ᠬᠡᠤᠬᠡᠳ ᠲᠠᠰᠤᠷᠠᠯᠲᠠ ᠦᠭᠡᠢ ᠵᠣᠬᠢᠰᠬᠤ ᠨᠢ ᠶᠠᠭᠤ ᠪᠣᠢ︖
ᠨᠡᠶᠢᠲᠡᠯᠡᠭᠰᠡᠨ ᠴᠠᠭ᠄
2024/9/19
     ᠵᠣᠭᠢᠰᠬᠤ ᠪᠣᠯ ᠨᠢᠷᠠᠶ ᠬᠡᠤᠬᠡᠳ ᠤᠨ ᠦᠶ᠎ᠡ ᠶᠢᠨ ᠦᠷᠭᠦᠯᠵᠢ ᠲᠣᠬᠢᠶᠠᠯᠳᠤᠳᠠᠭ ᠨᠢᠭᠡ ᠵᠦᠢᠯ ᠤᠨ ᠢᠯᠡᠷᠡᠯ ᠮᠥᠨ᠃ ᠵᠣᠭᠢᠰᠬᠤ ᠨᠢ ᠥᠷᠥᠴᠡ ᠶᠢᠨ ᠪᠤᠯᠴᠢᠩ ᠪᠠ ᠥᠷᠥᠴᠡᠨ ᠤ ᠬᠥᠨᠳᠡᠯᠡᠨ ᠬᠠᠯᠢᠰᠣᠲᠣ ᠪᠦᠷᠬᠦᠪᠴᠢ ᠦᠷᠭᠦᠯᠵᠢᠯᠡᠨ ᠠᠪᠴᠢᠭᠰᠠᠨ ᠠᠴᠠ ᠪᠣᠯᠤᠭᠰᠠᠨ ᠶᠤᠮ᠃ ᠥᠷᠥᠴᠡ ᠶᠢᠨ ᠬᠥᠳᠡᠯᠭᠡᠭᠡᠨ ᠪᠣᠯ ᠤᠷᠭᠤᠮᠠᠯᠯᠢᠭ ᠮᠡᠳᠡᠷᠡᠯ ᠤᠨ ᠡᠵᠡᠮᠰᠢᠯ ᠢ ᠬᠦᠯᠢᠶᠡᠳᠡᠭ᠂ ᠬᠡᠣᠬᠡᠳ ᠭᠠᠷᠣᠭᠰᠠᠨ ᠤ ᠳᠠᠷᠠᠭ᠎ᠠ ᠨᠢᠭᠡ ᠬᠤᠶᠠᠷ ᠭᠠᠷᠠᠭ ᠲᠤ ᠬᠦᠨᠳᠡᠯᠡᠨ ᠬᠠᠯᠢᠰᠣᠲᠣ ᠪᠦᠷᠬᠦᠪᠴᠢ ᠶᠢᠨ ᠤᠷᠭᠤᠮᠠᠯᠯᠢᠭ ᠮᠡᠳᠡᠷᠡᠯ ᠤᠨ ᠪᠣᠶᠢᠵᠢᠯᠲᠠ ᠨᠢ ᠬᠠᠷᠬᠠᠨ ᠲᠡᠭᠦᠯᠳᠡᠷᠵᠢᠭᠡᠳᠦᠢ᠂ ᠬᠡᠣᠬᠡᠳ ᠵᠢᠭᠠᠬᠠᠨ ᠰᠡᠳᠦᠯᠲᠡ ᠬᠦᠷᠲᠡᠪᠡᠯ ᠳᠠᠷᠣᠢ᠄ ᠬᠦᠢᠲᠡᠨ ᠠᠭᠠᠷ ᠠᠮᠢᠰᠬᠤᠬᠤ᠂ ᠬᠡᠳᠦ ᠬᠤᠷᠳᠣᠨ ᠬᠦᠬᠦᠬᠦ ᠦᠶᠡᠰ ᠦᠷᠦᠴᠡᠨ ᠪᠣᠯᠴᠢᠩ ᠪᠠᠴᠢᠮ ᠠᠪᠴᠢᠵᠣ ᠬᠤᠷᠳᠣᠨ ᠠᠮᠢᠰᠬᠤᠯᠠᠬᠤ ᠦᠶᠡᠰ ︽ᠭᠡᠳ︾ ᠬᠡᠬᠦ ᠳᠠᠭᠤ ᠭᠠᠷᠳᠠᠭ᠃       ᠵᠠᠷᠢᠮ ᠣᠶᠢᠶ᠎ᠠ ᠳᠤ ᠬᠡᠤᠬᠡᠳ ᠤᠨ ᠵᠣᠭᠢᠰᠬᠤ ᠴᠠᠭ ᠨᠢ 5 — 10 ᠮᠢᠨᠦ᠋ᠲ ᠦᠷᠭᠦᠯᠵᠢᠯᠡᠵᠦ᠂ ᠦᠵᠡᠬᠦ ᠳᠤ ᠲᠤᠩ ᠵᠣᠪᠠᠭᠤᠷᠢᠲᠠᠢ ᠪᠠᠶᠢᠭ᠎ᠠ ᠰᠢᠭ ᠪᠣᠯᠪᠠᠴᠤ ᠵᠣᠭᠢᠰᠬᠤ ᠨᠢ ᠬᠡᠤᠬᠡᠳ ᠤᠨ ᠡᠷᠡᠭᠦᠯ ᠮᠡᠨᠳᠦ ᠳᠤ ᠶᠠᠮᠠᠷ ᠴᠤ ᠮᠠᠭᠤ ᠨᠥᠯᠥᠭᠡ ᠪᠣᠯᠬᠤ ᠦᠭᠡᠢ ᠲᠤᠯᠠ ᠰᠠᠨᠠᠭ᠎ᠠ ᠵᠣᠪᠠᠭ᠋ᠤ ᠬᠡᠷᠡᠭ ᠦᠭᠡᠢ᠃      ᠬᠥᠮᠦᠨ ᠲᠥᠷᠥᠭᠰᠡᠨ ᠤ ᠳᠠᠷᠠᠭ᠎ᠠ ᠲᠡᠭᠦᠨ ᠤ ᠮᠡᠳᠡᠷᠡᠯ ᠤᠨ ᠪᠤᠶᠢᠵᠢᠯᠲᠠ ᠨᠢ ᠨᠢᠭᠡ ᠶᠠᠪᠤᠴᠠ ᠪᠠᠶᠢᠳᠠᠭ᠂ ᠡᠩ ᠤᠨ ᠪᠠᠶᠢᠳᠠᠯ ᠳᠣᠤᠷ᠎ᠠ ᠬᠡᠤᠬᠡᠳ 3 ᠰᠠᠷ᠎ᠠ ᠶᠢᠨ ᠳᠠᠷᠠᠭ᠎ᠠ ᠬᠥᠨᠳᠡᠯᠡᠨ ᠬᠠᠯᠢᠰᠣᠲᠣ ᠪᠦᠷᠬᠦᠪᠴᠢ ᠶᠢᠨ ᠮᠡᠳᠡᠷᠡᠯ ᠤᠨ ᠪᠤᠶᠢᠵᠢᠯᠲᠠ ᠶᠢ ᠭᠦᠢᠴᠡᠪᠡᠯ ᠵᠣᠬᠢᠰᠬᠤ ᠦᠵᠡᠭᠳᠡᠯ ᠠᠶᠠᠨᠳᠠᠭᠠᠨ ᠰᠠᠶᠢᠨ ᠪᠣᠯᠤᠨ᠎ᠠ᠃      ᠲᠡᠭᠡᠪᠡᠯ᠂ ᠬᠡᠤᠬᠡᠳ ᠤᠨ ᠵᠣᠭᠢᠰᠬᠤ ᠶᠢ ᠬᠡᠷᠬᠢᠨ ᠵᠣᠭᠰᠣᠭᠠᠬᠤ ᠪᠣᠢ︖ ᠬᠡᠦᠬᠡᠨ ᠢᠶᠠᠨ ᠬᠥᠬᠦᠭᠦᠯᠬᠦ᠂ ᠬᠦᠷᠦᠭᠡᠭᠰᠡᠨ ᠤᠰᠤ ᠤᠤᠭᠤᠯᠭᠠᠬᠤ ᠪᠤᠶᠤ ᠪᠤᠰᠤᠳ ᠰᠡᠳᠦᠯᠲᠡ ᠪᠠᠷ ᠳᠠᠮᠵᠢᠨ᠂ ᠭᠡᠷᠡᠯ ᠭᠡᠭᠡ᠂ ᠳᠠᠭᠤ ᠴᠢᠮᠡᠭᠡ ᠵᠡᠷᠭᠡ ᠠᠷᠭ᠎ᠠ ᠶᠢ ᠬᠡᠷᠡᠭᠯᠡᠵᠦ ᠵᠣᠬᠢᠰᠬᠤ ᠶᠢ ᠨᠠᠮᠳᠠᠭᠠᠵᠣ ᠪᠣᠯᠣᠨ᠎ᠠ᠃
 
ᠢᠷᠡᠯᠲᠡ᠄ ᠰᠢᠯᠢ ᠶᠢᠨ ᠬᠤᠲᠠ ᠶᠢᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号