ᠴᠡᠭᠡᠷ ᠶᠤᠰᠤ ᠪᠣᠯ ᠦᠪᠡᠷᠳᠡᠭᠡᠨ ᠲᠠᠯᠪᠢᠭᠰᠠᠨ ᠪᠤᠯᠪᠠᠰᠤᠨ ᠤ ᠪᠠᠷᠢᠮᠵᠢᠶ᠎ᠠ
ᠨᠡᠶᠢᠲᠡᠯᠡᠭᠰᠡᠨ ᠴᠠᠭ᠄
2017/1/3

     ᠴᠡᠭᠡᠷ ᠶᠤᠰᠤ ᠪᠤᠯ ᠮᠤᠩᠭᠤᠯ ᠰᠤᠶᠤᠯ ᠤᠨ ᠪᠠᠰᠠ ᠨᠢᠭᠡᠨ ᠬᠢᠯᠠᠰ ᠴᠡᠭ ᠭᠡᠬᠦ ᠳᠤ ᠪᠤᠷᠤᠭᠤᠳᠠᠬᠤ ᠶᠤᠰᠤ

ᠦᠭᠡᠢ᠃ ᠴᠡᠭᠡᠷ ᠶᠤᠰᠤ ᠨᠢ ᠮᠤᠩᠭᠤᠯᠴᠤᠳ ᠤᠨ ᠠᠮᠢᠳᠤᠷᠠᠯ ᠳᠤᠮᠳᠠ ᠮᠠᠰᠢ ᠴᠢᠬᠤᠯᠠ ᠦᠨ᠎ᠡ ᠴᠠᠨ᠎ᠠ ᠲᠠᠢ᠂ ᠪᠠᠶᠢᠷᠢ

ᠰᠠᠭᠤᠷᠢ ᠲᠠᠢ ᠪᠠᠶᠢᠵᠦ ᠳᠠᠭᠠᠷᠠᠨ᠎ᠠ᠃ ᠰᠢᠭᠤᠳ ᠬᠠᠷᠠᠬᠤ ᠳᠤ ᠴᠡᠭᠡᠷ ᠶᠤᠰᠤ ᠨᠢ ᠶᠠᠭ ᠯᠡ ᠬᠦᠮᠦᠨ ᠤ ᠦᠭᠡ ᠶᠠᠷᠢᠶ᠎ᠠ

ᠪᠤᠶᠤ ᠦᠢᠯᠡ ᠠᠵᠢᠯᠯᠠᠭ᠎ᠠ ᠶᠢ ᠬᠤᠷᠢᠭᠯᠠᠵᠦ ᠬᠠᠰᠢᠭᠰᠠᠨ ᠳᠡᠳᠦ᠋ᠢᠯᠡ ᠶᠤᠮ ᠰᠢᠭ ᠪᠠᠶᠢᠳᠠᠭ ᠪᠤᠯᠪᠠᠴᠤ ᠳᠡᠷᠡ ᠨᠢ

ᠦᠨᠡᠨ ᠳᠡᠭᠡᠨ ᠴᠡᠭᠡᠷ ᠲᠠᠢ ᠭᠡᠰᠡᠨ ᠤ ᠬᠢᠨᠢ ᠡᠰᠡᠷᠬᠦ ᠪᠠᠷ ᠵᠦᠪ ᠶᠠᠪᠤᠬᠤ ᠶᠢ ᠵᠢᠭᠠᠭᠰᠠᠨ ᠪᠠᠶᠢᠳᠠᠭ ᠪᠤᠯᠬᠤᠷ ᠬᠠᠷᠠᠬᠠᠨ

ᠪᠠᠭ᠎ᠠ ᠠᠴᠠ ᠨᠢ ᠤᠢ ᠳᠤᠢ ᠳᠤᠨᠢ ᠵᠦᠪ ᠶᠤᠰᠤ ᠶᠢ ᠬᠠᠳᠠᠩᠰᠢᠭᠤᠯᠤᠨ ᠴᠡᠭᠡᠵᠢᠯᠡᠬᠦᠯᠵᠦ ᠪᠠᠶᠢᠳᠠᠭ ᠢᠶᠠᠷ ᠪᠠᠷᠠᠬᠤ ᠦᠭᠡᠢ

᠂ ᠨᠢᠭᠡ ᠬᠦᠮᠦᠨ ‍ᠤ‌ᠦᠰᠦᠨ ᠪᠤᠶᠢᠵᠢᠯᠳᠡ ᠶᠢᠨ ᠠᠯᠬᠤᠮ ᠪᠦᠷᠢ ᠳᠤ ᠨᠦᠯᠦᠭᠡᠯᠡᠵᠦ ᠪᠠᠶᠢᠳᠠᠭ᠃ ᠡᠨᠡ

ᠤᠳᠬ᠎ᠠ ᠠᠴᠠ ᠨᠢ ᠬᠠᠷᠠᠬᠤ ᠳᠤ ᠴᠡᠭᠡᠷ ᠶᠤᠰᠤ ᠶᠢ ᠵᠦᠪᠭᠡᠨ ᠬᠠᠰᠢᠵᠦ ᠬᠤᠷᠢᠬᠤ ᠳᠠᠯ᠎ᠠ ᠠᠴᠠ ᠨᠢ ᠪᠢᠰᠢ᠂ ᠬᠠᠷᠢᠨ

ᠦᠪᠡᠷ ᠢ ᠨᠢ ᠵᠦᠪ ᠵᠦᠭ ᠵᠢᠯᠤᠭᠤᠳᠴᠤ ᠪᠠᠶᠢᠭ᠎ᠠ ᠳᠠᠯ᠎ᠠ ᠠᠴᠠ ᠨᠢ ᠵᠦᠪ ᠢᠶᠠᠷ ᠤᠢᠢᠯᠠᠭᠠᠵᠦ ᠴᠢᠳᠠᠭᠰᠠᠨ ᠬᠦᠮᠦᠨ ᠳᠤ

ᠪᠤᠯ ᠳᠡᠷᠡ ᠨᠢ ᠦᠪᠡᠷ ᠲᠡᠭᠡᠨ ᠳᠠᠯᠪᠢᠭᠰᠠᠨ ᠰᠤᠶᠤᠯ ᠪᠤᠯᠪᠠᠰᠤᠷᠠᠯ ᠤᠨ ᠪᠠᠷᠢᠮᠵᠢᠶ᠎ᠠ ᠪᠤᠯᠳᠠᠭ ᠪᠠᠶᠢᠨ᠎ᠠ  ᠃

    ᠬᠦᠮᠦᠨ ᠠᠮᠢᠳᠤᠷᠠᠯ ᠳᠠᠭᠠᠨ ᠬᠡᠯᠡᠵᠦ ᠪᠤᠯᠬᠤ ᠪᠤᠯᠬᠤ ᠦᠭᠡᠢ ᠦᠭᠡ᠂ ᠬᠢᠵᠦ ᠪᠤᠯᠬᠤ ᠪᠤᠯᠬᠤ ᠦᠭᠡᠢ ᠦᠢᠯᠡ

ᠭᠡᠵᠦ ᠪᠠᠶᠢᠳᠠᠭ᠃ ᠪᠤᠯᠬᠤ ᠶᠢ ᠨᠢ ᠪᠠᠶᠡᠯᠡᠬᠦᠯᠦᠭᠡᠳ᠂ ᠪᠤᠯᠬᠤ ᠦᠭᠡᠢ ᠶᠢ ᠨᠢ ᠦᠢᠯᠡᠳᠬᠦ ᠦᠭᠡᠢ ᠪᠠᠶᠢᠬᠤ ᠳᠤ

ᠬᠦᠮᠦᠨ ᠤ ᠰᠡᠳᠬᠢᠯ ᠰᠠᠶ᠋ᠢ ᠳᠡᠨᠢᠬᠦᠨ ᠳᠠᠭᠠᠳᠠᠢ ᠪᠤᠯᠵᠦ᠂ ᠨᠡᠶᠢᠭᠡᠮ ᠤᠯᠠᠮ ᠡᠶ᠎ᠡ ᠵᠤᠬᠢᠴᠠᠯ ᠲᠠᠢ ᠪᠤᠯᠳᠠᠭ᠃ ᠳᠡᠭᠡᠪᠡᠯ

ᠮᠤᠩᠭᠤᠯᠴᠤᠳ ᠠᠯᠢ ᠡᠷᠳᠡ ᠠᠴᠠ ᠠᠶᠠᠨᠳᠠᠭᠠᠨ ᠰᠤᠷᠭᠠᠨ ᠬᠦᠮᠦᠵᠢᠯ ᠬᠦᠷᠳᠡᠭᠡᠳᠡᠭ ᠠᠷᠠᠨᠰᠢᠨ ᠢᠶᠠᠷ ᠢᠶᠠᠨ ᠴᠡᠭᠡᠷ

ᠶᠤᠰᠤ ᠪᠠᠷ ᠬᠡᠤᠬᠡᠳ ᠢᠶᠠᠨ ᠬᠦᠮᠦᠵᠢᠬᠦᠯᠵᠦ᠂ ᠡᠨᠡ ᠨᠢ ᠮᠦᠨᠴᠦ ᠯᠤᠳᠤ ᠶᠡᠭᠡ ᠠᠮᠵᠢᠯᠳᠠ ᠳᠤ ᠬᠦᠷᠦᠭᠰᠡᠨ ᠪᠠᠶᠢᠳᠠᠭ᠃

 ᠶᠠᠭᠠᠭᠢᠭᠠᠳ ᠭᠡᠪᠡᠯ ᠤᠳᠤᠬᠠᠨ ᠤ ᠰᠤᠷᠭᠠᠨ ᠬᠦᠮᠦᠵᠢᠯ ᠤᠨ ᠨᠢᠭᠡ ᠠᠯᠳᠠᠭᠳᠠᠯ ᠭᠡᠪᠡᠯ ︽ᠪᠤᠯᠬᠤ ᠦᠭᠡᠢ︾ ᠭᠡᠳᠡᠭ

ᠭᠠᠭᠴᠠᠬᠠᠨ ᠦᠭᠡ ᠪᠠᠷ ᠠᠯᠪᠠᠳᠠᠵᠦ ᠬᠤᠷᠢᠳᠠᠭ ᠪᠠᠶᠢᠳᠠᠯ ᠵᠦᠡᠭᠳᠡᠭᠡᠨ ᠪᠤᠯᠤᠭᠰᠠᠨ ᠶᠠᠪᠤᠳᠠᠯ ᠪᠤᠯᠬᠤ ᠶᠤᠮ᠃ ᠭᠡᠷ ᠤᠨ

ᠠᠬᠠᠮᠠᠳ ᠨᠢ ᠬᠡᠤᠬᠡᠳ ᠢᠶᠠᠨ ᠳᠤᠵᠢ ᠯᠡ ᠪᠤᠯᠬᠤ ᠦᠭᠡᠢ ᠭᠡᠨ᠎ᠡ᠂ ᠰᠤᠷᠭᠠᠭᠤᠯᠢ ᠶᠢᠨ ᠪᠠᠭᠰᠢ ᠨᠢ ᠴᠤ

ᠰᠤᠷᠤᠭᠴᠢᠳ ᠢᠶᠠᠨ ᠪᠤᠯᠬᠤ ᠦᠭᠡᠢ ᠭᠡᠨ᠎ᠡ᠃ ᠬᠠᠷᠢᠨ ᠨᠢᠭᠡ ᠵᠦᠢᠯ ᠤᠨ ᠬᠢᠬᠦ ᠵᠤᠬᠢᠰ ᠦᠭᠡᠢ ᠠᠵᠢᠯ ᠢ ᠬᠢᠪᠡᠯ ᠶᠠᠮᠠᠷ

ᠴᠡᠭᠡᠷ ᠲᠠᠢ ᠭᠡᠵᠦ ᠬᠡᠯᠡᠵᠦ ᠦᠭᠳᠡᠭ ᠨᠢ ᠴᠦᠭᠡᠨ᠃ ᠴᠡᠭᠡᠷ ᠶᠤᠰᠤ ᠪᠠᠨ ᠮᠡᠳᠡᠬᠦ ᠬᠦᠮᠦᠨ ᠴᠤ ᠤᠯᠠᠮ ᠢᠶᠠᠷ

ᠴᠦᠭᠡᠷᠡᠵᠦ ᠪᠠᠶᠢᠬᠤ ᠨᠢ ᠬᠠᠷᠠᠮᠰᠠᠯᠳᠠᠢ᠃ ᠴᠡᠭᠡᠷ ᠶᠤᠰᠤᠨ ᠤ ᠰᠤᠶᠤᠯ ᠤᠨ ᠨᠢᠭᠡ ᠭᠠᠶᠢᠬᠠᠮᠰᠢᠭ ᠨᠢ ᠬᠦᠮᠦᠨ ᠳᠤ

ᠭᠠᠷᠬᠤ ᠵᠠᠮ ᠦᠯᠡᠳᠡᠭᠡᠳᠡᠭ ᠲᠤ ᠪᠤᠢ᠃ ᠢᠡᠭᠬᠢᠵᠦ ᠬᠢᠪᠡᠯ ᠴᠡᠭᠡᠷ ᠲᠠᠢ ᠭᠡᠬᠦ ᠪᠠᠷ ᠳᠡᠭᠡᠵᠦ ᠬᠢᠬᠦ ᠦᠭᠡᠢ ᠳᠡᠬᠦᠨ ᠤ

ᠡᠰᠡᠷᠬᠦ ᠪᠠᠷ ᠬᠢᠵᠦ ᠪᠤᠯᠬᠤ ᠶᠢ ᠳᠠᠪᠤ ᠭᠤᠷᠪᠠᠨ ᠨᠠᠰᠤᠳᠠᠢ ᠬᠡᠤᠬᠡᠳ ᠴᠤ ᠳᠤᠷᠬᠢᠳᠡᠯ᠎ᠠ ᠮᠡᠳᠡᠵᠦ ᠪᠤᠯᠤᠨ᠎ᠠ᠃ ᠬᠠᠷᠢᠨ

ᠪᠤᠯᠬᠤ ᠦᠭᠡᠢ ᠭᠡᠳᠡᠭ ᠬᠤᠶᠠᠷᠬᠠᠨ ᠦᠭᠡ ᠪᠠᠷ ᠭᠠᠷᠬᠤ ᠵᠠᠮ ᠦᠭᠡᠢ ᠪᠤᠯᠳᠠᠯ᠎ᠠ ᠬᠠᠰᠢᠵᠦ ᠳᠠᠯᠪᠢᠳᠠᠭ ᠦᠭᠡᠢ᠃ ᠡᠨᠡ

ᠪᠤᠯ ᠮᠤᠩᠭᠤᠯᠴᠤᠳ ᠤᠨ ᠤᠢ ᠤᠬᠠᠭᠠᠨ ᠠᠴᠠ ᠤᠨᠳᠤᠷᠤᠭᠰᠠᠨ ᠭᠠᠶᠢᠬᠠᠮᠰᠢᠭᠳᠤ ᠰᠤᠶᠤᠯ ᠤᠨ ᠳᠠᠯᠠᠰ ᠪᠤᠶᠤ  ᠃

    ︽ᠪᠤᠯᠬᠤ ᠦᠭᠡᠢ︾ ᠭᠡᠵᠦ ᠵᠠᠷᠯᠢᠭᠳᠠᠭᠰᠠᠨ ᠠᠯᠪᠠᠳᠠᠯᠭ᠎ᠠ ᠶᠢᠨ ᠰᠤᠷᠭᠠᠯ ᠨᠢᠭᠡ ᠪᠤᠯ ᠬᠦᠮᠦᠨ ᠢ ᠤᠯᠠᠮ

ᠰᠤᠨᠢᠭᠤᠴᠢ ᠪᠤᠯᠭᠠᠵᠦ᠂ ᠪᠤᠯᠬᠤ ᠦᠭᠡᠢ ᠶᠢ ᠨᠢ ᠵᠠᠪᠠᠯ ᠬᠢᠵᠦ ᠦᠵᠡᠬᠦ ᠶᠤᠮ ᠰᠠᠨ ᠭᠡᠳᠡᠭ ᠪᠤᠳᠤᠯ ᠳᠦᠷᠦᠬᠦᠯᠵᠦ᠂

ᠡᠰᠡᠬᠦᠯ᠎ᠡ ᠪᠦᠷ ᠬᠦᠮᠦᠨ ᠢ ᠵᠠᠷᠯᠢᠭᠳᠠᠵᠦ ᠦᠪᠡᠷ ᠤᠨ ᠬᠢ ᠪᠠᠷ ᠢᠶᠠᠨ ᠪᠠᠶᠢᠯᠭᠠᠬᠤ ᠭᠡᠰᠡᠨ ᠤᠷᠤᠯᠳᠤᠯᠭ᠎ᠠ ᠶᠤᠮ ᠰᠢᠭ᠋

ᠪᠠᠶᠢᠳᠠᠭ ᠪᠤᠯᠬᠤᠷ ᠪᠤᠰᠤᠳ ᠤᠨ ᠳᠤᠷ᠎ᠠ ᠦᠬᠡᠶᠢᠴᠡᠯ ᠢ ᠬᠦᠷᠭᠡᠳᠡᠭ᠃ ᠡᠨᠡ ᠳᠡᠯᠡᠭᠡᠢ ᠳᠡᠭᠡᠷ᠎ᠡ ᠶᠠᠮᠠᠷᠴᠤ ᠬᠦᠮᠦᠨ

ᠪᠤᠰᠤᠳ ᠢᠶᠠᠷ ᠵᠠᠷᠯᠢᠭᠳᠠᠭᠤᠯᠵᠦ ᠵᠠᠬᠢᠷᠤᠭᠤᠯᠬᠤ ᠳᠤᠷ᠎ᠠ ᠦᠭᠡᠢ ᠪᠠᠶᠢᠳᠠᠭ ᠶᠤᠮ᠃ ᠬᠡᠤᠬᠡᠳ ᠴᠤ ᠠᠳᠠᠯᠢᠬᠠᠨ᠃

ᠨᠡᠩ ᠴᠢᠨᠠᠭᠰᠢᠯᠠᠪᠠᠯ ᠨᠠᠰᠤᠨ ᠳᠤᠷᠰᠢᠳᠡ ᠪᠠᠨ ᠪᠠᠷᠢᠮᠳᠠᠯᠠᠵᠦ ᠰᠠᠬᠢᠬᠤ ᠪᠤᠯᠪᠠᠰᠤᠷᠠᠯ ᠤᠨ ᠦᠢᠯᠡᠳᠦᠯ ᠦᠵᠡᠬᠦᠯᠵᠦ

ᠴᠢᠳᠠᠳᠠᠭ ᠦᠭᠡᠢ᠃ ᠬᠠᠷᠢᠨ ᠴᠡᠭᠡᠷ ᠶᠤᠰᠤ ᠪᠤᠯ ᠤᠨᠳᠤᠤ᠃ ᠪᠦᠷ ᠴᠤ ᠨᠠᠰᠤᠨ ᠳᠤᠷᠰᠢ ᠨᠢ ᠨᠦᠯᠦᠭᠡᠯᠡᠵᠦ᠂

ᠴᠡᠭᠡᠷᠯᠡᠭᠰᠡᠨ ᠶᠤᠰᠤᠭᠠᠷ ᠨᠢ ᠵᠢᠷᠤᠮᠯᠠᠬᠤ ᠪᠤᠶᠤ ᠵᠠᠷᠢᠮ ᠳᠠᠯ᠎ᠠ ᠪᠠᠷ ᠪᠦᠷ ᠴᠤ ᠰᠢᠳᠦᠵᠦ ᠳᠡᠭᠡᠳᠦᠯᠡᠬᠦ ᠰᠡᠳᠬᠢᠯᠭᠡ ᠲᠠᠢ

ᠪᠤᠯᠵᠦ᠂ ᠦᠪᠡᠷ ᠤᠨ ᠬᠢᠨᠢ ᠠᠮᠢᠳᠤᠷᠠᠯ ᠠᠵᠢᠯ ᠦᠢᠯᠡᠰ ᠪᠦᠬᠦ ᠳᠠᠯ᠎ᠠ ᠳᠤᠨᠢ ᠨᠢᠭᠡ ᠶᠤᠰᠤᠨ ᠤ ᠪᠠᠷᠢᠮᠵᠢᠶ᠎ᠠ ᠪᠤᠯᠳᠠᠭ

ᠪᠤᠯᠬᠤᠷ ᠡᠨᠡ ᠪᠤᠯᠪᠠᠰᠤᠨ ᠰᠤᠶᠤᠯ ᠢᠶᠠᠨ ᠡᠬᠦᠷᠢᠳᠡ ᠮᠠᠷᠳᠠᠯ ᠦᠭᠡᠢ ᠦᠪᠯᠡᠵᠦ ᠤᠯᠠᠮᠵᠢᠯᠠᠬᠤ ᠨᠢ ᠳᠠ ᠪᠢᠳᠡᠨ ᠤ

ᠡᠬᠦᠷᠭᠡ ᠶᠤᠮᠰᠠᠨ᠃

 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠣᠨᠢᠨ ᠤ ᠰᠣᠶᠣᠯ ᠭᠠᠷᠠᠭ ᠤᠨ ᠬᠡᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号