ᠮᠤᠩᠭᠤᠯ ᠬᠡᠯᠡ | ᠨᠠ᠊᠂ ᠦᠯᠵᠡᠶᠢᠳᠡᠯᠭᠡᠷ | | ᠰᠠᠶᠢᠨ ᠤᠤ︕ ᠭᠡᠵᠦ ᠲᠠᠨ ᠲᠠᠢ ᠮᠡᠨᠳᠦᠯᠡᠶᠠ | ᠰᠠᠶᠢᠨ︕ ᠭᠡᠵᠦ ᠦᠴᠢᠬᠦ ᠶᠢ ᠴᠢᠨᠢ ᠰᠤᠨᠤᠰᠤᠶ᠎ᠠ | ᠢᠩᠭᠢᠵᠦ ᠠᠭᠤᠯᠵᠠᠬᠰᠠᠨ ᠬᠤᠶᠠᠷ ᠬᠦᠮᠦᠨ ᠢ | ᠡᠨᠡ ᠳᠡᠯᠡᠬᠡᠢ《 ᠮᠤᠩᠭᠤᠯ》 ᠭᠡᠳᠡᠭ | ᠢᠩᠭᠢᠵᠦ ᠬᠡᠯᠡᠭᠰᠡᠨ ᠬᠤᠶᠠᠷ ᠦᠭᠡ ᠶᠢ ᠴᠦ | ᠡᠨᠡ ᠳᠡᠯᠡᠬᠡᠢ《 ᠮᠤᠩᠭᠤᠯ》 ᠭᠡᠳᠡᠭ︕ | ᠮᠤᠩᠭᠤᠯ ᠬᠡᠯᠡ ᠮᠢᠨᠢ ᠬᠠᠳᠠᠭ ᠯᠡ ᠪᠢᠰᠢ | ᠮᠦᠽᠸᠢ ᠳᠤ ᠲᠠᠯᠪᠢᠳᠠᠭ ᠰᠤᠳᠤᠷ ᠴᠦ ᠪᠢᠰᠢ | ᠮᠡᠷᠭᠡᠨ ᠤᠬᠠᠭᠠᠨ ᠬᠤᠤᠰᠯᠠᠨ ᠪᠦᠷᠢᠳᠦᠭᠰᠡᠨ | ᠮᠤᠩᠭᠤᠯ ᠤᠨ ᠳᠡᠭᠡᠳᠦᠰ ᠠᠯᠢ ᠨᠢᠭᠡ ᠦᠶ᠎ᠡ ᠳᠤ | ᠮᠤᠩᠭᠤᠯ ᠢᠶᠠᠨ ᠮᠤᠳᠤᠨ ᠠᠴᠠ ᠡᠯᠭᠦᠭᠦᠯᠬᠦ ᠦᠭᠡᠢ ᠭᠡᠵᠦ | ᠮᠦᠷᠦᠨ ᠳᠤ ᠪᠠᠨ ᠡᠮᠦᠰᠦᠭᠰᠡᠨ ᠵᠤᠳᠤᠭ ᠶᠤᠮ︕ | ᠮᠤᠷᠢ ᠪᠠᠨ ᠪᠡᠶ᠎ᠡ ᠠᠴᠠ ᠪᠠᠨ ᠵᠠᠶᠢᠳᠠᠭᠤᠯᠬᠤ ᠦᠭᠡᠢ ᠭᠡᠵᠦ | ᠮᠤᠰᠬᠢᠵᠦ ᠲᠠᠯᠪᠢᠬᠰᠠᠨ ᠴᠢᠳᠦᠷ ᠶᠤᠮ︕ | ᠴᠦᠪ ᠤᠨ ᠴᠠᠭ ᠢ ᠬᠡᠳᠦᠨᠲᠡ ᠲᠤᠭᠤᠯᠤᠬᠰᠠᠨ ᠴᠦ | ᠴᠢᠳᠦᠷ ᠤᠨ《 ᠮᠤᠷᠢ》 ᠮᠢᠨᠢ ᠪᠠᠶᠠᠨ ᠠᠴᠠ ᠵᠠᠶᠢᠳᠠᠭ᠎ᠠ ᠦᠭᠡᠢ | ᠴᠢᠳᠦᠷ ᠤᠨ《 ᠮᠤᠷᠢᠨ》 ᠤ ᠪᠠᠨ ᠲᠠᠷᠠ ᠠᠴᠢ ᠪᠠᠷ | ᠴᠢᠩᠭᠢᠰ ᠤᠨ ᠦᠷᠡᠰ ᠤᠨ ᠴᠢᠰᠦ ᠬᠦᠷᠦᠭᠡ ᠦᠭᠡᠢ | ᠴᠠᠢ ᠪᠠᠨ ᠤᠤᠭᠤᠬᠤ ᠳᠤ ᠦᠪᠡᠷ ᠤᠨ ᠦᠭᠡ ᠲᠠᠢ | ᠴᠠᠮᠴᠠ ᠪᠠᠨ ᠡᠮᠦᠰᠬᠦ ᠳᠤ ᠦᠪᠡᠷ ᠤᠨ ᠦᠭᠡ ᠲᠠᠢ | ᠴᠠᠭᠠᠰᠤᠨ ᠳᠤ ᠪᠢᠴᠢᠭᠰᠡᠨ《 ᠲᠠᠪᠤᠨ ᠮᠦᠰᠦ》 ᠲᠠᠢ | ᠴᠠᠰᠤᠨ ᠳᠤ ᠬᠢᠰᠬᠢᠭᠰᠡᠨ ᠴᠠᠭᠠᠨ ᠮᠦᠷ ᠲᠠᠢ | ᠲᠢᠪ ᠤᠨ ᠠᠯᠤᠰ ᠢᠶᠠᠷ ᠲᠤᠪᠲᠤᠯᠵᠦ ᠶᠠᠪᠤᠬᠤ ᠳᠤ | ᠮᠤᠩᠭᠤᠯ ᠦᠭᠡ ᠮᠢᠨᠢ ᠬᠤᠷ ᠪᠤᠯᠵᠠᠢ | ᠲᠥᠭᠡᠷᠢᠭᠰᠡᠨ ᠭᠠᠵᠠᠷ ᠠᠭᠤᠯᠵᠠᠬᠰᠠᠨ ᠬᠤᠶᠠᠭᠤᠯᠠ ᠳᠤ | ᠮᠤᠩᠭᠤᠯ ᠦᠭᠡ ᠮᠢᠨᠢ ᠬᠤᠨᠤᠭ ᠪᠤᠯᠵᠠᠢ᠃ | ᠨᠤᠲᠤᠭ ᠬᠠᠷᠠᠶᠤ — ᠨᠤᠭᠤᠨ ᠬᠦᠪᠡᠭᠦᠳ ᠲᠤ | ᠮᠤᠩᠭᠤᠯ ᠦᠭᠡ ᠮᠢᠨᠢ ᠲᠦᠷᠦ ᠪᠤᠯᠵᠠᠢ | ᠦᠩᠭᠡ ᠦᠵᠡᠭᠳᠡᠶᠦ — ᠦᠬᠢᠨ ᠬᠦᠪᠡᠭᠦᠳ ᠲᠤ | ᠮᠤᠩᠭᠤᠯ ᠦᠭᠡ ᠮᠢᠨᠢ ᠲᠦᠷᠬᠦᠮ ᠪᠤᠯᠵᠠᠢ … | | ᠬᠡᠷᠡᠭ ᠳᠡᠭᠡᠷ᠎ᠡ ᠪᠠᠨ ᠬᠡᠯᠡ ᠯᠡ ᠪᠢᠰᠢ | ᠬᠡᠵᠢᠶᠡᠳᠡ ᠴᠢᠨᠦ ᠠᠮᠢ ᠶᠤᠮ ᠡ︕ | ᠥᠨᠢ ᠡᠷᠲᠡᠨ ᠤ ᠡᠪᠡᠰᠦᠨ ᠦᠷ᠎ᠡ | ᠦᠭᠡᠯᠦᠨ ᠡᠬᠡ ᠶᠢᠨ ᠲᠡᠭᠦᠭᠰᠡᠨ ᠮᠠᠩᠭᠢᠷ | ᠠᠳᠤᠭᠤᠴᠢᠨ ᠦᠬᠡᠷᠴᠢᠨ ᠤ ᠠᠭᠤᠯᠠ ᠬᠠᠩᠭᠠᠢ | ᠬᠤᠨᠢᠴᠢᠨ ᠬᠤᠷᠠᠭᠠᠴᠢᠨ ᠤ ᠭᠤᠤᠯ ᠤᠰᠤ… | ᠬᠤᠵᠢᠭᠤ ᠦᠶ᠎ᠡ ᠶᠢᠨ ᠲᠡᠮᠦᠷ ᠵᠠᠮ | ᠬᠤᠷᠴᠢᠨ ᠪᠠᠭᠠᠷᠢᠨ ᠤ ᠲᠠᠷᠢᠶᠠᠨ ᠭᠠᠵᠠᠷ | ᠭᠤᠪᠢ ᠶᠢᠨ ᠡᠮᠦᠨᠡᠲᠦ ᠶᠢᠨ ᠴᠢᠯᠠᠭᠤᠨ ᠲᠤᠰᠤ | ᠭᠤᠯᠢᠶ᠎ᠠ ᠴᠠᠷᠬᠢᠬᠰᠠᠨ ᠨᠤᠲᠤᠭ ᠪᠡᠯᠴᠢᠭᠡᠷ… | ᠬᠠᠭᠠᠬᠳᠠᠭᠠ ᠦᠭᠡᠢ ᠬᠠᠭᠠᠯᠭᠠᠨ ᠤ ᠭᠠᠭᠴᠠ ᠲᠦᠯᠬᠢᠭᠦᠷ | ᠬᠠᠭᠠᠷᠠᠭᠠ ᠦᠭᠡᠢ ᠲᠤᠯᠢᠨ ᠤ ᠭᠠᠩ ᠬᠦᠷᠢᠶ᠎ᠡ | ᠬᠦᠷᠦᠭᠡ ᠦᠭᠡᠢ ᠳᠠᠯᠠᠢ ᠶᠢᠨ ᠰᠦᠨᠢ ᠶᠢᠨ ᠴᠠᠮᠬᠠᠭ | ᠬᠦᠯᠦᠭ ᠦᠭᠡᠢ ᠬᠦᠦ ᠶᠢᠨ ᠬᠤᠶᠠᠷ ᠬᠦᠯ | ᠤᠲᠤᠷ ᠤᠨ ᠦᠨᠡᠰᠦᠨ ᠳᠤ ᠮᠠᠨᠠᠬᠰᠠᠨ ᠭᠠᠯ | ᠠᠲᠠᠷ ᠤᠨ ᠬᠦᠷᠦᠰᠦᠨ ᠳᠤ ᠪᠤᠯᠠᠬᠰᠠᠨ ᠦᠷ᠎ᠡ… | ᠡᠬᠡ ᠬᠡᠯᠡ ᠮᠢᠨᠢ ᠨᠠᠮ᠎ᠠ ᠶᠢ ᠲᠦᠷᠦᠭᠦᠯᠦᠭᠰᠡᠨ | ᠡᠩᠭᠡᠷ ᠬᠠᠯᠠᠭᠤᠨ ᠡᠵᠢ ᠶᠤᠮ ᠡ︕ | ᠡᠪᠦᠯ ᠤᠨ ᠬᠦᠢᠲᠡᠨ ᠳᠤ ᠳᠠᠬᠤ ᠪᠤᠯᠳᠠᠭ | ᠦᠪᠡᠷ ᠤᠨ ᠨᠤᠲᠤᠭ ᠲᠤ ᠡᠵᠡᠨ ᠪᠤᠯᠳᠠᠭ | ᠦᠪᠡᠷᠴᠢᠯᠡᠯ ᠦᠭᠡᠰ ᠤᠨ ᠵᠠᠭᠤᠴᠢ ᠪᠤᠯᠳᠠᠭ | ᠦᠰᠢᠶᠡᠷᠭᠡᠯ ᠰᠠᠶᠢᠷᠬᠠᠯ ᠤᠨ ᠬᠠᠤᠯᠢᠴᠢ ᠪᠤᠯᠳᠠᠭ | ᠪᠠᠭᠠᠲᠤᠷᠯᠢᠭ ᠲᠡᠤᠬᠡᠨ ᠳᠤ ᠳᠦᠯᠦ ᠪᠤᠯᠳᠠᠭ | ᠪᠠᠲᠠᠢ ᠬᠢᠰᠢᠯᠢᠭ ᠲᠤ《 ᠬᠡᠯᠡ》 ᠪᠤᠯᠳᠠᠭ | ᠪᠤᠲᠤᠩᠭᠤᠢ ᠡᠯᠡᠰᠦᠨ ᠳᠤ ᠤᠰᠤ ᠪᠤᠯᠳᠠᠭ | ᠪᠤᠳᠤᠯ ᠤᠬᠠᠭᠠᠨ ᠳᠤ ᠭᠡᠷ ᠪᠤᠯᠳᠠᠭ… | ᠬᠡᠯᠡ ᠮᠢᠨᠢ ᠬᠡᠵᠢᠶᠡᠳᠡ ᠬᠡᠷᠡᠭ ᠲᠠᠢ ᠪᠤᠯᠬᠤᠷ | 《 ᠬᠡᠷᠡᠭ ᠲᠤ ᠤᠷᠤᠬᠰᠠᠨ》 ᠵᠢᠱᠢᠶ᠎ᠠ ᠴᠦ ᠪᠤᠢ᠄ | ᠲᠡᠤᠬᠡ ᠠᠴᠠ ᠭᠠᠵᠢᠬᠰᠠᠨ《 ᠰᠤᠶᠤᠯ ᠤᠨ ᠬᠤᠪᠢᠰᠬᠠᠯ》 ᠳᠤ | ᠮᠤᠩᠭᠤᠯ ᠬᠡᠯᠡ ᠮᠢᠨᠢ ᠶᠠᠯ᠎ᠠ ᠶᠢᠨ ᠬᠡᠷᠡᠴᠢ | ᠲᠦᠷᠢᠮᠡᠬᠡᠢ ᠳᠡᠷᠰᠯᠡᠭᠦᠦ ᠵᠠᠷᠢᠮ ᠨᠢᠭᠡᠨ ᠳᠤ | ᠮᠤᠩᠭᠤᠯ ᠬᠡᠯᠡ ᠮᠢᠨᠢ ᠶᠤᠷᠤ ᠶᠢᠨ ᠲᠡᠮᠳᠡᠭ | ᠲᠦᠪᠡᠳ ᠲᠠᠩᠭᠤᠳ《 ᠲᠦᠰᠦᠭᠡᠯᠡᠭᠰᠡᠨ》 ᠨᠢᠭᠡᠨ ᠳᠤ | ᠮᠤᠩᠭᠤᠯ ᠬᠡᠯᠡ ᠮᠢᠨᠢ ᠤᠯᠠ ᠶᠢᠨ ᠲᠤᠭᠤᠰᠤ | 《 ᠲᠦᠷᠦ ᠱᠠᠰᠢᠨ》 ᠳᠤ ᠠᠯᠭᠠᠰᠠᠬᠰᠠᠨ ᠨᠢᠭᠡᠨ ᠳᠤ | ᠮᠤᠩᠭᠤᠯ ᠬᠡᠯᠡ ᠮᠢᠨᠢ《 ᠵᠤᠯᠠ ᠶᠢᠨ ᠲᠤᠰᠤ》… | ᠬᠡᠲᠡᠯ᠎ᠡ᠂ ᠬᠡᠯᠡ ᠮᠢᠨᠢ ᠮᠠᠨ ᠲᠠᠢ ᠪᠠᠨ ᠪᠠᠶᠢᠬᠰᠠᠭᠠᠷ | ᠭᠡᠨᠡᠨ ᠵᠠᠯᠠᠭᠤ ᠬᠡᠪ ᠢᠶᠠᠷ ᠶᠠᠪᠤᠬᠰᠠᠭᠠᠷ… | ᠤᠷᠠᠳ᠂ ᠰᠦᠨᠢᠳ᠂ ᠴᠠᠬᠠᠷ… ᠨᠤᠲᠤᠭ ᠤᠨ ᠬᠢᠨ | ᠤᠴᠠᠷᠠᠬᠰᠠᠨ ᠪᠤᠯᠭᠠᠨ ᠳᠤ ᠪᠠᠨ《 ᠰᠠᠶᠢᠨ ᠤᠤ︕》 ᠭᠡᠵᠦ ᠵᠤᠯᠭᠠᠨ᠎ᠠ | ᠠᠯᠲᠠᠨ ᠬᠢᠩᠭᠠᠨ ᠠᠴᠠ ᠠᠯᠲᠠᠢ ᠳᠤ ᠬᠦᠷᠳᠡᠯ᠎ᠡ | 《 ᠠᠮᠤᠷ︕》 ᠭᠡᠵᠦ ᠦᠴᠢᠭᠰᠡᠳ ᠲᠠᠷᠬᠠᠨ ᠰᠠᠭᠤᠵᠠᠭᠠᠨ᠎ᠠ | ᠴᠠᠭᠠᠨ ᠲᠤᠯᠤᠭᠠᠢ ᠪᠠᠨ ᠠᠯᠲᠠ ᠮᠥᠩᠭᠦ ᠪᠠᠷ | ᠴᠠᠭ ᠤᠨ ᠡᠷᠭᠢᠭᠡᠨ ᠳᠤ ᠵᠠᠷᠤᠭ᠎ᠠ ᠦᠭᠡᠢ | ᠴᠠᠭᠠᠨ ᠬᠡᠷᠡᠮ ᠤᠨ ᠳᠣᠲᠤᠨ᠎ᠠ ᠭᠠᠳᠠᠨᠠᠬᠢ ᠲᠠᠢ | ᠴᠢ ᠪᠢ ᠦᠭᠡᠢ ᠨᠠᠶᠢᠷᠰᠠᠭ ᠶᠠᠪᠤᠵᠠᠭᠠᠨ᠎ᠠ | ᠠᠯᠲᠠᠨ ᠲᠠᠯ᠎ᠠ ᠳᠤ ᠪᠠᠨ ᠠᠯᠬᠤᠭᠠᠳ ᠭᠠᠷᠬᠤ ᠳᠤ | ᠠᠬᠢ ᠶᠢᠨ ᠦᠨᠦᠷ ᠬᠠᠮᠠᠷ ᠴᠣᠷᠬᠢᠨᠠ | ᠠᠯᠤᠰ ᠤᠨ ᠵᠠᠭᠤᠨ ᠢ ᠳᠠᠪᠠᠭᠠᠳ ᠤᠴᠢᠬᠤ ᠳᠤ | ᠠᠴᠢᠷ ᠦᠷᠡᠰ ᠮᠢᠨᠢ《 ᠠᠮᠤᠷ︕》 ᠭᠡᠵᠦ ᠮᠠᠨᠳᠦᠯᠠᠨᠠ… | ᠠᠪᠤ ᠳᠡᠭᠡᠳᠦ ᠠᠴᠠ ᠥᠪᠯᠡᠵᠦ ᠠᠪᠤᠬᠰᠠᠨ | ᠠᠭᠤᠯᠠ ᠭᠤᠤᠯ ᠮᠢᠨᠢ ᠮᠤᠩᠭᠤᠯ ᠬᠡᠯᠡ ᠲᠠᠢ | ᠠᠭᠠᠷ ᠲᠡᠭᠷᠢ ᠠᠴᠠ ᠠᠰᠬᠠᠷᠠᠨ ᠪᠠᠭᠤᠬᠰᠠᠨ | ᠨᠠᠷᠠ ᠬᠤᠷ᠎ᠠ ᠮᠢᠨᠢ ᠴᠦ ᠮᠤᠩᠭᠤᠯ ᠬᠡᠯᠡ ᠲᠠᠢ | ᠠᠲᠠᠷ ᠳᠡᠯᠡᠬᠡᠢ ᠶᠢᠨ ᠴᠠᠩᠬ᠎ᠠ ᠶᠢ ᠲᠠᠶᠢᠯᠤᠬᠰᠠᠨ | ᠠᠬᠲᠠ ᠶᠢᠨ ᠲᠤᠭᠤᠷᠠᠢ ᠮᠤᠩᠭᠤᠯ ᠬᠡᠯᠡ ᠲᠠᠢ | ᠠᠮᠤᠭᠤᠯᠠᠩ ᠬᠤᠷᠸ᠎ᠠ ᠶᠢᠨ ᠴᠤᠩᠬᠤ ᠶᠢ ᠰᠡᠭᠦᠭᠰᠡᠨ | ᠷᠠᠳᠢᠤ᠋ ᠳᠤᠯᠬᠢᠶᠠᠨ ᠴᠦ ᠮᠤᠩᠭᠤᠯ ᠬᠡᠯᠡ ᠲᠠᠢ | ᠠᠯᠠᠭ ᠨᠤᠬᠠᠢ ᠬᠤᠴᠠᠭᠠᠳ ᠭᠠᠷᠤᠬᠰᠠᠨ | ᠠᠶᠢᠯ ᠤᠨ ᠪᠠᠶᠢᠰᠢᠩ ᠮᠤᠩᠭᠤᠯ ᠬᠡᠯᠡ ᠲᠠᠢ | ᠠᠷᠭᠠᠯ ᠤᠨ ᠭᠠᠯ ᠠᠴᠠ ᠬᠦᠢ ᠵᠠᠯᠭᠠᠬᠰᠠᠨ | ᠠᠬᠤᠢ ᠰᠤᠶᠤᠯ ᠮᠤᠩᠭᠤᠯ ᠬᠡᠯᠡ ᠲᠠᠢ | ᠠᠶᠠᠨ ᠤ ᠵᠠᠮ ᠤᠨ ᠭᠠᠨᠵᠤᠭ᠎ᠠ ᠲᠤᠰᠤᠳᠠᠬᠰᠠᠨ | ᠠᠬᠠᠨ ᠳᠡᠭᠦᠦᠰ ᠮᠤᠩᠭᠤᠯ ᠬᠡᠯᠡ ᠲᠠᠢ | ᠠᠯᠲᠠ ᠮᠦᠩᠭᠦᠨ ᠤ ᠤᠯᠵᠠ ᠭᠤᠷᠢᠯᠠᠬᠰᠠᠨ | ᠵᠠᠬ᠎ᠠ ᠶᠢᠨ ᠮᠠᠶᠢᠮᠠᠢ ᠴᠦ ᠮᠤᠩᠭᠤᠯ ᠬᠡᠯᠡ ᠲᠠᠢ | ᠠᠭᠤᠤ ᠲᠦᠷᠦ ᠶᠢᠨ ᠢᠶᠠᠨ ᠰᠦᠯᠳᠡ ᠳᠤ ᠲᠦᠰᠢᠵᠦ | ᠠᠵᠢᠯᠴᠢᠨ ᠮᠠᠯᠴᠢᠨ ᠮᠤᠩᠭᠤᠯ ᠬᠡᠯᠡ ᠲᠠᠢ | ᠠᠷᠠᠳ ᠲᠦᠮᠡᠨ ᠤ ᠪᠠᠨ ᠪᠤᠶᠠᠨ ᠳᠤ ᠰᠢᠲᠦᠵᠦ | ᠠᠶᠠᠯᠭᠤᠴᠢᠨ ᠳᠠᠭᠤᠴᠢᠨ ᠴᠦ ᠮᠤᠩᠭᠤᠯ ᠬᠡᠯᠡ ᠲᠠᠢ… | ᠰᠠᠶᠢᠨ ᠤᠤ︕ ᠭᠡᠵᠦ ᠲᠠᠨ ᠲᠠᠢ ᠮᠡᠨᠳᠦᠯᠡᠶᠠ | ᠰᠠᠶᠢᠨ︕ ᠭᠡᠵᠦ ᠦᠴᠢᠬᠦ ᠶᠢ ᠴᠢᠨᠢ ᠰᠤᠨᠤᠰᠤᠶ᠎ᠠ | ᠢᠩᠭᠢᠵᠦ ᠠᠭᠤᠯᠵᠠᠬᠰᠠᠨ ᠬᠤᠶᠠᠷ ᠬᠦᠮᠦᠨ ᠢ | ᠡᠨᠡ ᠳᠡᠯᠡᠬᠡᠢ《 ᠮᠤᠩᠭᠤᠯ》 ᠭᠡᠳᠡᠭ | ᠢᠩᠭᠢᠵᠦ ᠬᠡᠯᠡᠭᠰᠡᠨ ᠬᠤᠶᠠᠷ ᠦᠭᠡ ᠶᠢ ᠴᠦ | ᠡᠨᠡ ᠳᠡᠯᠡᠬᠡᠢ《 ᠮᠤᠩᠭᠤᠯ》 ᠭᠡᠳᠡᠭ︕ |