠᠮ ᠵᠠᠭᠤᠴᠢᠯᠠᠭᠤᠷ ᠤᠨ ᠰᠤᠷᠪᠤᠯᠵᠢᠯᠠᠭᠴᠢ ᠰᠤᠳᠦᠪᠢᠯᠢᠭ | ᠭᠡᠶᠢᠮᠤᠷᠢᠳᠦ ᠶᠡᠭᠡ ᠰᠢᠯᠢ ᠶᠢᠨ ᠨᠤᠳᠤᠭ ᠤᠨ ᠠᠭᠤᠳᠠᠮ ᠳᠤ ᠲᠠᠪᠬᠢᠯᠳᠤᠭᠰᠠᠨ ᠦᠢ ᠲᠦᠮᠡᠨ ᠠᠳᠤᠭᠤᠳ ᠤᠨ | ᠦᠯᠢᠭᠡᠷ ᠲᠡᠤᠭᠡ ᠬᠦᠷᠦᠰᠦᠯᠢᠭ ᠬᠦᠳᠡᠯᠮᠤᠷᠢᠴᠢ ᠮᠠᠯᠴᠢᠨ ᠠᠪᠤ ᠨᠠᠷ ᠤᠨ ᠬᠠᠶᠢᠷᠠᠳᠠᠢ ᠬᠦᠯᠦᠭ ᠮᠤᠷᠢᠳ ᠠᠴᠠ ᠡᠬᠢᠯᠡᠳᠡᠭ | ᠪᠠᠶᠢᠬ᠎ᠠ᠃ ᠲᠠᠶᠢᠮᠦ ᠡ︕ ᠮᠤᠩᠭᠤᠯ ᠮᠤᠷᠢᠨ ᠤ ᠮᠤᠬᠤᠰᠢ ᠦᠭᠡᠢ ᠵᠤᠷᠢᠭ ᠰᠠᠨᠠᠭ᠎ᠠ ᠶᠢ ᠪᠠᠳᠠᠷᠠᠭᠤᠯᠤᠭᠰᠠᠨ᠂ ᠮᠤᠩᠳᠡᠰᠢ | ᠦᠭᠡᠢ ᠶᠡᠭᠡ ᠠᠳᠤᠭᠤᠨ ᠰᠤᠶᠤᠯ ᠲᠡᠤᠭᠡ ᠶᠢᠨ ᠬᠦᠨ ᠵᠤᠵᠠᠭᠠᠨ ᠬᠦᠷᠦᠰᠤ ᠲᠠᠢ ᠦᠵᠡᠰᠬᠦᠯᠡᠩᠳᠦ ᠡᠨᠡ ᠨᠤᠳᠤᠭ ᠲᠤ | ᠠᠳᠤᠭᠤ ᠪᠠᠷ ᠢᠶᠠᠨ ᠪᠠᠭ᠋ᠠᠷᠬᠠᠭᠰᠠᠨ᠂ ᠠᠳᠤᠭᠤᠨ ᠤ ᠠᠵᠤ ᠤᠶᠢᠯᠡᠰ ᠢᠶᠠᠨ ᠬᠦᠭᠵᠢᠬᠦᠯᠦᠭᠰᠡᠨ ᠦᠯᠢᠭᠡᠷ ᠵᠤᠭᠤᠭ ᠤᠯᠠᠨ ᠠᠴᠠ | ᠤᠯᠠᠨ᠃ ᠶᠠᠭ ᠡᠶᠢᠮᠦ ᠪᠠᠶᠢᠳᠠᠭ ᠠᠴᠠ 2010 ᠤᠨ ᠳᠤ ᠲᠤᠮᠳᠠᠳᠤ ᠤᠯᠤᠰ ᠤᠨ ᠠᠳᠤᠭᠤᠨ ᠤ ᠠᠵᠤ ᠤᠶᠢᠯᠡᠰ ᠤᠨ | ᠨᠡᠶᠢᠭᠡᠮᠯᠢᠭ ᠠᠴᠠ ᠰᠢᠯᠢ ᠶᠢᠨ ᠬᠤᠳᠠ ᠪᠠᠷ ᠭᠤᠤᠯ ᠪᠤᠯᠭᠠᠭᠰᠠᠨ ᠰᠢᠯᠢ ᠶᠢᠨ ᠭᠤᠤᠯ ᠠᠶᠢᠮᠠᠭ ᠢ ︽ᠲᠤᠮᠳᠠᠳᠤ ᠤᠯᠤᠰ ᠤᠨ | ᠠᠳᠤᠭᠤᠨ ᠰᠤᠶᠤᠯ ᠤᠨ ᠲᠦᠪ︾ ᠢᠶᠠᠷ ᠨᠠᠷᠠᠶᠢᠳᠦᠭᠰᠡᠨ ᠪᠠᠶᠢᠭ᠎ᠠ ᠶᠤᠮ᠃ | ᠰᠢᠯᠢ ᠶᠢᠨ ᠭᠤᠤᠯ ᠠᠶᠢᠮᠠᠭ ᠪᠤᠯ ᠦᠵᠦᠮᠦᠴᠢᠨ ᠴᠠᠭᠠᠨ ᠠᠳᠤᠭᠤ᠂ ᠠᠪᠠᠭ᠎ᠠ ᠬᠠᠷ᠎ᠠ ᠠᠳᠤᠭᠤ᠂ ᠦᠵᠦᠮᠦᠴᠢᠨ | ᠰᠢᠷᠭ᠎ᠠ ᠠᠳᠤᠭᠤ᠂ ᠰᠢᠯᠢ ᠶᠢᠨ ᠭᠤᠤᠯ ᠠᠳᠤᠭᠤ ᠠᠴᠠ ᠭᠠᠳᠠᠨ᠎ᠠ ᠪᠠᠰᠠ ᠭᠠᠳᠠᠨ᠎ᠠ ᠠᠴᠠ ᠤᠷᠤᠭᠤᠯᠤᠭᠰᠠᠨ ᠴᠡᠪᠡᠷ ᠴᠢᠰᠤᠨ | ᠤᠳᠤᠮ ᠤᠨ ᠠᠳᠤᠭᠤ ᠵᠡᠷᠬᠡ ᠤᠯᠠᠨ ᠡᠭᠦᠯᠳᠡᠷ ᠤᠨ ᠠᠳᠤᠭᠤᠳ ᠲᠠᠷᠬᠠᠨ ᠪᠡᠯᠴᠢᠭᠰᠡᠨ ᠪᠠᠶᠠᠯᠢᠭ ᠨᠤᠳᠤᠭ ᠶᠤᠮ᠃ ᠲᠡᠷᠡ | ᠲᠤᠮᠳᠠ ᠪᠠᠨ ᠰᠢᠯᠢ ᠶᠢᠨ ᠬᠤᠳᠠ ᠶᠢᠨ ᠪᠠᠶᠠᠨᠰᠢᠯᠢ ᠮᠠᠯᠵᠢᠯ ᠤᠨ ᠲᠠᠯᠠᠪᠠᠢ ᠪᠤᠯ ᠬᠤᠷᠳᠤᠨ ᠤ ᠴᠢᠭᠯᠡᠯ ᠤᠨ ᠰᠢᠯᠢ ᠶᠢᠨ ᠭᠤᠤᠯ | ᠠᠳᠤᠭᠤ ᠶᠢ ᠰᠤᠩᠭᠤᠨ ᠪᠤᠶᠢᠵᠢᠭᠤᠯᠤᠭᠰᠠᠨ ᠢᠶᠠᠷ ᠢᠶᠠᠨ ᠶᠡᠭᠡ ᠠᠯᠳᠠᠷᠳᠠᠢ ᠪᠦᠭᠡᠳ ᠰᠢᠯᠢ ᠶᠢᠨ ᠭᠤᠤᠯ ᠠᠳᠤᠭᠤᠨ ᠤ | ᠴᠡᠭᠡ ᠶᠢ ᠴᠠᠯᠬᠢᠭᠤᠯᠤᠨ ᠠᠵᠤ ᠤᠶᠢᠯᠡᠰᠵᠢᠬᠦᠯᠦᠭᠰᠡᠨ ᠭᠡᠶᠢᠮᠤᠷᠢᠳᠦ ᠨᠤᠳᠤᠭ ᠪᠢᠯᠡ᠃ ᠲᠠᠶᠢᠨᠬᠦ ᠲᠤᠰ ᠨᠤᠳᠤᠭ ᠨᠢ ︽ | ᠠᠵᠢᠨᠠᠢ ᠬᠦᠯᠦᠭ ᠤᠨ ᠨᠤᠳᠤᠭ ᠬᠤᠷᠳᠤᠨ ᠬᠦᠯᠦᠭ ᠤᠨ ᠦᠯᠦᠭᠡᠢ︾ ᠭᠡᠰᠡᠨ ᠰᠠᠶᠢᠬᠠᠨ ᠠᠯᠳᠠᠷ ᠲᠠᠢ᠃ 2020 ᠤᠨ ᠳᠤ | ᠲᠤᠮᠳᠠᠳᠤ ᠤᠯᠤᠰ ᠤᠨ ᠠᠳᠤᠭᠤᠨ ᠤ ᠤᠶᠢᠯᠡᠰ ᠤᠨ ᠨᠡᠶᠢᠭᠡᠮᠯᠢᠭ ᠠᠴᠠ ᠪᠠᠶᠠᠨᠰᠢᠯᠢ ᠮᠠᠯᠵᠢᠯ ᠤᠨ ᠲᠠᠯᠠᠪᠠᠢ ᠶᠢ ︽ᠲᠤᠮᠳᠠᠳᠤ | ᠤᠯᠤᠰ ᠤᠨ ᠰᠢᠯᠢᠳᠡᠭ ᠡᠭᠦᠯᠳᠡᠷ ᠤᠨ ᠠᠳᠤᠭᠤ ᠦᠰᠭᠡᠨ ᠦᠷᠡᠵᠢᠬᠦᠯᠬᠦ ᠰᠠᠭᠤᠷᠢᠨ ᠭᠠᠵᠠᠷ︾ ᠢᠶᠠᠷ ᠨᠠᠷᠡᠶᠢᠳᠦᠭᠰᠡᠨ ᠪᠠᠶᠢᠨ᠎ᠠ | ᠃ ᠤᠳᠤ ᠡᠨᠡ ᠨᠤᠳᠤᠭ ᠲᠤ 147 ᠡᠷᠦᠬᠡ ᠠᠳᠤᠭᠤ ᠮᠠᠯᠵᠢᠵᠤ᠂ 100 ᠠᠴᠠ ᠳᠡᠭᠡᠭᠰᠢ ᠠᠳᠤᠭᠤ ᠲᠠᠢ ᠠᠶᠢᠯ 29᠂ | 50 ᠠᠴᠠ ᠳᠡᠭᠡᠭᠰᠢ ᠠᠳᠤᠭᠤ ᠲᠠᠢ ᠠᠶᠢᠯ 89 ᠪᠠᠶᠢᠵᠤ᠂ ᠠᠳᠤᠭᠤ ᠪᠠᠷ ᠭᠠᠨᠭ᠍ᠭᠠᠷᠠᠨ ᠴᠡᠭᠡ ᠪᠠᠷ ᠤᠮᠳᠠᠯᠠᠭᠰᠠᠨ | ᠤᠶᠢᠯᠡᠰ ᠢᠶᠠᠨ ᠦᠷᠭᠡᠨ ᠵᠠᠬ᠎ᠠ ᠲᠠᠢ ᠬᠠᠶᠠᠭ᠎ᠠ ᠨᠡᠶᠢᠯᠡᠬᠦᠯᠦᠨ ᠬᠦᠭᠵᠢᠬᠦᠯᠵᠤ ᠶᠠᠪᠤᠨ᠎ᠠ᠃ | ᠰᠢᠯᠢ ᠶᠢᠨ ᠭᠤᠤᠯ ᠠᠳᠤᠭᠤᠨ ᠤ ᠬᠤᠷᠳᠤᠨ ᠢ ᠭᠡᠷᠡᠴᠢᠯᠡᠬᠦ ᠳᠤ ᠬᠠᠰᠢᠯᠠ ᠨᠠᠷᠠᠨ ᠲᠠᠮᠠᠭᠠᠳᠤ ᠠᠳᠤᠭᠤᠳ | ᠲᠤᠷᠠᠳᠤᠭᠳᠠᠨᠠ᠃ ᠰᠢᠯᠢ ᠶᠢᠨ ᠬᠤᠳᠠ ᠶᠢᠨ ᠪᠠᠶᠠᠨᠰᠢᠯᠢ ᠮᠠᠯᠵᠢᠯ ᠤᠨ ᠲᠠᠯᠠᠪᠠᠢ ᠶᠢᠨ ᠤᠰᠤᠨ ᠲᠦᠷᠦᠬᠦᠤ ᠬᠤᠪᠢᠶᠠᠷᠢ | ᠲᠠᠯᠠᠪᠠᠢ ᠶᠢᠨ ᠬᠠᠰᠢᠷ ᠠᠳᠤᠭᠤᠴᠢᠨ ᠵᠢᠶᠠᠨ ᠫᠢᠡᠭ ᠭᠤᠴᠢ ᠭᠠᠷᠤᠢ ᠵᠢᠯ ᠠᠳᠤᠭᠤ ᠮᠠᠯᠵᠢᠬᠤ ᠳᠠᠭᠠᠨ ᠤᠯᠤᠰ ᠤᠷᠤᠨ ᠳᠤ | ᠨᠦᠯᠦᠭᠡ ᠲᠠᠢ ︽ᠪᠠᠭ᠎ᠠ ᠨᠠᠷᠠᠨ ᠲᠠᠮᠠᠭᠠᠳᠤ︾ ᠬᠤᠷᠳᠤᠨ ᠤ ᠴᠢᠭᠯᠡᠯ ᠤᠨ ᠠᠳᠤᠭᠤ ᠶᠢ ᠠᠮᠵᠢᠯᠳᠠ ᠲᠠᠢ ᠰᠤᠩᠭᠤᠨ | ᠪᠤᠶᠢᠵᠢᠭᠤᠯᠵᠤ᠂ ᠠᠯᠳᠠᠷ ᠨᠠᠷᠠ ᠪᠤᠯᠤᠨ ᠠᠰᠢᠭ ᠤᠷᠤᠯᠭ᠎ᠠ ᠶᠢ ᠵᠡᠷᠬᠡᠪᠡᠷ ᠬᠦᠷᠳᠡᠵᠤ ᠶᠠᠪᠤᠭ᠎ᠠ ᠪᠠᠷ ᠪᠠᠷᠠᠬᠤ ᠦᠭᠡᠢ ᠪᠠᠰᠠ | 50 ᠭᠠᠷᠤᠢ ᠮᠤᠷᠢ ᠠᠶᠢᠷᠠᠭ ᠲᠤ ᠬᠤᠷᠳᠤᠯᠠᠭᠤᠯᠤᠭᠰᠠᠨ ᠰᠠᠶᠢᠨ ᠤᠶᠠᠭᠠᠴᠢ ᠪᠠᠶᠢᠯ᠎ᠠ᠃ ᠤᠳᠤ ᠪᠤᠯᠬᠤ ᠳᠤ ᠲᠡᠭᠦᠨ ᠤ | ᠠᠳᠤᠭᠤᠨ ᠠᠴᠠ ᠦᠪᠡᠷ ᠤᠨ ᠬᠢᠨᠢ ᠬᠠᠮᠠᠷ ᠬᠠᠯᠵᠠᠨ ᠬᠠᠯᠳᠠᠷ ᠠᠴᠠ ᠭᠠᠳᠠᠨ᠎ᠠ ᠭᠡᠭᠡᠷᠡᠯᠳᠦ ᠢᠢᠨ ᠰᠢᠷ᠎ᠠ ᠭᠡᠭᠡᠷ᠂ | ᠴᠤᠭᠯᠠ ᠶᠢᠨ ᠭᠡᠭᠡᠷ᠂ ᠰᠢ ᠫᠢᠡᠭ ᠤᠨ ᠬᠦᠷᠠᠩ ᠬᠠᠯᠵᠠᠨ᠂ ᠳ᠋ᠠᠨᠽᠠᠨᠵᠠᠨᠠ ᠶᠢᠨ ᠠᠲ᠋ᠠᠮᠠᠨ ᠬᠠᠯᠳᠠᠷ᠂ ᠲᠠᠪᠰᠢᠯᠳᠦ ᠶᠢᠨ ᠭᠡᠭᠡᠷ | ᠵᠡᠷᠬᠡ ᠤᠯᠤᠰ ᠤᠷᠤᠨ ᠳᠠᠭᠠᠨ ᠠᠯᠳᠠᠷᠳᠠᠢ ᠬᠤᠷᠳᠤᠨ ᠮᠤᠷᠢ ᠤᠯᠠᠨ ᠭᠠᠷᠴᠦ ᠪᠠᠶᠢᠨ᠎ᠠ᠃ 2022 ᠤᠨ ᠤ 10 ᠰᠠᠷ᠎ᠠ ᠶᠢᠨ | 16 ᠤ ᠡᠳᠦᠷ᠂ ᠠᠳᠤᠭᠤᠴᠢᠨ ᠵᠢᠶᠠᠨ ᠫᠢᠡᠭ ᠤᠨ ᠠᠳᠤᠭᠤᠨ ᠤ ᠤᠨᠠᠭᠠᠨ ᠲᠠᠮᠠᠭᠠᠨ ᠳᠡᠭᠡᠷ᠎ᠠ ᠰᠢᠯᠢ ᠶᠢᠨ ᠭᠤᠤᠯ | ᠠᠶᠢᠮᠠᠭ ᠤᠨ ᠡᠯ᠎ᠠ ᠬᠤᠰᠢᠭᠤᠳ ᠤᠨ ᠲᠠᠪᠢ ᠰᠢᠬᠠᠮ ᠤᠶᠠᠭᠠᠴᠢ ᠢᠷᠡᠵᠡᠭᠡᠵᠤ᠂ ᠠᠵᠢᠯ ᠳᠤᠨᠢ ᠬᠠᠮᠵᠢᠬᠤ ᠢᠢᠨ ᠳᠠᠭᠠᠤ | ᠠᠳᠤᠭᠤᠨ ᠰᠦᠷᠦᠭ ᠠᠴᠠ ᠨᠢ ᠬᠤᠷᠳᠤᠨ ᠤᠳᠤᠮ ᠤᠨ 40 ᠭᠠᠷᠤᠢ ᠡᠷ᠎ᠠ ᠤᠨᠠᠭ᠎ᠠ ᠶᠢ ᠪᠤᠯᠢᠶᠠᠯᠴᠠᠵᠤ ᠠᠪᠤᠭᠰᠠᠨ ᠢᠶᠠᠷ | ᠤᠨᠠᠭ᠎ᠠ ᠬᠤᠳᠠᠯᠳᠤᠭᠰᠠᠨ ᠤᠷᠤᠯᠭ᠎ᠠ ᠨᠢ ᠲᠠᠪᠤᠬᠠᠨ ᠴᠠᠭ ᠲᠤ 100 ᠲᠦᠮᠡᠨ ᠲᠦᠭᠦᠷᠢᠭ ᠢ ᠳᠠᠪᠠᠭᠰᠠᠨ ᠪᠠᠶᠢᠵᠤ ᠪᠢᠯᠡ᠃ | ᠡᠨᠡ ᠤᠳᠠᠭᠠᠨ ᠤ ᠲᠠᠮᠠᠭᠠᠨ ᠳᠡᠭᠡᠷ᠎ᠠ ᠲᠡᠷᠡ 5 ᠲᠦᠮᠡᠨ ᠲᠦᠭᠦᠷᠢᠭ ᠤᠨ ᠤᠨᠠᠭ᠎ᠠ 3᠂ 3 ᠲᠦᠮᠡᠨ ᠲᠦᠭᠦᠷᠢᠭ ᠤᠨ ᠤᠨᠠᠭ᠎ᠠ | 12᠂ 2 ᠲᠦᠮᠡ 5000 ᠲᠦᠭᠦᠷᠢᠭ ᠤᠨ ᠤᠨᠠᠭ᠎ᠠ 27 ᠶᠢ ᠬᠤᠳᠠᠯᠳᠤᠵᠠᠢ᠃ | ᠵᠢᠶᠠᠨ ᠫᠢᠡᠭ ᠬᠤᠷᠢ ᠰᠢᠬᠠᠮ ᠨᠠᠰᠤᠨ ᠠᠴᠠ ᠪᠠᠨ ᠡᠬᠢᠯᠡᠨ ᠰᠢᠯᠢ ᠶᠢᠨ ᠭᠤᠤᠯ ᠠᠳᠤᠭᠤ ᠮᠠᠯᠵᠢᠵᠤ᠂ 2003 | ᠤᠨ ᠳᠤ ᠨᠤᠳᠤᠭ ᠪᠡᠯᠴᠢᠭᠡᠷ ᠢ ᠡᠷᠦᠬᠡ ᠳᠤ ᠬᠤᠪᠢᠶᠠᠭᠰᠠᠨ ᠠᠴᠠ ᠠᠳᠤᠭᠤ ᠪᠠᠨ ᠴᠦᠭᠡᠴᠢᠯᠡᠬᠦ ᠢᠢᠨ ᠳᠠᠭᠠᠤ | ᠰᠢᠯᠢᠳᠡᠭᠵᠢᠬᠦᠯᠤᠨ ᠮᠠᠯᠵᠢᠬᠤ ᠵᠠᠮ ᠢ ᠰᠤᠩᠭᠤᠭᠠᠳ ᠤᠳᠤ ᠨᠢᠭᠡᠨᠳᠡ ᠬᠤᠷᠳᠤᠨ ᠤᠳᠤᠮ ᠤᠨ ᠬᠢ ᠪᠠᠷ ᠭᠤᠤᠯᠳᠠᠭᠰᠠᠨ 200 | ᠠᠳᠤᠭᠤ ᠲᠠᠢ ᠪᠤᠯᠵᠠᠢ᠃ 2007 ᠤᠨ ᠠᠴᠠ ᠡᠬᠢᠯᠡᠨ ᠪᠠᠭ᠎ᠠ ᠨᠠᠷᠠᠨ ᠲᠠᠮᠠᠭ᠎ᠠ ᠲᠠᠢ ᠬᠤᠷᠳᠤᠨ ᠤᠳᠤᠮ ᠤᠨ ᠠᠳᠤᠭᠤ | ᠰᠤᠩᠭᠤᠨ ᠪᠤᠶᠢᠵᠢᠭᠤᠯᠬᠤ ᠵᠤᠷᠢᠯᠭ᠎ᠠ ᠪᠠᠷ ᠤᠯᠤᠰ ᠤᠨ ᠲᠤᠳᠤᠭᠠᠳᠤ ᠭᠠᠳᠠᠭᠠᠳᠤ ᠠᠴᠠ ᠰᠠᠶᠢᠨ ᠴᠢᠰᠤᠨ ᠤᠳᠤᠮ ᠤᠨ | ᠠᠵᠢᠷᠭ᠎ᠠ ᠪᠤᠯᠤᠨ ᠭᠡᠬᠦᠤ ᠤᠷᠤᠭᠤᠯᠪᠠ᠃ ᠤᠨᠠᠭ᠎ᠠ ᠨᠢ ᠴᠡᠪᠡᠷ ᠴᠢᠰᠤᠨ ᠤᠳᠤᠮ ᠤᠨ ᠬᠤᠷᠳᠤᠨ ᠠᠵᠢᠷᠭ᠎ᠠ ᠪᠤᠯᠤᠨ | ᠰᠢᠯᠢᠳᠡᠭ ᠡᠭᠦᠯᠳᠡᠷ ᠤᠨ ᠭᠡᠬᠦᠳ ᠤᠨ ᠲᠦᠯ ᠤᠴᠢᠷ ᠠᠴᠠ ᠦᠨ᠎ᠠ ᠨᠢ ᠦᠨᠳᠦᠷ ᠪᠠᠶᠢᠳᠠᠭ ᠴᠦ ᠤᠶᠠᠭᠠᠴᠢᠳ ᠠᠪᠬᠤ | ᠲᠤᠷᠠᠳᠠᠢ ᠪᠠᠶᠢᠳᠠᠭ᠃ ᠵᠢᠶᠠᠨ ᠫᠢᠡᠭ 2012 ᠤᠨ ᠠᠴᠠ ᠨᠠᠭᠠᠰᠢ᠂ ᠬᠤᠷᠳᠤᠨ ᠤᠳᠤᠮ ᠤᠨ ᠤᠨᠠᠭ᠎ᠠ ᠪᠠᠨ ᠵᠢᠯ ᠪᠤᠯᠭᠠᠨ ᠤ | ᠡᠨᠡ ᠦᠶ᠎ᠠ ᠪᠤᠯᠪᠠᠯ ᠬᠤᠳᠠᠯᠳᠤᠭᠠᠳ ᠪᠠᠷᠠᠴᠢᠬᠠᠳᠠᠭ᠃ ᠤᠨᠠᠭ᠎ᠠ ᠪᠠᠨ ︽ᠠᠩᠭ᠍ᠯᠢ ᠴᠡᠪᠡᠷ ᠴᠢᠰᠤᠨ ᠤᠳᠤᠮ ᠤᠨ ᠬᠠᠷ᠎ᠠ | ᠠᠵᠢᠷᠭ᠎ᠠ ᠪᠤᠯᠤᠨ ᠠᠷᠠᠪ ᠭᠡᠬᠦᠤ ᠶᠢᠨ ᠤᠨᠠᠭ᠎ᠠ︾᠂ ︽ᠠᠩᠭ᠍ᠯᠢ ᠴᠡᠪᠡᠷ ᠴᠢᠰᠤᠨ ᠤᠳᠤᠮ ᠤᠨ ᠬᠠᠷ᠎ᠠ ᠠᠵᠢᠷᠭ᠎ᠠ ᠪᠤᠯᠤᠨ | ᠰᠢᠯᠢ ᠶᠢᠨ ᠭᠤᠤᠯ ᠭᠡᠬᠦᠤ ᠶᠢᠨ ᠤᠨᠠᠭ᠎ᠠ︾᠂ ︽ᠴᠡᠪᠡᠷ ᠴᠢᠰᠤᠨ ᠤᠳᠤᠮ ᠤᠨ ᠪᠤᠰᠤᠳ ᠠᠵᠢᠷᠭ᠎ᠠ ᠪᠤᠯᠤᠨ ᠰᠢᠯᠢ ᠶᠢᠨ | ᠭᠤᠤᠯ ᠭᠡᠬᠦᠤ ᠶᠢᠨ ᠤᠨᠠᠭ᠎ᠠ︾ ᠭᠡᠵᠤ ᠭᠤᠷᠪᠠᠨ ᠲᠠᠰ ᠬᠤᠪᠢᠶᠠᠵᠤ᠂ ᠦᠨ᠎ᠠ ᠶᠢ ᠨᠢ ᠠᠩᠭ᠍ᠯᠢ ᠬᠠᠷ᠎ᠠ ᠠᠵᠢᠷᠭ᠎ᠠ ᠪᠤᠯᠤᠨ | ᠠᠷᠠᠪ ᠭᠡᠬᠦᠤ ᠶᠢᠨ ᠤᠨᠠᠭ᠎ᠠ 5 ᠲᠦᠮᠡᠨ ᠲᠦᠭᠦᠷᠢᠭ᠂ ᠠᠩᠭ᠍ᠯᠢ ᠬᠠᠷ᠎ᠠ ᠠᠵᠢᠷᠭ᠎ᠠ ᠪᠤᠯᠤᠨ ᠰᠢᠯᠢ ᠶᠢᠨ ᠭᠤᠤᠯ ᠭᠡᠬᠦᠤ ᠶᠢᠨ | ᠤᠨᠠᠭ᠎ᠠ 3 ᠲᠦᠮᠡᠨ ᠲᠦᠭᠦᠷᠢᠭ᠂ ᠪᠤᠰᠤᠳ ᠠᠵᠢᠷᠭ᠎ᠠ ᠪᠤᠯᠤᠨ ᠰᠢᠯᠢ ᠶᠢᠨ ᠭᠤᠤᠯ ᠭᠡᠬᠦᠤ ᠶᠢᠨ ᠤᠨᠠᠭ᠎ᠠ ᠨᠢ 2 ᠲᠦᠮᠡ | 5000 ᠲᠦᠭᠦᠷᠢᠭ ᠭᠡᠵᠤ ᠲᠤᠭᠳᠠᠭᠠᠭᠰᠠᠨ ᠠᠴᠠ ᠤᠶᠠᠭᠠᠴᠢᠳ ᠲᠡᠭᠦᠨ ᠲᠠᠢ ᠦᠨ᠎ᠠ ᠬᠠᠶᠠᠯᠴᠠᠬᠤ ᠤᠴᠢᠷ ᠦᠭᠡᠢ ᠪᠠᠶᠢᠳᠠᠭ | ᠃ | ᠪᠠᠶᠠᠨᠰᠢᠯᠢ ᠶᠢᠨ ᠮᠠᠯᠴᠢᠳ ᠴᠡᠭᠡ ᠶᠢᠨ ᠠᠵᠤ ᠤᠶᠢᠯᠡᠰ ᠪᠠ ᠴᠡᠭᠡ ᠶᠢᠨ ᠪᠦᠲᠦᠭᠡᠭᠳᠡᠭᠦᠨ ᠢ ᠨᠡᠭᠡᠭᠡᠨ ᠬᠦᠭᠵᠢᠭᠦᠯᠵᠦ᠂ | ᠨᠡᠮᠡᠯᠲᠡ ᠦᠷᠲᠡᠭ ᠢ ᠨᠢ ᠳᠡᠭᠡᠭᠰᠢᠯᠡᠭᠦᠯᠬᠦ ᠪᠠᠷ ᠵᠤᠷᠢᠵᠥ ᠠᠵᠢᠯᠯᠠᠭᠠᠳ ᠨᠡᠯᠢᠶᠡᠳ ᠵᠢᠯ ᠪᠤᠯᠵᠤ ᠪᠠᠶᠢᠭ᠎ᠠ ᠪᠤᠯᠬᠤᠷ ᠤᠳᠤᠬᠠᠨ | ᠪᠠᠶᠠᠨᠰᠢᠯᠢ ᠮᠠᠯᠵᠢᠯ ᠤᠨ ᠲᠠᠯᠠᠪᠠᠢ ᠳᠤ ᠴᠡᠭᠡ ᠶᠢᠨ ᠤᠶᠢᠯᠡᠰ ᠢᠶᠠᠷ ᠲᠤᠰᠬᠠᠶᠢᠵᠢᠭᠰᠠᠨ 40 ᠡᠷᠦᠬᠡ ᠪᠠᠶᠢᠳᠠᠭ᠃ ᠲᠡᠳᠡᠨ ᠤ | ᠤᠯᠠᠩᠬᠢ ᠨᠢ ᠲᠦᠷᠪᠠᠨ ᠤᠯᠠᠷᠢᠯ ᠤᠨ ᠴᠡᠭᠡ ᠭᠠᠷᠭᠠᠵᠤ ᠪᠤᠷᠤᠯᠠᠭᠤᠯᠳᠠᠭ᠃ ᠰᠢᠯᠢ ᠶᠢᠨ ᠬᠤᠳᠠ ᠶᠢᠨ ᠪᠠᠶᠠᠨᠰᠢᠯᠢ ᠮᠠᠯᠵᠢᠯ ᠤᠨ | ᠲᠠᠯᠠᠪᠠᠢ ᠶᠢᠨ ᠬᠤᠩᠭᠤᠷᠱᠡᠤᠳᠦ ᠬᠤᠪᠢᠶᠠᠷᠢ ᠲᠠᠯᠠᠪᠠᠢ ᠶᠢᠨ ᠮᠠᠯᠴᠢᠨ ᠰᠤᠷᠳᠠᠯᠳᠦ ᠶᠢᠨ ᠬᠢ ᠰᠢᠯᠢ ᠶᠢᠨ ᠭᠤᠤᠯ ᠠᠳᠤᠭᠤ | ᠲᠤᠰᠬᠠᠶᠢᠵᠢᠭᠤᠯᠵᠤ ᠮᠠᠯᠵᠢᠭᠠᠳ ᠨᠢᠭᠡᠨᠳᠡ 15 ᠵᠢᠯ ᠪᠤᠯᠴᠢᠬᠠᠵᠠᠢ᠃ ᠡᠭᠦᠨ ᠠᠴᠠ ᠡᠮᠦᠨ᠎ᠡ ᠬᠤᠨᠢ ᠦᠭᠡᠷ ᠮᠠᠯᠵᠢᠵᠤ | ᠪᠠᠶᠢᠭᠰᠠᠨ ᠴᠦ ᠦᠨ᠎ᠠ ᠬᠠᠩᠰᠢ ᠲᠤᠤᠷ᠎ᠠ ᠪᠠᠶᠢᠳᠠᠯ ᠨᠢ ᠰᠤᠷᠳᠠᠯᠳᠦ ᠶᠢ ᠮᠠᠯ ᠮᠠᠯᠵᠢᠯ ᠳᠡᠭᠡᠷ᠎ᠠ ᠪᠠᠨ ᠰᠢᠨ᠎ᠠ ᠰᠤᠩᠭᠤᠯᠳᠠ | ᠬᠢᠯᠭᠡᠭᠰᠡᠨ ᠨᠢ ᠳᠠᠷᠤᠢ ᠠᠳᠤᠭᠤ ᠮᠠᠯᠵᠢᠵᠤ᠂ ᠴᠡᠭᠡ ᠭᠠᠷᠭᠠᠨ ᠬᠤᠳᠠᠯᠳᠤᠭᠰᠠᠨ ᠶᠠᠪᠤᠳᠠᠯ ᠪᠠᠶᠢᠵᠤ ᠪᠢᠯᠡ᠃ ᠲᠡᠷᠡ ᠦᠶ᠎ᠡ ᠳᠤ | ᠴᠡᠭᠡ ᠶᠢ ᠡᠮᠴᠢᠯᠡᠭᠡ ᠰᠤᠪᠢᠯᠠᠯᠳᠠ ᠳᠤ ᠦᠷᠭᠡᠨ ᠭᠡᠷᠡᠭᠯᠡᠬᠦ᠂ ᠬᠦᠮᠦᠰ ᠡᠳᠦᠷ ᠲᠤᠳᠤᠮ ᠳᠠᠭᠠᠨ ᠤᠤᠭᠤᠬᠤ ᠁ ᠰᠢᠨ᠎ᠠ | ᠬᠠᠨᠳᠤᠰᠢ ᠡᠬᠢᠯᠡᠵᠤ ᠪᠠᠶᠢᠭᠰᠠᠨ ᠢ ᠰᠡᠷᠭᠡᠭ ᠠᠵᠢᠵᠤ ᠮᠡᠳᠡᠭᠰᠡᠨ ᠰᠤᠷᠳᠠᠯᠳᠤ 2007 ᠤᠨ ᠳᠤ 30 ᠭᠠᠷᠤᠢ ᠭᠡᠭᠦᠦ᠂ | 2008 ᠤᠨ ᠳᠤ 100 ᠭᠠᠷᠤᠢ ᠭᠡᠬᠦᠤ ᠲᠦᠷᠢᠶᠡᠰᠤᠯᠡᠵᠤ ᠰᠠᠭᠠᠵᠠᠢ᠃ ᠲᠡᠷᠡ ᠬᠤᠶᠠᠷ ᠵᠢᠯ ᠳᠡᠭᠡᠨ 7 — 9 ᠰᠠᠷ᠎ᠠ | ᠪᠤᠯᠳᠠᠯ᠎ᠠ ᠰᠠᠭᠠᠭᠰᠠᠨ ᠴᠦ ᠪᠤᠷᠤᠯᠠᠭᠤᠯᠭ᠎ᠠ ᠶᠢᠨ ᠵᠠᠮ ᠮᠦᠷ ᠢᠶᠠᠨ ᠤᠯᠤᠭ᠎ᠠ ᠦᠭᠡᠢ ᠪᠠᠶᠢᠭᠰᠠᠨ ᠢᠶᠠᠷ ᠴᠡᠭᠡ ᠪᠠᠨ | ᠬᠤᠳᠠᠯᠳᠤᠵᠤ ᠳᠠᠶᠢᠯᠬᠦ ᠦᠭᠡᠢ ᠭᠠᠴᠢᠭᠳᠠᠵᠤ᠂ ᠰᠡᠬᠦᠯ ᠳᠤᠨᠢ ᠲᠠᠨᠢᠯ ᠢᠶᠠᠷ ᠢᠶᠠᠨ ᠲᠠᠮᠵᠢᠭᠠᠳ ᠪᠠᠶᠢᠭᠤᠯᠭ᠎ᠠ ᠳᠤ ᠪᠦᠭᠡᠮ ᠢᠶᠠᠷ | ᠦᠭᠬᠦᠭᠰᠡᠨ ᠪᠤᠯᠪᠠᠴᠤ ᠤᠷᠤᠯᠭ᠎ᠠ ᠦᠭᠡᠢ ᠦᠷᠢᠳᠦᠭᠰᠡᠨ ᠬᠦᠳᠡᠯᠮᠤᠷᠢ ᠪᠠᠷ ᠬᠤᠶᠠᠷ ᠵᠢᠯ ᠢ ᠠᠷᠤ ᠳᠠᠭᠠᠨ ᠤᠷᠬᠢᠵᠠᠢ᠃ | ᠠᠯᠳᠠᠭ᠎ᠠ ᠤᠨᠤᠭᠠᠨ ᠠᠴᠠ ᠪᠠᠨ ᠲᠤᠷᠰᠢᠯᠭ᠎ᠠ ᠬᠤᠷᠠᠮᠳᠤᠭᠤᠯᠤᠭᠰᠠᠨ ᠰᠤᠷᠳᠠᠯᠳᠦ 2009 ᠤᠨ ᠳᠤ ᠦᠪᠡᠷ ᠢᠶᠠᠨ | ᠴᠦᠭᠡᠨ ᠭᠡᠳᠦᠨ ᠰᠠᠭᠠᠯᠢ ᠶᠢᠨ ᠭᠡᠬᠦᠤ ᠬᠤᠳᠠᠯᠳᠤᠵᠤ ᠠᠪᠤᠭᠠᠳ ᠰᠠᠭᠠᠭᠰᠠᠨ ᠨᠢ ᠬᠠᠷᠢᠨ ᠤᠷᠤᠯᠭ᠎ᠠ ᠨᠢ ᠵᠦᠭᠡᠷ ᠪᠠᠶᠢᠯ᠎ᠠ᠃ | ᠡᠨᠡ ᠮᠡᠳᠦ ᠪᠠᠷ ᠴᠡᠭᠡ ᠭᠠᠷᠭᠠᠵᠤ ᠬᠤᠳᠠᠯᠳᠤᠬᠤ ᠶᠢ ᠳᠠᠭᠠᠯᠳᠤᠨ᠂ ᠭᠡᠷᠡᠭᠯᠡᠭᠴᠢᠳ ᠪᠠ ᠨᠡᠶᠢᠭᠡᠮ ᠨᠡᠶᠢᠳᠡ ᠳᠤ | ᠠᠭᠠᠵᠢᠮ ᠳᠠᠭᠠᠨ ᠮᠡᠳᠡᠷᠡᠭᠳᠡᠵᠦ ᠡᠬᠢᠯᠡᠪᠡ᠃ ᠤᠳᠤ ᠡᠳᠡᠨ ᠤ ᠬᠢ ᠪᠦᠬᠦ ᠰᠢᠯᠢ ᠶᠢᠨ ᠬᠤᠳᠠ ᠶᠢᠨ ᠭᠡᠪᠴᠢᠶᠠᠨ ᠳᠤ | ᠮᠡᠳᠡᠷᠡᠭᠳᠡᠭᠰᠡᠨ ᠴᠡᠭᠡ ᠰᠠᠶᠢᠳᠠᠢ ᠠᠶᠢᠯ ᠪᠤᠯᠤᠭᠰᠠᠨ ᠢᠶᠠᠷ ᠴᠡᠭᠡ ᠶᠢᠨ ᠭᠠᠷᠭᠠᠯᠳᠠ ᠶᠢᠨ ᠲᠠᠯ᠎ᠠ ᠳᠤ ᠰᠠᠨᠠᠭᠠᠰᠢᠷᠠᠬᠤ ᠶᠠᠪᠤᠳᠠᠯ | ᠦᠭᠡᠢ ᠪᠤᠯᠵᠠᠢ᠃ ᠬᠦᠮᠦᠰ ᠴᠡᠭᠡ ᠶᠢᠨ ᠤᠶᠢᠯᠡᠳᠦᠯ ᠭᠡᠷᠡᠭᠴᠡᠭᠡ ᠶᠢ ᠤᠯᠠᠮ ᠰᠠᠶᠢᠨ ᠮᠡᠳᠡᠷᠡᠬᠦ ᠲᠤᠰᠤᠮ ᠭᠡᠷᠡᠭᠯᠡᠭᠡ ᠨᠢ ᠤᠯᠠᠮ | ᠨᠡᠮᠡᠭᠳᠡᠭᠰᠡᠨ ᠨᠢ ᠴᠡᠭᠡᠴᠢᠨ ᠠᠶᠢᠯ ᠤᠳ ᠤᠨ ᠬᠤᠪᠢ ᠳᠤ ᠤᠷᠤᠯᠭ᠎ᠠ ᠪᠠᠨ ᠨᠡᠮᠡᠭᠳᠡᠬᠦᠯᠬᠦ ᠠᠵᠠ ᠵᠠᠪᠰᠢᠶᠠᠨ ᠪᠠᠶᠢᠭᠰᠠᠨ ᠢ | ᠰᠤᠷᠳᠠᠯᠳᠦ ᠭᠡᠷᠬᠢᠨ ᠠᠨᠳᠠᠬᠤ ᠪᠢᠯᠡ︕ 2015 ᠤᠨ ᠠᠴᠠ ᠡᠳᠡᠨ ᠤ ᠬᠢ ᠵᠢᠯ ᠤᠨ ᠲᠦᠷᠪᠠᠨ ᠤᠯᠠᠷᠢᠯ ᠢᠶᠠᠷ ᠰᠠᠭᠠᠵᠤ | ᠡᠬᠢᠯᠡᠪᠡ᠃ 6 — 9 ᠰᠠᠷ᠎ᠠ ᠪᠤᠯᠳᠠᠯ᠎ᠠ ᠡᠳᠦᠷ ᠤᠨ 300 — 400 ᠵᠢᠩ ᠰᠠᠭᠠᠵᠤ᠂ 10 ᠰᠠᠷ᠎ᠠ ᠠᠴᠠ ᠳᠠᠷᠠᠭ᠎ᠠ | ᠵᠢᠯ ᠤᠨ ᠬᠢᠨᠢ 5 ᠰᠠᠷ᠎ᠠ ᠪᠤᠯᠳᠠᠯ᠎ᠠ ᠡᠳᠦᠷ ᠤᠨ 80 ᠵᠢᠩ ᠰᠠᠭᠠᠳᠠᠭ᠃ ᠵᠤᠨ ᠳᠠᠭᠠᠨ 2 ᠴᠠᠭ ᠲᠤ ᠨᠢᠭᠡ ᠤᠳᠠᠭ᠎ᠠ᠂ | ᠨᠠᠮᠤᠷ ᠲᠠᠭᠠᠨ 3 ᠴᠠᠭ ᠲᠤ ᠨᠢᠭᠡ ᠤᠳᠠᠭ᠎ᠠ᠂ ᠡᠪᠦᠯ ᠳᠡᠭᠡᠨ 4 ᠴᠠᠭ ᠲᠤ ᠨᠢᠭᠡ ᠤᠳᠠᠭ᠎ᠠ ᠰᠠᠭᠠᠳᠠᠭ᠃ ᠵᠤᠨ ᠤ | ᠤᠯᠠᠷᠢᠯ ᠳᠤ ᠴᠡᠭᠡ ᠪᠠᠨ ᠵᠢᠩ ᠪᠦᠷᠢ ᠳᠤᠨᠢ 12 ᠲᠦᠭᠦᠷᠢᠭ᠂ ᠰᠡᠷᠢᠬᠦᠤ ᠤᠷᠤᠪᠠᠯ ᠵᠢᠩ ᠪᠦᠷᠢ ᠳᠤᠨᠢ 15 — 18 | ᠲᠦᠭᠦᠷᠢᠭ ᠢᠶᠠᠷ ᠬᠤᠳᠠᠯᠳᠤᠳᠠᠭ᠃ ᠬᠤᠳᠠᠯᠳᠤᠵᠤ ᠭᠠᠷᠬᠤ ᠦᠭᠡᠢ ᠤᠳᠠᠭᠰᠠᠨ ᠴᠡᠭᠡ ᠪᠠᠨ ᠬᠤᠷᠠᠮᠳᠤᠭᠤᠯᠤᠭᠠᠳ ᠠᠷᠢᠬᠢ | ᠨᠡᠷᠡᠵᠤ᠂ ᠵᠢᠩ ᠳᠡᠭᠡᠨ 100 ᠲᠦᠭᠦᠷᠢᠭ ᠢᠶᠠᠷ ᠵᠢᠯ ᠳᠡᠭᠡᠨ 50 ᠰᠢᠬᠠᠮ ᠵᠢᠩ ᠬᠤᠳᠠᠯᠳᠤᠳᠠᠭ ᠪᠠᠶᠢᠯ᠎ᠠ᠃ ᠡᠭᠦᠨ ᠠᠴᠠ | ᠦᠵᠡᠬᠦ ᠳᠤ ᠡᠳᠡᠨ ᠤ ᠬᠢ ᠪᠦᠬᠦᠯᠢ ᠵᠢᠯ ᠢᠶᠠᠷ ᠭᠡᠬᠦᠤ ᠰᠠᠭᠠᠭᠰᠠᠨ ᠠᠴᠠ ᠨᠠᠭᠠᠰᠢ ᠵᠢᠯ ᠤᠨ ᠴᠡᠭᠡ ᠬᠤᠳᠠᠯᠳᠤᠭᠰᠠᠨ | ᠤᠷᠤᠯᠭ᠎ᠠ ᠨᠢ 50 ᠲᠦᠮᠡᠨ ᠲᠦᠭᠦᠷᠢᠭ ᠠᠴᠠ ᠳᠡᠭᠡᠭᠰᠢ ᠪᠠᠨ ᠲᠤᠭᠠᠴᠠᠯᠠᠭᠳᠠᠵᠤ ᠪᠠᠶᠢᠯ᠎ᠠ᠃ ︽ᠠᠩᠬ᠎ᠠ ᠡᠬᠢᠯᠡᠵᠤ ᠴᠡᠭᠡ | ᠬᠤᠳᠠᠯᠳᠤᠵᠤ ᠪᠠᠶᠢᠬᠤ ᠳᠤ ᠵᠢᠩ ᠪᠦᠷᠢ ᠳᠡᠭᠡᠨ 2.5 ᠲᠦᠭᠦᠷᠢᠭ ᠪᠠᠶᠢᠭᠰᠠᠨ ᠶᠤᠮ᠂ 2015 ᠤᠨ ᠠᠴᠠ ᠨᠠᠭᠠᠰᠢ | ᠵᠢᠩ ᠳᠡᠭᠡᠨ 12 ᠲᠦᠭᠦᠷᠢᠭ ᠬᠦᠷᠦᠭᠰᠡᠨ ᠰᠢᠤ᠂ ᠴᠡᠭᠡᠨ ᠤ ᠦᠨ᠎ᠠ ᠦᠰᠦᠭᠰᠡᠨ ᠢᠶᠠᠷ ᠮᠠᠨ ᠤ ᠤᠷᠤᠯᠭ᠎ᠠ ᠶᠡᠭᠡ ᠨᠡᠮᠡᠭᠳᠡᠵᠦ᠂ | ᠴᠡᠭᠡ ᠶᠢᠨ ᠤᠶᠢᠯᠡᠰ ᠲᠡᠭᠡᠨ ᠤᠯᠠᠮ ᠤᠷᠮ᠎ᠠ ᠲᠠᠢ ᠪᠤᠯᠤᠭᠰᠠᠨ︾ ᠭᠡᠵᠤ ᠰᠤᠷᠳᠠᠯᠳᠦ ᠪᠠᠶᠠᠷᠳᠠᠶᠢᠬᠠᠨ ᠤᠴᠢᠷᠯᠠᠨ᠎ᠠ᠃ | ᠭᠡᠶᠢᠮᠤᠷᠢᠳᠦ ᠰᠦᠷᠦᠭ ᠤᠨ ᠳᠠᠯᠠᠯᠭ᠎ᠠ ᠲᠠᠢ ᠪᠠᠶᠠᠨᠰᠢᠯᠢ ᠨᠤᠳᠤᠭ ᠦᠩ ᠰᠢᠮᠡᠯᠢᠭ ᠪᠡᠯᠴᠢᠭᠡᠷ ᠤᠰᠤ ᠲᠠᠢ ᠪᠤᠯᠪᠠᠴᠤ | ᠠᠶᠢᠯ ᠪᠦᠷᠢ ᠳᠤ ᠨᠤᠭᠳᠠᠬᠤ ᠨᠤᠳᠤᠭ ᠪᠡᠯᠴᠢᠭᠡᠷ ᠤᠨ ᠲᠠᠯᠠᠪᠠᠢ ᠨᠢ ᠪᠠᠭ᠎ᠠ ᠪᠤᠯᠬᠤᠷ ᠡᠨᠡ ᠨᠤᠳᠤᠭ ᠤᠨ ᠮᠠᠯᠴᠢᠳ | ᠠᠳᠤᠭᠤ ᠪᠠᠷ ᠢᠶᠠᠨ ᠠᠯᠳᠠᠷᠳᠠᠢ ᠨᠤᠳᠤᠭ ᠤᠨ ᠳᠠᠪᠠᠭᠤᠯᠢᠭ ᠲᠠᠭᠠᠨ ᠲᠦᠰᠢᠭᠯᠡᠨ᠂ ᠴᠢᠨᠠᠷ ᠰᠠᠶᠢᠳᠠᠢ ᠠᠳᠤᠭᠤᠨ ᠤ ᠠᠵᠤ | ᠤᠶᠢᠯᠡᠰ ᠢ ᠬᠦᠭᠵᠢᠬᠦᠯᠬᠦ ᠵᠠᠮ ᠢᠶᠠᠷ ᠵᠠᠮᠨᠠᠭᠠᠳ ᠤᠯᠠᠨ ᠵᠢᠯ ᠪᠤᠯᠵᠤ ᠪᠠᠶᠢᠨ᠎ᠠ᠃ ᠰᠤᠷᠳᠠᠯᠳᠦ ᠶᠢᠨ ᠬᠢ ᠤᠳᠤ ᠦᠪᠡᠷ ᠤᠨ | 2000 ᠮᠦ᠂ ᠪᠤᠰᠤᠳ ᠠᠴᠠ ᠲᠦᠷᠢᠶᠡᠰᠦᠯᠡᠭᠰᠡᠨ 2000 ᠮᠦ ᠪᠡᠯᠴᠢᠭᠡᠷ ᠳᠡᠭᠡᠷ᠎ᠠ ᠲᠠᠪᠢᠭᠠᠳ ᠲᠤᠭᠠᠨ ᠤ ᠰᠢᠯᠢ ᠢᠢᠨ | ᠭᠤᠤᠯ ᠠᠳᠤᠭᠤ ᠡᠪᠤᠯᠵᠢᠬᠦᠯᠦᠨᠠ᠃ ᠵᠢᠯ ᠳᠡᠭᠡᠨ ᠭᠤᠴᠢᠭᠠᠳ ᠭᠡᠬᠦᠤ ᠤᠨᠠᠭᠠᠯᠠᠵᠤ᠂ ᠤᠨᠠᠭ᠎ᠠ ᠬᠤᠳᠠᠯᠳᠤᠭᠰᠠᠨ | ᠤᠷᠤᠯᠭ᠎ᠠ ᠨᠢ ᠮᠠᠯᠵᠢᠬᠤ ᠤᠶᠢᠯᠡᠳᠪᠤᠷᠢᠯᠡᠯ ᠤᠨ ᠪᠦᠬᠦ ᠵᠠᠷᠤᠳᠠᠯ ᠳᠠᠭᠠᠨ ᠬᠦᠷᠴᠢᠭᠡᠳᠡᠭ ᠪᠤᠯᠬᠤᠷ ᠴᠡᠭᠡ ᠬᠤᠳᠠᠯᠳᠤᠭᠰᠠᠨ | ᠤᠷᠤᠯᠭ᠎ᠠ ᠨᠢ ᠴᠡᠪᠡᠷ ᠤᠷᠤᠳᠠᠭ ᠪᠠᠶᠢᠯ᠎ᠠ᠃ | ᠪᠠᠶᠠᠨᠰᠢᠯᠢ ᠮᠠᠯᠵᠢᠯ ᠤᠨ ᠲᠠᠯᠠᠪᠠᠢ ᠳᠠᠷᠠᠭ᠎ᠠ ᠠᠯᠬᠤᠮ ᠳᠤ᠂ ᠠᠮᠢ ᠠᠬᠤᠢ ᠪᠠ ᠠᠳᠤᠭᠤᠨ ᠰᠤᠶᠤᠯ ᠤᠨ ᠵᠢᠭᠤᠯᠴᠢᠯᠠᠯ ᠢ | ᠬᠦᠭᠵᠢᠬᠦᠯᠬᠦ ᠪᠠᠷ ᠳᠠᠮᠵᠢᠨ᠂ ᠡᠨᠡ ᠰᠠᠶᠢᠬᠠᠨ ᠠᠳᠤᠭᠤᠳᠤ ᠨᠤᠳᠤᠭ ᠢᠶᠠᠨ ᠰᠢᠯᠢ ᠶᠢᠨ ᠬᠤᠳᠠ ᠶᠢᠨ ᠰᠠᠭᠤᠭᠠᠯᠢ ᠠᠷᠠᠳ ᠤᠨ | ᠭᠠᠷᠠᠭ ᠤᠨ ᠰᠡᠬᠦᠯᠴᠢ ᠶᠢᠨ ᠰᠡᠯᠡᠬᠦᠴᠡᠯ ᠤᠨ ᠭᠠᠵᠠᠷ᠂ ᠤᠯᠤᠰ ᠤᠨ ᠲᠤᠳᠤᠭᠠᠳᠤ ᠭᠠᠳᠠᠭᠠᠳᠤ ᠶᠢᠨ ᠵᠢᠭᠤᠯᠴᠢᠯᠠᠭᠰᠠᠳ ᠤᠨ | ᠰᠢᠯᠢ ᠶᠢᠨ ᠬᠤᠳᠠ ᠳᠤ ᠵᠤᠭᠠᠴᠠᠬᠤ ᠲᠠᠷᠢᠬᠦᠨ ᠦᠷᠳᠡᠭᠡ᠂ ᠤᠯᠤᠰ ᠤᠨ ᠲᠤᠳᠤᠭᠠᠳᠤ ᠶᠢᠨ ᠨᠠᠷᠠ ᠠᠯᠳᠠᠷ ᠲᠠᠢ ᠲᠠᠯ᠎ᠠ | ᠨᠤᠳᠤᠭ ᠤᠨ ᠠᠮᠢ ᠠᠬᠤᠢ ᠪᠤᠯᠤᠨ ᠠᠳᠤᠭᠤᠨ ᠰᠤᠶᠤᠯ ᠤᠨ ᠵᠢᠭᠤᠯᠴᠢᠯᠠᠯ ᠤᠨ ᠬᠦᠰᠡᠨ ᠬᠦᠷᠬᠦ ᠭᠠᠵᠠᠷ᠂ ᠮᠤᠩᠭᠤᠯ | ᠮᠤᠷᠢᠨ ᠤ ᠵᠤᠷᠢᠭ ᠰᠠᠨᠠᠭ᠎ᠠ ᠤᠳᠬ᠎ᠠ ᠵᠤᠬᠢᠶᠠᠯ ᠤᠷᠠᠯᠢᠭ ᠤᠨ ᠵᠤᠬᠢᠶᠠᠨ ᠪᠦᠳᠦᠭᠡᠬᠦ ᠰᠠᠭᠤᠷᠢᠨ ᠪᠤᠯᠭᠠᠨ ᠪᠦᠳᠦᠭᠡᠨ | ᠪᠠᠶᠢᠭᠤᠯᠬᠤ ᠲᠥᠯᠥᠪᠯᠡᠭᠡ ᠪᠠᠷ ᠠᠵᠢᠯᠯᠠᠵᠥ ᠪᠠᠶᠢᠭ᠎ᠠ ᠪᠢᠯᠡ᠃ |