ᠠᠵᠤ ᠦᠢᠯᠡᠰᠵᠢᠯᠳᠡ ᠶᠢᠨ ᠴᠢᠬᠤᠯᠠ ᠨᠢᠭᠡᠨ ᠬᠡᠯᠪᠡᠷᠢ ᠪᠤᠶᠤ ᠰᠤᠶᠤᠯ ᠤᠨ ᠠᠵᠤ ᠦᠢᠯᠡᠰ
ᠨᠡᠶᠢᠲᠡᠯᠡᠭᠰᠡᠨ ᠴᠠᠭ᠄
2024/3/27
      — ᠲᠤᠮᠤ ᠬᠡᠯᠪᠡᠷᠢ ᠶᠢᠨ ᠪᠤᠳᠠᠳᠤ ᠦᠵᠡᠭᠳᠡᠯᠳᠦ ᠵᠥᠴᠦᠭᠡ ︽ᠮᠤᠩᠭᠤᠯ ᠮᠤᠷᠢ︾ ᠶᠢᠨ ᠳᠤᠬᠠᠢ ᠰᠤᠷᠪᠤᠯᠵᠢᠯᠠᠭᠠᠳ                       ᠰᠤᠷᠪᠤᠯᠵᠢᠯᠠᠭᠴᠢ ᠢᠪᠡᠭᠡᠯ      ᠤᠶᠢᠷ ᠎ᠠ ᠶᠢᠨ ᠵᠢᠯ ᠳᠤ᠂ ᠮᠠᠨ ᠤ ᠠᠶᠢᠮᠠᠭ ᠰᠤᠶᠤᠯ ᠵᠢᠭᠤᠯᠴᠢᠯᠠᠯ ᠤᠨ ᠡᠬᠢ ᠪᠠᠶᠠᠯᠢᠭ ᠤᠨ ᠳᠠᠪᠠᠭᠤᠯᠢᠭ ᠲᠠᠭᠠᠨ ᠰᠠᠭᠤᠷᠢᠯᠠᠨ᠂ ᠲᠡᠦᠬᠡ ᠰᠤᠶᠤᠯ ᠤᠨ ᠡᠬᠢ ᠪᠠᠶᠠᠯᠢᠭ ᠢ ᠬᠦᠨᠵᠡᠭᠡᠢ ᠠᠭᠤᠳᠠᠯᠵᠤ᠂ ᠰᠤᠶᠤᠯ ᠵᠢᠭᠤᠯᠴᠢᠯᠠᠯ ᠤᠨ ᠠᠭᠤᠰᠤᠯᠴᠠᠨ ᠬᠥᠭᠵᠢᠬᠦ ᠰᠢᠨ᠎ᠡ ᠵᠠᠮ ᠢ ᠢᠳᠡᠪᠬᠢᠳᠠᠢ ᠬᠠᠶᠢᠨ ᠰᠥᠪᠡᠭᠴᠢᠯᠡᠨ᠂ ᠠᠭᠤᠯᠭ᠎ᠠ ᠪᠠᠷ ᠪᠠᠶᠠᠯᠢᠭ᠂ ᠤᠯᠠᠨ ᠬᠡᠯᠪᠡᠷᠢ ᠮᠠᠶ᠋ᠢᠭ ᠤᠨ ᠤᠨᠴᠠᠯᠢᠭᠳᠤ ᠰᠤᠶᠤᠯ ᠵᠢᠭᠤᠯᠴᠢᠯᠠᠯ ᠤᠨ ︽ᠨᠡᠷᠡᠳᠦ ᠲᠡᠮᠳᠡᠭ︾ ᠡᠭᠦᠳᠦᠨ ᠪᠥᠳᠦᠭᠡᠬᠦ ᠠᠵᠢᠯ ᠢ ᠡᠷᠴᠢᠮᠳᠡᠢ ᠠᠳᠬᠤᠭᠰᠠᠭᠠᠷ ᠢᠷᠡᠭᠰᠡᠨ ᠢᠶᠠᠷ ᠨᠢᠭᠡ ᠪᠥᠯᠥᠭ ᠰᠤᠶᠤᠯ ᠵᠢᠭᠤᠯᠴᠢᠯᠠᠯ ᠤᠨ ᠰᠤᠳᠤᠨ ᠪᠥᠳᠦᠭᠡᠯ ᠢ ᠨᠡᠶᠢᠳᠡ ᠲᠦᠮᠡᠨ ᠤ ᠡᠮᠦᠨ᠎ᠡ ᠲᠡᠯᠭᠡᠨ ᠭᠠᠷᠭᠠᠵᠤ᠂ ᠪᠥᠬᠦ ᠠᠶᠢᠮᠠᠭ ᠤᠨ ᠵᠢᠭᠤᠯᠴᠢᠯᠠᠯ ᠤᠨ ᠠᠵᠢᠯ ᠢ ᠠᠬᠢᠭᠤᠯᠬᠤ ᠰᠢᠨ᠎ᠡ ᠬᠦᠴᠦᠨ ᠵᠦᠢᠯ ᠢ ᠪᠤᠢ ᠪᠤᠯᠭᠠᠵᠠᠢ᠃ ᠬᠡᠳᠦᠨ ᠵᠢᠯ ᠤᠨ ᠰᠢᠷᠭᠠᠭᠤ ᠬᠥᠳᠡᠯᠮᠥᠷᠢ ᠶᠢᠨ ᠵᠢᠷᠦᠬᠡᠨ ᠲᠠᠮᠢᠷ ᠢᠶᠠᠷ ᠪᠥᠳᠦᠭᠰᠡᠨ ᠲᠤᠮᠤ ᠬᠡᠯᠪᠡᠷᠢ ᠶᠢᠨ ᠪᠤᠳᠠᠳᠤ ᠦᠵᠡᠭᠳᠡᠯᠳᠦ ᠵᠥᠴᠦᠭᠡ ︽ᠮᠤᠩᠭᠤᠯ ᠮᠤᠷᠢ︾ ᠪᠤᠯ ᠲᠠᠷᠤᠢ ᠲᠡᠭᠦᠨ ᠤ ᠲᠤᠳᠤᠷᠠᠬᠢ ᠤᠳᠤ ᠰᠤᠳᠤ ᠪᠤᠯᠤᠭᠰᠠᠨ ᠤᠷᠠᠨ ᠪᠥᠳᠦᠭᠡᠯ ᠪᠤᠯᠤᠨ᠎ᠠ᠃      ᠮᠠᠨ ᠤ ᠠᠶᠢᠮᠠᠭ ᠮᠤᠩᠭᠤᠯ ᠠᠳᠤᠭᠤ ᠶᠢ ᠬᠠᠮᠠᠭᠠᠯᠠᠨ᠂ ᠮᠤᠩᠭᠤᠯ ᠠᠳᠤᠭᠤ ᠶᠢ ᠦᠷᠡᠵᠢᠭᠦᠯᠬᠦ ᠲᠤᠬᠠᠢ ᠡᠳᠦᠢ ᠲᠡᠳᠦᠢ ᠪᠤᠳᠠᠳᠠᠢ ᠲᠦᠷᠦ ᠶᠢᠨ ᠪᠤᠳᠤᠯᠭ᠎ᠠ᠂ ᠠᠷᠭ᠎ᠠ ᠬᠡᠮᠵᠢᠶ᠎ᠡ ᠶᠢ ᠲᠤᠭᠳᠠᠭᠠᠭᠰᠠᠨ ᠢᠶᠠᠷ ᠮᠤᠩᠭᠤᠯ ᠠᠳᠤᠭᠤᠨ ᠤ ᠲᠤᠭ᠎ᠠ ᠲᠤᠭᠳᠠᠭᠤᠨ ᠢᠶᠠᠷ ᠨᠡᠮᠡᠭᠳᠡᠨ ᠤᠳᠤ ᠪᠤᠯᠬᠤ ᠳᠤ ᠪᠥᠬᠦ ᠠᠶᠢᠮᠠᠭ ᠲᠤ 25 ᠲᠦᠮᠡᠨ ᠮᠣᠩᠭᠤᠯ ᠠᠳᠤᠭᠤ ᠲᠠᠢ ᠪᠤᠯᠵᠤ ᠠᠳᠤᠭᠤᠨ ᠰᠤᠶᠤᠯ ᠤᠨ ᠲᠥᠷᠦᠯ ᠲᠡᠮᠳᠡᠭ ᠢ ᠡᠭᠦᠳᠬᠦ ᠪᠠᠳᠤ ᠪᠠᠬᠢ ᠰᠠᠭᠤᠷᠢ ᠶᠢ ᠴᠤᠭᠴᠠᠯᠠᠵᠠᠢ᠃ ᠤᠷᠳᠤ ᠤᠳᠠᠭᠠᠨ ᠲᠡᠥᠬᠡ ᠶᠢᠨ ᠶᠠᠪᠤᠴᠠ ᠳᠤ᠂ ᠡᠵᠡᠨ᠂ ᠨᠤᠲᠤᠭ ᠲᠠᠭᠠᠨ ᠡᠭᠡᠯᠢᠳᠠᠢ ᠮᠤᠩᠭᠤᠯ ᠠᠳᠤᠭᠤ ᠶᠢᠨ ᠡᠷᠴᠢ ᠬᠤᠷᠳᠤ ᠂ ᠡᠷᠡᠮᠡᠬᠡᠢ ᠰᠢᠨᠳᠠᠰᠤᠯᠢᠭ ᠴᠢᠨᠠᠷ ᠨᠢ ᠮᠠᠯᠴᠢᠨ ᠲᠦᠮᠡᠨ ᠤ ᠮᠠᠨᠢ ᠪᠡᠶ ᠎ᠡ ᠤᠶᠤᠨ ᠰᠠᠨᠠᠭᠠᠨ ᠳᠤ ᠠᠭᠤᠰᠤᠭᠰᠠᠨ ᠡᠷᠬᠢᠮ ᠨᠠᠨᠳᠢᠨ ᠵᠤᠷᠢᠭ ᠰᠠᠨᠠᠭᠠᠨ ᠤ ᠥᠪ ᠬᠥᠷᠥᠩᠭᠡ ᠪᠤᠯᠤᠭᠰᠠᠨ ᠪᠠᠶᠢᠳᠠᠭ ᠢᠶᠠᠷ᠂ ᠶᠡᠷᠦᠩᠬᠡᠢ ᠱᠦᠵᠢ ᠰᠢ ᠶᠢᠨ ᠫᠢᠡᠭ ᠥᠪᠥᠷ ᠮᠤᠩᠭᠤᠯ ᠳᠤ ᠰᠢᠨᠵᠢᠯᠡᠨ ᠪᠠᠶᠢᠴᠠᠭᠠᠬᠤ ᠳᠠᠭᠠᠨ ᠥᠪᠥᠷ ᠮᠤᠩᠭᠤᠯ ᠤᠨ ᠺᠠᠳ᠋ᠷ ᠤᠯᠠᠨ ᠲᠦᠮᠡᠨ ᠢ ᠠᠵᠢᠯ ᠦᠢᠯᠡᠰ ᠪᠤᠰᠬᠠᠬᠤ ᠳᠠᠭᠠᠨ ᠮᠤᠩᠭᠤᠯ ᠮᠤᠷᠢ ᠰᠢᠬ ᠲᠡᠰᠪᠦᠷᠢ ᠬᠠᠳᠠᠭᠤᠵᠢᠯᠳᠠᠢ᠂ ᠴᠤᠴᠠᠯᠳᠠ ᠦᠭᠡᠢ ᠤᠷᠤᠭᠰᠢᠯᠠᠵᠦ᠂ ᠵᠤᠷᠢᠭᠰᠠᠨ ᠳᠠᠭᠠᠨ ᠵᠠᠪᠠᠯ ᠬᠦᠷᠬᠦ ︽ᠮᠤᠩᠭᠤᠯ ᠮᠤᠷᠢᠨ ᠤ ᠵᠤᠷᠢᠭ ᠰᠠᠨᠠᠭ᠎ᠠ︾ ᠲᠠᠢ ᠪᠠᠶᠢᠬᠤ ᠬᠡᠷᠡᠭᠳᠡᠢ ᠭᠡᠰᠡᠨ ᠲᠠᠶᠢᠴᠢᠨ ᠤᠷᠢᠶᠠᠯᠠᠭ᠎ᠠ ᠶᠢ ᠳᠤᠷᠠᠳᠤᠨ ᠭᠠᠷᠭᠠᠭᠰᠠᠨ ᠪᠠᠶᠢᠳᠠᠭ᠃      ᠶᠡᠷᠦᠩᠬᠡᠢ ᠱᠦᠵᠢ ᠰᠢ ᠶᠢᠨ ᠫᠢᠡᠭ ᠤᠨ ᠶᠠᠷᠢᠶᠠᠨ ᠤ ᠵᠤᠷᠢᠭ ᠰᠠᠨᠠᠭ᠎ᠠ ᠶᠢ ᠲᠤᠭᠤᠰᠢᠯᠠᠭᠤᠯᠵᠦ᠂ ︽ᠮᠤᠩᠭᠤᠯ ᠮᠤᠷᠢᠨ ᠤ ᠵᠤᠷᠢᠭ ᠰᠠᠨᠠᠭ᠎ᠠ︾ ᠶᠢ ᠪᠠᠳᠠᠷᠠᠭᠤᠯᠤᠨ᠂ ᠥᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠭᠡᠯᠡᠬᠦ ᠶᠢᠨ ᠲᠥᠯᠥᠭᠡ᠂ ᠠᠶᠢᠮᠠᠭ ᠤᠨ ᠨᠠᠮ ᠤᠨ ᠬᠤᠷᠢᠶ᠎ᠠ᠂ ᠠᠶᠢᠮᠠᠭ ᠤᠨ ᠵᠠᠬᠢᠷᠭ᠎ᠠ ᠪᠤᠯᠤᠨ ᠰᠢᠯᠢ ᠶᠢᠨ ᠬᠤᠳᠠ ᠶᠢᠨ ᠨᠠᠮ ᠤᠨ ᠬᠤᠷᠢᠶ ᠎ᠠ᠂ ᠵᠠᠰᠠᠭ ᠤᠨ ᠤᠷᠳᠤᠨ ᠤ ᠬᠦᠴᠦᠲᠠᠢ ᠲᠡᠮᠵᠢᠯᠭᠡ ᠳᠤᠤᠷ ᠎ᠠ᠂ ᠰᠢᠯᠢ ᠶᠢᠨ ᠭᠤᠤᠯ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠠᠴᠠ ᠲᠤᠮᠤ ᠬᠡᠯᠪᠡᠷᠢ ᠶᠢᠨ ᠪᠤᠳᠠᠳᠤ ᠦᠵᠡᠭᠳᠡᠯᠳᠦ ᠵᠦᠴᠦᠭᠡ ︽ᠮᠤᠩᠭᠤᠯ ᠮᠤᠷᠢ︾ ᠶᠢ ᠵᠤᠬᠢᠶᠠᠨ ᠪᠥᠳᠦᠭᠡᠬᠦ ᠠᠵᠢᠯ ᠢ ᠡᠬᠢᠯᠡᠭᠦᠯᠦᠭᠰᠡᠨ ᠪᠠᠶᠢᠪᠠ᠃      ᠤᠶᠢᠯᠠᠭᠠᠭᠰᠠᠨ ᠢᠶᠠᠷ᠂ ᠲᠤᠰ ᠵᠦᠴᠦᠭᠡ ᠶᠢ 2017 ᠤᠨ ᠳᠤ᠂ ︽ᠠᠯᠳᠠᠨ ᠳᠠᠬᠢᠶ ᠎ᠠ︾ ᠱᠠᠩᠨᠠᠯᠳᠤ ᠨᠡᠷᠡᠳᠦ ᠤᠳᠤᠷᠢᠳᠤᠭᠠᠴᠢ ᠨᠢᠩ ᠼᠠᠢ ᠨᠠᠷ ᠬᠠᠮᠳᠤᠪᠠᠷ ᠦᠢᠯᠡᠳᠴᠤ᠂ ᠰᠢᠯᠢ ᠶᠢᠨ ᠭᠤᠤᠯ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠠᠴᠠ ᠭᠤᠤᠯᠯᠠᠨ ᠬᠠᠷᠢᠭᠤᠴᠠᠭᠰᠠᠨ ᠪᠠᠶᠢᠨ᠎ᠠ᠃ ᠲᠤᠰ ᠵᠦᠴᠦᠭᠡ ᠨᠢ ᠠᠷᠪᠠᠨ ᠳᠦᠷᠪᠡᠨ ᠪᠥᠯᠥᠭ ᠢᠶᠠᠷ ᠪᠦᠷᠢᠯᠳᠦᠵᠦ᠂ ︽ᠲᠠᠶᠢᠨ︾ ᠬᠢᠭᠡᠳ ︽ᠬᠠᠶᠢᠷ ᠎ᠠ ᠰᠡᠳᠭᠢᠯᠭᠡ︾ ᠭᠡᠬᠦ ᠬᠤᠶᠠᠷ ᠰᠢᠵᠢᠮ ᠢᠶᠠᠷ ᠬᠡᠯᠬᠢᠭᠳᠡᠭᠰᠡᠨ ᠪᠠᠶᠢᠳᠠᠭ᠃ ᠵᠥᠴᠦᠭᠡ ᠳᠤ᠂ ᠵᠠᠯᠠᠭᠤ ᠪᠠᠶᠢᠯᠳᠤᠭᠴᠢ ᠤᠷᠢᠶᠠᠩᠬᠠᠢ ᠲᠠᠶᠢᠨ ᠳᠤ ᠮᠤᠷᠳᠠᠵᠦ᠂ ᠲᠠᠶᠢᠨ ᠤ ᠳᠤᠮᠳᠠ ᠬᠦᠨᠳᠦ ᠰᠢᠷᠬᠠᠳᠤᠭᠰᠠᠨ ᠪᠠᠶᠢᠳᠠᠯ ᠳᠤᠤᠷ ᠎ᠠ ᠬᠠᠶᠢᠷᠠᠳᠠᠢ ᠮᠤᠷᠢ ᠨᠢ ᠲᠡᠭᠦᠨ ᠳᠤ ᠳᠦᠰᠢᠭ ᠪᠤᠯᠤᠭᠰᠡᠨ ᠰᠡᠳᠭᠢᠯ ᠬᠥᠳᠡᠯᠭᠡᠮ᠎ᠡ ᠦᠯᠢᠭᠡᠷ ᠵᠢᠴᠢ ᠵᠠᠯᠠᠭᠤ ᠪᠠᠶᠢᠯᠳᠤᠭᠴᠢ ᠤᠷᠢᠶᠠᠩᠬᠠᠢ ᠪᠤᠯᠤᠨ ᠠᠨᠤᠵᠢᠨ ᠬᠤᠶᠠᠷ ᠤᠨ ᠲᠠᠶᠢᠨ ᠪᠠᠶᠢᠯᠳᠤᠭᠠᠨ ᠤ ᠳᠤᠮᠳᠠᠬᠢ ᠭᠤᠨᠢᠭᠳᠤ ᠬᠠᠶᠢᠷ ᠎ᠠ ᠰᠡᠳᠭᠢᠯᠭᠡ ᠪᠠᠷ ᠦᠯᠢᠭᠡᠷᠯᠡᠵᠦ᠂ ᠮᠤᠩᠭᠤᠯ ᠬᠦᠮᠦᠨ ᠪᠠ ᠮᠤᠩᠭᠤᠯ ᠮᠤᠷᠢᠨ ᠤ ᠰᠠᠯᠤᠰᠢ ᠦᠭᠡᠢ ᠬᠤᠪᠢ ᠪᠠᠷᠢᠯᠳᠤᠯᠭ᠎ᠠ ᠢᠢ ᠲᠤᠰᠬᠠᠨ᠂ ᠲᠠᠶᠢᠨ ᠳᠤ ᠮᠤᠷᠳᠠᠭᠰᠠᠨ ᠪᠠᠭᠠᠳᠤᠷ ᠡᠷᠡᠴᠤᠤᠯ ᠤᠨ ᠨᠤᠭᠤᠷᠠᠯ ᠪᠦᠲᠦᠷᠢᠯ ᠠᠴᠠ ᠠᠶᠤᠬᠤ ᠦᠭᠡᠢ ᠰᠢᠨᠳᠠᠷᠠᠰᠢ ᠦᠭᠡᠢ ᠲᠡᠮᠡᠴᠡᠨ᠂ ᠡᠬᠡ ᠤᠷᠤᠨ ᠤ ᠪᠠᠨ ᠲᠥᠯᠥᠭᠡ ᠭᠤᠶᠠᠴᠢ ᠦᠭᠡᠢ ᠵᠢᠳᠭᠦᠵᠦ᠂ ᠮᠤᠩᠭᠤᠯ ᠮᠤᠷᠢᠨ ᠤ ᠵᠤᠷᠢᠭ ᠰᠠᠨᠠᠭ᠎ᠠ ᠪᠠᠷ ᠡᠬᠡ ᠤᠷᠤᠨ ᠢᠶᠠᠨ ᠬᠠᠮᠠᠭᠠᠯᠠᠵᠦ ᠢᠷᠡᠭᠰᠡᠨ ᠦᠢᠯᠡ ᠶᠠᠪᠤᠳᠠᠯ ᠢ ᠠᠮᠢᠳᠤᠯᠢᠭ ᠢᠶᠠᠷ ᠵᠢᠷᠤᠭᠯᠠᠨ ᠲᠤᠰᠬᠠᠬᠰᠠᠨ ᠪᠠᠶᠢᠨ᠎ᠠ᠃ ᠲᠤᠰ ᠵᠦᠴᠦᠭᠡ ᠳᠤ ᠰᠢᠯᠢ ᠶᠢᠨ ᠭᠤᠤᠯ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠰᠤᠷᠤᠭᠴᠢ ᠶᠢ ᠪᠠᠭᠳᠠᠭᠠᠭᠰᠠᠨ 400 ᠲᠤᠭᠯᠠᠭᠴᠢ᠂ 120 ᠮᠤᠩᠭᠤᠯ ᠮᠤᠷᠢ ᠤᠷᠤᠯᠴᠠᠵᠦ᠂ ᠤᠯᠤᠰ ᠤᠨ ᠲᠤᠳᠤᠨ᠎ᠠ ᠭᠠᠳᠠᠨᠠᠬᠢ ᠦᠨᠳᠦᠷ ᠲᠡᠰ ᠤᠨ ᠤᠷᠠᠨ ᠪᠦᠲᠦᠭᠡᠯᠴᠢᠳ ᠤᠨ ᠪᠠᠭ ᠤᠨ ᠬᠢᠨ ᠲᠥᠰᠥᠪᠯᠡᠨ᠂ ᠮᠤᠷᠢᠨ ᠮᠡᠷᠭᠡᠵᠢᠯ᠂ ᠮᠤᠩᠭᠤᠯ ᠦᠨᠳᠦᠰᠦᠳᠡᠨ ᠤ ᠳᠠᠭᠤᠤ ᠪᠥᠵᠢᠭ᠂ ᠼᠢᠷᠺ ᠵᠡᠷᠭᠡ ᠶᠢ ᠠᠭᠤᠰᠤᠯᠴᠠᠭᠤᠯᠵᠤ᠂ ᠤᠳᠤᠬᠢ ᠲᠡᠷᠢᠭᠦᠨ ᠤ ᠮᠡᠷᠭᠡᠵᠢᠯ᠂ ᠳ᠋ᠸᠡᠭ᠂ ᠭᠡᠷᠡᠯ ᠵᠡᠷᠭᠡ ᠶᠢ ᠬᠠᠪᠰᠤᠷᠭᠠᠭᠰᠠᠨ ᠠᠴᠠ ᠪᠦᠬᠦ᠋ᠢᠯᠡ ᠵᠦᠴᠦᠭᠡ ᠨᠢ ᠦᠵᠡᠭᠴᠢᠳ ᠤᠨ ᠬᠠᠷᠠᠭᠠᠨ ᠰᠡᠷᠡᠯ ᠪᠤᠯᠤᠨ ᠰᠤᠨᠤᠷ ᠤᠨ ᠰᠡᠷᠡᠯ ᠳᠤ ᠲᠠᠭᠠᠰᠢᠶᠠᠯ ᠪᠤᠯᠤᠭᠰᠠᠨ ᠪᠠᠶᠢᠨ᠎ᠠ᠃ ᠵᠦᠴᠦᠭᠡ ᠶᠢᠨ ᠲᠤᠭᠯᠠᠭᠴᠢᠳ ᠨᠢ ᠲᠤᠰᠬᠠᠢ ᠮᠡᠷᠭᠡᠵᠢᠯ ᠤᠨ ᠼᠢᠷᠺ ᠤᠨ ᠲᠤᠭᠯᠠᠭᠴᠢ ᠶᠢ ᠭᠠᠷᠭᠠᠪᠠᠯ ᠪᠤᠰᠤᠳ ᠨᠢ ᠴᠦᠮ ᠰᠢᠯᠢ ᠶᠢᠨ ᠭᠤᠤᠯ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠪᠠᠭᠰᠢ ᠰᠤᠷᠤᠭᠴᠢᠳ ᠢᠶᠠᠷ ᠪᠦᠷᠢᠯᠳᠦᠭᠰᠡᠨ ᠪᠠᠶᠢᠨ᠎ᠠ᠃      ᠡᠨᠡᠬᠦ ᠵᠥᠴᠦᠭᠡ ᠨᠢ᠂ 2017 ᠤᠨ ᠳᠤ ᠠᠩᠬ᠎ᠠ ᠡᠬᠢᠯᠡᠨ ᠪᠤᠳᠠᠳᠤ ᠦᠵᠡᠭᠳᠡᠯ ᠢ ᠵᠢᠷᠤᠭᠯᠠᠬᠤ 88 ᠲᠠᠯᠠᠪᠠᠢ ᠲᠤᠭᠯᠠᠯᠳᠠ ᠭᠠᠷᠭᠠᠬᠤ ᠶᠠᠪᠤᠴᠠ ᠳᠤ 10 ᠲᠥᠮᠡᠨ ᠦᠵᠡᠭᠴᠢ ᠶᠢ ᠲᠠᠳᠠᠭᠰᠠᠨ ᠲᠡᠳᠦᠢ ᠦᠭᠡᠢ᠂ ᠲᠡᠭᠦᠨ ᠠᠴᠠ ᠪᠠᠨ ᠵᠠᠯᠭᠠᠨ 288 ᠲᠠᠯᠠᠪᠠᠢ ᠲᠤᠭᠯᠠᠯᠳᠠ ᠶᠢᠨ ᠦᠢᠯᠡᠳᠦᠯᠭᠡ ᠶᠢ ᠥᠩᠭᠡᠷᠡᠭᠡᠭᠡᠳ 2019 ᠤᠨ ᠳᠤ ᠵᠠᠰᠠᠯᠳᠠ ᠪᠠ 2020 ᠤᠨ ᠤ ᠲᠠᠬᠢᠨ ᠵᠠᠰᠠᠯᠳᠠ ᠤᠷᠤᠭᠤᠯᠬᠤ ᠪᠠᠷ ᠲᠠᠮᠵᠢᠨ ᠤᠯᠠᠮ ᠴᠢᠨᠠᠷᠵᠢᠨ ᠲᠡᠭᠦᠯᠳᠡᠷᠵᠢᠭᠡᠳ ᠦᠨᠡᠨᠬᠦ ᠰᠤᠶᠤᠯ ᠵᠢᠭᠤᠯᠴᠢᠯᠠᠯ ᠠᠭᠤᠰᠤᠯᠴᠠᠭᠰᠠᠨ ᠦᠨᠳᠦᠰᠦᠳᠡᠨ ᠤ ᠰᠤᠶᠤᠯ ᠤᠷᠠᠯᠢᠭ ᠤᠨ ᠰᠤᠳᠤᠨ ᠪᠥᠳᠦᠭᠡᠯ ᠪᠤᠯᠵᠤ᠂ ︽ᠮᠤᠩᠭᠤᠯ ᠮᠤᠷᠢᠨ ᠤ ᠵᠤᠷᠢᠭ ᠰᠠᠨᠠᠭ᠎ᠠ︾ ᠶᠢ ᠨᠡᠩ ᠠᠮᠢᠳᠤᠯᠢᠭ ᠢᠶᠠᠷ ᠨᠡᠶᠢᠳᠡ ᠦᠵᠡᠭᠴᠢᠳ ᠤᠨ ᠡᠮᠦᠨ᠎ᠡ ᠲᠡᠪᠰᠢᠭᠦᠯᠦᠭᠰᠡᠨ ᠪᠠᠶᠢᠨ᠎ᠠ᠃ ᠡᠨᠡ ᠲᠤᠬᠠᠢ ᠲᠤᠰ ᠵᠥᠴᠦᠭᠡ ᠶᠢᠨ ᠶᠡᠷᠦᠩᠬᠡᠢ ᠤᠳᠤᠷᠢᠳᠤᠭᠠᠴᠢ ᠨᠢᠩ ᠼᠠᠢ᠄ ︽ᠨᠡᠩ ᠤᠯᠠᠨ ᠬᠦᠮᠦᠨ ᠲᠤᠰ ᠵᠥᠴᠦᠭᠡ ᠪᠠᠷ ᠲᠠᠮᠵᠢᠨ ᠬᠦᠮᠦᠨ ᠤ ᠰᠡᠳᠭᠢᠯ ᠢ ᠬᠥᠪᠴᠢᠯᠡᠮ᠎ᠡ ︿ᠮᠤᠩᠭᠤᠯ ᠮᠤᠷᠢᠨ ᠤ ᠵᠤᠷᠢᠭ ᠰᠠᠨᠠᠭ᠎ᠠ﹀ ᠶᠢᠨ ᠬᠦᠷᠳᠡᠭᠡᠮᠵᠢ ᠤᠯᠵᠤ᠂ ᠲᠠᠯ᠎ᠠ ᠨᠤᠳᠤᠭ ᠤᠨ ᠰᠤᠶᠤᠯ ᠤᠨ ᠠᠭᠤᠤ ᠪᠠᠭᠳᠠᠭᠠᠮᠵᠢ ᠪᠤᠯᠤᠨ ᠷᠢᠳᠢ ᠰᠢᠳᠢ ᠶᠢ ᠤᠶᠢᠯᠠᠭᠠᠬᠤ ᠪᠤᠯᠤᠨ᠎ᠠ ᠭᠡᠳᠡᠭ ᠲᠤ ᠪᠢ ᠵᠢᠭᠠᠬᠠᠨ ᠴᠤ ᠡᠷᠡᠭᠡᠯᠵᠡᠬᠦ ᠦᠭᠡᠢ ᠪᠠᠶᠢᠨ᠎ᠠ︾ ᠭᠡᠵᠦ ᠰᠡᠳᠭᠢᠯ ᠲᠤᠭᠳᠤᠯᠤᠨ ᠶᠠᠷᠢᠭᠰᠠᠨ ᠪᠠᠶᠢᠳᠠᠭ᠃      ︽ᠲᠤᠮᠤ ᠬᠡᠯᠪᠡᠷᠢ ᠶᠢᠨ ᠪᠤᠳᠠᠳᠤ ᠦᠵᠡᠭᠳᠡᠯᠳᠦ ᠵᠥᠴᠦᠭᠡ ᠪᠤᠯᠤᠭᠰᠠᠨ ᠤ ᠬᠤᠪᠢ ᠳᠤ ︿ᠮᠤᠩᠭᠤᠯ ᠮᠤᠷᠢ﹀ ᠨᠢ ᠤᠷᠤᠨ ᠨᠤᠳᠤᠭ ᠪᠤᠯᠤᠨ ᠦᠨᠳᠦᠰᠦᠳᠡᠨ ᠤ ᠤᠨᠴᠠᠯᠢᠭᠳᠤ ᠰᠤᠶᠤᠯ ᠤᠨ ᠡᠬᠢ ᠪᠠᠶᠠᠯᠢᠭ ᠢ ᠭᠦᠨ ᠠᠭᠤᠳᠠᠯᠵᠤ ᠪᠥᠷᠢᠨ ᠠᠰᠢᠭᠯᠠᠵᠤ᠂ ᠬᠦᠮᠦᠨ ᠬᠢᠭᠡᠳ ᠮᠤᠷᠢ ᠬᠠᠮᠳᠤ ᠲᠤᠭᠯᠠᠯᠳᠠ ᠶᠢᠨ ᠲᠠᠪᠴᠠᠩ ᠳᠤ ᠢᠯᠡᠷᠡᠬᠦ ᠪᠠᠷ ᠲᠠᠮᠵᠢᠭᠤᠯᠤᠨ ᠤᠮᠤᠭ ᠲᠡᠭᠦᠯᠳᠡᠷ ᠤᠷᠠᠨ ᠵᠢᠪᠬᠤᠭ᠎ᠠ ᠲᠠᠢ ᠮᠤᠷᠢᠨ ᠮᠡᠷᠭᠡᠵᠢᠯ ᠪᠤᠯᠤᠨ ᠲᠠᠭᠤᠯᠠᠯᠳᠤ ᠪᠥᠵᠢᠭ ᠤᠨ ᠤᠷᠠᠯᠢᠭ ᠢ ᠠᠭᠤᠰᠤᠯᠴᠠᠭᠤᠯᠤᠨ᠂ ᠮᠤᠷᠢᠳᠠᠨ ᠦᠨᠳᠦᠰᠦᠳᠡᠨ ᠤ ᠰᠤᠶᠤᠯ ᠤᠨ ᠢᠳᠡᠭᠡᠯ ᠢ ᠲᠡᠯᠭᠡᠨ ᠬᠠᠷᠠᠭᠤᠯᠵᠤ ᠴᠢᠳᠠᠭᠰᠠᠨ ᠪᠠᠶᠢᠨ᠎ᠠ︾ ᠭᠡᠵᠦ ᠥᠪᠦᠷ ᠮᠤᠩᠭᠤᠯ ᠤᠨ ᠶᠡᠭᠡ ᠰᠤᠷᠭᠠᠭᠤᠯᠢ ᠶᠢᠨ ᠤᠷᠠᠯᠢᠭ ᠤᠨ ᠲᠡᠭᠡᠳᠦ ᠰᠤᠷᠭᠠᠭᠤᠯᠢ ᠶᠢᠨ ᠫᠷᠤᠹᠧᠰᠰᠤᠷ ᠯᠢ ᠱᠦ ᠷᠦᠩ ᠦᠵᠡᠭᠰᠡᠨ ᠪᠠᠶᠢᠪᠠ᠃ ︽ᠮᠤᠩᠭᠤᠯ ᠮᠤᠷᠢ︾ ᠶᠠᠭ ᠡᠶᠢᠨᠬᠦ ᠲᠤᠮᠳᠠᠳᠤ ᠶᠢᠨ ᠦᠨᠳᠦᠰᠦᠳᠡᠨ ᠤ ᠰᠤᠶᠤᠯ ᠤᠨ ᠥᠪ ᠲᠤᠮᠳᠠ ᠥᠪᠡᠷᠮᠢᠴᠡ ᠤᠨᠴᠠᠯᠢᠭ ᠢᠶᠠᠷ ᠢᠶᠠᠨ ᠭᠢᠯᠠᠰᠤᠨ ᠲᠠᠶᠠᠩ ᠲᠡᠯᠡᠬᠡᠢ ᠶᠢᠨ ᠦᠢ ᠲᠥᠮᠡᠨ ᠦᠵᠡᠭᠴᠢ ᠶᠢ ᠲᠠᠳᠠᠨ ᠮᠠᠨ ᠤ ᠠᠶᠢᠮᠠᠭ ᠤᠨ ᠵᠢᠭᠤᠯᠴᠢᠯᠠᠯ ᠤᠨ ᠦᠢᠯᠡᠰ ᠤᠨ ᠲᠠᠳᠠᠬᠤ ᠬᠦᠴᠦᠨ ᠪᠤᠯᠵᠤ ᠪᠠᠶᠢᠨ᠎ᠠ᠃ ᠪᠥᠷᠢᠨ ᠪᠤᠰᠤ ᠪᠥᠷᠢᠳᠭᠡᠯ ᠢ ᠦᠨᠳᠦᠰᠦᠯᠡᠪᠡᠯ᠂ ᠲᠤᠰ ᠵᠥᠴᠦᠭᠡ ᠨᠢ ᠵᠢᠯ ᠤᠨ ᠵᠢᠯ ᠳᠤ 85 ᠲᠠᠯᠠᠪᠠᠢ ᠲᠤᠭᠯᠠᠭᠳᠠᠨ᠂ ᠰᠤᠶᠤᠯ ᠵᠢᠭᠤᠯᠴᠢᠯᠠᠯ ᠳᠤ ᠦᠵᠡᠭᠦᠯᠦᠭᠰᠡᠨ ᠠᠵᠤ ᠠᠬᠤᠢ ᠶᠢᠨ ᠨᠡᠮᠡᠷᠢ ᠬᠠᠨᠳᠢᠪ ᠨᠢ ᠵᠢᠯ ᠤᠨ 400 ᠠᠴᠠ 500 ᠲᠦᠮᠡᠨ ᠲᠥᠭᠦᠷᠢᠭ ᠬᠦᠷᠬᠦ ᠪᠤᠯᠤᠭᠠᠳ ᠰᠢᠯᠢ ᠶᠢᠨ ᠭᠤᠤᠯ ᠤᠨ ᠲᠠᠯ᠎ᠠ ᠨᠤᠲᠤᠭ ᠤᠨ ᠰᠤᠶᠤᠯ ᠤᠨ ᠷᠢᠳᠢ ᠰᠢᠳᠢ ᠶᠢ ᠠᠯᠳᠠᠨ ᠲᠡᠯᠡᠬᠡᠢ ᠳᠤ ᠲᠠᠨᠢᠭᠤᠯᠬᠤ ᠰᠤᠶᠤᠯ ᠵᠢᠭᠤᠯᠴᠢᠯᠠᠯ ᠤᠨ ᠨᠡᠷᠡᠳᠦ ᠲᠡᠮᠳᠡᠭ ᠤᠨ ᠦᠢᠯᠡᠳᠦᠯ ᠢᠶᠠᠨ ᠪᠥᠷᠢᠨ ᠪᠠᠳᠠᠷᠠᠭᠤᠯᠤᠭᠰᠠᠭᠠᠷ ᠪᠠᠶᠢᠭ᠎ᠠ ᠠᠵᠢ᠃       ᠵᠭᠤᠨ ᠲᠥᠮᠡᠨ ᠬᠦᠮᠦᠨ ᠠᠷᠠᠳ ᠲᠠᠢ᠂ ᠬᠤᠷᠢᠨ ᠲᠥᠮᠡᠨ ᠬᠠᠪᠳᠠᠭᠠᠢ ᠲᠦᠷᠪᠡᠯᠵᠢᠨ ᠵᠠᠶᠢᠴᠠ ᠲᠠᠢ ᠬᠠᠨᠠᠭᠠᠷ ᠠᠭᠤᠳᠠᠮ ᠰᠢᠯᠢ ᠶᠢᠨ ᠭᠤᠤᠯ ᠤᠨ ᠲᠠᠯ᠎ᠠ ᠨᠤᠳᠤᠭ ᠲᠤ ᠮᠠᠨᠢ 25 ᠲᠦᠮᠡᠨ ᠮᠤᠩᠭᠤᠯ ᠮᠤᠷᠢ ᠲᠡᠯ ᠬᠤᠷᠠᠯᠵᠠᠭᠤᠯᠤᠨ ᠲᠠᠪᠬᠢᠯᠳᠤᠵᠤ ᠪᠠᠶᠢᠨ᠎ᠠ᠂ ᠵᠠᠭᠤᠨ ᠲᠦᠮᠡᠨ ᠬᠦᠮᠦᠨ ᠤ ᠬᠡᠶᠢᠮᠤᠷᠢ ᠶᠢ ᠪᠤᠰᠬᠠᠨ ᠲᠠᠪᠬᠢᠯᠳᠤᠵᠤ ᠪᠠᠶᠢᠨ᠎ᠠ᠃ ᠡᠨᠡ ᠪᠤᠯ ᠮᠤᠷᠢᠳ ᠤᠨ ᠲᠡᠪᠬᠢᠯᠳᠤᠭᠠᠨ ᠲᠡᠳᠦᠢ ᠯᠡ ᠪᠢᠰᠢ᠂ ᠬᠠᠷᠢᠨ ︽ᠮᠤᠩᠭᠤᠯ ᠮᠤᠷᠢᠨ ᠤ ᠵᠤᠷᠢᠭ ᠰᠠᠨᠠᠭ᠎ᠠ︾ ᠭᠡᠬᠦ ᠤᠶᠤᠨ ᠰᠠᠨᠠᠭᠠᠨ ᠤ ᠲᠡᠭᠦᠯᠢᠯᠳᠡ ᠶᠤᠮ᠃
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号