ᠰᠢᠯᠢ ᠶᠢᠨ ᠭᠤᠣᠯ ᠬᠤᠨᠢᠨ ᠤ ᠣᠷᠣᠨ ᠪᠦᠰᠡ ᠶᠢᠨ ᠨᠡᠶᠢᠲᠡ ᠶᠢᠨ ᠬᠡᠷᠡᠭᠯᠡᠭᠡᠨ ᠤ ᠨᠠᠷᠠᠲᠤ ᠲᠡᠮᠳᠡᠭ ᠤᠨ ᠨᠥᠯᠥᠭᠡ ᠪᠠᠷ | ᠂ ᠡᠨᠡ ᠵᠢᠯ ᠵᠡᠭᠦᠨ ᠦᠵᠦᠮᠦᠴᠢᠨ ᠬᠤᠰᠢᠭᠤᠨ ᠤ 16.87 ᠲᠦᠮᠡᠨ ᠬᠤᠨᠢᠨ ᠤ ᠦᠨ᠎ᠡ ᠨᠡᠮᠡᠭᠳᠡᠵᠦ᠂ ᠵᠢᠱᠢᠯᠲᠡ ᠪᠠᠷ 668 | ᠮᠠᠯᠵᠢᠬᠤ ᠡᠷᠦᠬᠡ ᠶᠢᠨ 500 ᠲᠦᠮᠡ ᠭᠠᠷᠤᠢ ᠲᠥᠭᠦᠷᠢᠭ ᠤᠨ ᠣᠷᠣᠯᠭ᠎ᠠ ᠶᠢᠨ ᠨᠡᠮᠡᠭᠳᠡᠯ ᠢ ᠲᠠᠶᠢᠴᠢᠯᠠᠨ᠎ᠠ᠃ | ᠰᠤᠷᠪᠤᠯᠵᠢᠯᠠᠭᠴᠢ ᠵᠡᠭᠦᠨ ᠦᠵᠦᠮᠦᠴᠢᠨ ᠬᠤᠰᠢᠭᠤᠨ ᠤ ᠴᠢᠨ ᠮᠦ ᠢᠳᠡᠭᠡᠨ ᠤᠮᠳᠠᠭᠠᠨ ᠤ ᠬᠢᠵᠠᠭᠠᠷᠲᠤ ᠺᠣᠮᠫᠠᠨᠢ ᠶᠢᠨ | ᠡᠳ᠋ᠰᠢᠭᠦᠯᠦᠨ ᠪᠣᠯᠪᠠᠰᠤᠷᠠᠭᠤᠯᠬᠤ ᠦᠢᠯᠡᠳᠪᠦᠷᠢ ᠶᠢᠨ ᠲᠠᠰᠤᠭ ᠲᠤ ᠬᠦᠷᠬᠦ ᠳᠤ᠂ ᠠᠵᠢᠯᠲᠠᠳ ᠬᠤᠨᠢᠨ ᠤ ᠬᠢᠵᠢᠭ ᠢ | ᠪᠠᠶᠢᠴᠠᠭᠠᠬᠤ᠂ ᠨᠢᠲᠤᠯᠬᠤ᠂ ᠤᠬᠢᠶᠠᠵᠤ ᠴᠡᠪᠡᠷᠯᠡᠬᠦ᠂ ᠬᠦᠴᠢᠯ ᠢ ᠭᠠᠳᠠᠭᠰᠢᠯᠠᠭᠤᠯᠬᠤ᠂ ᠬᠡᠰᠡᠭᠯᠡᠨ ᠪᠣᠭᠤᠳᠠᠯᠯᠠᠬᠤ ᠪᠠᠷ | ᠶᠠᠭᠠᠷᠠᠯᠳᠤᠨ᠎ᠠ᠃ ︽ᠪᠢ 200 ᠭᠠᠷᠤᠢ ᠵᠠᠬᠢᠶᠠᠯᠠᠭ᠎ᠠ ᠢᠢᠨ ᠬᠤᠨᠢ ᠬᠦᠷᠭᠡᠵᠦ ᠢᠷᠡᠯ᠎ᠠ᠂ ᠠᠳᠡᠬᠢ ᠬᠤᠳᠠᠯᠳᠤᠨ ᠠᠪᠬᠤ | ᠦᠨ᠎ᠡ ᠨᠢ ᠵᠢᠩ ᠪᠦᠷᠢ ᠳᠡᠭᠡᠨ ᠵᠠᠬ᠎ᠠ ᠳᠡᠯᠭᠡᠭᠦᠷ ᠤᠨ ᠦᠨ᠎ᠡ ᠠᠴᠠ 1 ᠲᠥᠭᠦᠷᠢᠭ ᠥᠨᠳᠥᠷ᠂ ᠲᠤᠬᠠᠢ ᠶᠢᠨ ᠦᠶ᠎ᠡ ᠶᠢᠨ | ᠬᠤᠳᠠᠯᠳᠤᠨ ᠠᠪᠬᠤ ᠬᠡᠯᠡᠯᠴᠡᠭᠡᠷ ᠲᠤ ᠲᠣᠭᠲᠠᠭᠠᠭᠰᠠᠨ ᠦᠨ᠎ᠡ ᠠᠴᠠ ᠪᠠᠰᠠ ᠵᠢᠩ ᠪᠦᠷᠢ ᠳᠡᠭᠡᠨ 5 ᠮᠥᠩᠭᠦ ᠥᠨᠳᠥᠷ᠂ | ᠢᠩᠭᠢᠭᠡᠳ 200 ᠬᠤᠨᠢ ᠪᠠᠨ ᠬᠤᠳᠠᠯᠳᠤᠭᠠᠳ ᠢᠯᠡᠭᠦᠦ 6000 ᠭᠠᠷᠤᠢ ᠲᠥᠭᠦᠷᠢᠭ ᠣᠯᠣᠯ᠎ᠠ ᠰᠢᠯᠢ ᠶᠢᠨ ᠭᠤᠣᠯ | ᠬᠤᠨᠢᠨ ᠤ ᠨᠡᠷᠡᠳᠦ ᠲᠡᠮᠳᠡᠭ ᠤᠯᠠᠮ ᠠᠴᠠ ᠤᠯᠠᠮ ᠠᠯᠳᠠᠷᠰᠢᠬᠤ ᠶᠢ ᠳᠠᠭᠠᠯᠳᠤᠨ᠂ ᠮᠠᠯᠴᠢᠳ ᠨᠡᠩ ᠤᠯᠠᠨ ᠠᠰᠢᠭ ᠬᠦᠷᠲᠡᠭᠦ | ᠪᠣᠯᠵᠠᠢ︾ ᠭᠡᠵᠦ ᠵᠡᠭᠦᠨ ᠦᠵᠦᠮᠦᠴᠢᠨ ᠬᠤᠰᠢᠭᠤᠨ ᠤ ᠡᠵᠢᠨᠠᠭᠤᠷ ᠪᠠᠯᠭᠠᠰᠤᠨ ᠤ ᠬᠠᠷᠠᠭᠤᠪᠢ ᠭᠠᠴᠠᠭᠠᠨ ᠤ ᠮᠠᠯᠴᠢᠨ ᠪᠠᠲᠤ | ᠰᠤᠷᠪᠤᠯᠵᠢᠯᠠᠭᠴᠢ ᠳᠤ ᠶᠠᠷᠢᠨ᠎ᠠ᠃ ᠰᠢᠯᠢ ᠶᠢᠨ ᠭᠤᠣᠯ ᠬᠤᠨᠢᠨ ᠤ ᠣᠷᠣᠨ ᠪᠦᠰᠡ ᠶᠢᠨ ᠨᠡᠶᠢᠲᠡ ᠶᠢᠨ ᠬᠡᠷᠡᠭᠯᠡᠭᠡᠨ ᠤ ᠨᠠᠷᠠᠲᠤ | ᠲᠡᠮᠳᠡᠭ ᠤᠨ ᠡᠷᠬᠡ ᠣᠯᠭᠤᠭᠰᠠᠨ ᠠᠵᠤ ᠠᠬᠤᠶᠢᠯᠠᠯ ᠪᠣᠯᠤᠭᠰᠠᠨ ᠤ ᠬᠤᠪᠢ ᠳᠤ᠂ ᠵᠡᠭᠦᠨ ᠦᠵᠦᠮᠦᠴᠢᠨ ᠬᠤᠰᠢᠭᠤᠨ ᠤ ᠴᠢᠨ | ᠮᠦ ᠢᠳᠡᠭᠡᠨ ᠤᠮᠳᠠᠭᠠᠨ ᠤ ᠬᠢᠵᠠᠭᠠᠷᠲᠤ ᠺᠣᠮᠫᠠᠨᠢ ᠨᠢ ᠠᠵᠤ ᠠᠬᠤᠶᠢᠯᠠᠯ ᠬᠢᠭᠡᠳ ᠮᠠᠯᠵᠢᠬᠤ ᠡᠷᠦᠬᠡ ᠨᠡᠷᠡᠳᠦ ᠲᠡᠮᠳᠡᠭ ᠢ | ᠬᠠᠮᠲᠤ ᠪᠠᠷ ᠪᠠᠶᠢᠭᠤᠯᠬᠤ᠂ ᠠᠰᠢᠭ ᠲᠤᠰᠠ ᠶᠢ ᠬᠠᠮᠲᠤ ᠪᠠᠷ ᠡᠳ᠋ᠯᠡᠬᠦ ᠲᠣᠭᠲᠠᠴᠠ ᠶᠢ ᠪᠠᠶᠢᠭᠤᠯᠵᠤ᠂ ᠨᠠᠷᠠᠲᠤ ᠲᠡᠮᠳᠡᠭ ᠤᠨ | ᠳᠠᠶᠢᠴᠢᠯᠠᠬᠤ ᠦᠢᠯᠡᠳᠦᠯ ᠢ ᠪᠠᠳᠠᠷᠠᠭᠤᠯᠤᠨ ᠲᠠᠯ᠎ᠠ ᠨᠤᠲᠤᠭ ᠤᠨ ᠬᠤᠨᠢᠨ ᠤ ᠦᠨ᠎ᠡ ᠬᠠᠩᠰᠢ ᠶᠢ ᠲᠣᠭᠲᠠᠪᠤᠷᠢᠵᠢᠭᠤᠯᠵᠤ᠂ | ᠨᠠᠷᠠᠲᠤ ᠲᠡᠮᠳᠡᠭ ᠤᠨ ᠦᠨ᠎ᠡ ᠥᠷᠲᠡᠭ ᠢᠶᠠᠷ ᠨᠠᠩ ᠣᠯᠠᠨ ᠮᠠᠯᠴᠢᠳ ᠲᠤ ᠠᠰᠢᠭ ᠬᠦᠷᠲᠡᠭᠡᠵᠡᠢ᠃ ᠦᠵᠦᠮᠦᠴᠢᠨ ᠬᠤᠨᠢᠨ ᠤ | ᠪᠠᠶᠢᠭ᠎ᠠ ᠬᠦᠷᠢᠶ᠎ᠡ ᠬᠡᠪᠴᠢᠶ᠎ᠡ᠂ ᠲᠤᠭ᠎ᠠ ᠬᠡᠮᠵᠢᠶ᠎ᠡ᠂ ᠡᠭᠦᠯᠳᠡᠷ ᠨᠢ ᠴᠡᠪᠡᠷ ᠪᠠᠶᠢᠬᠤ ᠶᠢ ᠪᠠᠲᠤᠯᠠᠭᠰᠠᠨ ᠤᠷᠢᠲᠠᠯ ᠳᠣᠣᠷ᠎ᠠ᠂ | ᠡᠨᠡ ᠵᠢᠯ ᠤᠨ 3 ᠰᠠᠷ᠎ᠠ ᠳᠤ᠂ ᠲᠣᠰ ᠺᠣᠮᠫᠠᠨᠢ ᠤᠷᠢᠳ ᠢᠶᠠᠷ ᠭᠠᠴᠠᠭ᠎ᠠ ᠪᠠᠷ ᠨᠢᠭᠡᠴᠢ ᠪᠣᠯᠭᠠᠨ᠂ ᠬᠤᠳᠠᠯᠳᠤᠨ ᠠᠪᠬᠤ | ᠬᠡᠯᠡᠯᠴᠡᠭᠡᠷ ᠲᠣᠭᠲᠠᠵᠤ᠂ ᠨᠡᠶᠢᠲᠡ 16.87 ᠲᠦᠮᠡᠨ ᠬᠤᠨᠢᠨ ᠤ ᠢᠷᠡᠯᠲᠡ ᠶᠢ ᠲᠣᠭᠲᠠᠭᠠᠨ᠂ ᠪᠥᠬᠦ ᠬᠤᠰᠢᠭᠤᠨ ᠤ 6 | ᠰᠤᠮᠤ ᠪᠠᠯᠭᠠᠰᠤᠨ ᠤ 32 ᠭᠠᠴᠠᠭᠠᠨ ᠤ 668 ᠮᠠᠯᠵᠢᠬᠤ ᠡᠷᠦᠬᠡ ᠳᠤ ᠠᠰᠢᠭ ᠬᠦᠷᠲᠡᠭᠡᠵᠦ᠂ ᠵᠢᠱᠢᠯᠲᠡ ᠪᠠᠷ 500 ᠭᠠᠷᠤᠢ | ᠲᠦᠮᠡᠨ ᠲᠥᠭᠦᠷᠢᠭ ᠤᠨ ᠣᠷᠣᠯᠭ᠎ᠠ ᠶᠢᠨ ᠨᠡᠮᠡᠭᠳᠡᠯ ᠢ ᠳᠠᠶᠢᠴᠢᠯᠠᠨ᠎ᠠ᠃ ᠵᠡᠭᠦᠨ ᠦᠵᠦᠮᠦᠴᠢᠨ ᠬᠤᠰᠢᠭᠤᠨ ᠤ ᠴᠢᠨ ᠮᠦ | ᠢᠳᠡᠭᠡᠨ ᠤᠮᠳᠠᠭᠠᠨ ᠤ ᠬᠢᠵᠠᠭᠠᠷᠲᠤ ᠺᠣᠮᠫᠠᠨᠢ ᠶᠢᠨ ᠬᠠᠷᠢᠭᠤᠴᠠᠯᠭᠠᠲᠠᠨ ᠯᠢ ᠴᠧᠩ᠄ ︽8 ᠰᠠᠷ᠎ᠠ ᠶᠢᠨ 16 ᠤ ᠡᠳᠦᠷ ᠠᠵᠢᠯ | ᠡᠬᠢᠯᠡᠭᠰᠡᠨ ᠠᠴᠠ ᠨᠠᠭᠠᠰᠢ᠂ ᠣᠳᠣᠬᠠᠨ ᠳᠤ ᠠᠵᠤ ᠠᠬᠤᠶᠢᠯᠠᠯ ᠨᠢᠭᠡᠨᠲᠡ 3 ᠲᠦᠮᠡ ᠭᠠᠷᠤᠢ ᠵᠠᠬᠢᠶᠠᠯᠠᠭ᠎ᠠ ᠶᠢᠨ ᠬᠤᠨᠢ ᠶᠢ | ᠡᠳ᠋ᠰᠢᠭᠦᠯᠦᠨ ᠪᠣᠯᠪᠠᠰᠤᠷᠠᠭᠤᠯᠵᠤ᠂ ᠵᠠᠬᠢᠶᠠᠯᠠᠭ᠎ᠠ ᠶᠢᠨ 1/5 ᠶᠢ ᠪᠡᠶᠡᠯᠡᠭᠦᠯᠪᠡ᠃ ᠲᠠᠷᠠᠭ᠎ᠠ ᠨᠢ ᠪᠢᠳᠡ ᠪᠦᠬᠦ ᠬᠦᠴᠦ ᠪᠠᠷ ᠢᠶᠠᠨ | ᠦᠢᠯᠡᠳᠪᠦᠷᠢᠯᠡᠵᠦ᠂ ᠡᠭᠦᠷᠭᠡ ᠪᠠᠨ ᠳᠠᠪᠠᠭᠤᠯᠤᠨ ᠪᠡᠶᠡᠯᠡᠭᠦᠯᠬᠦ ᠪᠠᠷ ᠴᠢᠷᠮᠠᠶᠢᠵᠤ᠂ ᠥᠷᠭᠡᠨ ᠣᠯᠠᠨ ᠮᠠᠯᠴᠢᠳ ᠲᠤ ᠦᠨᠡᠨ ᠬᠦ | ᠠᠰᠢᠭ ᠬᠦᠷᠲᠡᠭᠡᠨ᠎ᠡ︾ ᠭᠡᠪᠡ᠃ ᠣᠶᠢᠯᠠᠭᠠᠭᠰᠠᠨ ᠢᠶᠠᠷ᠂ ᠵᠡᠭᠦᠨ ᠦᠵᠦᠮᠦᠴᠢᠨ ᠬᠤᠰᠢᠭᠤ 8 ᠰᠠᠷ᠎ᠠ ᠶᠢᠨ ᠳᠤᠮᠳᠠᠴᠢ ᠠᠴᠠ | ᠡᠬᠢᠯᠡᠨ ᠨᠠᠮᠤᠷ ᠤᠨ ᠵᠠᠷᠤᠴᠠᠭᠤᠯᠤᠯᠲᠠ ᠶᠢᠨ ᠠᠵᠢᠯ ᠢᠶᠠᠨ ᠡᠬᠢᠯᠡᠭᠦᠯᠪᠡ᠃ ᠣᠲᠣ ᠪᠣᠯᠲᠠᠯ᠎ᠠ᠂ ᠪᠥᠬᠦ ᠬᠤᠰᠢᠭᠤᠨ ᠤ 10 | ᠠᠵᠤ ᠠᠬᠤᠶᠢᠯᠠᠯ ᠨᠢᠭᠡᠨᠲᠡ 29.37 ᠲᠦᠮᠡᠨ ᠬᠤᠨᠢ ᠨᠢᠲᠤᠯᠵᠤ᠂ ᠡᠳᠦᠷ ᠲᠤ 1.63 ᠲᠦᠮᠡᠨ ᠬᠤᠨᠢ ᠨᠢᠲᠤᠯᠤᠨ᠂ ᠡᠨᠡ | ᠵᠢᠯ 100 ᠲᠦᠮᠡᠨ ᠬᠤᠨᠢ ᠨᠢᠲᠤᠯᠵᠤ ᠪᠣᠯᠪᠠᠰᠤᠷᠠᠭᠤᠯᠬᠤ ᠪᠠᠷ ᠪᠠᠶᠢᠨ᠎ᠠ᠃ |