ᠮᠣᠩᠭᠤᠯᠴᠤᠳ ᠠᠳᠤᠭᠤ ᠪᠠᠨ ᠡᠭᠡᠯᠢᠲᠦ ᠲᠠᠪᠤᠨ ᠬᠤᠰᠢᠭᠤ ᠮᠠᠯ ᠤᠨ ᠦᠵᠦᠭᠦᠷ ᠢᠶᠠᠷ ᠦᠵᠡᠳᠡᠭ᠃ | ᠮᠣᠩᠭᠤᠯᠴᠤᠳ ᠥᠷᠭᠡᠨ ᠠᠭᠤᠵᠢᠮ ᠲᠠᠯ᠎ᠠ ᠨᠤᠲᠤᠭ ᠲᠤ ᠪᠠᠨ ᠨᠡᠭᠦᠳᠡᠯᠡᠨ ᠮᠠᠯᠵᠢᠬᠤ ᠳᠤ ᠪᠠᠨ ᠠᠳᠤᠭᠤ ᠪᠠᠨ | ᠬᠠᠮᠤᠭ ᠤᠨ ᠰᠢᠳᠤᠷᠭᠤ ᠠᠨᠳᠠ ᠢᠶᠠᠨ ᠭᠡᠵᠤ ᠰᠠᠨᠠᠳᠠᠭ᠃ | ᠮᠣᠩᠭᠤᠯ ᠤᠨ ᠥᠨᠳᠥᠷᠯᠡᠭ ᠳᠤ ᠬᠢ ᠵᠡᠷᠯᠢᠭ ᠠᠳᠤᠭᠤ ᠬᠡᠳᠦᠨ ᠮᠢᠩᠭᠠᠨ ᠵᠢᠯ ᠤᠨ ᠤᠯᠠᠷᠢᠯ ᠬᠤᠪᠢᠷᠠᠯ ᠢᠶᠠᠷ | ᠳᠠᠮᠵᠢᠨ ᠠᠶᠠᠨᠳᠠᠭᠠᠨ ᠮᠣᠩᠭᠤᠯ ᠮᠣᠷᠢ ᠪᠣᠯᠵᠤ ᠪᠥᠷᠢᠯᠳᠦᠨ ᠲᠣᠭᠲᠠᠭᠰᠠᠨ ᠶᠤᠮ᠃ ᠥᠪᠥᠷ ᠮᠣᠩᠭᠤᠯ ᠤᠨ | ᠬᠡᠪᠴᠢᠶᠡᠨ ᠳᠤ ᠦᠵᠦᠮᠦᠴᠢᠨ᠂ ᠦᠦᠰᠢᠨ᠂ ᠬᠡᠰᠢᠭᠲᠡᠨ᠂ ᠪᠠᠷᠭᠤ ᠲᠥᠷᠪᠡᠨ ᠲᠥᠷᠥᠯ ᠤᠨ ᠠᠳᠤᠭᠤᠨ | ᠰᠦᠷᠦᠭ ᠢᠶᠠᠷ ᠪᠦᠷᠢᠯᠳᠦᠵᠦ᠂ ᠰᠢᠯᠢ ᠶᠢᠨ ᠭᠤᠣᠯ᠂ ᠣᠷᠳᠣᠰ᠂ ᠤᠯᠠᠭᠠᠨᠬᠠᠳᠠ᠂ ᠬᠥᠯᠥᠨ ᠪᠤᠶᠢᠷ ᠢᠶᠠᠷ ᠲᠠᠷᠬᠠᠳᠠᠭ᠃ | | ᠮᠣᠩᠭᠤᠯ ᠮᠣᠷᠢᠨ ᠤ ᠶᠠᠰᠤ ᠵᠤᠵᠠᠭᠠᠨ ᠪᠡᠶ᠎ᠡ ᠢᠳᠡᠷᠡᠭᠦᠨ᠂ ᠲᠦᠷᠦᠭᠦᠦ ᠪᠦᠳᠦᠭᠦᠨ ᠴᠡᠭᠡᠵᠢ ᠥᠷᠭᠡᠨ᠂ ᠬᠥᠯ | ᠣᠬᠤᠷ ᠪᠣᠯᠴᠢᠩ ᠴᠢᠩᠭ᠎ᠠ᠂ ᠬᠦᠴᠦ ᠳᠣᠷᠪᠢ ᠲᠠᠢ᠂ ᠥᠯᠴᠢᠷ ᠲᠡᠰᠪᠦᠷᠢ ᠲᠠᠢ᠂ ᠬᠠᠬᠢᠷ ᠬᠦᠢᠲᠡᠨ ᠬᠠᠷᠭᠢᠰ | ᠳᠠᠶᠢᠰᠤᠨ ᠠᠴᠠ ᠴᠤᠴᠠᠯ ᠦᠭᠡᠢ ᠬᠠᠳᠠᠨ ᠵᠣᠷᠢᠭ ᠢᠶᠠᠷ ᠬᠤᠷᠸ᠎ᠠ ᠶᠢ ᠳᠣᠪᠲᠤᠯᠤᠨ ᠭᠠᠶᠢᠬᠠᠮᠰᠢᠭᠲᠤ ᠦᠢᠯᠡᠰ ᠢ | ᠪᠦᠲᠦᠭᠡᠭᠰᠡᠨ ᠶᠤᠮ᠃ | ᠮᠣᠩᠭᠤᠯ ᠮᠣᠷᠢᠨ ᠤ ᠠᠭᠠᠰᠢ ᠵᠠᠩ ᠢᠷᠮᠡᠭᠦᠨ ᠰᠢᠭᠤᠷᠬᠠᠢ᠂ ᠡᠵᠡᠨ ᠳᠤ ᠪᠠᠨ ᠡᠯᠢᠭᠡᠰᠡᠭ ᠰᠢᠳᠤᠷᠭᠤ᠂ | ᠮᠣᠩᠭᠤᠯᠴᠤᠳ ᠤᠨ ᠠᠵᠤ ᠠᠮᠢᠳᠤᠷᠠᠯ ᠤᠨ ᠠᠮᠢᠨ ᠲᠦᠰᠢᠭ᠂ ᠢᠷᠠᠭᠤ ᠠᠯᠳᠠᠷ ᠤᠨ ᠵᠣᠷᠢᠭ ᠰᠢᠳᠦᠭᠡᠨ ᠪᠣᠯᠳᠠᠭ᠃ | ᠮᠠᠯᠴᠢᠳ ᠠᠳᠤᠭᠤᠨ ᠤ ᠭᠢᠰᠬᠢᠵᠦ ᠬᠥᠷᠪᠡᠭᠰᠡᠨ ᠭᠠᠵᠠᠷ ᠢ ᠬᠡᠰᠢᠭ ᠪᠤᠶᠠᠨᠲᠤ ᠭᠠᠵᠠᠷ ᠬᠡᠮᠡᠨ ᠮᠣᠩᠭᠤᠯ | ᠭᠡᠷ ᠢᠶᠠᠨ ᠪᠣᠰᠬᠠᠨ ᠠᠵᠤ ᠲᠥᠷᠥᠨ ᠠᠮᠢᠳᠤᠷᠠᠳᠠᠭ᠃ | ᠵᠠᠭᠤ ᠮᠢᠩᠭᠠᠨ ᠵᠢᠯ ᠢᠶᠠᠷ᠂ ᠮᠠᠯᠴᠢᠳ ᠮᠢᠨᠢ ᠠᠭᠲᠠ ᠬᠥᠯᠥᠭ ᠲᠠᠢ ᠪᠠᠨ ᠤᠶᠠᠯᠳᠤᠨ ᠳᠠᠰᠤᠯᠴᠠᠵᠤ᠂ ᠲᠠᠯ᠎ᠠ | ᠳᠦᠭᠦᠷᠡᠩ ᠠᠳᠤᠭᠤᠨ ᠰᠦᠷᠦᠭ ᠢᠶᠠᠨ ᠪᠡᠯᠴᠢᠭᠡᠵᠦ᠂ ᠴᠡᠭᠡ ᠪᠠᠨ ᠤᠮᠳᠠᠯᠠᠵᠤ᠂ ᠳᠥᠷᠥᠭᠡ ᠪᠠᠨ ᠢᠰᠬᠦᠯᠦᠨ᠂ | ᠤᠶᠠᠭ᠎ᠠ ᠮᠣᠷᠢ ᠰᠣᠶᠢᠵᠤ᠂ ᠤᠷᠤᠯᠳᠤᠭᠠᠨ ᠮᠣᠷᠢ ᠲᠠᠯᠪᠢᠭᠤᠯᠳᠠᠭ᠃ | ᠳᠠᠯ᠎ᠠ ᠭᠠᠷᠥᠢ ᠵᠢᠯ ᠤᠨ ᠬᠤᠷᠠᠮᠳᠤᠯ ᠪᠣᠶᠢᠵᠢᠭᠤᠯᠤᠯᠲᠠ ᠪᠠᠷ᠂ ᠥᠪᠥᠷ ᠮᠣᠩᠭᠤᠯ ᠤᠨ ᠠᠳᠤᠭᠤᠨ ᠰᠣᠶᠣᠯ᠂ | ᠠᠳᠤᠭᠤᠨ ᠤ ᠰᠢᠨᠵᠢᠯᠡᠬᠦ ᠤᠬᠠᠭᠠᠨ᠂ ᠠᠳᠤᠭᠤᠨ ᠤ ᠠᠵᠤ ᠦᠢᠯᠡᠰ ᠥᠳᠲᠡᠷ ᠲᠦᠷᠭᠡᠨ ᠥᠭᠡᠳᠡᠯᠡᠨ ᠳᠠᠪᠰᠢᠵᠤ᠂ | ᠠᠳᠤᠭᠤᠨ ᠤ ᠲᠤᠭ᠎ᠠ 93.5 ᠲᠦᠮᠡ ᠬᠦᠷᠴᠦ᠂ ᠪᠥᠬᠦ ᠤᠯᠤᠰ ᠤᠨ 15.6% ᠶᠢ ᠡᠵᠡᠯᠡᠵᠦ᠂ ᠨᠢᠭᠡᠨᠲᠡ | ᠳᠤᠮᠳᠠᠳᠤ ᠤᠯᠤᠰ ᠤᠨ ᠠᠳᠤᠭᠤᠨ ᠤ ᠦᠢᠯᠡᠰ ᠢ ᠪᠣᠶᠢᠵᠢᠭᠤᠯᠬᠤ ᠰᠠᠭᠤᠷᠢᠨ ᠪᠣᠯᠵᠠᠢ᠃ | ᠰᠢᠯᠢ ᠶᠢᠨ ᠭᠤᠣᠯ ᠤᠨ ᠲᠠᠯ᠎ᠠ ᠨᠤᠲᠤᠭ ᠪᠣᠯ ᠮᠣᠩᠭᠤᠯ ᠠᠳᠤᠭᠤᠨ ᠤ ᠴᠢᠬᠤᠯᠠ ᠤᠭ ᠭᠠᠷᠤᠯᠲᠠ ᠶᠢᠨ | ᠣᠷᠣᠨ᠂ ᠭᠦᠨ ᠵᠤᠵᠠᠭᠠᠨ ᠠᠳᠤᠭᠤᠨ ᠰᠣᠶᠣᠯ ᠢ ᠬᠤᠷᠠᠮᠳᠤᠭᠤᠯᠤᠨ ᠲᠤᠩᠭᠠᠵᠤ᠂ ᠦᠵᠦᠮᠦᠴᠢᠨ ᠰᠠᠭᠠᠷᠠᠯ᠂ | ᠠᠪᠠᠭ᠎ᠠ ᠬᠠᠷ᠎ᠠ᠂ ᠰᠥᠨᠢᠳ ᠠᠳᠤᠭᠤ᠂ ᠱᠠᠩᠳᠤ ᠶᠢᠨ ᠭᠤᠣᠯ ᠤᠨ ᠠᠳᠤᠭᠤ ᠵᠡᠷᠭᠡ ᠰᠦᠷᠦᠭ ᠤᠳ ᠪᠠᠳᠠᠷᠠᠨ | ᠦᠷᠡᠵᠢᠵᠠᠢ᠃ | 2010 ᠣᠨ ᠳᠤ᠂ ᠳᠤᠮᠳᠠᠳᠤ ᠤᠯᠤᠰ ᠤᠨ ᠠᠳᠤᠭᠤᠨ ᠤ ᠦᠢᠯᠡᠰ ᠤᠨ ᠨᠡᠶᠢᠭᠡᠮᠯᠢᠭ ᠠᠴᠠ ᠰᠢᠯᠢ ᠶᠢᠨ | ᠭᠤᠣᠯ ᠠᠶᠢᠮᠠᠭ ᠢ ︿︿ ᠳᠤᠮᠳᠠᠳᠤ ᠤᠯᠤᠰ ᠤᠨ ᠠᠳᠤᠭᠤᠨ ᠰᠣᠶᠣᠯ ᠤᠨ ᠲᠥᠪ﹀﹀ ᠬᠡᠮᠡᠨ ᠨᠡᠷᠡᠶᠢᠳᠪᠡ᠃ ᠲᠡᠭᠦᠨ ᠤ | ᠭᠤᠣᠯᠯᠠᠭᠴᠢ ᠣᠷᠣᠨ ᠪᠣᠯᠣᠭᠰᠠᠨ ᠰᠢᠯᠢ ᠶᠢᠨ ᠬᠤᠲᠠ ᠶᠢᠨ ᠠᠳᠤᠭᠤᠨ ᠤ ᠦᠢᠯᠡᠰ ᠤᠨ ᠬᠥᠭᠵᠢᠭᠦᠯᠦᠯᠲᠡ ᠨᠢ | ᠦᠢᠯᠡᠳᠪᠦᠷᠢᠯᠡᠯ ᠠᠮᠢᠳᠤᠷᠠᠯ᠂ ᠵᠠᠩ ᠳᠠᠳᠬᠠᠯ᠂ ᠤᠳᠬ᠎ᠠ ᠤᠷᠠᠯᠢᠭ᠂ ᠰᠣᠶᠣᠯ ᠵᠢᠭᠤᠯᠴᠢᠯᠠᠯ᠂ ᠤᠷ᠎ᠠ ᠲᠠᠮᠢᠷ᠂ | ᠣᠷᠣᠯᠭ᠎ᠠ ᠨᠡᠮᠡᠭᠳᠡᠯ ᠵᠡᠷᠭᠡ ᠲᠠᠯ᠎ᠠ ᠪᠠᠷ ᠬᠢ ᠦᠢᠯᠡᠳᠦᠯ ᠢ ᠤᠯᠠᠮ ᠠᠴᠠ ᠳᠣᠪᠣᠶᠢᠯᠭᠠᠵᠤ᠂ ᠳᠤᠮᠳᠠᠳᠤ ᠤᠯᠤᠰ ᠤᠨ | ᠠᠳᠤᠭᠤᠨ ᠰᠣᠶᠣᠯ ᠤᠨ ᠵᠢᠭᠤᠯᠴᠢᠯᠠᠯ ᠴᠡᠩᠭᠡᠯ ᠰᠡᠯᠡᠭᠦᠴᠡᠯ ᠤᠨ ᠰᠠᠭᠤᠷᠢᠨ ᠪᠠ ᠵᠢᠱᠢᠶᠡᠴᠢ ᠣᠷᠣᠨ ᠢ ᠴᠢᠭᠯᠡᠨ | ᠤᠷᠤᠭᠰᠢᠯᠠᠨᠠᠮ᠃ | 2014 ᠣᠨ ᠤ 1 ᠰᠠᠷ᠎ᠠ ᠳᠤ᠂ ᠰᠢ ᠵᠢᠩ ᠫᠢᠩ ᠶᠡᠷᠦᠩᠬᠡᠢ ᠱᠦᠵᠢ ᠰᠢᠯᠢ ᠶᠢᠨ ᠬᠤᠲᠠ ᠶᠢᠨ ᠪᠣᠯᠭᠠᠨ | ᠰᠤᠮᠤᠨ ᠤ ᠮᠠᠯᠴᠢᠳ ᠤᠨ ᠨᠠᠭᠠᠳᠤᠮ ᠳᠤ ᠣᠷᠣᠯᠴᠠᠬᠤ ᠦᠶ᠎ᠡ᠂ ᠲᠡᠰᠪᠦᠷᠢ ᠬᠠᠲᠠᠭᠤᠵᠢᠯᠲᠠᠢ ᠴᠤᠴᠠᠯᠲᠠ ᠦᠭᠡᠢ | ᠤᠷᠤᠭᠰᠢᠯᠠᠵᠤ᠂ ᠵᠣᠷᠢᠭᠰᠠᠨ ᠳᠤ ᠪᠠᠨ ᠬᠦᠷᠬᠦ ᠦᠭᠡᠢ ᠪᠣᠯ ᠪᠤᠴᠠᠬᠤ ᠦᠭᠡᠢ ︿︿ᠮᠣᠩᠭᠤᠯ ᠮᠣᠷᠢᠨ ᠤ ᠵᠣᠷᠢᠭ | ᠰᠠᠨᠠᠭ᠎ᠠ﹀﹀ ᠶᠢ ᠠᠩᠬ᠎ᠠ ᠳᠤᠷᠠᠳᠴᠤ᠂ ᠡᠭᠦᠨ ᠠᠴᠠ ᠰᠢᠯᠢ ᠶᠢᠨ ᠬᠤᠲᠠ ᠨᠢ ᠮᠣᠩᠭᠤᠯ ᠮᠣᠷᠢᠨ ᠤ ᠵᠣᠷᠢᠭ ᠰᠠᠨᠠᠭᠠᠨ ᠤ | ᠡᠬᠢ ᠰᠡᠳᠦᠯᠭᠡ ᠶᠢᠨ ᠭᠠᠵᠠᠷ ᠪᠣᠯᠵᠠᠢ᠃ | ᠰᠢᠯᠢ ᠶᠢᠨ ᠬᠤᠲᠠ ᠶᠢᠨ ᠵᠣᠴᠢᠳ ᠤᠨ ᠲᠢᠩᠬᠢᠮ ᠤᠨ ᠳᠤᠮᠳᠠᠳᠤ ᠤᠯᠤᠰ ᠤᠨ ᠮᠣᠩᠭᠤᠯ ᠠᠳᠤᠭᠤᠨ ᠤ | ᠤᠷᠠᠯᠢᠭ ᠤᠨ ᠣᠷᠳᠣᠨ ᠪᠣᠯ ᠤᠷᠠᠨ ᠪᠦᠳᠦᠭᠡᠯ ᠲᠣᠯᠢᠯᠠᠨ ᠰᠣᠨᠢᠷᠬᠠᠬᠤ ᠲᠥᠪ᠂ ᠮᠣᠩᠭᠤᠯ ᠠᠳᠤᠭᠤᠨ ᠰᠣᠶᠣᠯ ᠤᠨ | ᠬᠠᠮᠢᠶ᠎ᠠ ᠪᠥᠬᠦᠢ ᠳᠠᠭᠤᠤ ᠬᠥᠭᠵᠢᠮ᠂ ᠨᠣᠮ ᠪᠢᠴᠢᠭ᠂ ᠤᠷᠠᠨ ᠵᠢᠷᠤᠭ᠂ ᠱᠤᠭᠤᠮᠠᠯ᠂ ᠱᠠᠵᠠᠩ᠂ ᠤᠷᠠᠨ ᠪᠢᠴᠢᠯᠭᠡ᠂ | ᠦᠰᠦᠭ ᠰᠡᠶᠢᠯᠦᠮᠡᠯ᠂ ᠭᠠᠷ ᠤᠷᠠᠯᠠᠯ᠂ ᠵᠢᠷᠤᠭ ᠰᠡᠭᠦᠳᠡᠷ᠂ ᠤᠳᠬ᠎ᠠ ᠤᠷᠠᠯᠢᠭ᠂ ᠺᠢᠨᠣ᠋ ᠵᠦᠴᠦᠭᠡ᠂ ᠬᠠᠭᠤᠴᠢᠨ | ᠡᠳ᠋ᠯᠡᠯ ᠬᠡᠷᠡᠭᠰᠡᠯ ᠤᠨ ᠵᠦᠢᠯᠡᠰ ᠢ ᠬᠤᠷᠠᠮᠳᠤᠭᠤᠯᠤᠨ ᠴᠤᠭᠯᠠᠭᠤᠯᠵᠤ᠂ ᠤᠵᠢᠭᠤᠷ ᠰᠣᠷᠪᠤᠯᠵᠢᠳᠦ ᠦᠨᠢᠷ ᠪᠠᠶᠠᠯᠢᠭ | ᠮᠣᠩᠭᠤᠯ ᠠᠳᠤᠭᠤᠨ ᠰᠣᠶᠣᠯ ᠤᠷᠠᠯᠢᠭ ᠢ ᠳᠡᠯᠭᠡᠨ ᠦᠵᠡᠭᠦᠯᠵᠦ᠂ ︿︿ ᠮᠣᠩᠭᠤᠯ ᠮᠣᠷᠢᠨ ᠤ ᠵᠣᠷᠢᠭ ᠰᠠᠨᠠᠭ᠎ᠠ﹀﹀ | ᠶᠢ ᠪᠥᠷᠢᠨ ᠭᠦᠨᠵᠡᠭᠡᠢ ᠲᠣᠳᠣ ᠲᠠᠶᠢᠯᠪᠤᠷᠢᠯᠠᠬᠤ ᠶᠢ ᠵᠣᠷᠢᠵᠠᠢ᠃ | ᠠᠵᠢᠨᠠᠢ ᠬᠥᠯᠥᠭ ᠤᠨ ᠳᠣᠪᠲᠤᠯᠤᠯ᠂ ᠠᠭᠤᠤ ᠨᠤᠲᠤᠭ ᠤᠨ ᠳᠠᠭᠤᠷᠢᠰᠤᠯ᠃ ᠡᠷᠲᠡ ᠤᠷᠢᠳ ᠠᠴᠠ᠂ | ᠳᠡᠭᠦᠯᠢᠨ ᠳᠣᠪᠲᠣᠯᠭ᠎ᠠ ᠮᠣᠩᠭᠤᠯ ᠮᠣᠷᠢ ᠮᠢᠨᠢ ᠲᠠᠯ᠎ᠠ ᠨᠤᠲᠤᠭ ᠤᠨ ᠦᠨᠢᠲᠡ ᠶᠢᠨ ᠰᠦᠯᠳᠡ ᠪᠣᠯᠵᠤ᠂ ᠨᠢᠭᠡᠨᠲᠡ | ᠨᠡᠭᠦᠳᠡᠯ ᠰᠣᠶᠣᠯ ᠤᠨ ᠭᠧᠨ ᠳᠤ ᠭᠦᠨ ᠠᠭᠤᠰᠤᠯᠴᠠᠨ ᠰᠢᠭᠢᠳᠴᠡᠢ᠃ | ᠮᠣᠩᠭᠤᠯ ᠮᠣᠷᠢ᠂ ᠰᠢᠯᠢ ᠶᠢᠨ ᠬᠤᠲᠠ ᠶᠢᠨ ᠡᠭᠦᠷᠢᠳᠡ ᠶᠢᠨ ᠬᠠᠮᠤᠭ ᠭᠡᠭᠡᠨ ᠰᠦᠷ ᠰᠦᠯᠳᠡ᠃ |