ᠮᠤᠩᠭᠤᠯᠴᠤᠳ ︽ᠱᠠᠭᠠᠵᠠᠭᠠᠢ ᠱᠠᠬᠰᠢᠪᠠᠯ ᠰᠠᠶᠢᠨ ᠴᠢᠮᠡᠭᠡ ᠰᠤᠨᠤᠰᠤᠨ᠎ᠠ︕︾ ᠬᠡᠵᠦ᠂ ᠮᠤᠷᠢᠨ ᠪᠤᠯᠠᠭᠠᠨ ᠲᠡᠬᠡᠷ᠎ᠠ ᠱᠠᠭᠠᠵᠠᠭᠠᠢ ᠰᠠᠭᠤᠵᠤ | ᠱᠠᠬᠰᠢᠬᠤ ᠪᠤᠶᠤ ᠦᠳᠡ ᠶᠢᠨ ᠦᠶ᠎ᠡ ᠳᠤ ᠱᠠᠬᠰᠢᠪᠠᠯ ︽ᠠᠯᠤᠰ ᠠᠴᠠ ᠵᠤᠴᠢᠨ ᠢᠷᠡᠨ᠎ᠡ︕︾ ᠬᠡᠳᠡᠭ᠃ | ᠱᠠᠭᠠᠵᠠᠭᠠᠢ ᠶᠢᠨ ᠰᠡᠬᠦᠯ ᠬᠠᠮᠢᠭᠠᠰᠢ ᠪᠠᠨ ᠬᠠᠨᠳᠤᠵᠤ ᠪᠠᠶᠢᠪᠠᠯ ᠲᠡᠷᠡ ᠵᠦᠭ ᠠᠴᠠ ᠵᠤᠴᠢᠨ ᠢᠷᠡᠨ᠎ᠡ᠂ | ᠱᠠᠭᠠᠵᠠᠭᠠᠢ ᠶᠢᠨ ᠲᠤᠯᠤᠭᠠᠢ ᠬᠡᠷ ᠵᠦᠭ ᠬᠠᠨᠳᠤᠵᠤ ᠪᠠᠶᠢᠬᠤ ᠶᠢ ᠭᠠᠳᠠᠬᠰᠢ ᠶᠠᠪᠤᠬᠰᠠᠨ ᠬᠦᠮᠦᠨ ᠬᠠᠷᠢᠵᠦ ᠢᠷᠡᠬᠦ ᠶᠢᠨ ᠪᠡᠯᠬᠡᠳᠡᠯ ᠬᠡᠳᠡᠭ᠃ | ᠤᠢᠢᠷᠠᠳᠴᠤᠳ ᠨᠠᠷᠠ ᠭᠠᠷᠬᠤ ᠶᠢᠨ ᠡᠮᠦᠨ᠎ᠡ ᠱᠠᠭᠠᠵᠠᠭᠠᠢ ᠱᠠᠬᠰᠢᠪᠠᠯ ︽ᠤᠯᠠᠭ᠎ᠠ ᠭᠠᠷᠤᠨ᠎ᠠ︕︾᠂ ᠦᠳᠡ ᠶᠢᠨ | ᠦᠶ᠎ᠡ ᠳᠤ ᠱᠠᠬᠰᠢᠪᠠᠯ ︽ᠬᠡᠶᠢᠴᠢᠨ ᠢᠷᠡᠨ᠎ᠡ︕ ᠰᠦᠨᠢ ᠱᠠᠬᠰᠢᠪᠠᠯ ︽ᠡᠪᠡᠳᠴᠢᠨ ᠵᠤᠪᠠᠯᠠᠩ ᠤᠷᠢᠶᠠᠨ᠎ᠠ︕︾ ᠬᠡᠳᠡᠭ᠃ ᠲᠡᠷᠡ | ᠮᠦᠷᠳᠡᠬᠡᠨ ᠪᠠᠶᠢᠭᠠᠯᠢ ᠴᠠᠭ ᠠᠭᠤᠷ ᠲᠠᠢ ᠬᠤᠯᠪᠤᠬᠳᠠᠭᠤᠯᠤᠨ ᠱᠠᠭᠠᠵᠠᠭᠠᠢ ᠶᠢᠨ ᠦᠢᠯᠡ ᠬᠦᠳᠡᠯᠬᠡᠬᠡᠨ ᠢ ᠨᠠᠷᠢᠨ | ᠠᠵᠢᠬᠯᠠᠨ ᠰᠢᠨᠵᠢᠯᠡᠭᠰᠡᠨ ᠪᠠᠶᠢᠳᠠᠭ᠃ ᠲᠤᠬᠠᠢᠢᠯᠠᠪᠠᠯ ︽ᠵᠤᠨ ᠤ ᠤᠯᠠᠷᠢᠯ ᠳᠤ ᠱᠠᠭᠠᠵᠠᠭᠠᠢ ᠤᠯᠠᠨ ᠱᠠᠬᠰᠢᠪᠠᠯ ᠬᠤᠷ᠎ᠠ | ᠪᠤᠷᠤᠭᠠᠨ ᠡᠯᠪᠡᠭᠰᠢᠨ᠎ᠡ᠃ ᠡᠪᠤᠯ ᠡᠬᠦᠷ ᠵᠦᠭ ᠢᠶᠠᠨ ᠴᠦᠪᠦᠳᠡᠯ ᠤᠯᠠᠨ ᠵᠦᠬᠡᠬᠡᠪᠡᠯ ᠲᠡᠭᠷᠢ ᠬᠦᠢᠳᠡᠷᠡᠨ᠎ᠡ᠂ ᠬᠠᠪᠤᠷ | ᠡᠬᠦᠷ ᠢᠶᠠᠨ ᠲᠡᠬᠡᠭᠰᠢ ᠬᠠᠨᠳᠤᠭᠤᠯᠵᠤ ᠪᠠᠷᠢᠵᠦ ᠪᠠᠶᠢᠪᠠᠯ ᠭᠠᠩ ᠵᠢᠯ ᠪᠤᠯᠤᠨ᠎ᠠ᠂ ᠬᠠᠵᠠᠭᠤ ᠲᠡᠰᠢ ᠪᠠᠨ | ᠬᠠᠨᠳᠤᠭᠤᠯᠤᠨ ᠪᠠᠷᠢᠵᠤ ᠪᠠᠶᠢᠪᠠᠯ ᠪᠤᠷᠤᠭᠠᠨ ᠡᠯᠪᠡᠭ ᠵᠢᠯ ᠪᠤᠯᠤᠨ᠎ᠠ︕︾ ᠬᠡᠬᠦ ᠪᠤᠶᠤ ᠱᠠᠭᠠᠵᠠᠭᠠᠢ | ︽ᠮᠦᠰᠦᠨ ᠲᠡᠬᠡᠷ᠎ᠡ ᠰᠠᠭᠤᠪᠠᠯ ᠲᠤᠯᠠᠭᠠᠨ ᠡᠪᠤᠯ ᠪᠤᠯᠤᠨ᠎ᠠ︕︾᠂ ︽ᠦᠷᠯᠦᠬᠡ ᠡᠷᠳᠡ ᠮᠤᠳᠤᠨ ᠲᠡᠬᠡᠷ᠎ᠡ ᠰᠠᠭᠤᠵᠤ | ᠱᠠᠬᠰᠢᠪᠠᠯ ᠪᠤᠷᠤᠭᠠᠨ ᠤᠷᠤᠨ᠎ᠠ︕︾ ᠬᠡᠳᠡᠭ᠃ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠬᠢᠨ | ᠱᠠᠭᠠᠵᠠᠭᠠᠢ ᠦᠳᠡ ᠶᠢᠨ ᠡᠮᠦᠨ᠎ᠡ ᠱᠠᠬᠰᠢᠪᠠᠯ ᠰᠠᠶᠢᠨ ᠴᠢᠮᠡᠭᠡ ᠰᠤᠨᠤᠰᠤᠨ᠎ᠠ᠂ ᠦᠳᠡ ᠶᠢᠨ ᠬᠤᠶᠢᠨ᠎ᠠ | ᠱᠠᠬᠱᠢᠪᠠᠯ ︽ᠮᠠᠭᠤ ᠴᠢᠮᠡᠭᠡ ᠰᠤᠨᠤᠰᠤᠨ᠎ᠠ︕︾ ᠬᠡᠵᠦ ᠦᠵᠡᠳᠡᠭ ᠠᠴᠠ ᠱᠠᠭᠠᠵᠠᠭᠠᠢ ᠱᠠᠬᠰᠢᠬᠤ ᠶᠢ | ᠰᠤᠨᠤᠰᠤᠬᠰᠠᠭᠠᠷ ︽ᠰᠠᠶᠢᠨ ᠠᠮᠠ᠂ ᠰᠠᠶᠢᠨ ᠠᠮᠠ︕︾ ᠬᠡᠵᠦ ᠰᠢᠪᠰᠢᠳᠡᠭ᠃ ᠰᠢᠯᠢ ᠶᠢᠨ ᠭᠤᠤᠯ | ᠠᠶᠢᠮᠠᠭ ᠲᠤ ︽ᠰᠠᠶᠢᠨ ᠬᠡᠯᠡ᠂ ᠰᠠᠶᠢᠨ ᠬᠡᠯᠡ᠂ ᠰᠠᠭᠠᠷᠢᠨ ᠭᠤᠳᠤᠯ ᠤᠶᠤᠵᠤ ᠦᠭᠬᠦᠶ᠎ᠡ᠂ ᠪᠤᠵᠠᠭᠠᠢ ᠬᠡᠯᠡ᠂ | ᠪᠤᠯᠢᠭᠠᠷᠢᠨ ᠭᠤᠳᠤᠯ ᠤᠶᠤᠵᠦ ᠦᠭᠬᠦᠶ᠎ᠠ︕︾ ᠬᠡᠵᠦ ᠰᠠᠶᠢᠨ ᠴᠢᠮᠡᠭᠡ ᠬᠦᠷᠬᠡᠵᠦ ᠢᠷᠡᠬᠦ ᠶᠢ | ᠬᠦᠰᠡᠮᠵᠢᠯᠡᠨ ︽ᠭᠤᠳᠤᠯ ᠤᠶᠤᠵᠤ ᠦᠭᠬᠦᠶ᠎ᠠ︕︾ ᠬᠡᠵᠦ ᠠᠮᠠᠯᠳᠤᠨ ᠰᠢᠪᠰᠢᠳᠡᠭ᠃ ᠮᠤᠩᠭᠤᠯᠴᠤᠳ | ︽ᠱᠠᠭᠠᠵᠠᠭᠠᠢ ᠠᠯᠠᠪᠠᠯ ᠠᠩ ᠲᠤᠳᠠᠭᠠᠨᠠ︕︾ ᠬᠡᠬᠦ ᠪᠤᠶᠤ ︽ᠬᠡᠶᠢᠮᠦᠷᠢ ᠬᠡᠪᠳᠡᠨ᠎ᠡ︕︾ ᠬᠡᠵᠦ ᠦᠵᠡᠳᠡᠭ ᠠᠴᠠ ᠱᠠᠭᠠᠵᠠᠭᠠᠢ ᠶᠢ | ᠬᠠᠷᠪᠤᠵᠤ ᠨᠠᠮᠨᠠᠬᠤ ᠶᠢ ᠴᠡᠬᠡᠷᠯᠡᠳᠡᠭ᠃ |