ᠠᠮᠠᠷᠬᠠᠨ ᠡᠯᠢᠭᠡ ᠥᠭᠡᠬᠦᠯᠡᠬᠦ ᠨᠢᠭᠡᠨ ᠮᠠᠭᠤ ᠳᠠᠳᠬᠠᠯ ᠢ ᠲᠠ ᠪᠠᠷᠤᠭ ᠡᠳᠦᠷ ᠪᠣᠯᠭᠠᠨ ᠲᠠᠪᠳᠠᠵᠦ ᠪᠠᠶᠢᠵᠤ ᠮᠡᠳᠡᠨ᠎ᠡ
ᠨᠡᠶᠢᠲᠡᠯᠡᠭᠰᠡᠨ ᠴᠠᠭ᠄
2025/6/9
    ᠦᠨᠡᠨ ᠳᠡᠭᠡᠨ ᠢᠳᠡᠷ ᠨᠠᠰᠤᠨ ᠤ ᠬᠥᠮᠦᠨ ᠯᠡ ᠡᠯᠢᠭᠡ ᠥᠭᠡᠬᠦᠯᠡᠬᠦ ᠡᠪᠡᠳᠴᠢᠨ ᠢ ᠤᠯᠳᠠᠭ ᠪᠢᠰᠢ᠂ ᠵᠠᠷᠢᠮ ᠳᠠᠭᠠᠨ ᠦᠵᠡᠬᠦ ᠳᠤ ᠲᠤᠷᠠᠩᠬᠠᠶ ᠵᠠᠯᠠᠭᠤ ᠬᠥᠮᠦᠨ ᠴᠦ ᠡᠯᠢᠭᠡ ᠥᠭᠡᠬᠦᠯᠡᠬᠦ ᠡᠪᠡᠳᠴᠢᠨ ᠢ ᠤᠯᠵᠤ ᠮᠡᠳᠡᠨ᠎ᠡ᠃    ᠤᠴᠢᠷ ᠨᠢ ᠡᠯᠢᠭᠡ ᠥᠭᠡᠬᠦᠯᠡᠬᠦ ᠨᠢ ᠬᠤᠭᠤᠯᠠ ᠢᠳᠡᠬᠦ ᠲᠠᠢ ᠬᠤᠯᠪᠣᠭ᠎ᠠ ᠲᠠᠢ ᠪᠠᠷ ᠪᠠᠷᠠᠬᠤ ᠦᠭᠡᠢ ᠪᠠᠰᠠ ᠠᠮᠢᠳᠤᠷᠠᠯ ᠤᠨ ᠬᠡᠯᠪᠡᠷᠢ ᠲᠠᠢ ᠬᠤᠯᠪᠣᠭ᠎ᠠ ᠲᠠᠢ ᠪᠠᠶᠢᠳᠠᠭ᠃ ᠬᠦᠮᠦᠰ ᠤᠨ ᠰᠠᠨᠠᠭᠠᠨ ᠳᠠᠭᠠᠨ ᠠᠪᠳᠠᠭ ᠨᠢᠭᠡᠨ ᠪᠠᠭ᠎ᠠ ᠳᠠᠳᠬᠠᠯ ᠨᠢ ᠡᠳᠦᠷ ᠪᠦᠷᠢ ᠰᠡᠮᠡᠭᠡᠷ ᠲᠠᠨ ᠤ ᠡᠯᠢᠭᠡ ᠶᠢ ᠥᠭᠡᠬᠦᠯᠡᠬᠦᠯᠵᠦ ᠪᠠᠶᠢᠵᠤ ᠮᠠᠭᠠᠳ ᠦᠭᠡᠢ᠄ ᠤᠳᠠᠭᠠᠨ ᠰᠠᠭᠤᠬᠤ᠄ ᠡᠳᠦᠷ ᠪᠦᠷᠢ ᠢᠯᠡᠭᠦᠦ 1 ᠴᠠᠭ ᠰᠠᠭᠤᠪᠠᠯ ᠡᠯᠢᠭᠡᠨ ᠤ ᠥᠭᠡᠬᠦ ᠶᠢᠨ ᠠᠭᠤᠯᠤᠭᠳᠠᠴᠠ 1.15 % ᠪᠠᠷ ᠨᠡᠮᠡᠭᠳᠡᠳᠡᠭ᠂ ᠪᠣᠰᠴᠤ ᠵᠣᠭᠰᠣᠬᠤ᠂ ᠠᠯᠬᠤᠭᠠᠳ ᠪᠠᠶᠢᠪᠠᠯ ᠡᠯᠢᠭᠡ ᠥᠭᠡᠬᠦᠯᠡᠬᠦ ᠬᠠᠮᠢᠶ᠎ᠠ ᠪᠦᠬᠦᠢ 4 ᠭᠦᠢᠴᠡᠳᠬᠡᠯ ᠲᠤᠭ᠎ᠠ ᠶᠢ ᠪᠠᠭᠤᠷᠠᠭᠤᠯᠳᠠᠭ᠂ ᠰᠤᠯᠠ ᠠᠯᠬᠤᠬᠤ ᠪᠤᠶᠤ ᠵᠣᠭᠰᠣᠬᠤ ᠵᠡᠷᠭᠡ ᠳᠤᠮᠳᠠ ᠳᠣᠣᠷ᠎ᠠ ᠬᠦᠴᠦᠯᠡᠴᠡ ᠲᠠᠢ ᠬᠥᠳᠡᠯᠭᠡᠭᠡᠨ ᠬᠢᠵᠦ ᠤᠳᠠᠭᠠᠨ ᠰᠠᠭᠤᠬᠤ ᠪᠠᠨ ᠲᠠᠰᠤᠯᠳᠠᠭᠤᠯᠪᠠᠯ᠂ ᠡᠯᠢᠭᠡ ᠥᠭᠡᠬᠦᠯᠡᠬᠦ ᠲᠠᠢ ᠬᠠᠮᠢᠶ᠎ᠠ ᠪᠦᠬᠦᠢ ᠭᠦᠢᠴᠡᠳᠬᠡᠯ ᠲᠤᠭ᠎ᠠ ᠶᠢ ᠪᠠᠭᠤᠷᠠᠭᠤᠯᠬᠤ ᠳᠤ ᠪᠦᠷ ᠠᠰᠢᠬᠳᠠᠢ ᠶᠤᠮ᠃    1. ᠪᠣᠰᠴᠤ ᠵᠤᠬᠰᠤᠭᠠᠳ ᠠᠯᠬᠤᠪᠠᠯ 2 ᠮᠢᠨᠦ᠋ᠲ ᠳᠣᠲᠣᠷ᠎ᠠ ᠢᠨᠰᠦᠯᠢᠨ ᠤ ᠬᠡᠮᠵᠢᠶ᠎ᠡ ᠪᠠᠭᠤᠷᠠᠨ᠎ᠠ᠃    2. ᠪᠣᠰᠴᠤ ᠵᠤᠬᠰᠤᠪᠠᠯ 30 ᠮᠢᠨᠦ᠋ᠲ ᠳᠣᠲᠣᠷ᠎ᠠ ᠴᠢᠰᠤᠨ ᠤ ᠰᠢᠬᠢᠷ ᠪᠠᠭᠤᠷᠠᠨ᠎ᠠ᠃    3. ᠪᠣᠰᠴᠤ ᠵᠤᠬᠰᠤᠬᠤ ᠨᠢ ᠬᠡᠳᠦᠢ ᠣᠯᠠᠨ ᠪᠣᠯ ᠴᠢᠰᠤᠨ ᠤ ᠥᠭᠡᠬᠦ ᠶᠢ ᠲᠡᠳᠦᠢ ᠪᠠᠭᠤᠷᠠᠭᠤᠯᠵᠤ᠂ ᠪᠦᠰᠡᠯᠡᠬᠦᠷ  ᠤᠨ ᠬᠡᠰᠡᠭ ᠲᠡᠳᠦᠢ ᠪᠠᠭᠠᠰᠬᠠᠨ᠎ᠠ᠃
 
ᠢᠷᠡᠯᠲᠡ᠄ ᠠᠷᠠᠳ ᠤᠨ ᠰᠥᠯᠵᠢᠶ᠎ᠠ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号