ᠪᠦᠬᠦ ᠪᠠᠯᠭᠠᠰᠤᠨ ᠤ ᠨᠡᠶᠢᠭᠡᠮ ᠤᠨ ᠵᠠᠰᠠᠯᠲᠠ ᠶᠢᠨ ᠴᠢᠳᠠᠪᠤᠷᠢ ᠶᠢ ᠤᠯᠠᠮ ᠨᠢᠭᠡ ᠠᠯᠬᠤᠮ ᠲᠡᠭᠡᠭᠰᠢᠯᠡᠭᠦᠯᠵᠦ ᠂ | ᠡᠬᠡ ᠤᠯᠤᠰ ᠤᠨ ᠤᠮᠠᠷᠠᠲᠤ ᠬᠢᠯᠢ ᠶᠢᠨ ᠠᠮᠤᠷ ᠲᠣᠭᠲᠠᠭᠤᠨ ᠤ ᠬᠠᠯᠬᠠᠪᠴᠢ ᠶᠢ ᠦᠷᠭᠦᠯᠵᠢᠯᠡᠨ ᠪᠠᠬᠢᠵᠢᠭᠦᠯᠬᠦ ᠳᠤ | ᠬᠦᠴᠦᠨ ᠨᠡᠮᠡᠷᠢᠯᠡᠬᠦ ᠶᠢᠨ ᠲᠥᠯᠦᠭᠡ᠂ 2 ᠰᠠᠷ᠎ᠠ ᠶᠢᠨ 28 ᠤ ᠡᠳᠦᠷ᠂ ᠷᠠᠰᠢᠶᠠᠨᠪᠣᠯᠠᠭ ᠪᠠᠯᠭᠠᠰᠤᠨ ᠤ ᠨᠡᠶᠢᠭᠡᠮ ᠤᠨ | ᠠᠮᠤᠷ ᠲᠦᠪᠰᠢᠨ ᠢ ᠶᠡᠷᠦᠩᠬᠡᠶᠢᠯᠡᠨ ᠵᠠᠰᠠᠬᠤ ᠲᠥᠪ ᠫᠠᠶᠢᠰᠠ ᠰᠡᠬᠦᠬᠦ ᠶᠣᠰᠣᠯᠠᠯ ᠶᠠᠪᠤᠭᠤᠯᠵᠤ᠂ ᠪᠠᠯᠭᠠᠰᠤᠨ ᠤ | ᠨᠠᠮ ᠤᠨ ᠬᠤᠷᠢᠶᠠᠨ ᠤ ᠱᠦᠵᠢ ᠡᠷᠳᠡᠨᠢ᠂ ᠪᠠᠯᠭᠠᠰᠤᠨ ᠤ ᠨᠠᠮ ᠤᠨ ᠬᠤᠷᠢᠶᠠᠨ ᠤ ᠭᠡᠰᠢᠭᠦᠨ᠂ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠲᠡᠷᠢᠭᠦᠯᠡᠭᠴᠢ ᠪᠣᠶᠠᠨᠨᠡᠮᠡᠬᠦ᠂ ᠪᠠᠯᠭᠠᠰᠤᠨ ᠤ ᠨᠠᠮ ᠵᠠᠰᠠᠭ ᠤᠨ | ᠤᠳᠤᠷᠢᠳᠬᠤ ᠪᠠᠭ ᠤᠨ ᠪᠦᠷᠢᠯᠳᠦᠬᠦᠨ᠂ ᠪᠠᠯᠭᠠᠰᠤᠨ ᠤ ᠬᠠᠷᠢᠶ᠎ᠠ ᠠᠵᠢᠯ ᠦᠢᠯᠡᠰ ᠤᠨ ᠨᠢᠭᠡᠴᠡ ᠶᠢᠨ | ᠬᠠᠷᠢᠭᠤᠴᠠᠯᠭᠠᠲᠠᠨ᠂ ᠳᠣᠲᠣᠭᠠᠳᠤ ᠶᠢ ᠬᠠᠮᠠᠭᠠᠯᠠᠬᠤ ᠲᠣᠮᠢᠯᠠᠭᠰᠠᠨ ᠰᠠᠯᠪᠤᠷᠢ᠂ ᠬᠠᠤᠯᠢ ᠴᠠᠭᠠᠵᠠ ᠶᠢᠨ ᠭᠠᠵᠠᠷ᠂ | ᠡᠷᠡᠭᠦᠯ ᠬᠠᠮᠠᠭᠠᠯᠠᠯ ᠤᠨ ᠬᠤᠷᠢᠶᠠᠨ ᠤ ᠬᠠᠷᠢᠭᠤᠴᠠᠯᠭᠠᠲᠠᠨ ᠵᠢᠴᠢ ᠨᠡᠶᠢᠭᠡᠮ ᠲᠣᠭᠤᠷᠢᠭ ᠤᠨ ᠬᠠᠮᠢᠶ᠎ᠠ ᠪᠥᠬᠦᠶ ᠬᠥᠮᠦᠰ | ᠶᠣᠰᠣᠯᠠᠯ ᠳᠤ ᠣᠷᠣᠯᠴᠠᠵᠠᠶ᠃ | ᠪᠠᠯᠭᠠᠰᠤᠨ ᠤ ᠶᠡᠷᠦᠩᠬᠡᠶᠢᠯᠡᠨ ᠵᠠᠰᠠᠬᠤ ᠲᠥᠪ ᠤᠨ ᠪᠠᠶᠢᠭᠤᠯᠤᠭᠳᠠᠭᠰᠠᠨ ᠨᠢ ᠪᠠᠯᠭᠠᠰᠤᠨ ᠤ ᠨᠠᠮ ᠤᠨ ᠬᠤᠷᠢᠶ᠎ᠠ᠂ | ᠵᠠᠰᠠᠭ ᠤᠨ ᠣᠷᠳᠣᠨ ᠤ ᠰᠢᠨ᠎ᠡ ᠴᠠᠭ ᠦᠶ᠎ᠡ ᠶᠢᠨ ︽ᠹᠧᠩᠴᠢᠶᠤᠤ ᠶᠢᠨ ᠲᠤᠷᠰᠢᠯᠭ᠎ᠠ︾ ᠶᠢ ᠪᠠᠷᠢᠮᠲᠠᠯᠠᠨ ᠬᠥᠭᠵᠢᠭᠦᠯᠬᠦ | ᠴᠢᠬᠤᠯᠠ ᠠᠷᠭ᠎ᠠ ᠬᠡᠮᠵᠢᠶ᠎ᠡ ᠪᠣᠯᠤᠨ᠎ᠠ᠂ ᠨᠡᠶᠢᠭᠡᠮ ᠤᠨ ᠵᠠᠰᠠᠯᠲᠠ ᠶᠢᠨ ᠴᠢᠨᠠᠷ ᠴᠢᠨᠰᠠᠭ᠎ᠠ ᠦᠷ᠎ᠡ ᠠᠰᠢᠭ ᠢ ᠪᠦᠬᠦ | ᠲᠠᠯ᠎ᠠ ᠪᠠᠷ ᠳᠡᠭᠡᠭᠰᠢᠯᠡᠭᠦᠯᠬᠦ ᠢᠳᠡᠪᠬᠢᠲᠡᠢ ᠦᠢᠯᠡᠳᠦᠯᠭᠡ ᠪᠣᠯᠤᠨ᠎ᠠ᠃ ᠪᠠᠯᠭᠠᠰᠤᠨ ᠤ ᠶᠡᠷᠦᠩᠬᠡᠶᠢᠯᠡᠨ ᠵᠠᠰᠠᠬᠤ | ᠲᠥᠪ ᠤᠨ ᠬᠢᠨ ᠵᠠᠬᠢᠳᠠᠯ ᠰᠤᠷᠪᠤᠯᠵᠢᠯᠠᠭ᠎ᠠ ᠶᠢ ᠬᠦᠯᠢᠶᠡᠨ ᠠᠪᠴᠤ ᠰᠢᠢᠳᠪᠦᠷᠢᠯᠡᠬᠦ᠂ ᠵᠥᠷᠢᠴᠡᠯ ᠢ ᠡᠶᠡᠳᠡᠭᠦᠯᠬᠦ᠂ | ᠲᠣᠣᠷᠵᠢᠯ ᠤᠨ ᠵᠠᠰᠠᠯᠲᠠ᠂ ᠭᠤᠣᠯᠳᠠᠯᠭ᠎ᠠ ᠲᠠᠢ ᠬᠥᠮᠦᠰ ᠤᠨ ᠦᠢᠯᠡᠴᠢᠯᠡᠭᠡ ᠬᠠᠮᠢᠶᠠᠷᠤᠯᠲᠠ ᠵᠡᠷᠭᠡ ᠠᠵᠢᠯ ᠤᠨ | ᠡᠭᠦᠷᠭᠡ ᠶᠢᠨ ᠲᠣᠭᠤᠷᠢᠨ ᠳᠤ ︽ᠨᠢᠭᠡ ᠦᠷᠳᠡᠭᠡᠯᠢᠭ ᠬᠡᠯᠪᠡᠷᠢ︾ ᠶᠢᠨ ᠰᠢᠢᠳᠪᠦᠷᠢᠯᠡᠬᠦ ᠲᠠᠪᠴᠠᠩ ᠤᠨ ᠦᠢᠯᠡᠳᠦᠯ ᠢ | ᠪᠠᠳᠠᠷᠠᠭᠤᠯᠵᠤ᠂ ᠤᠯᠠᠨ ᠲᠦᠮᠡᠨ ᠤ ᠠᠮᠤᠷ ᠲᠦᠪᠰᠢᠨ ᠤ ᠬᠡᠷᠡᠭᠴᠡᠭᠡ ᠶᠢᠨ ᠰᠤᠳᠠᠰᠤ ᠶᠢ ᠲᠠᠰᠤᠷᠠᠯᠲᠠ ᠦᠭᠡᠢ | ᠣᠨᠣᠪᠴᠢᠲᠠᠢ ᠡᠵᠡᠮᠳᠡᠵᠦ᠂ ᠤᠯᠠᠨ ᠢᠶᠠᠷ ᠢᠶᠠᠨ ᠰᠡᠷᠭᠡᠶᠢᠯᠡᠵᠦ ᠤᠯᠠᠨ ᠢᠶᠠᠷ ᠢᠶᠠᠨ ᠵᠠᠰᠠᠬᠤ ᠡᠩᠨᠡᠭᠡ ᠶᠢᠨ | ᠪᠠᠶᠢᠭᠤᠯᠤᠯᠲᠠ ᠶᠢ ᠠᠬᠢᠭᠤᠯᠵᠤ᠂ ᠠᠶᠤᠯ ᠲᠦᠭᠰᠢᠭᠦᠷᠢ ᠶᠢᠨ ᠭᠡᠮ ᠰᠣᠭᠤᠭ ᠢ ᠤᠷᠢᠳᠠᠪᠠᠷ ᠰᠡᠷᠭᠡᠶᠢᠯᠡᠵᠦ᠂ | ᠪᠠᠭ᠎ᠠ ᠳᠤᠨᠢ ᠰᠢᠢᠳᠪᠦᠷᠢᠯᠡᠵᠦ᠂ ᠦᠨᠡᠨ ᠪᠣᠳᠠᠲᠠᠢ ᠠᠷᠭ᠎ᠠ ᠬᠡᠮᠵᠢᠶ᠎ᠡ ᠪᠠᠷ ᠠᠷᠠᠳ ᠤᠯᠠᠨ ᠤ ᠠᠮᠤᠷ ᠲᠦᠪᠰᠢᠨ ᠤ | ᠠᠰᠢᠭ ᠲᠤᠰᠠ ᠶᠢ ᠪᠠᠲᠤᠯᠠᠨ᠎ᠠ᠃ | ᠳᠠᠷᠠᠭᠠᠴᠢ ᠶᠢᠨ ᠠᠯᠬᠤᠮ ᠳᠤ᠂ ᠪᠦᠬᠦ ᠪᠠᠯᠭᠠᠰᠤᠨ ᠤ ᠠᠵᠢᠯᠲᠠᠳ ᠫᠠᠶᠢᠰᠠ ᠰᠡᠬᠦᠬᠦ ᠶᠣᠰᠣᠯᠠᠯ ᠢᠶᠠᠷ | ᠡᠬᠢᠯᠡᠯᠲᠡ ᠶᠢᠨ ᠴᠡᠭ ᠪᠣᠯᠭᠠᠵᠤ᠂ ᠦᠵᠡᠯ ᠰᠠᠨᠠᠭᠠᠨ ᠤ ᠵᠣᠭᠰᠣᠴᠠ ᠪᠠᠨ ᠳᠡᠭᠡᠭᠰᠢᠯᠡᠭᠦᠯᠵᠦ᠂ | ᠰᠠᠨᠠᠭᠠᠴᠢᠯᠠᠭ᠎ᠠ ᠠᠴᠠ ᠪᠠᠨ ᠬᠠᠷᠢᠭᠤᠴᠠᠯᠭ᠎ᠠ ᠡᠭᠦᠷᠭᠡᠯᠡᠨ ᠠᠵᠢᠯ ᠶᠠᠪᠤᠳᠠᠯ ᠬᠢᠵᠦ᠂ ᠶᠡᠷᠦᠩᠬᠡᠶᠢᠯᠡᠨ ᠵᠠᠰᠠᠬᠤ ᠲᠥᠪ ᠢᠶᠠᠷ | ᠭᠤᠣᠯ ᠵᠢᠭᠰᠠᠭᠠᠯ ᠤᠨ ᠭᠠᠵᠠᠷ ᠪᠣᠯᠭᠠᠵᠤ᠂ ᠰᠠᠨᠠᠭᠠᠴᠢᠯᠠᠭ᠎ᠠ ᠠᠴᠠ ᠪᠠᠨ ᠲᠠᠭᠠᠷᠢᠯᠳᠡ ᠬᠢᠵᠦ᠂ ᠭᠦᠨᠵᠡᠭᠡᠢ ᠵᠢᠭᠰᠠᠭᠠᠨ | ᠪᠠᠶᠢᠴᠠᠭᠠᠵᠤ᠂ ᠬᠡᠷ ᠲᠤᠨᠢ ᠬᠦᠷᠴᠦ ᠦᠢᠯᠡᠴᠢᠯᠡᠨ᠂ ᠡᠯ᠎ᠡ ᠵᠦᠢᠯ ᠤᠨ ᠠᠵᠢᠯ ᠢᠶᠠᠨ ᠰᠠᠶᠢᠳᠣᠷ ᠥᠷᠨᠢᠭᠦᠯᠵᠦ᠂ ᠡᠯ᠎ᠡ | ᠵᠦᠢᠯ ᠤᠨ ᠴᠤᠬᠤᠶᠢᠯᠲᠠ ᠶᠢᠨ ᠴᠢᠨᠠᠷᠲᠠᠢ᠂ ᠰᠣᠶᠣᠭᠠᠯᠠᠯ ᠤᠨ ᠬᠡᠯᠪᠡᠷᠢ ᠶᠢᠨ ᠵᠥᠷᠢᠴᠡᠯ ᠵᠢᠭᠤᠷᠠᠯᠳᠤᠭᠠᠨ ᠢ ᠦᠨᠡᠨᠬᠦ | ᠰᠢᠢᠳᠪᠦᠷᠢᠯᠡᠵᠦ᠂ ᠤᠯᠠᠨ ᠲᠦᠮᠡᠨ ᠤ ᠵᠣᠯ ᠵᠢᠷᠭᠠᠯᠲᠤ ᠲᠦᠷᠦᠭᠳᠡᠯ᠂ ᠬᠦᠷᠲᠡᠮᠵᠢ ᠶᠢᠨ ᠲᠦᠷᠦᠭᠳᠡᠯ ᠪᠣᠯᠤᠨ ᠠᠮᠤᠷ | ᠲᠦᠪᠰᠢᠨ ᠤ ᠲᠦᠷᠦᠭᠳᠡᠯ ᠢ ᠲᠠᠰᠤᠷᠠᠯᠳᠠ ᠦᠭᠡᠢ ᠨᠡᠮᠡᠭᠳᠡᠭᠦᠯᠦᠨ᠎ᠡ᠃ |