ᠰᠢᠯᠢ ᠶᠢᠨ ᠬᠤᠲᠠ ᠶᠢᠨ ᠪᠠᠶᠠᠨᠪᠤᠯᠠᠭ ᠰᠣᠮᠦ
ᠨᠡᠶᠢᠲᠡᠯᠡᠭᠰᠡᠨ ᠴᠠᠭ᠄
2024/3/7
ᠪᠠᠶᠠᠨᠪᠤᠯᠠᠭ ᠰᠣᠮᠦ      ᠰᠤᠮᠤᠨ ᠤ ᠪᠦᠬᠦ ᠲᠠᠯᠠᠪᠠᠢ 1520 ᠲᠡᠭᠰᠢ ᠲᠦᠷᠪᠡᠯᠵᠢᠨ ᠺᠢᠯᠤᠮᠧᠲᠷ ︵228.08 ᠲᠦᠮᠡᠨ ᠮᠦ︶᠂ ᠡᠭᠦᠨ  ᠳᠤ ᠮᠠᠯ ᠪᠡᠯᠴᠢᠭᠡᠷ ᠤᠨ ᠲᠡᠩᠴᠠᠭᠦᠷᠢᠰᠢᠯ ᠤᠨ ᠤᠷᠤᠨ 193.7 ᠲᠦᠮᠡᠨ ᠮᠦ᠂ ᠡᠬᠡ ᠪᠠᠶᠢᠭᠠᠯᠢ ᠶᠢᠨ ᠬᠠᠮᠠᠭᠠᠯᠠᠯᠲᠠ ᠶᠢᠨ ᠤᠷᠤᠨ 5.83 ᠲᠦᠮᠡᠨ ᠮᠦ᠂ ᠮᠠᠯᠵᠢᠬᠤ ᠶᠢ ᠴᠠᠭᠠᠵᠢᠯᠠᠬᠤ ᠤᠷᠤᠨ 1.2 ᠲᠦᠮᠡᠨ ᠮᠦ᠂ ᠬᠠᠳᠤᠯᠠᠩ ᠤᠨ ᠲᠠᠯᠠᠪᠠᠢ 3.4 ᠲᠦᠮᠡᠨ ᠮᠦ᠂ ᠤᠢ ᠰᠢᠭᠤᠢ ᠶᠢᠨ ᠬᠠᠮᠠᠭᠠᠯᠠᠯᠲᠠ ᠶᠢᠨ ᠤᠷᠤᠨ 21.29 ᠲᠦᠮᠡᠨ ᠮᠦ᠃ 2023 ᠤᠨ ᠤ ᠵᠢᠯ ᠤᠨ ᠡᠴᠦᠰ ᠤᠨ ᠮᠠᠯ ᠤᠨ ᠪᠦᠷᠢᠳᠭᠡᠯ ᠳᠤ ᠪᠤᠲᠠ ᠮᠠᠯ 10904 ᠲᠤᠯᠤᠭᠠᠢ᠂ ᠪᠤᠭ ᠮᠠᠯ 62669 ᠲᠤᠯᠤᠭᠠᠢ᠃      ᠡᠷᠦᠭᠡ ᠠᠮᠠ ᠳᠤ 730 ᠡᠷᠦᠭᠡ᠂ 1957 ᠬᠦᠮᠦᠨ᠂ ᠡᠭᠦᠨ ᠳᠤ ᠪᠠᠶᠢᠩᠭᠤ ᠰᠠᠭᠤᠭ᠎ᠠ 424  ᠡᠷᠦᠭᠡ  ᠂ 1268 ᠬᠦᠮᠦᠨ᠃ ᠲᠤᠤᠷ᠎ᠠ ᠪᠠᠲᠤᠯᠠᠭᠠᠲᠤ 61 ᠡᠷᠦᠭᠡ 94 ᠬᠦᠮᠦᠨ᠂ ᠵᠡᠮᠳᠡᠭᠴᠦᠳ 57 ᠬᠦᠮᠦᠨ᠂ ᠴᠡᠷᠢᠭ ᠠᠴᠠ ᠬᠠᠯᠠᠭᠳᠠᠭᠰᠠᠳ 47 ᠬᠦᠮᠦᠨ᠃ ᠨᠠᠰᠤᠵᠢᠯ ᠤᠨ ᠲᠠᠭᠠᠳᠬᠠᠯ ᠳᠤ ᠤᠷᠤᠯᠴᠠᠭᠰᠠᠳ 190 ᠬᠦᠮᠦᠨ᠂ ᠬᠤᠷᠰᠢᠭᠰᠠᠨ ᠡᠮ ᠡᠮᠨᠡᠯᠭᠡ ᠳᠤ ᠤᠷᠤᠯᠴᠠᠭᠰᠠᠳ 1582 ᠬᠦᠮᠦᠨ᠂ ᠶᠠᠳᠠᠭᠤ ᠠᠴᠠ ᠠᠩᠭᠢᠵᠢᠷᠠᠭᠰᠠᠳ 7 ᠡᠷᠦᠭᠡ 20 ᠬᠦᠮᠦᠨ᠃      ᠪᠦᠬᠦ ᠰᠤᠮᠤᠨ ᠤ ᠬᠠᠷᠢᠶᠠᠨ ᠳᠤ 3 ᠭᠠᠴᠠᠭ᠎ᠠ᠂1 ᠰᠠᠭᠤᠭᠠᠯᠢ ᠠᠷᠠᠳ ᠤᠨ ᠲᠤᠭᠤᠷᠢᠭ ᠲᠠᠢ᠂  ᠰᠤᠮᠤᠨ ᠤ ᠨᠠᠮ ᠤᠨ ᠬᠤᠷᠢᠶ᠎ᠠ ᠨᠢ 5 ᠨᠠᠮ ᠤᠨ ᠡᠭᠦᠷ᠂ 9 ᠨᠠᠮ ᠤᠨ ᠭᠡᠰᠢᠬᠦᠨ ᠤ ᠭᠤᠤᠯᠯᠠᠭᠴᠢ ᠡᠷᠦᠭᠡ᠂137 ᠨᠠᠮ ᠤᠨ ᠭᠡᠰᠢᠬᠦᠨ ᠲᠠᠢ᠃ ︵ᠪᠠᠶᠢᠭᠤᠯᠭ᠎ᠠ ᠶᠢᠨ ᠨᠠᠮ ᠤᠨ ᠡᠭᠦᠷ 38 ᠨᠠᠮ ᠶᠢᠨ ᠭᠡᠰᠢᠭᠦᠨ᠂ ᠪᠠᠶᠠᠨᠪᠤᠯᠠᠭ ᠭᠠᠴᠠᠭ᠎ᠠ 23 ᠨᠠᠮ ᠤᠨ ᠭᠡᠰᠢᠬᠦᠨ᠂ ᠨᠠᠷᠠᠨᠪᠤᠯᠠᠭ ᠭᠠᠴᠠᠭ᠎ᠠ 30 ᠨᠠᠮ ᠤᠨ ᠭᠡᠰᠢᠬᠦᠨ᠂ ᠪᠠᠶᠠᠨᠬᠠᠷᠠᠭᠠᠲᠤ ᠭᠠᠴᠠᠭ᠎ᠠ 32 ᠨᠠᠮ ᠤᠨ ᠭᠡᠰᠢᠬᠦᠨ᠂ ᠴᠠᠭᠠᠬᠢᠷ᠎ᠠ ᠰᠠᠭᠤᠭᠠᠯᠢ ᠠᠷᠠᠳ ᠤᠨ ᠵᠦᠪᠯᠡᠯ 14 ᠨᠠᠮ ᠤᠨ ᠭᠡᠰᠢᠬᠦᠨ︶᠃      ᠪᠦᠬᠦ ᠰᠤᠮᠤᠨ ᠳᠤ ᠪᠠᠨ 62 ᠠᠵᠢᠯ ᠤᠨ ᠤᠷᠤᠨ ᠲᠤᠭ᠎ᠠ ᠲᠠᠢ ︵ᠵᠠᠰᠠᠭ ᠵᠠᠬᠢᠷᠭᠠᠨ ᠤ ᠤᠷᠤᠨ ᠲᠤᠭ᠎ᠠ 30 ᠂ ᠠᠵᠢᠯ ᠦᠢᠯᠡᠰ ᠤᠨ ᠤᠷᠤᠨ ᠲᠤᠭ᠎ᠠ 32︶᠂ ᠤᠳᠤᠬᠠᠨ ᠳᠤ ᠪᠠᠨ 56  ᠠᠵᠢᠯᠲᠠᠨ ᠲᠠᠢ  ︵ ᠪᠠᠶᠢᠭᠤᠯᠭ᠎ᠠ ᠶᠢᠨ 28 ᠬᠦᠮᠦᠨ᠂ ᠪᠤᠰᠤᠳ ᠠᠵᠢᠯ ᠤᠶᠢᠯᠡᠰ ᠤᠨ ᠬᠢᠨ 28 ᠬᠦᠮᠦᠨ︶᠃       ᠬᠠᠷᠢᠯᠴᠠᠬᠤ ᠣᠲᠠᠰᠣ᠄ 0479-2280037       ᠢᠮᠧᠯ᠄ byblgsm@126.com
 
ᠢᠷᠡᠯᠲᠡ᠄ ᠰᠢᠯᠢ ᠶᠢᠨ ᠬᠤᠲᠠ ᠶᠢᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号