ᠠᠵᠢᠯᠯᠠᠵᠤ ᠠᠮᠠᠷᠠᠬᠤ ᠶᠢ ᠤᠶᠠᠯᠳᠤᠭᠤᠯᠵᠤ᠂ ᠡᠳᠦᠷ ᠪᠦᠷᠢ 7 ᠊᠊᠊ 8 ᠴᠠᠭ ᠤᠨ ᠨᠣᠶᠢᠷ ᠢ ᠪᠠᠲᠤᠯᠠᠪᠠᠯ ᠵᠣᠬᠢᠨ᠎ᠠ᠃ | ᠢᠳᠡᠬᠦ᠂ ᠰᠤᠷᠤᠯᠴᠠᠬᠤ᠂ ᠠᠵᠢᠯᠯᠠᠬᠤ᠂ ᠪᠣᠯᠪᠠᠰᠤᠷᠠᠬᠤ᠂ ᠨᠠᠶᠢᠷᠠᠯᠳᠤᠬᠤ᠂ ᠤᠨᠲᠠᠬᠤ ᠵᠡᠷᠭᠡ ᠬᠥᠮᠥᠨ ᠤ ᠠᠯᠢᠪᠠ | ᠠᠵᠢᠯᠯᠠᠭ᠎ᠠ ᠨᠢ ᠪᠦᠷ ᠶᠡᠭᠡ ᠲᠠᠷᠢᠬᠢᠨ ᠤ ᠵᠠᠬᠢᠷᠤᠯᠭ᠎ᠠ ᠳᠣᠣᠷ᠎ᠠ ᠪᠡᠶᠡᠯᠡᠭᠳᠡᠳᠡᠭ ᠶᠤᠮ᠃ ᠤᠳᠠᠭ᠎ᠠ ᠪᠦᠷᠢ ᠶᠢᠨ | ᠠᠵᠢᠯᠯᠠᠭ᠎ᠠ ᠨᠢ ᠪᠦᠷ ᠶᠡᠭᠡ ᠲᠠᠷᠢᠬᠢᠨ ᠤ ᠰᠠᠭᠤᠭᠳᠠᠯ ᠦᠯᠡᠳᠡᠭᠡᠳᠡᠭ ᠪᠥᠭᠡᠳ ᠤᠳᠠᠭᠠᠨ ᠳᠠᠭᠠᠨ ᠵᠣᠬᠢᠬᠤ | ᠠᠮᠢᠳᠤᠷᠠᠯ ᠤᠨ ᠵᠢᠮ᠎ᠡ ᠶᠣᠰᠣ ᠪᠣᠯᠣᠨ ᠪᠦᠷᠢᠯᠳᠦᠨ᠎ᠡ᠃ ᠡᠨᠡ ᠬᠦ ᠵᠢᠮ᠎ᠡ ᠶᠣᠰᠣ ᠶᠢ ᠵᠥᠷᠢᠴᠡᠪᠡᠯ᠂ ᠶᠡᠭᠡ ᠲᠠᠷᠢᠬᠢ | ᠪᠣᠯᠣᠨ ᠪᠡᠶ᠎ᠡ ᠮᠠᠬᠠᠪᠤᠳ ᠤᠨ ᠪᠤᠰᠤᠳ ᠡᠷᠬᠡᠲᠡᠨ ᠳᠠᠷᠤᠢ ᠪᠠᠴᠢᠮ ᠪᠠᠶᠢᠳᠠᠯ ᠳᠤ ᠣᠷᠣᠳᠠᠭ᠃ ᠡᠶᠢᠮᠦᠷᠬᠦᠦ ᠪᠠᠴᠢᠮ | ᠪᠠᠶᠢᠳᠠᠯ ᠨᠢ ᠡᠪᠡᠳᠴᠢᠨ ᠡᠮᠭᠡᠭ ᠡᠭᠦᠰᠬᠡᠬᠦ ᠪᠠ ᠥᠲᠡᠯᠬᠦ ᠶᠢ ᠬᠤᠷᠳᠤᠳᠬᠠᠬᠤ ᠴᠢᠬᠤᠯᠠ ᠰᠢᠯᠲᠠᠭᠠᠨ ᠤ ᠨᠢᠭᠡ | ᠪᠣᠯᠣᠨ᠎ᠠ᠃ | ︵1︶ ᠰᠤᠷᠤᠯᠴᠠᠵᠤ ᠠᠵᠢᠯᠯᠠᠬᠤ ᠰᠠᠶᠢᠨ ᠳᠠᠳᠬᠠᠯ ᠢ ᠪᠤᠢ ᠪᠤᠯᠭᠠᠬᠤ ᠬᠡᠷᠡᠭᠲᠡᠢ᠃ ᠶᠡᠭᠡ ᠲᠠᠷᠢᠬᠢ᠂ ᠪᠤᠯᠴᠢᠩ ᠨᠢ | ᠨᠢᠭᠡ ᠦᠶ᠎ᠡ ᠠᠵᠢᠯᠯᠠᠪᠠᠯ ᠶᠠᠳᠠᠷᠠᠨ᠎ᠠ᠂ ᠲᠡᠭᠡᠪᠡᠯ ᠰᠤᠷᠤᠯᠴᠠᠬᠤ᠂ ᠠᠵᠢᠯᠯᠠᠬᠤ ᠦᠷ᠎ᠡ ᠪᠦᠳᠤᠮᠵᠢ ᠨᠢ ᠪᠠᠭᠤᠷᠠᠳᠠᠭ; | ᠪᠤᠯᠴᠢᠩ ᠶᠠᠳᠠᠷᠠᠪᠠᠯ ᠠᠮᠠᠷᠬᠠᠨ ᠠᠳᠡᠯ ᠪᠤᠶᠤ ᠠᠯᠳᠠᠭ᠎ᠠ ᠭᠠᠷᠭᠠᠬᠤ ᠪᠣᠯᠣᠨ᠎ᠠ᠃ ᠠᠵᠢᠯᠯᠠᠬᠤ ᠠᠮᠠᠷᠠᠬᠤ ᠶᠢ | ᠤᠶᠠᠯᠳᠤᠭᠤᠯᠬᠤ ᠪᠠᠨ ᠠᠩᠬᠠᠷᠴᠤ᠂ ᠠᠶᠢᠵᠠᠮ ᠢ ᠨᠢ ᠵᠣᠬᠢᠴᠠᠭᠤᠯᠬᠤ ᠪᠣᠯ ᠡᠷᠡᠭᠦᠯ ᠮᠠᠨᠳᠤ ᠶᠢᠨ ᠱᠠᠭᠠᠷᠳᠠᠯᠭ᠎ᠠ ᠪᠤᠯᠬᠤ | ᠪᠠᠷ ᠪᠠᠷᠠᠬᠤ ᠦᠭᠡᠢ᠂ ᠮᠥᠨ ᠴᠤ ᠠᠵᠢᠯ ᠰᠤᠷᠤᠯᠴᠠᠯᠭ᠎ᠠ ᠶᠢᠨ ᠦᠷ᠎ᠡ ᠪᠦᠳᠤᠮᠵᠢ ᠶᠢ ᠲᠡᠭᠡᠭᠰᠢᠯᠡᠭᠦᠯᠭᠦ ᠶᠢᠨ | ᠱᠠᠭᠠᠷᠳᠠᠯᠭ᠎ᠠ ᠪᠣᠯᠣᠨ᠎ᠠ᠃ | ︵2︶ ᠦᠷᠭᠦᠯᠵᠢ ᠤᠷᠠᠨ ᠰᠠᠶᠢᠬᠠᠨ᠂ ᠪᠡᠶ᠎ᠡ ᠶᠢᠨ ᠲᠠᠮᠢᠷ ᠤᠨ ᠬᠥᠳᠡᠯᠭᠡᠭᠡᠨ ᠳᠤ ᠣᠷᠤᠯᠴᠠᠬᠤ ᠵᠠᠩ ᠳᠠᠳᠬᠠᠯ ᠢ | ᠪᠤᠢ ᠪᠤᠯᠭᠠᠬᠤ ᠬᠡᠷᠡᠭᠲᠡᠢ᠃ ᠪᠡᠶ᠎ᠡ ᠶᠢᠨ ᠲᠠᠮᠢᠷ ᠤᠨ ᠪᠣᠯᠪᠠᠰᠤᠷᠠᠯ ᠪᠠ ᠨᠠᠶᠢᠷ ᠨᠠᠭᠠᠳᠤᠮ ᠳᠤ ᠣᠷᠤᠯᠴᠠᠬᠤ ᠨᠢ ᠪᠡᠶ᠎ᠡ | ᠮᠠᠬᠠᠪᠤᠳ ᠤᠨ ᠡᠷᠡᠭᠦᠯ ᠮᠠᠨᠳᠤ᠂ ᠰᠡᠳᠬᠢᠴᠡ ᠶᠢᠨ ᠡᠷᠡᠭᠦᠯᠵᠢᠯ ᠢ ᠬᠠᠮᠠᠭᠠᠯᠠᠬᠤ ᠪᠠ ᠨᠡᠶᠢᠭᠡᠮ ᠳᠤ ᠵᠣᠬᠢᠴᠠᠬᠤ | ᠴᠢᠳᠠᠪᠤᠷᠢ ᠪᠠᠨ ᠲᠡᠭᠡᠭᠰᠢᠯᠡᠭᠦᠯᠭᠦ ᠳᠤ ᠪᠦᠷ ᠰᠠᠶᠢᠨ ᠪᠠᠶᠢᠳᠠᠭ᠃ ᠤᠷᠠᠨ ᠰᠠᠶᠢᠬᠠᠨ᠂ ᠪᠡᠶ᠎ᠡ ᠶᠢᠨ ᠲᠠᠮᠢᠷ ᠤᠨ | ᠬᠥᠳᠡᠯᠭᠡᠭᠡᠨ ᠤ ᠭᠡᠯᠪᠡᠷᠢ ᠪᠠ ᠤᠳᠠᠭ᠎ᠠ ᠪᠦᠷᠢ ᠶᠢᠨ ᠬᠥᠳᠡᠯᠭᠡᠭᠡᠨ ᠤ ᠴᠠᠭ ᠢ ᠵᠠᠪᠠᠯ ᠥᠪᠡᠷ ᠤᠨ ᠪᠡᠶ᠎ᠡ ᠶᠢᠨ ᠪᠠᠶᠢᠳᠠᠯ᠂ | ᠤᠷᠮ᠎ᠠ ᠰᠣᠨᠢᠷᠬᠠᠯ ᠲᠠᠢ ᠪᠠᠨ ᠵᠣᠬᠢᠴᠠᠭᠤᠯᠬᠤ ᠬᠡᠷᠡᠭᠲᠡᠢ᠃ | ︵3︶ ᠤᠨᠲᠠᠬᠤ ᠳᠠᠳᠬᠠᠯ ᠢᠶᠠᠨ ᠰᠠᠶᠢᠨ ᠪᠤᠯᠭᠠᠬᠤ ᠬᠡᠷᠡᠭᠲᠡᠢ᠃ ᠵᠢᠮ᠎ᠡ ᠶᠣᠰᠣ ᠲᠠᠢ ᠤᠨᠲᠠᠬᠤ ᠪᠣᠯ ᠨᠣᠶᠢᠷ ᠤᠨ | ᠴᠢᠨᠠᠷ ᠢ ᠪᠠᠲᠤᠯᠠᠵᠤ᠂ ᠡᠷᠡᠭᠦᠯ ᠮᠠᠨᠳᠤ ᠶᠢ ᠬᠠᠮᠠᠭᠠᠯᠠᠬᠤ ᠳᠤ ᠳᠤᠩ ᠠᠰᠢᠭᠲᠠᠢ ᠪᠠᠶᠢᠳᠠᠭ᠃ ᠤᠨᠲᠠᠬᠤ ᠴᠠᠭ ᠢ ᠡᠷᠬᠡᠪᠰᠢ | ᠨᠠᠰᠤ ᠪᠠ ᠬᠤᠪᠢ ᠬᠥᠮᠥᠨ ᠤ ᠪᠡᠶ᠎ᠡ ᠶᠢᠨ ᠣᠨᠴᠠᠯᠢᠭ ᠢᠶᠠᠨ ᠦᠨᠳᠦᠰᠦᠯᠡᠵᠦ ᠲᠣᠭᠲᠠᠭᠠᠬᠤ ᠬᠡᠷᠡᠭᠲᠡᠢ᠃ ᠶᠡᠷᠦ ᠳᠡᠭᠡᠨ | ᠨᠠᠰᠤᠨ ᠳᠤ ᠭᠦᠷᠦᠭᠰᠡᠳ ᠡᠳᠦᠷ ᠪᠦᠷᠢ 7 ᠊᠊᠊ 8 ᠴᠠᠭ ᠤᠨᠲᠠᠬᠤ ᠴᠢᠬᠤᠯᠠᠲᠠᠢ᠃ ᠣᠷᠣᠢ ᠶᠢᠨ 10 ᠴᠠᠭ ᠠᠴᠠ | ᠡᠷᠲᠡ ᠶᠢᠨ 4 ᠴᠠᠭ ᠭᠦᠷᠳᠡᠯ᠎ᠠ᠂ ᠡᠨᠡ ᠬᠦ ᠬᠡᠰᠡᠭ ᠬᠤᠭᠤᠴᠠᠭᠠᠨ ᠤ ᠤᠨᠲᠠᠬᠤ ᠴᠢᠨᠠᠷ ᠨᠢ ᠬᠠᠮᠤᠭ ᠤᠨ ᠰᠠᠶᠢᠨ | ᠪᠠᠶᠢᠳᠠᠭ᠃ ᠣᠷᠣᠢ ᠶᠢᠨ 11 ᠴᠠᠭ ᠥᠩᠭᠡᠷᠡᠪᠡᠯ ᠬᠥᠮᠥᠨ ᠬᠠᠷᠢᠨ ᠬᠥᠭᠡᠷᠴᠦ᠂ ᠨᠡᠩ ᠤᠨᠲᠠᠵᠤ ᠲᠠᠶᠢᠯᠭᠦ ᠦᠭᠡᠢ | ᠪᠤᠯᠳᠠᠭ᠃ ᠡᠷᠲᠡ ᠶᠢᠨ 2᠂ 3 ᠴᠠᠭ ᠪᠣᠯ ᠰᠥᠨᠢᠵᠢᠨ ᠰᠠᠭᠤᠬᠤ ᠬᠥᠮᠥᠨ ᠳᠤ ᠬᠠᠮᠤᠭ ᠤᠨ ᠨᠣᠶᠢᠷ ᠬᠦᠷᠬᠦ ᠴᠠᠭ | ᠪᠣᠯᠣᠨ᠎ᠠ᠃ ᠬᠠᠷᠢᠨ ᠭᠡᠭᠡᠷᠡᠭᠰᠡᠡ ᠤ ᠲᠠᠷᠠᠭ᠎ᠠ᠂ ᠬᠥᠮᠥᠨ ᠰᠡᠷᠭᠡᠭ ᠤᠨᠲᠠᠬᠤ ᠬᠤᠭᠤᠴᠠᠭᠠᠨ ᠳᠤ ᠣᠷᠣᠳᠠᠭ ᠪᠥᠭᠡᠳ | ᠤᠨᠲᠠᠯᠭ᠎ᠠ ᠶᠢᠨ ᠴᠢᠨᠠᠷ ᠨᠢ ᠰᠠᠶᠢᠨ ᠪᠢᠰᠢ᠃ ᠵᠠᠷᠢᠮ ᠬᠥᠮᠥᠨ ᠰᠡᠷᠡᠭᠡᠳ ᠲᠠᠭᠢᠵᠤ ᠤᠨᠲᠠᠬᠤ ᠳᠤᠷᠠᠲᠠᠢ ᠪᠠᠶᠢᠳᠠᠭ᠂ | ᠦᠨᠡᠨ ᠳᠡᠭᠡᠨ ᠡᠨᠡ ᠦᠶ᠎ᠡ ᠳᠤ ᠭᠤᠣᠯᠳᠠᠭᠤ ᠰᠡᠷᠭᠡᠭ ᠤᠨᠲᠠᠭᠰᠠᠨ ᠢᠶᠠᠨ ᠨᠥᠬᠦᠪᠦᠷᠢᠯᠡᠵᠦ ᠪᠠᠶᠢᠬᠤ ᠲᠤᠯᠠ ᠦᠷ᠎ᠡ | ᠳ᠋ᠦᠩ ᠨᠢ ᠡᠷᠲᠡ ᠤᠨᠲᠠᠵᠤ ᠡᠷᠲᠡ ᠪᠤᠰᠬᠤ ᠪᠦᠭᠡ ᠤᠨᠲᠠᠬᠤ ᠶᠢ ᠬᠦᠷᠬᠦ ᠦᠭᠡᠢ ᠪᠢᠯᠡ᠃ ᠨᠣᠶᠢᠷ ᠬᠠᠨᠤᠬᠤ ᠦᠭᠡᠢ | ᠨᠢ ᠬᠥᠮᠥᠨ ᠤ ᠠᠩᠬᠠᠷᠤᠯ ᠪᠠ ᠴᠡᠭᠡᠵᠢᠯᠡᠬᠦ ᠴᠢᠳᠠᠪᠤᠷᠢ ᠶᠢ ᠳᠣᠷᠣᠭᠰᠢᠯᠠᠭᠤᠯᠬᠤ ᠮᠥᠷᠲᠡᠭᠡᠨ ᠪᠠᠰᠠ ᠰᠢᠨ᠎ᠡ | ᠬᠠᠭᠤᠴᠢᠨ ᠤ ᠰᠣᠯᠢᠯᠴᠠᠭ᠎ᠠ ᠶᠢ ᠬᠠᠷᠰᠢᠯᠠᠵᠤ᠂ ᠥᠲᠡᠯᠬᠦ ᠶᠢ ᠲᠦᠷᠭᠡᠳᠬᠡᠨ᠎ᠡ᠃ ᠬᠡᠲᠦᠷᠬᠡᠢ ᠤᠳᠠᠭᠠᠨ ᠤᠨᠲᠠᠪᠠᠯ | ᠬᠥᠮᠥᠨ ᠤ ᠪᠡᠶ᠎ᠡ ᠳᠤ ᠠᠰᠢᠭ ᠦᠭᠡᠢ᠂ ᠲᠠᠷᠠ ᠨᠢ ᠲᠥᠪ ᠮᠡᠳᠡᠷᠡᠯ ᠤᠨ ᠰᠢᠰᠲ᠋ᠧᠮ ᠢ ᠤᠷᠳᠤ ᠬᠤᠭᠤᠴᠠᠭ᠎ᠠ ᠪᠠᠷ | ᠬᠤᠷᠢᠭᠯᠠᠭᠳᠠᠬᠤ ᠪᠠᠶᠢᠳᠠᠯ ᠳᠤ ᠣᠷᠣᠭᠤᠯᠵᠤ᠂ ᠪᠣᠰᠣᠭᠰᠠᠨ ᠤ ᠲᠠᠷᠠᠭ᠎ᠠ ᠬᠦᠴᠦ ᠲᠠᠮᠢᠷ ᠦᠭᠡᠢ᠂ ᠲᠣᠯᠣᠭᠠᠢ ᠡᠷᠭᠢᠬᠦ | ᠲᠥᠷᠥᠭᠳᠡᠯ ᠲᠠᠢ ᠪᠣᠯᠭᠠᠳᠠᠭ᠃ ᠤᠨᠲᠠᠬᠤ ᠴᠠᠭ ᠨᠢ ᠭᠡᠳᠤ ᠤᠷᠳᠤ ᠪᠣᠯᠪᠠᠯ ᠪᠠᠰᠠ ᠠᠮᠢᠰᠬᠤᠯ ᠤᠳᠠᠭᠠᠰᠢᠷᠠᠵᠤ᠂ | ᠬᠦᠴᠢᠯᠲᠥ᠋ᠷᠥᠭᠴᠢ ᠰᠣᠷᠣᠬᠤ ᠨᠢ ᠪᠠᠭᠠᠰᠬᠤ᠂ ᠵᠢᠷᠦᠬᠡ ᠠᠭᠤᠰᠬᠢ ᠪᠣᠯᠣᠨ ᠴᠢᠰᠤᠨ ᠡᠷᠭᠢᠯᠲᠡ ᠶᠢᠨ ᠳᠠᠷᠤᠭᠠᠰᠤ | ᠬᠦᠨᠳᠦᠷᠡᠵᠦ᠂ ᠵᠢᠷᠦᠬᠡᠨ ᠡᠪᠡᠳᠴᠢᠨ ᠪᠠ ᠲᠠᠷᠢᠬᠢᠨ ᠤ ᠴᠢᠰᠤᠨ ᠰᠤᠳᠠᠯ ᠪᠥᠭᠯᠡᠷᠡᠬᠦ ᠠᠶᠤᠯᠲᠠᠢ ᠪᠠᠶᠢᠳᠠᠭ᠃ | ︵︽ᠡᠷᠡᠭᠦᠯ ᠮᠠᠨᠳᠤ ᠶᠢᠨ 66 ᠵᠤᠷᠪᠤᠰ︾ ᠨᠣᠮ ᠠᠴᠠ ᠨᠠᠶᠢᠷᠠᠭᠤᠯᠤᠨ ᠠᠪᠤᠪᠠ︶ | |