ᠪᠦᠭᠰᠡ ᠤᠯᠠᠶᠢᠬᠤ ᠶᠢ ᠬᠡᠷᠬᠢᠨ ᠰᠡᠷᠭᠡᠶᠢᠯᠡᠬᠦ ᠪᠣᠢ︖
ᠨᠡᠶᠢᠲᠡᠯᠡᠭᠰᠡᠨ ᠴᠠᠭ᠄
2024/9/19
     ᠪᠦᠭᠰᠡ ᠤᠯᠠᠶᠢᠬᠤ ᠶᠢ ᠪᠠᠰᠠ ᠭᠥᠯᠲᠥᠭ ᠡᠰᠡᠷᠭᠡᠨ᠎ᠡ ᠭᠡᠳᠡᠭ᠃ ᠨᠢᠷᠠᠶ ᠬᠡᠤᠬᠡᠳ ᠤᠨ ᠠᠷᠠᠰᠤ ᠨᠢ ᠵᠦᠭᠡᠯᠡᠨ ᠪᠣᠯᠬᠤᠷ᠂ ᠭᠠᠳᠠᠭᠠᠯᠠᠭᠰᠠᠨ ᠤ ᠳᠠᠷᠠᠭ᠎ᠠ ᠰᠢᠭᠡᠰᠦᠨ ᠪᠦᠰᠡ ᠶᠢ ᠨᠢ ᠴᠠᠭ ᠲᠤᠬᠠᠶ ᠳᠤᠨᠢ ᠰᠣᠯᠢᠬᠤ ᠦᠭᠡᠢ ᠪᠤᠶᠤ ᠪᠦᠭᠰᠡ ᠶᠢ ᠨᠢ ᠤᠬᠢᠶᠠᠵᠤ ᠠᠷᠴᠢᠬᠤ ᠦᠭᠡᠢ ᠪᠣᠯ ᠬᠡᠤᠬᠡᠳ ᠤᠨ ᠠᠷᠠᠰᠤ ᠨᠢ ᠰᠢᠭᠡᠰᠦ ᠪᠠᠭᠠᠰᠣ ᠪᠠ ᠨᠦᠲᠠᠨ ᠰᠢᠭᠡᠰᠦᠨ ᠪᠦᠰᠡ ᠶᠢᠨ ᠴᠥᠪᠥᠷᠢᠭᠦᠤ ᠳᠤ ᠳᠡᠪᠲᠦᠭᠡᠭᠰᠡᠨ ᠠᠴᠠ ᠠᠷᠠᠰᠤᠨ ᠡᠰᠡᠷᠭᠡᠨ᠎ᠡ ᠭᠠᠷᠴᠤ᠂ ᠬᠦᠨᠳᠦ ᠨᠣᠴᠢᠲᠠᠶ ᠪᠣᠯ ᠠᠷᠠᠰᠤ ᠰᠢᠯᠪᠤᠷᠠᠬᠤ ᠪᠤᠶᠤ ᠠᠷᠠᠰᠤ ᠨᠢ ᠢᠯᠪᠤᠷᠠᠵᠤ᠂ ᠮᠠᠰᠢ ᠡᠪᠡᠳᠦᠨ᠎ᠡ᠃      ᠭᠥᠯᠲᠥᠭ ᠤᠨ ᠡᠰᠡᠷᠭᠡᠨ᠎ᠡ ᠭᠠᠷᠬᠤ ᠶᠢ ᠰᠡᠷᠭᠡᠶᠢᠯᠡᠬᠦ ᠬᠠᠮᠤᠭ ᠰᠠᠶᠢᠨ ᠠᠷᠭ᠎ᠠ ᠪᠣᠯ ᠰᠢᠭᠡᠰᠦᠨ ᠪᠦᠰ ᠢ ᠦᠷᠭᠦᠯᠵᠢ ᠰᠣᠯᠢᠵᠤ᠂ ᠬᠡᠷᠡᠭᠯᠡᠵᠦ ᠥᠩᠭᠡᠷᠡᠭᠰᠡᠨ ᠰᠢᠭᠡᠰᠦᠨ ᠪᠦᠰᠡ ᠶᠢ ᠤᠬᠢᠶᠠᠨ ᠴᠡᠪᠡᠷᠯᠡᠵᠦ᠂ ᠳᠠᠬᠢᠨ ᠨᠡᠷᠡᠨ ᠳᠤ ᠡᠭᠡᠭᠡᠵᠦ ᠬᠠᠲᠠᠭᠠᠵᠤ᠂ ᠰᠢᠭᠡᠰᠦᠨ ᠪᠦᠰ ᠤᠨ ᠠᠷᠢᠭᠤᠨ ᠴᠡᠪᠡᠷ ᠪᠠ ᠵᠦᠭᠡᠯᠡᠨ ᠪᠠᠶᠢᠬᠤ ᠶᠢ ᠪᠠᠲᠤᠯᠠᠨ᠎ᠠ᠃ ᠬᠡᠤᠬᠡᠳ ᠪᠠᠭᠠᠵᠤ ᠪᠠᠷᠠᠭᠰᠠᠨ ᠤ ᠳᠠᠷᠠᠭ᠎ᠠ ᠪᠦᠭᠰᠡ ᠶᠢᠨ ᠬᠡᠰᠡᠭ ᠢ ᠤᠬᠢᠶᠠᠨ ᠴᠡᠪᠡᠷᠯᠡᠵᠦ᠂ ᠵᠦᠯᠭᠦᠵᠦ ᠬᠠᠲᠠᠭᠠᠭᠰᠠᠨ ᠤ ᠳᠠᠷᠠᠭ᠎ᠠ ᠣ ᠲᠦᠷᠬᠢᠬᠦ ᠪᠤᠶᠤ 5 - 10 %᠎ ᠶᠢᠨ ᠵᠥᠭᠡᠯᠡᠨ ᠬᠠᠨᠳᠠ ᠲᠦᠷᠬᠢᠪᠡᠯ ᠰᠢᠭᠡᠰᠦ ᠪᠠᠭᠠᠰᠣ ᠰᠢᠭᠤᠳ ᠠᠷᠠᠰᠤᠨ ᠳᠤ ᠰᠡᠳᠦᠯᠲᠡ ᠥᠭᠭᠦ ᠠᠴᠠ ᠵᠠᠶᠢᠯᠠᠰᠬᠢᠨ᠎ᠠ᠃ ᠭᠥᠯᠲᠥᠭ ᠤᠨ ᠡᠰᠡᠷᠭᠡᠨ᠎ᠡ ᠭᠠᠷᠪᠠᠯ ᠠᠯᠢ ᠴᠢᠳᠠᠬᠤ ᠪᠠᠷ ᠬᠠᠭᠤᠷᠠᠶ᠂ ᠠᠷᠢᠭᠤᠨ ᠴᠡᠪᠡᠷ ᠢ ᠪᠠᠲᠤᠯᠠᠬᠤ ᠬᠡᠷᠡᠭᠲᠡᠶ᠃ ᠥᠳᠬᠡᠨ ᠮᠥᠷ ᠭᠠᠷᠤᠭᠰᠠᠨ ᠤ ᠳᠠᠷᠠᠭ᠎ᠠ ᠤᠬᠢᠶᠠᠨ ᠠᠷᠴᠢᠵᠤ ᠵᠦᠯᠭᠦᠵᠦ᠂ ᠡᠮᠴᠢ ᠶᠢᠨ ᠵᠦᠪᠯᠡᠭᠡ ᠪᠠᠷ ᠡᠮ ᠲᠦᠷᠬᠢᠵᠦ ᠦᠭᠭᠦᠨ᠎ᠡ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号