ᠮᠤᠩᠭᠤᠯᠴᠤᠳ ᠠᠮᠢᠳᠣᠷᠠᠯ  ᠲᠣᠮᠳᠠ ᠪᠠᠨ ᠴᠠᠭᠠᠨ ᠦᠩᠭᠡ ᠶᠢ  ᠲᠡᠭᠡᠳᠣᠯᠡᠳᠡᠭ
ᠨᠡᠶᠢᠲᠡᠯᠡᠭᠰᠡᠨ ᠴᠠᠭ᠄
2020/5/20
  ᠠᠳᠠᠯᠢ ᠪᠤᠰᠤ ᠠᠴᠢᠶᠠᠯᠠᠪᠣᠷᠢ ᠨᠢ ᠬᠠᠳᠬᠤᠮᠠᠯ ᠪᠦᠲᠦᠭᠡᠯ ᠤᠨ ᠠᠳᠠᠯᠢ ᠪᠤᠰᠤ ᠬᠡᠪ ᠨᠠᠮᠪᠠ ᠶᠢ ᠪᠦᠳᠣᠭᠡᠳᠡᠭ᠃ ᠮᠣᠩᠭᠤᠯ‌ᠦᠨᠳᠦᠰᠦᠲᠡᠨ ᠤ ᠢᠰᠡᠭᠡᠶ ᠰᠢᠷᠢᠮᠡᠯ ᠪᠤᠯ ᠬᠤᠨ ᠴᠠᠭᠠᠨ  ᠢᠰᠡᠭᠡᠶ᠂  ᠬᠤᠪᠢ‌ᠥᠪᠡᠷᠮᠢᠴᠡ  ᠤᠲᠠᠰᠤ  ᠪᠠ  ᠦᠨᠳᠣᠰᠣᠳᠡᠨ  ‍ᠦ‌ᠣᠨᠴᠠᠯᠢᠭ ᠢᠶᠠᠷ ᠢᠶᠠᠨ ᠮᠠᠰᠢ ᠣᠯᠠᠨ ᠬᠠᠳᠬᠤᠮᠠᠯ ᠤᠨ ᠤᠷ᠎ᠠ ᠮᠡᠷᠭᠡᠵᠢᠯ ᠲᠣᠮᠳᠠ ᠠᠴᠠ ᠴᠣᠯᠭᠤᠷᠠᠨ ᠭᠠᠷᠴᠤ ᠢᠷᠡᠭᠰᠡᠨ ᠶᠤᠮ᠃        ᠴᠠᠭᠠᠨ ᠢᠰᠡᠭᠡᠢ ᠪᠣᠯ ᠪᠠᠶᠠᠨ ᠴᠢᠨᠡᠭᠡᠯᠢᠭ ᠪᠠ ᠰᠠᠶᠢᠨ ᠰᠠᠶᠢᠬᠠᠨ  ᠤ ᠪᠡᠯᠭᠡᠳᠠᠯ ᠪᠣᠯᠬᠤ ᠮᠦᠷᠳᠡᠭᠡᠨ ᠲᠡᠷᠡ  ᠎ ᠨᠢ  ᠪᠠᠰᠠ‌‍ᠴᠢᠬᠤᠯᠨ ᠬᠡᠷᠡᠭᠯᠡᠭᠡᠨ ᠤ ᠦᠨ᠎ᠡ ᠦᠷᠳᠡᠭ ᠲᠠᠢ ᠪᠠᠶᠢᠵᠦ᠂ ᠪᠠᠬᠢᠯᠢᠭ᠌᠂ ᠨᠠᠷᠢᠯᠢᠭ ᠬᠢᠴᠡ ᠲᠠᠢ ᠪᠠᠷ ᠢᠶᠠᠨ ᠠᠮᠢᠳᠤᠷᠠᠯ  ᠎ ᠤᠨ  ᠣᠯᠠᠨ‌‍ᠲ᠋ᠠᠯ᠎ᠠ ᠳᠤ ᠥᠷᠭᠡᠨ ᠢᠶᠠᠷ ᠬᠡᠷᠡᠭᠯᠡᠭᠳᠡᠳᠡᠭ᠃        ᠮᠤᠩᠭᠤᠯᠴᠤᠳ ᠎ ᠤᠨ ︽ᠢᠰᠡᠭᠡᠶ ᠰᠢᠷᠢᠮᠡᠯ︾᠎ ᠤᠨ ᠤᠷ᠎ᠠ ᠮᠡᠷᠭᠡᠵᠢᠯ ᠨᠢ  ᠴᠠᠭ  ᠬᠤᠭᠤᠴᠠᠭᠠᠨ  ᠎ ᠤ  ᠤᠷᠤᠰᠤᠯᠲᠠ  ᠵᠢ‌‍ᠲ᠋ᠠᠭᠠᠯᠳᠤᠨ᠂ ᠡᠳᠦᠷ ᠢᠷᠡᠬᠦᠶ᠎ᠡ ᠪᠦᠷᠢᠨᠰᠢᠨ ᠲᠡᠭᠦᠯᠳᠡᠷᠵᠢᠭᠰᠡᠨ ᠶᠤᠮ᠃        ᠰᠦᠨᠢᠳ ᠢᠰᠡᠭᠡᠢ ᠰᠢᠷᠢᠮᠡᠯ ᠪᠣᠯ  ᠮᠣᠩᠭᠤᠯ  ᠦᠨᠳᠦᠰᠦᠲᠡᠨ  ᠎ ᠤ  ᠢᠰᠡᠭᠡᠢ  ᠰᠢᠷᠢᠮᠡᠯ  ᠤᠷᠠᠯᠢᠭ  ᠎ ᠤᠨ  ᠨᠡᠶᠢᠲᠡᠯᠢᠭ‌‍ᠲ᠋ᠦ᠋ᠯᠣᠭᠡᠯᠡᠭᠴᠢ ᠪᠣᠯᠬᠤ ᠶᠤᠮ᠃ ᠤᠷᠲᠤ ᠤᠳᠠᠭᠠᠨ ᠲᠡᠦᠬᠡ ᠲᠠᠢ᠂ ᠥᠷᠭᠡᠨ  ᠳᠡᠯᠭᠡᠷ  ᠲᠠᠷᠬᠠᠯᠲᠠ  ᠎ ᠲᠠᠢ᠂  ᠬᠤᠶᠠᠷ  ᠰᠥᠨᠢᠳ‌ᠬᠤᠰᠢᠭᠤᠨ ᠤ ᠶᠡᠬᠡᠩᠬᠢ ᠮᠠᠯᠴᠢᠨ ᠡᠮᠡᠭᠲᠡᠶᠢᠴᠦᠳ ᠪᠦᠷ ᠡᠶᠢᠮᠦᠷᠬᠦᠦ ᠢᠰᠡᠭᠡᠶ ᠰᠢᠷᠢᠮᠡᠯ ᠢ ᠣᠷᠠᠯᠠᠵᠣ ᠴᠢᠳᠠᠨ᠎ᠠ᠃ ᠲᠣᠰ ᠲᠥᠷᠥᠯ‌ᠵᠦ᠋ᠶᠯ ᠨᠢ ᠣᠲᠣ ᠨᠢᠭᠡᠨᠲᠡ ᠤᠯᠤᠰ ᠤᠨ ᠲᠠᠰ ᠤᠨ ᠪᠣᠳᠠᠰ ᠤᠨ ᠪᠤᠰᠤ ᠰᠣᠶᠣᠯ ᠤᠨ ᠥᠪ ᠪᠣᠯᠵᠣ᠂  ᠣᠳᠣᠬᠠᠨ  ᠎ ᠳᠤ  ᠤᠯᠤᠰ‌‍ᠤᠨ ᠲᠠᠰ ᠤᠨ ᠤᠯᠠᠮᠵᠢᠯᠠᠭᠴᠢ 1᠂ ᠦᠪᠣᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠰ ᠤᠨ  ᠤᠯᠠᠮᠵᠢᠯᠠᠭᠴᠢ  2᠂ᠬᠤᠰᠢᠭᠤᠨ ᠲᠠᠰ ᠤᠨ ᠤᠯᠠᠮᠵᠢᠯᠠᠭᠴᠢ 36᠂ ᠭᠠᠷ ᠤᠷᠠᠯᠠᠯ ᠡᠷᠭᠢᠯᠡᠨ ᠬᠢᠭᠴᠢ 500 ᠭᠠᠷᠤᠶ ᠬᠥᠮᠦᠨ ᠪᠣᠯᠣᠭᠰᠠᠨ ᠪᠠᠶᠢᠨ᠎ᠠ᠃        ᠢᠰᠡᠭᠡᠶ ᠰᠢᠷᠢᠮᠡᠯ ᠢ ᠣᠷᠠᠯᠠᠬᠤ ᠳᠤ ᠲᠤᠩ ᠬᠦᠴᠢᠷ ᠬᠡᠵᠣ ᠬᠦᠮᠣᠰ ᠶᠠᠷᠢᠳᠠᠭ᠃ ᠤᠴᠢᠷ ᠨᠢ ᠲᠡᠭᠦᠨ ᠢ ᠵᠥᠭᠡᠯᠡᠨ ᠪᠥᠰ‌‍ᠲ᠋ᠡᠭᠡᠷ᠎ᠡ ᠬᠠᠳᠬᠤᠵᠤ ᠪᠣᠯᠬᠤ ᠪᠠᠷ ᠪᠠᠷᠠᠬᠤ ᠥᠬᠡᠶ ᠪᠠᠰᠠ ᠲᠡᠮᠡᠭᠡᠨ  ᠣᠩᠭᠠᠰᠣᠨ  ᠣᠳᠠᠰᠣ᠂  ᠦᠬᠡᠷ  ᠎ ᠤᠨ  ᠰᠢᠷᠪᠥᠰᠥ  ᠵᠡᠷᠭᠡ‌‍ᠪᠦ᠋ᠳᠦᠭᠦᠨ ᠤᠲᠠᠰᠤ ᠪᠠᠷ ᠢᠰᠡᠭᠡᠶ᠂ ᠠᠷᠠᠰᠤᠨ ᠭᠤᠲᠤᠯ ᠵᠡᠷᠭᠡ ᠬᠠᠲᠠᠭᠤ ᠪᠠᠷᠠᠭᠠᠨ ᠳᠡᠭᠡᠷ᠎ᠡ ᠰᠢᠷᠢᠵᠦ ᠪᠣᠯᠳᠠᠭ᠃  ᠡᠶᠢᠮᠦ  ᠡᠴᠡ‌‍ᠰᠢᠷᠢᠮᠡᠯᠴᠢᠨ ᠪᠦᠰᠡᠭᠦᠶᠢᠴᠤᠳ ᠤᠨ ᠬᠤᠷᠤᠭᠤᠪᠴᠢ ᠨᠢ ᠬᠦᠷᠲᠡᠯ᠎ᠡ ᠡ᠊ᠩ ᠤᠨ ᠬᠤᠷᠤᠭᠤᠪᠴᠢ ᠲᠠᠢ ᠠᠳᠠᠯᠢ ᠥᠬᠡᠶ ᠠᠵᠠᠢ᠃        ᠴᠢᠩᠭ᠎ᠠ ᠴᠢᠮᠪᠠᠢ ᠬᠡᠪ ᠨᠠᠮᠪᠠ ᠨᠢ ᠲᠡᠬᠦᠨ ᠤ ᠨᠥᠭᠦᠭᠡ ᠨᠢᠭᠡ ᠢᠯᠡ ᠲᠣᠳᠣ ᠣᠨᠴᠠᠯᠢᠭ ᠪᠦᠭᠡᠳ‌ᠡᠨᠡ ᠨᠢ ᠮᠦᠨᠴᠤ ᠡᠩ‌‍ᠦᠨ ᠬᠥᠮᠦᠰ ᠤᠨ ᠢᠰᠡᠭᠡᠶ ᠰᠢᠷᠢᠮᠡᠯ ᠤᠨ ᠲᠤᠬᠠᠶ ᠬᠠᠮᠤᠭ ᠤᠨ ᠰᠢᠭᠤᠳ ᠤᠶᠢᠯᠠᠭᠠᠯᠲᠠ‌‍ᠪᠣᠯᠤᠨ᠎ᠠ᠃ ᠮᠣᠩᠭᠤᠯ ᠦᠨᠳᠦᠰᠦᠲᠡᠨ  ‍ᠦ‌ᠬᠠᠳᠬᠤᠮᠠᠯ ᠤᠨ ᠤᠷᠠᠯᠢᠭ ᠨᠢ ᠲᠥᠪ ᠶᠡᠬᠡᠮᠰᠦᠭ ᠪᠠ ᠪᠣᠷᠣᠭᠵᠢᠭᠤᠨ ᠢᠶᠠᠷ ᠢᠶᠠᠨ ᠪᠣᠰᠣᠳ ᠬᠠᠳᠬᠤᠮᠠᠯ ᠠᠴᠠ  ᠤᠨᠴᠠᠯᠢᠭᠳᠠᠵᠦ᠂ᠤᠷᠠᠨ ᠠᠮᠢᠳᠤᠯᠢᠭ ᠬᠳᠬᠤᠬᠤ ᠠᠷᠭ᠎ᠠ᠂ ᠬᠤᠷᠴᠠ ᠲᠣᠳᠣ ᠵᠢᠷᠤᠭᠠᠰᠤ ᠲᠦᠯᠦᠪ᠂ ᠨᠠᠷᠢᠯᠢᠭ ᠮᠥᠷᠲᠡᠭᠡᠨ  ᠤᠮᠤᠭᠯᠠᠩ  ᠰᠦᠷᠯᠢᠭ‌ᠬᠠᠳᠬᠤᠮᠠᠯ  ᠤᠨ ᠪᠠᠭᠠᠵᠢ ᠨᠢ ᠢᠯᠡ ᠲᠣᠳᠣ ᠦᠨᠳᠦᠰᠦᠲᠡᠨ ᠤ ᠥᠩᠭᠡ ᠪᠤᠳᠤᠭ ᠬᠠᠳᠠᠭᠠᠯᠠᠭᠳᠠᠨ᠎ᠠ᠃        ᠢᠰᠡᠭᠡᠢ ᠰᠢᠷᠢᠮᠡᠯ ᠨᠢ ᠰᠣᠶᠣᠯ ᠤᠨ ᠪᠠ ᠠᠵᠤ ᠠᠬᠤᠢ ᠶᠢᠨ ᠦᠨ᠎ᠡ ᠦᠷᠳᠡᠭ ᠲᠠᠢ ᠪᠠᠷ ᠪᠠᠷᠠᠬᠤ ᠦᠭᠡᠢ᠂ ᠪᠠᠰᠠ ᠠᠮᠢ‌ᠠᠬᠤᠢ ᠶᠢᠨ ᠦᠨ᠎ᠡ ᠦᠷᠳᠡᠭ ᠲᠠᠢ ᠪᠠᠶᠢᠵᠤ᠂ ᠢᠰᠡᠭᠡᠢ ᠴᠢᠮᠡᠭᠯᠡᠬᠦ ᠠᠷᠭ᠎ᠠ᠂ ᠬᠡᠷᠡᠭᠯᠡᠬᠦ ᠪᠠᠭᠠᠵᠢ᠂ ᠢᠰᠡᠭᠡᠢ ᠶᠢᠨ ᠬᠡᠷᠡᠭᠴᠡᠭᠡ ᠵᠡᠷᠭᠡ‌‍ᠲ᠋ᠠᠯ᠎ᠠ ᠪᠠᠷ ᠢᠯᠡᠷᠡᠵᠦ᠂ ᠲᠡᠭᠦᠨ ᠤ ᠬᠥᠭᠵᠢᠯᠲᠡ ᠨᠢ ᠨᠢᠭᠡ ᠦᠨᠳᠦᠰᠦᠲᠡᠨ ᠪᠠ ᠨᠢᠭᠡ ᠴᠠᠭ ᠦᠶ᠎ᠡ ᠶᠢᠨ  ᠲᠡᠦᠬᠡ  ᠰᠣᠶᠣᠯ  ᠪᠠ‌ᠤᠶᠤᠨ ᠰᠠᠨᠠᠭᠠᠨ ᠤ ᠢᠲᠡᠭᠡᠯ ᠪᠢᠰᠢᠷᠡᠯ ᠢ ᠠᠴᠢᠶᠠᠯᠠᠵᠤ ᠪᠠᠶᠢᠳᠠᠭ᠃        ᠮᠣᠩᠭᠤᠯ ᠦᠨᠳᠦᠰᠦᠲᠡᠨ ᠤ ᠢᠰᠡᠭᠡᠢ ᠰᠢᠷᠢᠮᠡᠯ ᠨᠢ ᠴᠦ ᠵᠣᠭᠰᠣᠩᠭᠤᠶᠢᠷᠠᠭᠰᠠᠨ ᠴᠠᠭ ᠦᠶ᠎ᠡ  ᠎ ᠶᠢ  ᠦᠩᠭᠡᠷᠡᠬᠦᠯᠵᠠᠢ᠃ᠴᠠᠭ ᠦᠶ᠎ᠡ ᠶᠢᠨ ᠲᠠᠪᠰᠢᠯᠳᠠ ᠪᠠ ᠠᠮᠢᠳᠤᠷᠠᠯ ᠤᠨ ᠲᠦᠪᠰᠢᠨ ᠳᠡᠭᠡᠭᠰᠢᠯᠡᠭᠰᠡᠨ ᠠᠴᠠ ᠨᠡᠭᠦᠳᠡᠯᠴᠢᠨ ᠦᠨᠳᠦᠰᠦᠲᠡᠨ ᠤ ᠠᠮᠢᠳᠣᠷᠠᠯ‌‍ᠪᠠ ᠦᠢᠯᠡᠳᠪᠦᠷᠢᠯᠡᠯ ᠤᠨ ᠠᠷᠭ᠎ᠠ ᠮᠠᠶ᠋ᠢᠭ ᠮᠠᠰᠢ ᠶᠡᠭᠡ ᠬᠤᠪᠢᠷᠠᠯᠲᠠ  ᠭᠠᠷᠴᠤ᠂  ᠮᠣᠩᠭᠤᠯ  ᠦᠨᠳᠦᠰᠦᠲᠡᠨ  ᠎ ᠤ  ᠤᠯᠠᠮᠵᠢᠯᠠᠯᠲᠤ‌ᠢᠰᠡᠭᠡᠢ ᠰᠢᠷᠢᠮᠡᠯ ᠢ ᠪᠠᠭᠲᠠᠭᠠᠭᠰᠠᠨ ᠮᠠᠰᠢ ᠤᠯᠠᠨ ᠰᠢᠯᠢᠳᠡᠭ ᠤᠯᠠᠮᠵᠢᠯᠠᠯᠲᠤ ᠭᠠᠷ ᠤᠷᠠᠯᠠᠯ ᠨᠢ ᠬᠥᠮᠦᠰ ᠤᠨ  ᠠᠮᠢᠳᠤᠷᠠᠯ   ᠡᠴᠠ‌ᠠᠭᠠᠵᠢᠮ ᠢᠶᠠᠷ ᠰᠠᠯᠣᠩᠬᠢᠷᠠᠭᠰᠠᠨ ᠪᠠᠶᠢᠨ᠎ᠠ᠃        ᠵᠠᠬ᠎ᠠ ᠳᠡᠯᠭᠡᠭᠦᠷ ᠳᠡᠭᠡᠷᠡᠬᠢ ᠤᠯᠠᠮᠵᠢᠯᠠᠯᠲᠤ ᠭᠠᠷ ᠤᠷᠠᠯᠠᠯ ᠤᠨ ᠪᠦᠲᠦᠭᠡᠭᠳᠡᠬᠦᠨ᠂ ᠦᠨᠳᠦᠰᠦᠲᠡᠨ ᠎ ᠤ  ᠳᠤᠷᠠᠰᠬᠠᠯ  ‍ᠤᠨ‌‍ᠪᠦ᠋ᠲᠦᠭᠡᠭᠳᠡᠬᠦᠨ ᠤ ᠣᠯᠠᠩᠬᠢ ᠨᠢ ᠣᠳᠣ ᠦᠶ᠎ᠡ ᠶᠢᠨ ᠬᠥᠮᠦᠰ ᠤᠨ ᠭᠤᠸ᠎ᠠ ᠲᠠᠭᠠᠰᠢᠶᠠᠯ ᠤᠨ ᠦᠵᠡᠯᠲᠡ  ᠪᠠ  ᠬᠡᠷᠡᠭᠴᠡᠭᠡ  ᠳ᠋ᠦ‌ᠨᠡᠶᠢᠴᠡᠬᠦ ᠦᠭᠡᠶ ᠪᠣᠯᠵᠤ᠂ ᠢᠰᠡᠭᠡᠶ ᠰᠢᠷᠢᠮᠡᠯ ᠨᠢ ᠨᠠᠩ ᠣᠯᠠᠨ ᠠᠴᠢᠶᠠᠯᠠᠭᠴᠢ ᠬᠡᠷᠡᠭᠰᠡᠮᠡᠨᠵᠢᠨ ᠰᠠᠶ᠋ᠢ ᠤᠯᠠᠮᠵᠢᠯᠠᠯᠲᠤ ᠭᠠᠷ ᠤᠷᠠᠯᠠᠯ‌‍ᠤᠨ ᠵᠠᠯᠭᠠᠮᠵᠢᠯᠠᠯ ᠪᠠ ᠬᠥᠭᠵᠢᠯᠲᠡ ᠶᠢ ᠪᠡᠶᠡᠯᠡᠭᠦᠯᠦᠨ᠎ᠡ᠃        ᠡᠨᠡ ᠬᠦ ᠦᠵᠡᠭᠳᠡᠯ ᠢ ᠰᠦᠨᠢᠳᠴᠤᠤᠯ ᠮᠠᠰᠢ ᠴᠢᠬᠤᠯᠠᠴᠢᠯᠠᠨ ᠦᠵᠡᠵᠦ᠂  ᠢᠰᠡᠭᠡᠢ  ᠰᠢᠷᠢᠮᠡᠯ  ᠎ ᠢ  ᠬᠠᠮᠠᠭᠠᠯᠠᠬᠤ  ᠪᠠ‌ᠵᠠᠯᠭᠠᠮᠵᠢᠯᠠᠨ ᠬᠥᠭᠵᠢᠭᠦᠯᠬᠦ ᠠᠵᠢᠯ ᠳᠤ ᠮᠠᠰᠢ ᠤᠯᠠᠨ ᠴᠢᠷᠮᠠᠶᠢᠯᠭ᠎ᠠ ᠭᠠᠷᠭᠠᠵᠤ᠂ ᠢᠰᠡᠭᠡᠶ‌‍ᠰᠢᠷᠢᠮᠡᠯ  ᠎ ᠢ  ᠢᠯᠡ  ᠲᠣᠳᠣ  ᠣᠨᠴᠠᠯᠢᠭ‌‍ᠪᠥ᠋ᠬᠦᠶ ᠮᠣᠩᠭᠤᠯ ᠦᠨᠳᠦᠰᠦᠲᠡᠨ ᠤ ᠭᠠᠷ ᠤᠷᠠᠯᠠᠯ ᠤᠨ ᠳᠠᠭᠠᠭᠤᠯᠤᠭᠴᠢ ᠪᠣᠯᠭᠠᠬᠤ ᠪᠠᠷ ᠵᠣᠷᠢᠭ ᠰᠢᠭᠤᠳᠤᠭᠰᠠᠨ ᠪᠠᠶᠢᠨ᠎ᠠ᠃         ᠣᠳᠣᠬᠠᠨ ᠳᠤ᠂ ᠰᠥᠨᠢᠳ ᠤᠨ ᠮᠣᠩᠭᠤᠯ ᠭᠡᠷ ᠤᠨ ᠢᠰᠡᠭᠡᠢ ᠰᠢᠷᠢᠮᠡᠯ᠂ ᠢᠰᠡᠭᠡᠢ  ᠡᠮᠤᠰᠭᠡᠯ᠂  ᠢᠰᠡᠭᠡᠢ  ᠭᠤᠲᠤᠯ᠂ᠡᠮᠡᠭᠡᠯ ᠤᠨ ᠲᠤᠬᠤᠮ᠂ ᠲᠡᠮᠡᠭᠡᠨ ᠲᠤᠬᠤᠰᠢ ᠵᠡᠷᠭᠡ ᠢᠰᠡᠭᠡᠢ ᠰᠢᠷᠢᠮᠡᠯ ᠤᠨ ᠪᠦᠲᠦᠭᠡᠯ ᠵᠠᠯᠭ᠎ᠠ ᠵᠠᠯᠭ᠎ᠠ ᠪᠠᠷ ᠭᠠᠷᠴᠤ᠂  ᠰᠢᠨ᠎ᠡ  ᠪᠡᠷ‌ᠡᠭᠦᠳᠦᠭᠰᠡᠨ ᠲᠡᠪᠡᠷᠢ ᠳᠡᠷ᠎ᠡ᠂ ᠱᠠᠹᠠ  ᠎ ᠶᠢᠨ  ᠳᠡᠪᠢᠰᠬᠡᠷ᠂  ᠭᠠᠷ  ᠤᠲᠠᠰᠤᠨ  ᠎ ᠤ  ᠳᠤᠭᠲᠤᠢ᠂  ᠺᠣᠮᠫᠢᠦ᠋ᠲ᠋ᠧᠷ  ᠲᠧᠯᠸᠢᠰ  ‍ᠦᠨ‌‍ᠪᠦ᠋ᠲᠡᠭᠡᠯᠭᠡ᠂ ᠪᠣᠭᠴᠣ᠂ ᠪᠢᠷ ᠤᠨ ᠲᠦᠩᠰᠡ ᠵᠡᠷᠭᠡ ᠡᠭᠦᠰᠦᠮᠡᠯ ᠡᠳ᠋ ᠨᠢ ᠥᠪᠥᠷ ᠮᠣᠩᠭᠤᠯ ᠤᠨ ᠢᠰᠡᠭᠡᠢ ᠰᠢᠷᠢᠮᠡᠯ ᠤᠨ ᠨᠡᠷ᠎ᠡ ᠵᠢ‌ᠮᠠᠨᠳᠣᠭᠤᠯᠣᠭᠰᠠᠨ ᠪᠠᠶᠢᠨ᠎ᠠ᠃ ᠡᠷᠲᠡᠨ ᠤ ᠰᠦᠨᠢᠳ ᠤᠨ ᠢᠰᠡᠭᠡᠢ ᠰᠢᠷᠢᠮᠡᠯ ᠤᠨ ᠤᠷ᠎ᠠ ᠮᠡᠷᠭᠡᠵᠢᠯ  ᠎ ᠨᠢ  ᠬᠦᠮᠣᠰ  ᠎ ᠤᠨ  ᠡᠮᠣᠨ᠎ᠡ‌‍ᠲ᠋ᠠᠬᠢᠨ ᠨᠢᠭᠡ ᠤᠳᠠᠭ᠎ᠠ ᠢᠯᠡᠷᠡᠭᠰᠡᠨ ᠪᠦᠭᠡᠳ ᠠᠭᠠᠵᠢᠮ ᠢᠶᠠᠷ ᠳᠡᠯᠭᠡᠷᠡᠵᠦ ᠡᠬᠢᠯᠡᠪᠡ᠃        ᠰᠥᠨᠢᠳ ᠤᠨ ᠢᠰᠡᠭᠡᠢ ᠰᠢᠷᠢᠮᠡᠯ ᠤᠨ ᠭᠠᠷ ᠤᠷᠠᠯᠠᠯ ᠨᠢ ᠠᠴᠢᠶᠠᠯᠠᠭᠴᠢ ᠪᠤᠶᠤ  ᠰᠢᠷᠢᠮᠡᠯ  ᠎ ᠤᠨ  ᠬᠡᠪ  ᠨᠠᠮᠪᠠ  ᠭᠡᠰᠡᠨ‌ᠦᠭᠡᠢ ᠴᠦᠮ ᠨᠡᠭᠦᠳᠡᠯᠴᠢᠨ ᠦᠨᠳᠦᠰᠦᠲᠡᠨ ᠤ ᠣᠨᠴᠠᠯᠢᠭ ᠢᠶᠠᠷ ᠲᠤᠩ ᠴᠢᠩᠭ᠎ᠠ ᠴᠢᠮᠪᠠᠢ ᠬᠠᠷᠠᠭᠳᠠᠨ᠎ᠠ᠃        ᠮᠦᠩᠭᠦᠨᠴᠠᠴᠡᠭ ᠰᠥᠨᠢᠳ ᠵᠡᠭᠦᠨ ᠬᠤᠰᠢᠭᠤᠨ ᠤ ᠰᠠᠶᠢᠬᠠᠨ ᠭᠤᠪᠢ ᠰᠤᠮᠤᠨ ᠳᠤ ᠲᠦᠷᠦᠵᠤ᠂ ᠪᠠᠭ᠎ᠠ ᠠᠴᠠ ᠪᠠᠨ ᠡᠵᠢ‌ᠡᠴᠡ ᠪᠠᠨ ᠢᠰᠡᠭᠡᠢ ᠰᠢᠷᠢᠮᠡᠯ ᠰᠤᠷᠴᠤ᠂ ᠭᠡᠷ ᠪᠦᠯᠢ ᠶᠢᠨ ᠤᠯᠠᠮᠵᠢᠯᠠᠯ ᠤᠨ ᠬᠡᠯᠪᠡᠷᠢ ᠪᠠᠷ ᠰᠢᠯᠢ ᠶᠢᠨ ᠭᠤᠣᠯ ᠤᠨ ᠲᠠᠯ᠎ᠠ ᠨᠤᠲᠤᠭ‌‍ᠤᠨ ᠮᠣᠩᠭᠤᠯ  ᠦᠨᠳᠦᠰᠦᠲᠡᠨ  ᠎ ᠤ  ᠤᠯᠠᠮᠵᠢᠯᠠᠯᠲᠤ  ᠢᠰᠡᠭᠡᠢ  ᠰᠢᠷᠢᠮᠡᠯ  ᠎ ᠤᠨ  ᠤᠷ᠎ᠠ  ᠮᠡᠷᠭᠡᠵᠢᠯ  ᠎ ᠢ  ᠰᠢᠰᠲ᠋ᠧᠮ  ᠎ ᠲᠠᠢ  ᠪᠡᠷ‌ᠤᠯᠠᠮᠵᠢᠯᠠᠵᠠᠢ᠃ 2017 ᠣᠨ ᠤ 12 ᠰᠠᠷ᠎ᠠ ᠶᠢᠨ 28᠎ ᠤ ᠡᠳᠦᠷ᠂ ᠰᠣᠶᠣᠯ ᠤᠨ ᠶᠠᠮᠤᠨ ᠲᠠᠪᠤᠳᠤᠭᠠᠷ ᠪᠦᠯᠦᠭ ᠎ ᠤᠨ ᠤᠯᠤᠰ‌‍ᠤᠨ ᠪᠣᠳᠠᠰ ᠤᠨ ᠪ᠊ ᠪᠤᠰᠤ ᠰᠣᠶᠣᠯ ᠤᠨ ᠥᠪ  ᠎ ᠤᠨ  ᠲᠥᠷᠥᠯ  ᠵᠦᠶᠯ  ᠎ ᠤᠨ  ᠲᠥᠯᠥᠭᠡᠯᠡᠬᠦ  ᠴᠢᠨᠠᠷᠲᠠᠶ  ᠤᠯᠠᠮᠵᠢᠯᠠᠭᠴᠢ  ᠵᠢᠨ‌‍ᠲ᠋ᠠᠨᠢᠯᠴᠠᠭᠤᠯᠬᠤ ᠨᠡᠷᠡᠰ ᠢ ᠵᠠᠷᠯᠠᠨ  ᠨᠡᠶᠢᠲᠡᠯᠡᠵᠦ᠂  ᠮᠦᠩᠭᠦᠨᠴᠠᠴᠡᠭ  ᠎ ᠤᠨ  ᠮᠣᠩᠭᠤᠯ  ᠦᠨᠳᠦᠰᠦᠲᠡᠨ  ᠎ ᠤ  ᠨᠠᠷᠢᠯᠢᠭ  ᠰᠠᠶᠢᠬᠠᠨ‌ᠬᠠᠳᠬᠤᠮᠠᠯ ︵ᠢᠰᠡᠭᠡᠶ ᠰᠢᠷᠢᠮᠡᠯ ᠤᠨ ᠤᠷ᠎ᠠ ᠮᠡᠷᠭᠡᠰᠢᠯ︶᠎ ᠤᠨ ᠭᠠᠷ ᠤᠷᠠᠯᠠᠯ ᠎ ᠢ ᠤᠯᠤᠰ  ᠎ ᠤᠨ  ᠲᠠᠰ  ᠎ ᠤᠨ  ᠤᠯᠠᠮᠵᠢᠯᠠᠭᠴᠢ  ᠪᠠᠷ‌‍ᠰᠤᠩᠭᠤᠨ ᠳᠡᠪᠰᠢᠭᠦᠯᠵᠠᠢ᠃        ᠲᠡᠭᠦᠨ ᠤ ᠤᠷ᠎ᠠ ᠮᠡᠷᠭᠡᠵᠢᠯ ᠎ ᠨᠢ ᠰᠥᠨᠢᠳ ᠤᠨ ᠢᠰᠡᠭᠡᠢ ᠰᠢᠷᠢᠮᠡᠯ ᠤᠨ ᠤᠷ᠎ᠠ ᠮᠡᠷᠭᠡᠵᠢᠯ ᠢ ᠡᠵᠡᠮᠰᠢᠭᠰᠡᠨ ᠬᠥᠮᠦᠰ  ‍ᠦᠨ‌‍ᠲ᠋ᠤᠮᠳᠠ ᠲᠥᠯᠥᠭᠡᠯᠡᠬᠦ ᠴᠢᠨᠠᠷ ᠪᠠ ᠥᠷᠭᠡᠨ ᠳᠡᠯᠭᠡᠷ ᠨᠥᠯᠥᠭᠡᠯᠡᠬᠦ ᠬᠦᠴᠦᠨ ᠲᠠᠢ ᠶᠤᠮ᠃ ᠤᠷᠳᠤ ᠬᠤᠭᠤᠴᠠᠭᠠᠨ ᠤ  ᠬᠠᠮᠠᠭᠠᠯᠠᠬᠤ‌‍ᠪᠠ ᠤᠯᠠᠮᠵᠢᠯᠠᠨ ᠵᠠᠯᠭᠠᠮᠵᠢᠯᠠᠬᠤ ᠠᠵᠢᠯ ᠤᠨ ᠳᠤᠮᠳᠠ᠂ ᠮᠦᠩᠭᠦᠨᠴᠠᠴᠡᠭ ᠮᠣᠩᠭᠤᠯ ᠦᠨᠳᠦᠰᠦᠲᠡᠨ ᠤ ᠬᠠᠳᠬᠤᠮᠠᠯ ᠤᠨ ᠵᠠᠩᠭᠢᠯᠠᠭ᠎ᠠ‌‍ᠶᠢᠨ ᠴᠢᠨᠠᠷᠲᠠᠢ ᠭᠠᠷ ᠤᠷᠠᠯᠠᠯ ᠤᠨ ᠮᠡᠷᠭᠡᠵᠢᠯ ᠪᠠ ᠡᠯ᠎ᠡ ᠵᠣᠶᠢᠯ ᠤᠨ ᠬᠠᠳᠬᠤᠮᠠᠯ ᠣᠶᠣᠬᠤ  ᠠᠷᠭ᠎ᠠ  ᠎ ᠶᠢ  ᠡᠵᠡᠮᠰᠢᠵᠦ᠂  ᠭᠤᠴᠣ‌‍ᠰᠠᠶᠢᠬᠠᠨ ᠦᠨᠳᠦᠰᠦᠲᠡᠨ ᠤ ᠵᠢᠷᠤᠭ ᠳᠦᠷᠰᠦ ᠪᠠᠷ ᠲᠠᠯ᠎ᠠ ᠨᠤᠲᠤᠭ ᠤᠨ ᠦᠨᠳᠦᠰᠦᠲᠡᠨ ᠤ ᠤᠯᠠᠮᠵᠢᠯᠠᠯᠲᠤ ᠰᠣᠶᠣᠯ ᠪᠠ  ᠭᠤᠸ᠎ᠠ‌‍ᠲ᠋ᠠᠭᠠᠰᠢᠶᠠᠯ ᠤᠨ ᠳᠤᠷ᠎ᠠ ᠰᠣᠨᠢᠷᠬᠠᠯ ᠢ ᠳᠡᠯᠭᠡᠨ ᠦᠵᠡᠭᠦᠯᠵᠦ᠂ ᠥᠪᠡᠷ ᠤᠨ ᠤᠷ᠎ᠠ ᠮᠡᠷᠭᠡᠵᠢᠯ ᠤᠨ ᠣᠨᠴᠠᠯᠢᠭ  ᠪᠠ  ᠥᠪᠡᠷᠮᠢᠴᠡ‌‍ᠬᠡᠪ ᠨᠠᠮᠪᠠ ᠶᠢ ᠪᠦᠷᠢᠯᠳᠦᠭᠦᠯᠵᠡᠢ᠃        ᠵᠠᠯᠭᠠᠮᠵᠢᠯᠠᠬᠤ ᠠᠵᠢᠯ ᠳᠤ ᠬᠠᠯᠠᠭᠤᠨ ᠰᠡᠳᠬᠢᠯ  ᠎ ᠲᠠᠢ  ᠪᠠᠶᠢᠵᠣ᠂  ᠵᠢᠯ  ᠪᠦᠷᠢ  ᠨᠢᠭᠡ  ᠪᠦᠯᠦᠭ  ᠢᠰᠡᠭᠡᠢ  ᠰᠢᠷᠢᠮᠡᠯ‌‍ᠪᠦ᠋ᠲᠦᠭᠡᠯ ᠢ ᠦᠢᠯᠡᠳᠴᠦ ᠡᠯ᠎ᠡ ᠵᠦᠢᠯ ᠤᠨ ᠤᠷᠤᠯᠳᠤᠭᠠᠨ ᠳᠤ ᠣᠷᠣᠯᠴᠠᠳᠠᠭ ᠪᠥᠭᠡᠳ ᠤᠯᠤᠰ ᠤᠨ  ᠳᠣᠲᠣᠭᠠᠳᠤ  ᠭᠠᠳᠠᠭᠠᠳᠤ‌‍ᠶᠢᠨ ᠪᠣᠳᠠᠰ ᠎ ᠤᠨ ᠪᠤᠰᠤ ᠰᠣᠶᠣᠯ ᠤᠨ ᠥᠪ ᠤᠨ ᠦᠵᠡᠰᠬᠦᠯᠡᠩ ᠳᠤ ᠣᠯᠠᠨ ᠤᠳᠠᠭ᠎ᠠ ᠣᠷᠣᠯᠴᠠᠵᠣ᠂ ᠲᠡᠭᠦᠨ ᠤ ᠪᠦᠳᠦᠭᠡᠯ  ᠨᠢ‌ᠠᠵᠢᠯ ᠲᠦᠷᠦᠯ ᠤᠨ ᠬᠢᠨ ᠵᠢᠴᠢ ᠨᠡᠶᠢᠭᠡᠮ ᠳᠤ ᠮᠡᠳᠡᠷᠡᠭᠳᠡᠭᠰᠡᠨ ᠲᠥᠯᠥᠭᠡᠯᠡᠬᠦ ᠴᠢᠨᠠᠷᠲᠠᠢ ᠪᠦᠲᠦᠭᠡᠯ ᠪᠣᠯᠤᠭᠰᠠᠨ ᠪᠠᠶᠢᠨ᠎ᠠ᠃  ᠲᠡᠷᠡ‌ᠢᠰᠡᠭᠡᠶ ᠰᠢᠷᠢᠮᠡᠯ ᠤᠨ ᠤᠷ᠎ᠠ ᠮᠡᠷᠭᠡᠵᠢᠯ ᠢ ᠥᠬᠢᠨ ᠲᠦᠭᠡᠶᠢᠮ᠎ᠠ ᠳᠠᠭᠠᠨ ᠤᠯᠠᠮᠵᠢᠯᠠᠨ ᠥᠭᠴᠦ᠂ ᠥᠬᠢᠨ ᠨᠢ  2013  ᠣᠨ‌‍ᠳᠤ ᠪᠡᠭᠡᠵᠢᠩ ᠤᠨ 《ᠠᠽᠢᠶ᠎ᠠ ᠲᠢᠪ ᠤᠨ ᠳᠡᠰ ᠠᠴᠠ ᠳᠠᠪᠠᠭᠰᠠᠨ ᠣᠳᠣᠨ ᠰᠣᠳᠣᠨ ᠣᠯᠠᠨ ᠤᠯᠤᠰ ᠤᠨ  ᠰᠣᠶᠣᠯ  ᠤᠷᠠᠯᠢᠭ‌‍ᠤᠨ ᠰᠣᠯᠢᠯᠴᠠᠭᠠᠨ ᠤ ᠠᠵᠢᠯᠯᠠᠭ᠎ᠠ》᠎ ᠳᠤ ᠣᠷᠣᠯᠴᠠᠵᠤ᠂ ᠭᠠᠷ ᠤᠷᠠᠯᠠᠯ ‍ᠤᠨ‌ᠣᠨᠴᠠ ᠱᠠᠩᠨᠠᠯ ᠭᠥᠷᠳᠡᠪᠡ᠃
           
       
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号