ᠲᠡᠦᠭᠡᠨ ᠨᠤᠮ ᠲᠤᠳᠤᠷ᠎ᠠ᠂ ᠮᠠᠷᠺᠦ · ᠫᠤᠯᠤ ᠶᠢ ᠬᠦᠮᠦᠰ ᠲᠡᠯᠡᠬᠡᠢ ᠲᠡᠭᠡᠷᠡᠬᠢ ᠬᠠᠮᠤᠭ ᠤᠨ ᠠᠭᠤᠤ ᠶᠡᠭᠡ | ᠪᠠᠷᠳᠠᠭ᠎ᠠ ᠰᠢᠨᠵᠢᠯᠡᠭᠴᠢ ᠶᠢᠨ ᠨᠢᠭᠡ ᠭᠡᠵᠦ ᠡᠷᠬᠦᠮᠵᠢᠯᠡᠨ᠂ ᠪᠠᠰᠠᠴᠤ ᠶᠤᠸᠠᠨ ᠤᠯᠤᠰ ᠤᠨ ᠬᠤᠪᠢᠯᠠᠢ ᠬᠠᠭᠠᠨ ᠤ | ᠨᠤᠶᠠᠷᠬᠠᠯ ᠤᠨ ᠦᠶ᠎ᠡ ᠳᠤ ᠲᠤᠮᠳᠠᠳᠤ ᠤᠯᠤᠰ ᠲᠤ ᠢᠷᠡᠵᠦ ᠦᠡᠭᠭᠡᠷᠡᠭᠰᠡᠨ ᠭᠠᠳᠠᠭᠠᠳᠤ ᠶᠢᠨ ᠨᠦᠬᠦᠷᠰᠡᠭ ᠡᠯᠴᠢᠨ ᠤ | ᠨᠢᠭᠡ ᠭᠡᠵᠦ ᠦᠵᠡᠵᠦ ᠪᠤᠢ᠃ ᠭᠡᠳᠡᠯ᠎ᠡ ᠲᠡᠷᠡ ᠪᠤᠯ ᠨᠢᠭᠡᠨᠮᠡᠭᠡᠯᠡᠭᠴᠢ ᠪᠠᠶᠢᠵᠦ᠂ ᠮᠢᠩᠭᠠᠨ ᠤᠨ ᠤᠯᠠᠮᠵᠢᠯᠠᠭᠳᠠᠵᠦ | ᠪᠠᠶᠢᠬᠤ ᠶᠤᠸᠠᠨ ᠤᠯᠤᠰ ᠲᠤ ᠵᠢᠭᠤᠯᠴᠢᠯᠠᠭᠰᠠᠨ ᠵᠡᠷᠭᠡ ᠭᠡᠷᠡᠭ ᠤᠴᠢᠷ ᠨᠢ ᠦᠨᠡᠨᠳᠡᠭᠡᠨ ᠪᠦᠷ ᠬᠤᠳᠠᠯ ᠶᠠᠷᠢᠶ᠎ᠠ | ᠪᠤᠯᠬᠤ ᠶᠤᠮ ᠭᠡᠨ᠎ᠡ︖ | ︽ᠡᠳᠦᠷ ᠪᠦᠷᠢ ᠶᠢᠨ ᠴᠠᠬᠢᠯᠭᠠᠨ ᠮᠡᠳᠡᠭᠡ ᠰᠤᠨᠢᠨ︾ ᠤ 8 ᠰᠠᠷ᠎ᠠ ᠶᠢᠨ10 ᠤ ᠡᠳᠦᠷ ᠮᠡᠳᠡᠭᠡᠯᠡᠭᠰᠡᠨ ᠢ | ᠦᠨᠳᠦᠰᠦᠯᠡᠪᠡᠯ᠂ ᠤᠢᠢᠷ᠎ᠠ ᠳᠤ᠂ ᠨᠠᠪᠦ᠋ᠯᠧᠼᠢ ᠶᠡᠭᠡ ᠰᠤᠷᠭᠠᠭᠤᠯᠢ ᠶᠢᠨ ᠳ᠋ᠠᠨᠨᠢᠷ · ᠫᠸᠢᠢᠲ᠋ᠧᠷᠢᠷᠠ ᠫᠷᠤᠹᠧᠰᠰᠤᠷ ᠤᠨ | ᠲᠠᠭᠠᠭᠤᠯᠤᠭᠰᠠᠨ ᠬᠠᠭᠤᠴᠢ ᠰᠤᠳᠤᠯᠤᠯ ᠤᠨ ᠪᠠᠭ᠎ᠠ ᠲᠤᠭᠤᠢᠢᠯᠠᠩ ᠤᠨ ᠬᠢᠨ ᠢᠲ᠋ᠠᠯᠢ ᠶᠢᠨ ᠲᠡᠦᠭᠡᠨ ᠰᠡᠳᠬᠦᠯ ︽ | ᠲᠡᠦᠭᠡᠨ ᠠᠩᠬᠠᠷᠤᠯ ᠲᠦᠪᠯᠡᠷᠡᠯ︾ ᠤᠨ ᠰᠤᠷᠪᠤᠯᠵᠢᠯᠠᠭ᠎ᠠ ᠶᠢ ᠬᠦᠯᠢᠶᠡᠬᠦ ᠳᠡᠭᠡᠨ ᠶᠠᠷᠢᠭᠰᠠᠨ ᠨᠢ᠂ ᠦᠪᠡᠷ ᠢ ᠪᠠᠨ | ᠲᠤᠮᠳᠠᠳᠤ ᠤᠯᠤᠰ ᠪᠠ ᠲᠤᠷᠤᠨᠠᠳᠠᠬᠢᠨ ᠳᠤ ᠭᠡᠳᠦᠨ ᠠᠷᠪᠠᠨ ᠵᠢᠯ ᠠᠮᠢᠳᠤᠷᠠᠵᠠᠢ ᠭᠡᠵᠦ ᠭᠡᠯᠡᠭᠰᠡᠨ ᠸᠧᠨᠢᠽᠢᠶᠠ ᠶᠢᠨ | ᠪᠠᠷᠳᠠᠭ᠎ᠠ ᠰᠢᠨᠵᠢᠯᠡᠭᠴᠢ᠂ ᠦᠨᠡᠨᠳᠡᠭᠡᠨ ᠬᠠᠮᠤᠭ ᠬᠤᠯᠠ ᠳᠠᠭᠠᠨ ᠵᠦᠪᠭᠡᠨ ᠬᠠᠷ᠎ᠠ ᠲᠠᠩᠬᠢᠰ ᠬᠦᠷᠴᠦ ᠦᠩᠭᠡᠷᠡᠵᠡᠢ᠃ | ᠬᠠᠷᠢᠨ ᠲᠡᠬᠦᠨ ᠤ ᠮᠢᠩᠭ᠎ᠠ ᠰᠢᠬᠠᠭᠤ ᠵᠢᠯ ᠶᠠᠷᠢᠭᠳᠠᠭᠰᠠᠨ ᠪᠠᠷᠳᠠᠭ᠎ᠠ ᠰᠢᠨᠵᠢᠯᠡᠭᠰᠡᠨ ᠲᠡᠦᠭᠡᠨ ᠭᠡᠷᠡᠭ ᠨᠢ ᠲᠡᠷᠡ | ᠵᠦᠪᠭᠡᠨ ᠲᠡᠳᠡᠭᠡᠷ ᠲᠤᠮᠳᠠᠳᠤ ᠤᠯᠤᠰ᠂ ᠶᠠᠫᠤᠨ ᠪᠠ ᠮᠤᠩᠭᠤᠯ ᠬᠠᠭᠠᠨᠳᠤ ᠤᠯᠤᠰ ᠤᠨ ᠲᠡᠦᠭᠡᠨ ᠶᠠᠪᠤᠳᠠᠯ ᠢ ᠰᠠᠶᠢᠨ | ᠮᠡᠳᠡᠳᠡᠭ ᠠᠷᠠᠯᠵᠢᠶᠠᠨ ᠤ ᠬᠠᠨᠢᠳᠠᠨ ᠤ ᠠᠮᠠᠨ ᠠᠴᠠ ᠰᠤᠨᠤᠰᠤᠭᠰᠠᠨ ᠭᠡᠷᠡᠭ ᠤᠴᠢᠷ ᠲᠡᠳᠦᠢ ᠪᠤᠯᠤᠨ᠎ᠠ᠃ | ᠰᠡᠬᠦᠯ ᠳᠤᠨᠢ ᠮᠠᠷᠺᠦ · ᠫᠤᠯᠤ ᠡᠳᠡᠭᠡᠷ ᠲᠡᠮᠳᠡᠭᠯᠡᠯ ᠢᠶᠠᠨ ᠡᠮᠬᠢᠳᠭᠡᠵᠦ ᠲᠡᠪᠳᠡᠷᠯᠡᠨ᠂ ᠦᠪᠡᠷ ᠢ ᠪᠠᠨ 1271 — | 1291 ᠤᠨ ᠤ ᠬᠤᠭᠤᠷᠤᠨᠳᠤ ᠲᠤᠮᠳᠠᠳᠤ ᠤᠯᠤᠰ ᠲᠤ ᠠᠮᠢᠳᠤᠷᠠᠵᠦ ᠦᠩᠭᠡᠷᠡᠪᠡ ᠭᠡᠵᠦ ᠶᠠᠷᠢᠭᠰᠠᠨ ᠪᠠᠶᠢᠨ᠎ᠠ᠃ | ᠲᠡᠷᠡ ᠪᠠᠰᠠ ᠤᠨᠴᠠᠭᠠᠢᠢᠯᠠᠨ ᠲᠤᠳᠤᠷᠬᠠᠢᠢᠯᠠᠭᠰᠠᠨ ᠨᠢ ᠲᠡᠷᠡ ᠲᠤᠬᠠᠢ ᠶᠢᠨ ᠦᠶ᠎ᠡ ᠳᠤ ᠬᠤᠪᠢᠯᠠᠢ ᠬᠠᠭᠠᠨ ᠲᠠᠢ | ᠨᠢᠭᠳᠠ ᠬᠠᠷᠢᠴᠠᠭ᠎ᠠ ᠲᠠᠢ ᠪᠠᠶᠢᠪᠠ ᠭᠡᠵᠦ ᠶᠠᠷᠢᠭᠰᠠᠨ ᠪᠠᠶᠢᠨ᠎ᠠ᠃ ᠭᠡᠷᠡᠴᠢ 1᠄ ᠲᠡᠦᠭᠡᠨ ᠪᠤᠳᠠᠳᠤ | ᠶᠠᠪᠤᠳᠠᠯ ᠲᠠᠢ ᠨᠡᠶᠢᠴᠡᠬᠦ ᠦᠭᠡᠢ᠃ ᠮᠠᠷᠺᠦ · ᠫᠤᠯᠤ ᠬᠤᠪᠢᠯᠠᠢ 1274 ᠤᠨ ᠪᠠ 1281 ᠤᠨ ᠳᠤ ᠶᠠᠫᠤᠨ ᠳᠤ | ᠲᠦᠷᠢᠨ ᠤᠷᠤᠭᠰᠠᠨ ᠶᠠᠪᠤᠳᠠᠯ ᠢ ᠲᠡᠮᠳᠡᠭᠯᠡᠬᠦ ᠳᠡᠭᠡᠨ ᠲᠡᠦᠭᠡᠨ ᠪᠤᠳᠠᠳᠤ ᠪᠠᠶᠢᠳᠠᠯ ᠲᠠᠢ ᠨᠡᠶᠢᠴᠡᠬᠦ ᠦᠭᠡᠢ ᠮᠠᠰᠢ ᠤᠯᠠᠨ | ᠮᠠᠳᠠᠭ ᠲᠠᠢ ᠠᠰᠠᠭᠤᠳᠠᠯ ᠦᠯᠡᠳᠡᠭᠡᠵᠡᠢ᠃ ᠫᠸᠢᠢᠲ᠋ᠧᠷᠢᠷᠠ ᠫᠧᠷᠦᠹᠧᠰᠰᠤᠷ ᠤᠨ ᠭᠡᠯᠡᠬᠦ ᠪᠠᠷ᠄ ︽ᠲᠡᠷᠡ ᠬᠤᠶᠠᠷ | ᠤᠳᠠᠭ᠎ᠠ ᠶᠢᠨ ᠲᠠᠶᠢᠨᠤ ᠨᠠᠷᠢᠨ ᠪᠠᠶᠢᠳᠠᠯ ᠢ ᠪᠦᠷ ᠬᠤᠳᠬᠤᠯᠳᠤᠭᠤᠯᠵᠠᠢ᠃ ᠲᠡᠦᠭᠡᠨ ᠤ ᠲᠦᠷᠰᠦᠯᠡᠯ ᠢ | ᠦᠨᠳᠦᠰᠦᠯᠡᠪᠡᠯ᠂ ᠨᠢᠭᠡᠳᠦᠭᠡᠷ ᠤᠳᠠᠭᠠᠨ ᠤ ᠲᠦᠷᠢᠨ ᠤᠷᠤᠭᠰᠠᠨ ᠬᠤᠭᠤᠴᠠᠭᠠᠨ ᠳᠤ᠂ ᠶᠤᠸᠠᠨ ᠤᠯᠤᠰ ᠤᠨ | ᠤᠩᠭᠤᠴᠠᠨ ᠤ ᠠᠩᠬᠢ ᠰᠤᠯᠤᠩᠭᠤᠰ ᠤᠯᠤᠰ ᠠᠴᠠ ᠶᠠᠫᠤᠨ ᠤ ᠲᠠᠯᠠᠢ ᠶᠢᠨ ᠡᠷᠬᠢ ᠳᠤ ᠬᠦᠷᠬᠦ ᠵᠠᠮ ᠵᠠᠭᠤᠷ᠎ᠠ ᠪᠠᠨ | ᠲᠠᠯᠠᠢ ᠶᠢᠨ ᠲᠠᠶᠢᠹᠧᠩ ᠰᠠᠯᠬᠢᠨ ᠳᠤ ᠲᠠᠭᠠᠷᠢᠭᠳᠠᠪᠠ ᠭᠡᠵᠦ ᠪᠤᠢ᠃ ᠭᠡᠳᠡᠯ᠎ᠡ ᠲᠡᠷᠡ ᠤᠳᠠᠭᠠᠨ ᠤ ᠲᠠᠯᠠᠢ ᠶᠢᠨ ᠶᠡᠭᠡ | ᠲᠠᠶᠢᠹᠧᠩ ᠰᠠᠯᠬᠢ ᠨᠢ 1281ᠤᠨ ᠳᠤ ᠡᠬᠦᠰᠦᠭᠰᠡᠨ ᠪᠠᠶᠢᠨ᠎ᠠ᠃ ᠲᠡᠷᠡ ᠦᠪᠡᠷ ᠤᠨ ᠵᠶ᠋ᠠᠨᠨᠢᠳᠤ ᠪᠠᠷ ᠢᠶᠠᠨ ᠤᠯᠵᠦ | ᠬᠠᠷᠠᠭᠰᠠᠨ ᠭᠡᠷᠡᠴᠢ ᠶᠢᠨ ᠬᠦᠮᠦᠨ ᠭᠡᠵᠦ ᠭᠡᠯᠡᠵᠦ ᠪᠤᠢ᠃ ᠭᠡᠷᠪᠡ ᠡᠨᠡᠬᠦ ᠤᠴᠢᠷ ᠨᠢ ᠦᠨᠡᠨ ᠪᠤᠯᠬᠤ ᠳᠤ ᠬᠦᠷᠪᠡᠯ᠂ | ᠭᠡᠷᠡᠭ ᠤᠴᠢᠷ ᠤᠨ ᠡᠬᠦᠰᠦᠯ ᠤᠨ ᠴᠠᠬ ᠢ 7 ᠵᠢᠯ ᠤᠨ ᠡᠮᠦᠨᠡᠬᠢ ᠤᠴᠢᠷ ᠭᠡᠵᠦ ᠪᠤᠷᠤᠭᠤ ᠲᠡᠮᠳᠡᠭᠯᠡᠬᠦ ᠪᠤᠢ︖︾᠃ | ᠡᠬᠦᠨ ᠠᠴᠠ ᠭᠠᠳᠠᠨ᠎ᠠ᠂ ᠮᠠᠷᠺᠦ · ᠫᠤᠯᠤ ᠶᠢᠨ ᠶᠤᠸᠠᠨ ᠤᠯᠤᠰ ᠤᠨ ᠤᠩᠭᠤᠴᠠᠨ ᠤ ᠠᠩᠬᠢ ᠶᠢᠨ ᠲᠤᠬᠠᠢ ᠲᠦᠷᠰᠦᠯᠡᠯ | ᠨᠢ ᠬᠠᠭᠤᠴᠢ ᠰᠤᠳᠤᠯᠭᠠᠳᠠᠳ ᠤᠨ ᠶᠠᠫᠤᠨ ᠠᠴᠠ ᠤᠯᠵᠦ ᠠᠪᠤᠭᠰᠠᠨ ᠡᠷᠳᠡᠨ ᠤ ᠠᠷᠠᠭ ᠶᠠᠰᠤᠨ ᠤ ᠪᠠᠶᠢᠳᠠᠯ ᠲᠠᠢ | ᠦᠨᠡᠨᠳᠡᠭᠡᠨ ᠨᠡᠶᠢᠴᠡᠬᠦ ᠦᠭᠡᠢ᠃ ᠲᠡᠷᠡ ᠨᠤᠮ ᠳᠤᠳᠤᠷ᠎ᠠ ᠪᠠᠨ ᠶᠤᠸᠠᠨ ᠤᠯᠤᠰ ᠤᠨ ᠤᠩᠭᠤᠴᠠ ᠵᠦᠪᠭᠡᠨ ᠲᠠᠪᠤᠨ | ᠰᠢᠷᠤᠭ ᠲᠠᠢ ᠭᠡᠵᠦ ᠪᠢᠴᠢᠵᠦ ᠪᠤᠢ᠂ ᠭᠡᠳᠡᠯ᠎ᠡ ᠤᠯᠳᠠᠭᠰᠠᠨ ᠲᠡᠦᠭᠡᠨ ᠦᠯᠡᠳᠡᠭᠳᠡᠯᠳᠤ ᠵᠦᠪᠭᠡᠨ ᠭᠤᠷᠪᠠᠨ ᠰᠢᠷᠤᠭ | ᠲᠠᠢ᠃ ᠭᠡᠷᠡᠴᠢ 2᠄ ᠫᠧᠷᠰ ᠭᠡᠯᠡ ᠭᠡᠷᠡᠭᠯᠡᠬᠦ ᠲᠤᠷᠠᠳᠠᠢ ᠳ᠋ᠠᠨᠨᠢᠷ · ᠫᠸᠢᠢᠲ᠋ᠧᠷᠢᠷᠠ ᠫᠷᠤᠹᠧᠰᠰᠤᠷ ᠢᠯᠡᠷᠭᠡᠶᠢᠯᠡᠭᠰᠡᠨ ᠨᠢ | ᠂ ︽ᠲᠡᠷᠡ ᠬᠤᠪᠢᠯᠠᠢ ᠶᠢᠨ ᠤᠩᠭᠤᠴᠠ ᠶᠢ ᠲᠦᠷᠰᠦᠯᠡᠬᠦ ᠦᠶᠡᠰ᠂ ᠵᠦᠨᠡᠨ ︵chunam︶ ᠭᠡᠬᠦ ᠦᠭᠡ ᠪᠠᠷ | ᠤᠩᠭᠤᠴᠠᠨ ᠤ ᠤᠰᠤ ᠶᠢ ᠰᠡᠷᠭᠡᠶᠢᠯᠡᠬᠦ ᠭᠠᠳᠠᠷ ᠲᠠᠯ᠎ᠠ ᠶᠢᠨ ᠪᠠᠷᠤᠭᠰᠢᠨ ︵pitch︶ ᠢ ᠲᠦᠷᠰᠦᠯᠡᠵᠡᠢ᠃ ᠭᠡᠳᠡᠯ᠎ᠡ | ᠬᠢᠳᠡᠳ ᠭᠡᠯᠡ ᠪᠡ ᠮᠤᠩᠭᠤᠯ ᠬᠡᠯᠡᠨ ᠳᠤ ︿ᠵᠦᠨᠡᠨ﹀ ᠭᠡᠳᠡᠭ ᠨᠢ ᠶᠠᠮᠠᠷ ᠴᠤ ᠤᠳᠬ᠎ᠠ ᠦᠭᠡᠢ ᠦᠭᠡ ᠪᠤᠯᠤᠨ᠎ᠠ᠃ | ᠦᠨᠡᠨᠳᠡᠭᠡᠨ ᠫᠧᠷᠰ ᠭᠡᠯᠡᠨ ᠳᠤ ᠵᠦᠨᠡᠨ ᠭᠡᠳᠡᠭ ᠨᠢ ᠲᠠᠷᠤᠢ ᠪᠠᠷᠤᠭᠰᠢᠨ ᠢ ᠵᠢᠭᠠᠳᠠᠭ᠃ ᠠᠳᠠᠯᠢᠬᠠᠨ ᠢᠶᠠᠷ᠂ ᠲᠡᠬᠦᠨ ᠤ | ᠲᠦᠷᠰᠦᠯᠡᠯ ᠲᠤᠮᠳᠠ ᠮᠠᠰᠢ ᠤᠯᠠᠨ ᠫᠧᠷᠰ ᠭᠡᠯᠨ ᠪᠠᠷ ᠮᠤᠩᠭᠤᠯ ᠪᠡ ᠲᠤᠮᠳᠠᠳᠤ ᠤᠯᠤᠰ ᠤᠨ ᠭᠠᠵᠠᠷ ᠤᠨ ᠨᠡᠷ᠎ᠡ ᠶᠢ | ᠲᠦᠯᠦᠭᠡᠯᠡᠨ ᠨᠡᠷᠡᠯᠡᠵᠡᠢ︾᠃ ᠭᠡᠷᠡᠴᠢ 3᠄ ᠲᠡᠦᠭᠡᠨ ᠨᠤᠮ ᠳᠤ ᠨᠡᠷ᠎ᠡ ᠦᠭᠡᠢ ᠮᠠᠷᠺᠦ · ᠫᠤᠯᠤ ᠦᠪᠡᠷ ᠢ ᠪᠠᠨ | ᠬᠤᠪᠢᠯᠠᠢ ᠶᠢᠨ ᠦᠶ᠎ᠡ ᠳᠤ ᠤᠷᠳᠤᠨ ᠤ ᠲᠤᠳᠤᠷ᠎ᠠ ᠡᠯᠴᠢᠨ ᠰᠠᠶᠢᠳ ᠤᠨ ᠲᠤᠰᠢᠶᠠᠯ ᠢ ᠬᠠᠷᠢᠭᠤᠴᠠᠵᠦ ᠪᠠᠶᠢᠵᠠᠢ ᠭᠡᠵᠦ | ᠭᠡᠯᠡᠪᠡ᠃ ᠭᠡᠳᠡᠯ᠎ᠡ ᠮᠤᠩᠭᠤᠯ ᠬᠢᠳᠡᠳ ᠲᠡᠦᠭᠡᠨ ᠮᠠᠲ᠋ᠧᠷᠢᠶᠠᠯ ᠳᠤ ᠲᠡᠬᠦᠨ ᠤ ᠨᠡᠷ᠎ᠡ ᠶᠡᠷᠦ ᠠᠴᠠ ᠲᠤᠷᠠᠳᠤᠭᠳᠠᠵᠦ | ᠦᠩᠭᠡᠷᠡᠭᠰᠡᠨ ᠦᠭᠡᠢ᠃ | |