ᠲᠠ ᠬᠡᠪᠲᠡᠬᠦ ᠲᠤᠲᠤᠮ ᠶᠠᠳᠠᠷᠠᠵᠤ᠂ ᠤᠨᠲᠠᠬᠤ ᠲᠤᠲᠤᠮ ᠪᠡᠶ᠎ᠡ ᠴᠢᠨᠢ ᠵᠣᠪᠠᠵᠤ᠂ ᠴᠢᠨᠠᠭᠰᠢᠯᠠᠪᠠᠯ ᠤᠨᠲᠠᠭᠠᠳ | ᠰᠠᠷᠢᠪᠡᠯ ᠨᠢᠷᠤᠭᠤ ᠴᠢᠨᠢ ᠱᠠᠷᠬᠢᠷᠠᠵᠤ ᠡᠪᠡᠳᠬᠦ ᠪᠠᠶᠢᠳᠠᠯ ᠭᠠᠷᠳᠠᠭ ᠦᠦ︖ ᠤᠨᠲᠠᠬᠤ ᠨᠢ ᠦᠨᠡᠨ ᠳᠡᠭᠡᠨ ᠪᠡᠶ᠎ᠡ | ᠮᠠᠬᠠᠪᠣᠳ ᠤᠨ ᠴᠢᠨᠢ ᠴᠢᠯᠡᠭᠡ ᠶᠢ ᠲᠠᠶᠢᠯᠵᠦ ᠰᠡᠷᠭᠦᠭᠡᠳᠡᠭ᠂ ᠶᠠᠭᠠᠬᠢᠭᠠᠳ ᠣᠯᠠᠩᠬᠢ ᠬᠥᠮᠦᠨ ᠤᠨᠲᠠᠵᠤ ᠰᠡᠷᠡᠭᠡᠳ | ᠪᠠᠰᠠ ᠪᠡᠶ᠎ᠡ ᠨᠢ ᠨᠠᠩ ᠵᠣᠪᠠᠵᠤ ᠪᠠᠶᠢᠳᠠᠭ ᠪᠣᠶ︖ ᠡᠨᠡ ᠨᠢ ᠪᠠᠷᠤᠭ ᠤᠨᠲᠠᠬᠤ ᠬᠡᠯᠪᠡᠷᠢ ᠪᠠᠶᠢᠳᠠᠯ ᠳᠤᠨᠢ ᠠᠰᠠᠭᠤᠳᠠᠯ | ᠭᠠᠷᠤᠭᠰᠠᠨ ᠪᠠᠶᠢᠵᠤ ᠮᠡᠳᠡᠨ᠎ᠡ᠃ | 1. ᠳᠡᠭᠡᠭᠰᠢ ᠬᠠᠨᠳᠤᠨ ᠬᠡᠪᠳᠡᠵᠦ ᠤᠨᠲᠠᠬᠤ ᠬᠡᠯᠪᠡᠷᠢ ᠪᠠᠶᠢᠳᠠᠯ᠄ | ᠬᠠᠮᠤᠭ ᠤᠨ ᠰᠠᠶᠢᠨ ᠤᠨᠲᠠᠬᠤ ᠬᠡᠯᠪᠡᠷᠢ ᠪᠠᠶᠢᠳᠠᠯᠲ᠋ᠡᠭᠡᠭᠰᠢ ᠬᠠᠨᠳᠤᠨ ᠬᠡᠪᠲᠡᠵᠦ ᠤᠨᠲᠠᠬᠤ ᠦᠶ᠎ᠡ ᠳᠤ᠂ ᠪᠠᠭᠠᠨ᠎ᠠ | ᠨᠢᠷᠤᠭᠤᠨ ᠤ ᠴᠢᠨᠢ ᠳᠠᠷᠤᠯᠲᠠ ᠬᠠᠮᠤᠭ ᠤᠨ ᠪᠠᠭ᠎ᠠ ᠪᠠᠶᠢᠳᠠᠭ ᠮᠦᠷᠳᠡᠭᠡᠨ ᠪᠠᠰᠠ ᠪᠦᠬᠦ ᠪᠡᠶ᠎ᠡ ᠶᠢᠨ ᠴᠢᠨᠢ ᠪᠤᠯᠴᠢᠩ | ᠮᠢᠬ᠎ᠠ ᠪᠠ ᠦᠶ᠎ᠡ ᠭᠡᠰᠢᠭᠦᠦ ᠳᠤ ᠠᠪᠴᠤ ᠬᠡᠯᠡᠪᠡᠯ᠂ ᠬᠡᠯᠪᠡᠷᠢ ᠪᠠᠶᠢᠳᠠᠯ ᠢᠶᠠᠨ ᠠᠯᠳᠠᠬᠤ ᠦᠭᠡᠢ ᠪᠠᠶᠢᠵᠤ᠂ ᠪᠡᠶ᠎ᠡ ᠴᠢᠨᠢ | ᠨᠡᠩ ᠢᠯᠡᠬᠦᠤ ᠠᠮᠠᠷᠠᠬᠤ ᠪᠤᠶᠤ ᠶᠡᠳᠡᠷᠡᠯ ᠵᠦᠳᠡᠷᠡᠯ ᠨᠢ ᠲᠠᠶᠢᠯᠤᠬᠳᠠᠵᠤ ᠡᠷᠡᠭᠦᠯᠵᠢᠳᠡᠭ᠂ ᠢᠡᠭᠭᠢᠵᠦ ᠤᠨᠳᠠᠬᠤ ᠨᠢ | ᠪᠠᠭᠠᠨ᠎ᠠ ᠨᠢᠷᠤᠭᠤᠨ ᠤ ᠬᠠᠮᠤᠭ ᠰᠠᠶᠢᠨ ᠤᠨᠲᠠᠬᠤ ᠬᠡᠯᠪᠡᠷᠢ ᠪᠠᠶᠢᠳᠠᠯ ᠪᠣᠯᠤᠨ᠎ᠠ᠃ | ᠭᠡᠪᠡᠴᠦ ᠳᠡᠭᠡᠭᠰᠢ ᠬᠠᠨᠳᠤᠨ ᠬᠡᠪᠲᠡᠵᠦ ᠤᠨᠲᠠᠬᠤ ᠳᠤ ᠪᠠᠰᠠ ᠠᠩᠬᠠᠷᠬᠤ ᠴᠢᠬᠤᠯᠠᠲᠠᠢ ᠠᠰᠠᠭᠤᠳᠠᠯ ᠪᠤᠢ᠃ | ■ ᠳᠡᠷᠡ ᠪᠠᠨ ᠲᠡᠩᠳᠡᠭᠦᠤ ᠥᠨᠳᠥᠷ ᠪᠤᠶᠤ ᠳᠣᠣᠷ᠎ᠠ ᠪᠠᠶᠢᠯᠭᠠᠵᠤ ᠪᠣᠯᠬᠤ ᠦᠭᠡᠢ | ■ ᠪᠢᠲᠡᠭᠡᠢ ᠬᠥᠯ ᠢᠶᠠᠨ ᠠᠳᠠᠷᠢᠵᠦ ᠤᠨᠳᠠ | ■ ᠳᠡᠭᠡᠭᠰᠢ ᠬᠠᠨᠳᠤᠨ ᠬᠡᠪᠲᠡᠵᠦ ᠤᠨᠲᠠᠬᠤ ᠵᠥᠪ ᠬᠡᠯᠪᠡᠷᠢ ᠪᠠᠶᠢᠳᠠᠯ ᠪᠣᠯ ᠳᠡᠭᠡᠭᠰᠢ ᠬᠠᠨᠳᠤᠨ ᠬᠡᠪᠲᠡᠬᠦ | ᠦᠶ᠎ᠡ ᠳᠤ ᠳᠡᠷᠡ ᠶᠢᠨ ᠥᠨᠳᠥᠷ ᠤᠨ ᠬᠡᠮᠵᠢᠶ᠎ᠡ ᠶᠢ ᠬᠡᠳᠦ ᠥᠨᠳᠥᠷ ᠪᠤᠶᠤ ᠬᠡᠳᠦ ᠳᠣᠣᠷ᠎ᠠ ᠪᠠᠶᠢᠯᠭᠠᠵᠤ ᠪᠣᠯᠬᠤ ᠦᠭᠡᠢ᠂ | ᠳᠡᠷᠡ ᠪᠠᠨ ᠴᠢᠩᠭ᠎ᠠ ᠳᠠᠷᠤᠭᠰᠠᠨ ᠤ ᠳᠠᠷᠠᠭ᠎ᠠ ᠨᠢᠳᠤᠷᠭ᠎ᠠ ᠲᠠᠢ ᠴᠢᠨᠢ ᠠᠳᠠᠯᠢᠬᠠᠨ ᠥᠨᠳᠥᠷ ᠪᠤᠶᠤ ᠵᠢᠭᠠᠬᠠᠨ ᠥᠨᠳᠥᠷ | ᠪᠠᠶᠢᠪᠠᠯ ᠪᠤᠯᠴᠢᠬᠠᠨ᠎ᠠ᠃ ᠲᠡᠷᠡᠴᠢᠯᠡᠨ ᠳᠡᠷᠡ ᠪᠠᠨ ᠬᠦᠵᠦᠭᠦᠦ ᠰᠡᠭᠡᠷ ᠤᠨ ᠢᠶᠠᠨ ᠠᠷᠤ ᠲᠠᠯ᠎ᠠ ᠳᠤ ᠨᠠᠭᠠᠯᠳᠤᠭᠤᠯᠵᠤ᠂ | ᠬᠦᠵᠦᠭᠦᠦ ᠰᠡᠭᠡᠷ ᠲᠠᠢ ᠪᠠᠨ ᠪᠦᠷᠢᠮᠦᠰᠦᠨ ᠲᠤᠯᠭᠠᠬᠤ ᠭᠡᠷᠡᠭᠳᠡᠢ᠂ ᠢᠡᠭᠭᠢᠪᠡᠯ ᠪᠡᠶ᠎ᠡ ᠪᠠᠨ ᠨᠡᠩ ᠰᠠᠶᠢᠨ ᠠᠮᠠᠷᠠᠭᠤᠯᠵᠤ | ᠴᠢᠳᠠᠨ᠎ᠠ᠃ | 2. ᠬᠠᠵᠠᠭᠤᠯᠠᠨ ᠬᠡᠪᠳᠡᠵᠦ ᠤᠨᠲᠠᠬᠤ ᠬᠡᠯᠪᠡᠷᠢ ᠪᠠᠶᠢᠳᠠᠯ᠄ | ᠳᠡᠷᠡ ᠪᠠᠨ ᠰᠠᠶᠢᠲᠤᠷ ᠠᠰᠢᠭᠯᠠᠬᠤ ᠬᠡᠷᠡᠭᠲᠡᠢᠬᠠᠵᠠᠭᠤᠯᠤᠨ ᠤᠨᠲᠠᠬᠤ ᠳᠤ ᠳᠡᠭᠡᠭᠰᠢ ᠬᠠᠨᠳᠤᠨ ᠤᠨᠲᠠᠬᠤ ᠲᠠᠢ | ᠠᠳᠠᠯᠢᠬᠠᠨ ᠢᠶᠠᠷ ᠳᠡᠷᠡ ᠪᠠᠨ ᠲᠡᠩᠳᠡᠭᠦᠤ ᠥᠨᠳᠥᠷ ᠪᠠᠶᠢᠯᠭᠠᠵᠤ ᠪᠤᠯᠬᠤ ᠦᠭᠡᠢ᠂ ᠳᠡᠷᠡ ᠴᠢᠨᠢ ᠲᠡᠩᠳᠡᠭᠦᠤ ᠥᠨᠳᠥᠷ | ᠪᠤᠯᠪᠠᠯ ᠲᠣᠯᠣᠭᠠᠶ ᠶᠢᠨ ᠬᠡᠰᠡᠭ ᠠᠷᠭ᠎ᠠ ᠪᠤᠰᠤ ᠳᠡᠭᠡᠭᠰᠢ ᠡᠷᠭᠦᠭᠳᠡᠨ᠎ᠡ᠂ ᠢᠩᠭᠢᠪᠡᠯ ᠬᠦᠵᠦᠭᠦᠨ ᠶᠠᠰᠤ ᠴᠢᠨᠢ ᠳᠡᠭᠡᠭᠰᠢ | ᠮᠤᠷᠦ᠋ᠢᠨᠠ᠃ ᠠᠳᠠᠯᠢ ᠶᠣᠰᠣ ᠪᠠᠷ᠂ ᠳᠡᠷᠡ ᠴᠢᠨᠢ ᠲᠡᠩᠳᠡᠭᠦᠤ ᠳᠣᠣᠷ᠎ᠠ ᠪᠣᠯ ᠲᠣᠯᠣᠭᠠᠶ ᠶᠢᠨ ᠬᠡᠰᠡᠭ ᠢ ᠴᠢᠨᠢ ᠲᠠᠭᠠᠨ | ᠬᠦᠵᠦᠭᠦᠦ ᠰᠡᠭᠡᠷ ᠴᠢᠨᠢ ᠳᠣᠷᠣᠭᠰᠢ ᠮᠤᠷᠦ᠋ᠢᠨᠠ᠃ ᠡᠨᠡ ᠬᠤᠶᠠᠷ ᠵᠦᠢᠯ ᠤᠨ ᠪᠠᠶᠢᠳᠠᠯ ᠨᠢ ᠴᠦᠮ ᠬᠦᠵᠦᠭᠦᠦ | ᠰᠡᠭᠡᠷ ᠤᠨ ᠵᠥᠭᠡᠯᠡᠨ ᠨᠡᠬᠡᠳᠡᠰᠦ ᠪᠠ ᠵᠢᠵᠢᠭ ᠦᠶ᠎ᠡ ᠶᠢᠨ ᠨᠢᠭᠡ ᠲᠠᠯ᠎ᠠ ᠶᠢ ᠨᠢ ᠲᠠᠳᠠᠨ ᠤᠷᠳᠤᠳᠬᠠᠵᠤ᠂ ᠨᠦᠬᠦᠭᠡ | ᠨᠢᠭᠡ ᠲᠠᠯ᠎ᠠ ᠶᠢ ᠨᠢ ᠪᠣᠭᠤᠨᠢᠰᠬᠠᠵᠤ᠂ ᠲᠡᠩᠴᠡᠭᠦᠷᠢ ᠦᠭᠡᠢ ᠪᠤᠯᠭᠠᠳᠠᠭ ᠪᠠᠶᠢᠨ᠎ᠠ᠃ ᠡᠭᠦᠨ ᠠᠴᠠ ᠭᠠᠳᠠᠨ᠎ᠠ᠂ ᠮᠠᠰᠢ | ᠣᠯᠠᠨ ᠬᠥᠮᠦᠨ ᠳᠡᠭᠡᠷ᠎ᠡ ᠲᠠᠯ᠎ᠠ ᠶᠢᠨ ᠬᠥᠯ ᠢᠶᠠᠨ ᠤᠷᠤᠬᠰᠢ ᠪᠡᠶ᠎ᠡ ᠶᠢᠨ ᠡᠮᠦᠨ᠎ᠡ ᠬᠡᠰᠡᠭ ᠬᠦᠷᠳᠡᠯ᠎ᠡ ᠲᠠᠪᠠᠭᠤᠯᠤᠨ | ᠲᠠᠯᠪᠢᠵᠦ ᠤᠨᠳᠠᠳᠠᠭ᠂ ᠢᠡᠭᠭᠢᠵᠦ ᠤᠨᠳᠠᠬᠤ ᠨᠢ ᠠᠭᠠᠷᠴᠠᠭ ᠪᠠ ᠨᠢᠷᠤᠭᠤ ᠬᠦᠯ ᠢ ᠲᠠᠭᠠᠨ ᠤᠷᠤᠬᠰᠢ ᠮᠤᠰᠬᠢᠷᠠᠨ | ᠮᠤᠷᠤᠶᠢᠵᠦ᠂ ᠪᠠᠭᠠᠨ᠎ᠠ ᠨᠢᠷᠤᠭᠤ ᠴᠢᠨᠢ ᠶᠠᠭ ︽ᠮᠠᠬᠤᠸᠠᠷ ᠮᠤᠰᠬᠢᠬᠰᠠᠨ︾ ᠰᠢᠭ᠋ ᠪᠤᠯᠳᠠᠭ᠃ ᠤᠷᠳᠤ ᠬᠤᠭᠤᠴᠠᠭ᠎ᠠ | ᠪᠠᠷ ᠡᠶᠢᠮᠦ ᠬᠡᠯᠪᠡᠷᠢ ᠪᠠᠶᠢᠳᠠᠯ ᠢᠶᠠᠷ ᠤᠨᠳᠠᠭᠠᠳ ᠪᠠᠶᠢᠪᠠᠯ ᠪᠦᠰᠡᠯᠡᠭᠦᠷ ᠨᠢᠷᠤᠭᠤᠨ ᠤ ᠬᠤᠶᠠᠷ ᠲᠠᠯ᠎ᠠ ᠶᠢᠨ ᠵᠥᠭᠡᠯᠡᠨ | ᠨᠡᠬᠡᠳᠡᠰᠦ ᠬᠡᠲᠦᠷᠬᠡᠢ ᠲᠠᠳᠠᠬᠳᠠᠵᠤ᠂ ᠨᠢᠷᠤᠭᠤ ᠡᠪᠡᠳᠬᠦ᠂ ᠬᠦᠵᠦᠭᠦᠦ ᠰᠡᠭᠡᠷ ᠡᠪᠡᠳᠬᠦ ᠪᠤᠶᠤ ᠰᠡᠭᠦᠵᠢ ᠡᠪᠡᠳᠬᠦ | ᠪᠣᠯᠤᠨ᠎ᠠ᠃ | 3 . ᠡᠯᠢᠭᠡᠲᠡᠨ ᠬᠡᠪᠲᠡᠵᠦ ᠤᠨᠲᠠᠬᠤ ᠬᠡᠯᠪᠡᠷᠢ ᠪᠠᠶᠢᠳᠠᠯ᠄ | ᠬᠠᠮᠤᠭ ᠤᠨ ᠮᠠᠭᠤ ᠤᠨᠲᠠᠬᠤ ᠬᠡᠯᠪᠡᠷᠢ ᠪᠠᠶᠢᠳᠠᠯᠡᠯᠢᠭᠡᠲᠡᠨ ᠬᠡᠪᠲᠡᠵᠦ ᠤᠨᠲᠠᠬᠤ ᠦᠶ᠎ᠡ ᠳᠤ᠂ ᠠᠮᠢᠰᠬᠤᠯ ᠢᠶᠠᠨ | ᠪᠠᠲᠤᠯᠠᠬᠤ ᠶᠢᠨ ᠲᠥᠯᠥᠭᠡ᠂ ᠶᠡᠷᠦ ᠳᠡᠭᠡᠨ ᠲᠣᠯᠣᠭᠠᠢ ᠶᠢᠨ ᠬᠡᠰᠡᠭ ᠢᠶᠠᠨ ᠨᠢᠭᠡ ᠲᠠᠯ᠎ᠠ ᠲᠡᠶᠢᠰᠢ ᠬᠡᠯᠪᠠᠶᠢᠯᠭᠡᠳᠡᠭ᠂ | ᠡᠨᠡ ᠦᠶ᠎ᠡ ᠳᠤ ᠨᠢᠭᠤᠷ ᠤᠨ ᠲᠠᠯ᠎ᠠ ᠶᠢᠨ ᠬᠦᠵᠦᠭᠦᠦ ᠰᠡᠭᠡᠷ ᠤᠨ ᠦᠶ᠎ᠡ ᠯᠤᠲᠤ ᠶᠡᠭᠡ ᠳᠠᠷᠤᠯᠲᠠ ᠳᠤ ᠤᠴᠠᠷᠠᠳᠠᠭ | ᠪᠠᠶᠢᠨ᠎ᠠ᠃ |