ᠮᠤᠩᠭᠤᠯ ᠦᠨᠳᠦᠰᠦᠲᠡᠨ  ᠤ ᠬᠤᠷᠢᠮ  ᠤᠨ ᠶᠤᠰᠤᠯᠠᠯ
ᠨᠡᠶᠢᠲᠡᠯᠡᠭᠰᠡᠨ ᠴᠠᠭ᠄
2017/3/24
       ᠮᠤᠩᠭᠤᠯ ᠦᠨᠳᠦᠰᠦᠲᠡᠨ ᠤ ᠤᠷᠤᠬ ᠬᠤᠷᠢᠮ ᠤᠨ ᠶᠤᠰᠤᠯᠠᠯ ᠪᠤᠯ ᠮᠤᠩᠭᠤᠯ ᠦᠨᠳᠦᠰᠦᠲᠡᠨ ᠤ ᠦᠷ᠎ᠡ ᠬᠡᠦᠭᠡᠳ ᠤᠨ ᠢᠶᠠᠨ ᠠᠶᠢᠯ ᠡᠷᠦᠭᠡ ᠪᠤᠰᠬᠠᠬᠤ ᠳᠤ ᠵᠤᠷᠢᠭᠤᠯᠤᠬᠰᠠᠨ ᠨᠢᠭᠡ ᠵᠦᠢᠯ ᠤᠨ ᠴᠢᠬᠤᠯᠠ ᠶᠡᠭᠡ ᠶᠤᠰᠤᠯᠠᠯ ‍ᠤᠨ‌‍ᠬᠦ᠋ᠳᠡᠯᠭᠡᠭᠡᠨ ᠪᠤᠯᠤᠨ᠎ᠠ᠃ ᠡᠬᠦᠨ ᠳᠤ ᠭᠤᠤᠯᠳᠠᠭᠤ᠄ ᠤᠷᠤᠬ ᠭᠤᠶᠤᠬᠤ᠂ ᠤᠷᠤᠬ ᠳᠤᠬᠳᠠᠬᠤ᠂ ᠪᠠᠭ᠎ᠠ ᠨᠠᠶᠢᠷ᠂ ᠬᠤᠷᠢᠮ ᠤᠨ ᠶᠤᠰᠤᠯᠠᠯ᠂ ᠡᠷᠬᠢᠬᠦ ᠶᠤᠰᠤᠯᠠᠯ ᠵᠡᠷᠭᠡ ᠪᠠᠭᠳᠠᠨ᠎ᠠ  ᠃           ᠤᠷᠤᠬ ᠭᠤᠶᠤᠬᠤ ᠨᠢ ᠡᠷᠡᠭᠲᠡᠢ ᠡᠮᠡᠭᠲᠠᠢ ᠵᠠᠯᠠᠭᠤᠴᠤᠳ ᠤᠷᠤᠬ ᠳᠤᠬᠳᠠᠬᠤ ᠠᠴᠠ ᠡᠮᠦᠨ᠎ᠡ᠂ ᠡᠩ ᠤᠨ ᠪᠠᠶᠢᠳᠠᠯ ᠳᠤ ᠡᠷᠭᠡᠪᠰᠢ ᠡᠷᠡᠭᠲᠡᠢ ᠳᠠᠯ᠎ᠠ ᠨᠢ ᠡᠮᠡᠭᠲᠠᠢ ᠳᠠᠯ᠎ᠠ ᠠᠴᠠ ᠤᠷᠤᠬ ᠭᠤᠶᠤᠳᠠᠬ᠃ ᠶᠡᠷᠦᠳᠡ ᠳᠡᠭᠡᠨ ᠡᠷᠡᠭᠲᠠᠢ ᠳᠠᠯ᠎ᠠ ᠶᠢᠨ ᠠᠪᠤ ᠡᠵᠢ ᠨᠢ ᠵᠠᠭᠤᠴᠢᠯᠠᠬᠴᠢ ᠪᠠᠷ ᠳᠠᠮᠵᠢᠨ ᠡᠮᠡᠭᠲᠠᠢ ᠳᠠᠯ᠎ᠠ ᠶᠢᠨ ᠠᠪᠤ ᠡᠵᠢ ᠳᠤ ᠬᠠᠳᠠᠬ ᠪᠡᠯᠡᠭᠯᠡᠨ ᠤᠷᠤᠬ ᠭᠤᠶᠤᠳᠠᠬ᠃ ᠤᠷᠤᠬ ᠳᠤᠬᠳᠠᠬᠤ ᠨᠢ ᠤᠷᠤᠬ ᠭᠤᠶᠤᠵᠤ ᠪᠥᠲᠦᠭᠰᠡᠨ ᠤ ᠳᠠᠷᠠᠭ᠎ᠠ ᠶᠠᠪᠤᠭᠤᠯᠬᠤ ᠨᠢᠭᠡ ᠲᠥᠷᠦᠯ ᠤᠨ ᠶᠤᠰᠤᠯᠠᠯ ᠪᠤᠯᠤᠨ᠎ᠠ᠃ ᠡᠩ ᠤᠨ ᠪᠠᠶᠢᠳᠠᠯ ᠳᠤ ᠡᠷᠡᠭᠲᠡᠢ ᠳᠠᠯ᠎ᠠ ᠨᠢ ᠪᠥᠬᠦᠯᠢ ᠰᠢᠬᠦᠰᠤ᠂ ᠰᠠᠭᠠᠯᠢ ᠶᠢᠨ ᠠᠷᠢᠬᠢ ᠪᠡ ᠰᠢᠬᠢᠷ ᠪᠤᠭᠤᠷᠰᠠᠬ ᠵᠡᠷᠭᠡ ᠪᠡᠯᠡᠭ ᠠᠪᠴᠤ ᠡᠮᠡᠭᠲᠠᠢ ᠳᠠᠯ᠎ᠠ ᠶᠢᠨ ᠬᠡᠷ ᠲᠤ ᠬᠦᠷᠴᠦ᠂ ᠡᠮᠡᠭᠲᠠᠢ ᠳᠡᠯ᠎ᠡ ᠨᠢ ᠥᠪᠡᠷ ᠤᠨ ᠳᠤᠳᠤᠨᠤ ᠠᠬ᠎ᠠ ᠳᠡᠬᠦᠦ ᠪᠠᠨ ᠵᠠᠯᠠᠵᠤ᠂ ᠬᠤᠶᠠᠷ ᠳᠠᠯ᠎ᠠ ᠪᠠᠷ ᠢᠶᠠᠨ ᠵᠤᠬᠢᠬᠤ ᠬᠡᠪᠴᠢᠶᠠᠨ ᠤ ᠨᠠᠶᠢᠷ ᠶᠠᠪᠤᠭᠤᠯᠵᠤ᠂ ᠵᠢᠩᠬᠢᠨᠢ ᠤᠷᠤᠬ ᠳᠤᠬᠳᠠᠬᠰᠠᠨ ᠢᠶᠠᠨ ᠵᠠᠷᠯᠠᠳᠠᠬ᠃           ᠪᠠᠭ᠎ᠠ ᠨᠠᠶᠢᠷ ᠪᠤᠯ ᠡᠷᠡᠭᠲᠡᠢ ᠡᠮᠡᠭᠲᠠᠢ ᠬᠤᠶᠠᠷ ᠳᠠᠯ᠎ᠠ ᠠᠴᠠ ᠬᠤᠷᠢᠮ ᠤᠨ ᠪᠡᠯᠡᠭ᠂ ᠬᠤᠷᠢᠮ ᠤᠨ ᠡᠳᠦᠷ᠂ ᠪᠠᠷᠢ ᠳᠤᠰᠬᠤ ᠵᠡᠷᠭᠡ ᠤᠴᠢᠷ ᠶᠠᠪᠤᠳᠠᠯ ᠢ ᠶᠠᠪᠤᠭᠤᠯᠤᠬᠰᠠᠨ ᠪᠠᠭ᠎ᠠ ᠬᠡᠯᠪᠡᠷᠢ ᠶᠢᠨ ᠨᠠᠶᠢᠷ᠂ ᠶᠡᠷᠦ ᠳᠡᠭᠡᠨ ᠰᠢᠨ᠎ᠡ ᠭᠥᠷᠭᠡᠨ᠂ ᠳᠡᠬᠦᠦᠴᠢᠯᠡᠬᠦ ᠵᠠᠯᠠᠭᠤ ᠪᠠ ᠨᠢᠭᠡ ᠭᠤᠤᠯᠯᠠᠬᠴᠢ ᠬᠦᠮᠦᠨ ᠵᠡᠷᠭᠡ ᠬᠦᠮᠦᠰ ᠨᠢ ᠡᠮᠡᠭᠲᠠᠢ ᠳᠠᠯ᠎ᠠ ᠳᠤ ᠬᠦᠷᠴᠦ ᠂ ᠡᠮᠡᠭᠲᠠᠢ ᠳᠡᠯ᠎ᠡ ᠶᠢᠨ ᠳᠤᠳᠤᠨᠤ ᠠᠬ᠎ᠠ ᠳᠡᠬᠦᠦ ᠨᠠᠷ ᠲᠠᠢ ᠬᠠᠮᠳᠤᠪᠠᠷ ᠨᠠᠶᠢᠷᠯᠠᠨ ᠰᠠᠭᠤᠳᠠᠬ᠃ ᠬᠤᠷᠢᠮ ᠤᠨ ᠶᠤᠰᠤᠯᠠᠯ ᠪᠤᠯ ᠯᠠᠮᠠ ᠡᠰᠡᠬᠦᠯ᠎ᠡ ᠠᠬᠠᠮᠠᠳ ᠠᠴᠠ ᠦᠯᠵᠡᠶᠢᠳᠦ ᠡᠳᠦᠷ ᠢ ᠰᠤᠩᠭᠤᠵᠤ᠂ ᠬᠤᠷᠢᠮ  ᠎ ᠤᠨ ᠶᠤᠰᠤᠯᠠᠯ ᠢ ᠦᠪᠡᠳᠡᠰᠢ ᠶᠡᠬᠡᠪᠡᠷ ᠶᠠᠪᠤᠭᠤᠯᠳᠠᠬ᠃ ᠭᠤᠤᠯᠳᠠᠭᠤ ᠳᠤᠤᠷᠠᠬᠢ ᠮᠡᠳᠦ ᠳᠡᠰ ᠳᠠᠷᠠᠭᠠᠯᠠᠯ ᠢᠶᠠᠷ ᠶᠠᠪᠤᠬᠳᠠᠳᠠᠬ᠄  ᠡᠷᠡᠭᠲᠡᠢ ᠳᠠᠯ᠎ᠠ ᠶᠢᠨ ᠰᠠᠳᠤᠨ ᠲᠥᠷᠦᠯ ᠠᠬ᠎ᠠ ᠳᠡᠬᠦᠦᠨᠠᠷ ᠪᠡ ᠰᠢᠨ᠎ᠡ ᠬᠦᠷᠭᠡᠨ ᠨᠢ ᠡᠮᠡᠭᠲᠠᠢ ᠳᠠᠯ᠎ᠠ ᠳᠤ ᠪᠡᠷᠢ ᠳᠤᠰᠬᠤ ᠪᠠᠷ ᠬᠦᠷᠴᠦ᠂ ᠪᠤᠬᠳᠤᠯᠠᠨ ᠠᠪᠬᠤ ᠨᠠᠶᠢᠷ ᠢ ᠶᠠᠪᠤᠭᠤᠯᠤᠨ᠎ᠠ᠃ ᠨᠠᠶᠢᠷ ᠨᠠᠭᠠᠳᠤᠮ ᠦᠨᠳᠦᠷ ᠪᠤᠯᠪᠡᠯ ᠡᠮᠡᠭᠲᠠᠢ ᠳᠠᠯ᠎ᠠ ᠶᠢᠨ ᠪᠡᠷᠢ ᠬᠦᠷᠭᠡᠬᠦ ᠬᠦᠮᠦᠰ ᠪᠠ ᠡᠷᠡᠭᠲᠡᠢ ᠳᠠᠯ᠎ᠠ ᠶᠢᠨ ᠪᠡᠷᠢ ᠳᠤᠰᠬᠤ ᠬᠦᠮᠦᠰ ᠨᠢ ᠰᠢᠨ᠎ᠡ ᠬᠦᠷᠭᠡᠨ‌‍ᠰᠢᠨ᠎ᠡ ᠪᠡᠷᠢ ᠲᠠᠢ ᠬᠠᠮᠳᠤᠪᠡᠷ ᠰᠢᠨ᠎ᠡ ᠭᠦᠷᠭᠡᠨ ᠤ ᠭᠡᠷ ᠵᠥᠭ ᠨᠠᠶᠢᠷ ᠲᠠᠢ ᠬᠦᠭᠵᠢᠶᠡᠨ ᠲᠠᠢ ᠮᠤᠷᠳᠡᠨ᠎ᠠ  ᠃ ᠡᠷᠡᠭᠲᠡᠢ ᠳᠠᠯ᠎ᠠ ᠶᠢᠨ ᠬᠡᠷ ᠎ ᠲᠤ ᠬᠦᠷᠦᠭᠰᠡᠨ ᠤ ᠳᠠᠷᠠᠭ᠎ᠠ ᠪᠤᠷᠬᠠᠨ ᠳᠡᠭᠷᠢ ᠳᠤ ᠮᠥᠷᠬᠦᠵᠦ᠂ ᠭᠠᠯ ᠤᠨ ᠪᠤᠷᠬᠠᠨ ᠳᠤ ᠢᠳᠡᠭᠡᠨ ᠤ ᠳᠡᠬᠡᠵᠢ ᠪᠠᠨ ᠡᠷᠬᠦᠨ᠂ ᠠᠪᠤ ᠡᠵᠢ ᠠᠬᠠᠰ ᠵᠠᠬᠠᠰ ᠲᠠᠢ ᠮᠥᠷᠬᠦᠨ ᠠᠭᠤᠯᠵᠠᠨ᠎ᠠ᠃ ᠳᠠᠷᠠᠭᠠᠪᠡᠷ᠂ ᠡᠷᠡᠭᠲᠡᠢ ᠳᠠᠯ᠎ᠠ ᠶᠢᠨ ᠠᠬᠠᠮᠠᠳ᠂ ᠠᠪᠤ ᠡᠵᠢ ᠪᠤᠯᠤᠨ ᠪᠡᠷᠢ ᠬᠦᠷᠭᠡᠬᠦ ᠪᠠᠷ ᠢᠷᠡᠭᠰᠡᠨ ᠬᠦᠮᠦᠰ ᠪᠡ ᠳᠤᠳᠤᠨᠤ ᠠᠬ᠎ᠠ ᠳᠡᠬᠦᠦ ᠨᠠᠷ ᠢᠶᠠᠷ ᠢᠶᠠᠨ ᠨᠠᠶᠢᠷ ᠤᠨ ᠰᠢᠷᠡᠭᠡᠨ ᠳᠤ ᠰᠠᠭᠠᠳᠠᠵᠤ᠂ ᠥᠪᠡᠳᠡᠰᠢ ᠶᠡᠭᠡ ᠬᠤᠷᠢᠮ ᠤᠨ ᠶᠤᠰᠤᠯᠠᠯ ᠢᠶᠠᠨ ᠡᠬᠢᠯᠡᠬᠦᠯᠳᠡᠭ᠃ ᠬᠤᠷᠢᠮ ᠤᠨ ᠨᠠᠶᠢᠷ ᠨᠢ ᠶᠡᠷᠦ ᠳᠡᠭᠡᠨ ᠬᠠᠭᠠᠰ ᠡᠳᠦᠷ᠂ ᠨᠢᠭᠡ  ᠡᠳᠦᠷ ᠪᠤᠶᠤ ᠬᠤᠶᠠᠷ ᠭᠤᠷᠪᠠᠨ ᠡᠳᠦᠷ ᠢᠶᠠᠷ ᠦᠷᠬᠦᠯᠵᠢᠯᠡᠳᠡᠭ᠃ ᠡᠷᠬᠢᠬᠦ ᠶᠤᠰᠤᠯᠠᠯ ᠪᠤᠯ ᠬᠤᠷᠢᠮ ᠤᠨ ᠶᠤᠰᠤᠯᠠᠯ ᠪᠠᠷᠠᠬᠰᠠᠨ ᠤ ᠳᠠᠷᠠᠭᠠᠬᠢ ᠭᠤᠷᠪᠠᠳᠤᠭᠠᠷ ᠡᠳᠦᠷ ᠡᠮᠡᠭᠲᠠᠢ ᠳᠡᠯ᠎ᠡ ᠶᠢᠨ ᠲᠥᠷᠦᠯ ᠰᠡᠳᠤᠨ ᠨᠢ ᠡᠯ᠎ᠡ ᠲᠥᠷᠦᠯ ᠤᠨ ᠪᠡᠯᠡᠭ ᠰᠡᠯᠳᠡ ᠠᠪᠤᠭᠠᠳ ᠡᠷᠡᠭᠲᠡᠢ ᠳᠠᠯ᠎ᠠ  ᠶᠢᠨ ᠬᠡᠷ ᠲᠤ ᠰᠢᠨ᠎ᠡ ᠪᠡᠷᠢ ᠶᠢ ᠡᠷᠬᠢᠵᠦ ᠦᠵᠡᠬᠦ ᠦᠶ᠎ᠡ ᠳᠤ ᠶᠠᠪᠤᠭᠤᠯᠬᠤ ᠪᠠᠭ᠎ᠠ ᠨᠠᠶᠢᠷ ᠪᠤᠯᠤᠨ᠎ᠠ᠃ ᠬᠤᠷᠢᠮ ᠤᠨ ᠶᠤᠰᠤᠯᠠᠯ ᠪᠠᠷᠠᠬᠰᠠᠨ ᠤ ᠳᠤᠯᠤᠳᠤᠭᠠᠷ ᠡᠳᠦᠷ ᠰᠢᠨ᠎ᠡ ᠪᠡᠷᠢ ᠨᠢ ᠰᠢᠨ᠎ᠡ ᠬᠦᠷᠭᠡᠨ ᠢᠶᠠᠨ ᠳᠠᠭᠠᠭᠤᠯᠵᠤ᠂ ᠪᠡᠯᠡᠭ ᠰᠡᠯᠳᠡ ᠲᠠᠢ ᠳᠥᠷᠬᠦᠮ ᠢᠶᠠᠨ ᠡᠷᠬᠢᠵᠦ ᠦᠵᠡᠬᠦ ᠪᠠᠷ ᠢᠷᠡᠳᠡᠭ ᠶᠤᠮ  ᠃  
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号