ᠮᠠᠨ ᠤ ᠠᠶᠢᠮᠠᠭ ᠨᠠᠰᠤᠵᠢᠯ ᠤᠨ ᠠᠰᠠᠷᠠᠮᠵᠢ ᠪᠠᠨ ᠬᠥᠷᠲᠡᠬᠦ ᠬᠢᠷᠢ ᠬᠡᠮ ᠢ ᠥᠨᠡᠯᠡᠨ ᠬᠡᠷᠡᠴᠢᠯᠡᠬᠦ ᠠᠵᠢᠯ ᠢ ᠲᠥᠭᠦᠮ ᠠᠪᠰᠠᠷᠬᠠᠨ ᠬᠥᠢᠴᠡᠳᠭᠡᠵᠥ ᠪᠤᠢ
ᠨᠡᠶᠢᠲᠡᠯᠡᠭᠰᠡᠨ ᠴᠠᠭ᠄
2024/6/18
     ᠰᠢᠯᠢ ᠶᠢᠨ ᠬᠤᠲᠠ ᠶᠢᠨ ᠮᠡᠲᠡᠭᠡ ᠨᠠᠰᠤᠵᠢᠯ ᠤᠨ ᠲᠠᠭᠠᠳᠬᠠᠯ ᠤᠨ ᠠᠰᠠᠷᠠᠮᠵᠢ ᠬᠥᠷᠲᠡᠬᠦ ᠬᠢᠷᠢ ᠬᠡᠮ  ᠢ ᠥᠨᠡᠯᠡᠨ ᠬᠡᠷᠡᠴᠢᠯᠡᠬᠦ ᠲᠤᠮᠲᠠ ᠤᠷᠤᠰᠢᠵᠥ ᠪᠠᠶᠢᠭ᠎ᠠ ᠥᠨᠡᠯᠡᠨ ᠬᠡᠷᠡᠴᠢᠯᠡᠬᠦ ᠲᠤᠬᠠᠢ ᠵᠠᠷᠢᠮ ᠠᠲᠡᠬᠦᠥ ᠤᠶᠢᠯᠠᠭᠠᠯᠲᠠ᠂ ᠥᠨᠡᠯᠡᠨ ᠬᠡᠷᠡᠴᠢᠯᠡᠬᠦ ᠠᠷᠭ᠎ᠠ ᠪᠠᠷᠢᠯ ᠲᠠᠩ ᠴᠤᠯᠭᠤᠢ᠂ ᠴᠠᠭ ᠲᠤᠬᠠᠢ ᠳᠤᠨᠢ ᠥᠨᠡᠯᠡᠨ ᠬᠡᠷᠡᠴᠢᠯᠡᠵᠥ ᠲᠡᠶᠢᠯᠬᠦ ᠥᠭᠡᠢ ᠵᠡᠷᠭᠡ ᠠᠰᠠᠭᠤᠲᠠᠯ  ᠢ ᠰᠶᠢᠳᠪᠤᠷᠢᠯᠡᠬᠦ ᠶᠢᠨ ᠲᠥᠯᠥᠭᠡ ᠪᠥᠬᠦ ᠠᠶᠢᠮᠠᠭ ᠤᠨ ᠡᠯ᠎ᠠ ᠭᠠᠵᠠᠷ ᠤᠨ ᠨᠡᠶᠢᠭᠡᠮ ᠤᠨ ᠪᠠᠳᠤᠯᠠᠭ᠎ᠠ ᠶᠢᠨ ᠰᠠᠯᠠᠭ᠎ᠠ ᠮᠦᠴᠢᠷ ᠨᠢ ᠨᠠᠰᠤᠵᠢᠯ ᠤᠨ ᠲᠠᠭᠠᠳᠬᠠᠯ ᠤᠨ ᠠᠰᠠᠷᠠᠮᠵᠢ ᠬᠥᠷᠲᠡᠬᠦ ᠭᠢᠷᠢ ᠬᠡᠮ ᠢ ᠥᠨᠡᠯᠡᠬᠦ ᠠᠵᠢᠯ ᠢ ᠯᠠᠪᠲᠠᠭᠤᠨ ᠪᠠᠲᠤᠲᠠᠢ ᠥᠷᠨᠢᠬᠦᠯᠵᠥ᠂ ᠤᠯᠠᠨ ᠲᠥᠮᠡᠨ ᠤ ᠬᠥᠷᠲᠡᠮᠵᠢ ᠶᠢᠨ ᠲᠥᠷᠥᠭᠲᠡᠯ ᠪᠤᠯᠤᠨ ᠵᠤᠯ ᠵᠢᠷᠭᠠᠯᠲᠤ ᠲᠥᠷᠥᠭᠲᠡᠯ᠂ ᠠᠮᠤᠷ ᠲᠥᠪᠰᠢᠨ ᠤ ᠲᠦᠷᠦᠭᠳᠡᠯ ᠢ ᠲᠠᠰᠤᠷᠠᠯᠲᠠ ᠥᠭᠡᠢ ᠨᠡᠮᠡᠭᠳᠡᠬᠦᠯᠵᠥ ᠪᠠᠶᠢᠨ᠎ᠠ᠃      ᠪᠥᠬᠦ ᠠᠶᠢᠮᠠᠭ ᠤᠨ ᠡᠯ᠎ᠠ ᠭᠠᠵᠠᠷ ᠤᠨ ᠨᠡᠶᠢᠭᠡᠮ ᠤᠨ ᠪᠠᠲᠤᠯᠠᠭ᠎ᠠ ᠶᠢᠨ ᠥᠢᠯᠡᠴᠢᠯᠡᠭᠡᠨ ᠤ ᠲᠥᠪ ᠨᠢ ᠸᠢᠴᠠᠲ᠂ ᠤᠲᠠᠰᠤ᠂ ᠴᠠᠬᠢᠮ ᠮᠡᠲᠡᠭᠡ ᠪᠠᠷ ᠮᠡᠲᠡᠭᠲᠡᠬᠦ ᠵᠢᠴᠢ ᠡᠷᠥᠭᠡ ᠳᠤ ᠬᠥᠨᠵᠡᠭᠡᠶᠢᠷᠡᠬᠦ ᠵᠡᠷᠭᠡ ᠠᠷᠭ᠎ᠠ ᠬᠡᠯᠪᠡᠷᠢ ᠪᠠᠷ ᠲᠠᠮᠵᠢᠭᠤᠯᠤᠨ᠂ ᠬᠠᠷᠢᠶ᠎ᠠ ᠤᠷᠤᠨ ᠤ ᠠᠵᠢᠯ ᠤᠨ ᠠᠮᠠᠷᠠᠯᠲᠠ ᠪᠠᠨ ᠠᠪᠤᠭᠰᠠᠠ ᠬᠥᠮᠥᠰ ᠲᠤ ︽ᠥᠪᠤᠷ ᠮᠤᠩᠭᠤᠯ ᠤᠨ ᠬᠥᠮᠥᠨ ᠤ ᠬᠥᠴᠥᠨ ᠤ ᠡᠬᠢ ᠪᠠᠶᠠᠯᠢᠭ ᠪᠤᠯᠤᠨ ᠨᠡᠶᠢᠭᠡᠮ ᠤᠨ ᠪᠠᠲᠤᠯᠠᠭ᠎ᠠ ᠶᠢᠨ ᠲᠤᠪᠴᠢᠶ᠎ᠠ︾ ᠶᠢᠨ APP ᠪᠠᠷ ᠥᠨᠡᠯᠡᠨ ᠬᠡᠷᠡᠴᠢᠯᠡᠬᠦ ᠶᠠᠪᠤᠴᠠ ᠶᠢ ᠢᠲᠡᠪᠬᠢᠲᠡᠢ ᠤᠬᠠᠭᠤᠯᠵᠥ᠂ ᠥᠰᠥᠭ ᠵᠢᠷᠤᠭ ᠬᠠᠪᠰᠤᠷᠭᠠᠭᠰᠠᠨ ᠲᠠᠶᠢᠯᠪᠤᠷᠢ᠂ ᠤᠬᠤᠷ ᠪᠢᠴᠢᠯᠭᠡ ᠶᠢᠨ ᠲᠠᠶᠢᠯᠪᠤᠷᠢ ᠪᠠᠷ ᠲᠠᠮᠵᠢᠭᠤᠯᠤᠨ ᠠᠵᠢᠯ ᠤᠨ ᠠᠮᠠᠷᠠᠯᠲᠠ ᠪᠠᠨ ᠠᠪᠤᠭᠰᠠᠨ ᠬᠥᠮᠥᠰ ᠢ ᠬᠠᠪᠰᠤᠷᠤᠨ ᠥᠨᠡᠯᠡᠨ ᠬᠡᠷᠡᠴᠢᠯᠡᠬᠦ ᠠᠷᠭ᠎ᠠ ᠶᠢ ᠡᠵᠡᠮᠰᠢᠬᠦᠯᠵᠥ ᠪᠤᠢ᠃ ᠬᠥᠲᠡᠯᠵᠥ ᠪᠠᠷᠢᠬᠤ ᠳᠤ ᠲᠥᠭᠦᠮ ᠥᠭᠡᠢ ᠨᠠᠰᠤᠲᠠᠶᠢᠴᠤᠳ ᠲᠤ ᠴᠢᠭᠯᠡᠬᠦᠯᠥᠨ ︽ᠨᠢᠭᠤᠷᠯᠠᠯ ᠲᠤᠭᠲᠠᠬᠤ︾ ᠬᠡᠯᠪᠡᠷᠢ ᠪᠠᠷ ᠤᠷᠢᠳᠴᠢᠯᠠᠨ ᠪᠤᠯᠵᠥᠵᠥ ᠭᠡᠷ ᠲᠤᠨᠢ ᠬᠥᠷᠴᠥ ᠥᠨᠡᠯᠡᠨ ᠬᠡᠷᠡᠴᠢᠯᠡᠬᠦ ᠥᠢᠯᠡᠴᠢᠯᠡᠭᠡ ᠥᠷᠨᠢᠬᠦᠯᠵᠥ᠂ ᠤᠲᠤᠬᠠᠨ ᠪᠤᠯᠲᠠᠯ᠎ᠠ᠂ ᠨᠢᠭᠡᠨᠲᠡ 537 ᠨᠠᠰᠤᠲᠠᠨ ᠳᠤ ᠭᠡᠷ ᠲᠤᠨᠢ ᠬᠥᠷᠴᠥ ᠨᠠᠰᠤᠵᠢᠯ ᠤᠨ ᠲᠠᠭᠠᠳᠬᠠᠯ ᠤᠨ ᠠᠰᠠᠷᠠᠮᠵᠢ ᠪᠠᠨ ᠬᠥᠷᠲᠡᠬᠦ ᠬᠡᠷᠡᠴᠢᠯᠡᠯ ᠬᠢᠵᠥ᠂ 32038 ᠬᠥᠮᠤᠨ ᠤᠲᠠᠭ᠎ᠠ ᠳᠤ ᠴᠠᠬᠢᠮ ᠮᠡᠲᠡᠭᠡ ᠪᠠᠷ ᠰᠠᠨᠠᠭᠤᠯᠵᠥ᠂ 18347 ᠬᠥᠮᠥᠨ ᠤᠲᠠᠭ᠎ᠠ ᠳᠤ ᠤᠲᠠᠰᠤ ᠠᠪᠴᠥ ᠰᠠᠨᠠᠭᠤᠯᠤᠭᠰᠠᠨ ᠪᠠᠶᠢᠨ᠎ᠠ᠃      ᠡᠬᠦᠨ ᠠᠴᠠ ᠭᠠᠲᠠᠨ᠎ᠠ᠂ ᠪᠥᠬᠦ ᠠᠶᠢᠮᠠᠭ ᠤᠨ ᠡᠯ᠎ᠠ ᠭᠠᠵᠠᠷ ᠤᠨ ᠨᠡᠶᠢᠭᠡᠮ ᠤᠨ ᠪᠠᠲᠤᠯᠠᠭ᠎ᠠ ᠶᠢᠨ ᠥᠢᠯᠡᠴᠢᠯᠡᠭᠡᠨ ᠤ ᠲᠥᠪ ᠨᠢ ᠬᠥᠮᠥᠨ ᠤ ᠬᠥᠴᠥᠨ ᠤ ᠡᠬᠢ ᠪᠠᠶᠠᠯᠢᠭ ᠪᠤᠯᠤᠨ ᠨᠡᠶᠢᠭᠡᠮ ᠤᠨ ᠪᠠᠲᠤᠯᠠᠭ᠎ᠠ ᠶᠢᠨ ᠰᠥᠯᠵᠢᠶᠡᠨ ᠲᠡᠭᠡᠷᠡᠬᠢ ᠪᠠ ᠪᠤᠲᠠᠲᠤ ᠲᠠᠯᠠᠪᠤᠷ ᠲᠤ ᠥᠢᠯᠡᠴᠢᠯᠡᠬᠦ ᠠᠷᠭ᠎ᠠ ᠵᠠᠮ ᠢ ᠠᠰᠢᠭᠯᠠᠨ ᠬᠢᠷᠢ ᠬᠡᠮ  ᠢ ᠥᠨᠡᠯᠡᠨ ᠬᠡᠷᠡᠴᠢᠯᠡᠬᠦ ᠰᠠᠭᠤᠷᠢᠨ ᠲᠡᠭᠡᠷ᠎ᠠ᠂ ᠪᠠᠩᠭᠢ ᠶᠢᠨ ᠲᠠᠪᠴᠠᠩ ᠢ ᠠᠰᠢᠭᠯᠠᠨ ᠠᠵᠢᠯ ᠤᠨ ᠠᠮᠠᠷᠠᠯᠲᠠ ᠪᠠᠨ ᠠᠪᠤᠭᠰᠠᠨ ᠬᠥᠮᠥᠰ ᠤᠨ ᠨᠠᠰᠤᠵᠢᠯ ᠤᠨ ᠲᠠᠭᠠᠳᠬᠠᠯ ᠤᠨ ᠠᠰᠠᠷᠠᠮᠵᠢ ᠪᠠᠨ ᠬᠥᠷᠲᠡᠬᠦ ᠬᠢᠷᠢ ᠬᠡᠮ ᠢ ᠥᠨᠡᠯᠡᠨ ᠬᠡᠷᠡᠴᠢᠯᠡᠬᠦ ᠴᠤᠩᠬᠤᠪᠴᠢ ᠲᠤᠬᠢᠷᠠᠭᠤᠯᠵᠥ᠂ ᠤᠯᠠᠨ ᠲᠥᠮᠡᠨ ᠤ ᠰᠠᠭᠤᠭ᠎ᠠ ᠭᠠᠵᠠᠷ ᠤᠨ ᠤᠶᠢᠷ᠎ᠠ ᠬᠠᠪᠢ ᠳᠠᠭᠠᠨ ᠬᠢᠷᠢ ᠬᠡᠮ ᠤᠨ ᠬᠡᠷᠡᠴᠢᠯᠡᠯ ᠬᠢᠬᠦ ᠳᠤ ᠲᠥᠭᠦᠮ ᠥᠵᠡᠬᠦᠯᠵᠥ ᠪᠤᠢ᠃ ᠤᠲᠤᠬᠠᠨ᠂ ︽ᠬᠥᠮᠥᠨ ᠤ ᠬᠥᠴᠥᠨ ᠤ ᠡᠬᠢ ᠪᠠᠶᠠᠯᠢᠭ ᠪᠤᠯᠤᠨ ᠨᠡᠶᠢᠭᠡᠮ ᠤᠨ ᠪᠠᠲᠤᠯᠠᠭ᠎ᠠ ᠶᠢᠨ ᠲᠤᠪᠴᠢᠶ᠎ᠠ · ᠪᠠᠩᠭᠢ ᠨᠢᠭᠡ ᠴᠤᠭᠴᠠᠵᠢᠭᠰᠠᠨ︾ ᠥᠢᠯᠡᠴᠢᠯᠡᠭᠡᠨ ᠤ ᠰᠥᠯᠵᠢᠶᠡᠨ ᠴᠡᠭ ᠨᠢ ᠥᠨᠲᠤᠰᠤᠨ ᠳᠡᠭᠡᠨ ᠪᠥᠬᠦ ᠠᠶᠢᠮᠠᠭ ᠤᠨ ᠡᠯ᠎ᠠ ᠰᠤᠮᠤ ᠰᠢᠶᠠᠩ ᠪᠠᠯᠭᠠᠰᠤ ᠶᠢ ᠬᠠᠮᠤᠷᠴᠥ᠂ ᠨᠠᠰᠤᠵᠢᠯ ᠤᠨ ᠠᠰᠠᠷᠠᠮᠵᠢ ᠶᠢᠨ ᠬᠢᠷᠢ ᠬᠡᠮ ᠢ ᠥᠨᠡᠯᠡᠨ ᠬᠡᠷᠡᠴᠢᠯᠡᠬᠦ ᠠᠵᠢᠯ ᠢ ᠤᠶᠢᠷ᠎ᠠ ᠬᠠᠪᠢ ᠳᠠᠭᠠᠨ ᠬᠥᠢᠴᠡᠳᠭᠡᠬᠦ ᠶᠢ ᠪᠡᠶᠡᠯᠡᠬᠦᠯᠥᠭᠰᠡᠨ ᠪᠠᠶᠢᠨ᠎ᠠ᠃︵ᠴᠢᠮᠡᠭᠡᠯᠡᠭᠴᠢ︶
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号