ᠬᠠᠳᠠᠭ ᠪᠠᠷᠢᠬᠤ ᠪᠤᠯ ᠮᠤᠩᠭᠤᠯᠴᠤᠳ ᠤᠨ ᠬᠦᠨᠳᠤᠤᠨᠬᠡᠬᠦ᠂ ᠪᠠᠯᠬᠡᠳᠠᠬᠦ᠂ ᠪᠠᠶᠠᠷ ᠬᠦᠷᠬᠡᠬᠦ᠂ ᠵᠦᠩᠨᠠᠨ ᠢᠷᠤᠬᠡᠬᠦ᠂ ᠬᠦᠰᠠᠨ ᠨᠠᠶᠢᠳᠠᠬᠤ᠂ | ᠠᠮᠠᠯᠠᠯᠳᠠ ᠬᠢᠬᠦ ᠵᠠᠷᠬᠡ ᠰᠠᠨᠠᠭ᠎ᠠ ᠪᠠᠨ ᠢᠯᠠᠤᠨᠬᠡᠬᠦ ᠬᠠᠳᠠᠭᠤ ᠴᠢᠩᠭ᠎ᠠ ᠬᠦᠨᠳᠤ ᠶᠢᠨ ᠶᠤᠰᠤᠨ ᠮᠦᠨ᠃ | ᠮᠤᠩᠭᠤᠯᠴᠤᠤᠨ ᠤᠨ ᠬᠠᠳᠠᠭ ᠤᠨ ᠰᠤᠶᠤᠯ ᠳᠤ᠂ ᠬᠠᠳᠠᠭ ᠬᠡᠷᠡᠭᠯᠠᠬᠦ ᠶᠤᠰᠤ ᠵᠠᠩᠰᠢᠯ᠂ ᠬᠠᠳᠠᠭ ᠤᠨ | ᠪᠡᠯᠬᠡᠳᠡᠯ ᠶᠤᠰᠤᠨ᠂ ᠬᠠᠳᠠᠭ ᠬᠠᠳᠠᠭᠠᠯᠠᠬᠤ ᠪᠤᠯᠤᠨ ᠬᠠᠳᠠᠭ ᠬᠡᠷᠡᠭᠯᠠᠬᠦ ᠴᠠᠬᠡᠷ ᠶᠤᠰᠤᠨ ᠵᠡᠷᠬᠡ ᠤᠯᠠᠨ ᠨᠠᠷᠢᠨ | ᠲᠤᠳᠤᠷᠬᠠᠢ ᠶᠤᠰᠤ ᠵᠠᠩᠰᠢᠯ ᠲᠠᠢ ᠪᠠᠶᠢᠳᠠᠭ᠃ ᠭᠡᠪᠡᠴᠦ ᠤᠳᠤᠬᠠᠨ ᠳᠤ ᠡᠳᠡᠭᠡᠷ ᠬᠠᠳᠠᠭ ᠲᠠᠢ ᠬᠤᠯᠪᠤᠭᠳᠠᠬᠤ ᠶᠤᠰᠦ | ᠵᠠᠩᠰᠢᠯ ᠶᠡᠬᠡᠪᠡᠷ ᠮᠡᠷᠳᠡᠬᠳᠠᠨ ᠦᠬᠡᠷᠡᠴᠢᠯᠡᠭᠳᠡᠵᠦ ᠪᠤᠢ᠃ ᠵᠢᠱᠢᠶᠡᠯᠡᠪᠡᠯ᠂ ᠬᠠᠳᠠᠭ ᠢ ᠰᠢᠭᠤᠳ ᠬᠦᠮᠦᠨ ᠤ ᠬᠦᠵᠦᠬᠦᠨ ᠳᠤ ᠵᠡᠬᠦᠯᠬᠡᠬᠦ᠂ | ᠰᠢᠷ᠎ᠠ ᠦᠩᠭᠡ ᠶᠢᠨ ᠬᠠᠳᠠᠭ᠂ ᠭᠦᠷᠦᠭ ᠵᠢᠷᠤᠭ ᠪᠤᠯᠤᠨ ᠲᠠᠷᠨᠢ ᠶᠢᠨ ᠦᠰᠦᠭ ᠲᠠᠢ ᠬᠠᠳᠠᠭ ᠢ ᠲᠤᠷ᠎ᠠ ᠪᠠᠷ ᠭᠡᠷᠡᠭᠯᠡᠬᠦ᠂ ᠬᠠᠳᠠᠭ ᠢ | ᠵᠠᠮ ᠤᠨ ᠠᠮᠨ᠂ ᠤᠯᠠᠨ ᠤ ᠭᠦᠯ ᠲᠤᠤᠷ᠎ᠠ ᠬᠠᠶᠠᠬᠤ ᠵᠡᠷᠬᠡ ᠨᠢ ᠪᠦᠷ ᠤᠯᠠᠮᠵᠢᠯᠠᠯᠳᠦ ᠶᠤᠰᠤᠨ ᠳᠤ ᠨᠡᠶᠢᠴᠡᠬᠦ ᠦᠬᠡᠢ ᠶᠤᠮ᠃ | ᠮᠤᠩᠭᠤᠯᠴᠤᠳ ᠠᠮᠢ ᠦᠬᠡᠢ ᠱᠤᠭᠤᠮᠠᠯ ᠪᠤᠶᠤ ᠮᠤᠳᠤ ᠴᠢᠯᠠᠭᠤ ᠵᠠᠷᠬᠡ ᠠᠪᠴᠤ ᠪᠠᠷᠢᠬᠤ ᠮᠠᠳᠠᠷᠠᠯ ᠦᠬᠡᠢ ᠦᠬᠦᠮᠠᠯ ᠪᠤᠳᠠᠰ ᠲᠤ ᠬᠠᠳᠠᠭ ᠢ | ᠡᠯᠬᠦᠵᠤ ᠲᠠᠯᠪᠢᠳᠠᠭ ᠤᠴᠢᠷ ᠠᠴᠠ ᠠᠮᠢᠳᠦ ᠬᠦᠮᠦᠨ ᠤ ᠬᠦᠵᠦᠬᠦᠨ ᠳᠤ ᠬᠠᠳᠠᠭ ᠵᠡᠬᠦᠯᠬᠡᠬᠦ ᠦᠬᠡᠢ᠃ ᠰᠢᠷ᠎ᠠ ᠦᠩᠭᠡ ᠶᠢᠨ | ᠬᠠᠳᠠᠭ ᠢ ᠮᠦᠭᠦᠯ ᠤᠨ ᠦᠩᠭᠡ ᠶᠢᠨ ᠪᠡᠯᠭᠡᠳᠠᠯ ᠭᠡᠵᠤ ᠦᠵᠡᠭᠦ ᠪᠤᠯᠬᠤᠷ ᠤᠭᠳᠤᠭᠤᠯ᠂ ᠦᠳᠡᠭᠦᠯ᠂ ᠬᠤᠷᠢᠮ ᠨᠠᠶᠢᠷ | ᠲᠡᠭᠡᠷ᠎ᠠ ᠭᠡᠷᠡᠭᠯᠡᠭᠦ ᠦᠬᠡᠢ᠃ ᠬᠠᠳᠠᠭ ᠢ ᠵᠠᠮ ᠤᠨ ᠠᠮᠨ᠂ ᠤᠯᠠᠨ ᠤ ᠭᠦᠯ ᠲᠤᠤᠷ᠎ᠠ ᠬᠠᠶᠠᠪᠠᠯ᠂ ᠲᠦᠬᠡᠷᠢᠵᠤ ᠲᠡᠨᠤᠭᠦ | ᠪᠤᠶᠤ ᠪᠠᠶ᠎ᠠ ᠳᠤ ᠡᠪᠡᠳᠴᠢᠨ ᠲᠤᠰᠬᠤ᠂ ᠮᠠᠯ ᠬᠤᠢ ᠨᠢ ᠰᠠᠯᠵᠤ ᠰᠠᠷᠨᠢᠭᠠᠳ ᠤᠷᠤ ᠮᠦᠷ ᠨᠢ ᠲᠠᠰᠤᠷᠬᠤ᠂ ᠬᠠᠴᠢᠨ ᠵᠢᠭᠳᠡᠢ ᠭᠠᠢ | ᠵᠤᠪᠠᠯᠠᠩ ᠡᠮᠬᠡᠭ ᠠᠳᠡ ᠡᠵᠠᠨ ᠦᠭᠡᠢ ᠬᠠᠳᠠᠭ ᠲᠤᠨᠢ ᠤᠷᠤᠰᠢᠵᠤ᠂ ᠠᠳᠡ ᠲᠦᠢᠤᠨᠬᠡᠷ ᠨᠢ ᠲᠡᠨᠤᠴᠢᠯᠡᠭᠦ ᠪᠠ ᠡᠵᠠᠨ ᠢᠶᠠᠨ | ᠡᠷᠢᠳᠡᠭ ᠬᠡᠮᠡᠨ ᠨᠠᠰᠤᠳᠠᠳ ᠬᠠᠭᠤᠴᠢᠯᠠᠳᠠᠭ ᠶᠤᠮ᠃ ᠲᠡᠷᠡ ᠮᠦᠷᠳᠡᠬᠡᠨ ᠬᠠᠳᠠᠭ ᠪᠠᠷᠢᠬᠤ᠂ ᠭᠡᠷᠡᠭᠯᠡᠬᠦ ᠶᠤᠰᠦ ᠵᠠᠩᠰᠢᠯ ᠢ ᠮᠡᠳᠡᠬᠦ ᠦᠬᠡᠢ | ᠲᠤᠷ᠎ᠠ ᠲᠠᠪᠠ ᠪᠠᠷ ᠭᠡᠷᠡᠭᠯᠡᠪᠡᠯ ᠦᠷ᠎ᠠ ᠬᠡᠣᠭᠡᠳ ᠨᠢ ᠶᠡᠭᠡᠴᠤᠳ ᠢᠶᠠᠨ ᠭᠦᠨᠳᠤᠯᠡᠭᠦ ᠦᠭᠡᠢ ᠪᠤᠶᠤ ᠡᠯᠪᠡᠷᠢᠯ ᠵᠢᠷᠤᠮ ᠦᠭᠡᠢ ᠪᠤᠯᠬᠤ᠂ | ᠠᠮᠠᠯᠠᠯᠳᠠ ᠭᠢᠭᠰᠡᠨ ᠠᠮᠠᠨ ᠲᠠᠩᠭᠠᠷᠢᠭ ᠭᠦᠴᠤᠨ ᠦᠭᠡᠢ ᠪᠤᠯᠵᠤ᠂ ᠭᠦᠮᠤᠨ ᠭᠦᠮᠤᠨ ᠤ ᠬᠤᠭᠤᠷᠤᠨᠳᠤ ᠢᠳᠡᠬᠡᠯ ᠦᠭᠡᠢ ᠪᠤᠯᠳᠠᠭ ᠠᠵᠢ᠃ | ᠬᠠᠳᠠᠭ ᠤᠨ ᠲᠦᠷᠤᠯ ᠵᠦᠢᠯ ᠪᠠ ᠨᠠᠷᠠᠶᠢᠳᠤᠯ ᠮᠤᠩᠭᠤᠯᠴᠤᠤᠨ ᠤᠨ ᠬᠠᠳᠠᠭ ᠤᠨ ᠬᠢᠴᠨ ᠪᠦᠳᠤᠴᠨ ᠠᠴᠠ ᠨᠢ ᠦᠵᠠᠬᠦ ᠳᠤ | ᠮᠢᠨᠳᠠᠰᠤᠨ ᠤᠳᠠᠰᠤ ᠪᠠᠷ ᠨᠡᠬᠡᠭᠰᠠᠨ ᠴᠠᠭᠠᠨ ᠪᠤᠶᠤ ᠴᠡᠩᠬᠡᠷ ᠬᠦᠬᠡ ᠦᠩᠬᠡ ᠶᠢᠨ ᠭᠬᠢᠪ ᠪᠤᠯᠤᠨ᠎ᠠ᠃ ᠲᠠᠬᠦᠨ ᠢ | ︽ᠠᠯᠳᠠ ᠲᠤᠷᠭᠠᠨ ᠠᠮᠠᠠ ᠴᠠᠭᠠᠨ ᠬᠠᠳᠠᠭ︾᠂ ︽ᠬᠦᠬᠡ ᠲᠤᠷᠭᠠᠨ ᠡᠩᠳᠤ ᠬᠠᠳᠠᠭ︾᠂ ︽ᠰᠠᠭᠠᠯᠢ ᠶᠢᠨ ᠲᠠᠬᠡᠵᠢ ᠶᠢᠨ ᠰᠠᠮᠪᠠᠢ | ᠬᠠᠳᠠᠭ︾ ᠬᠡᠵᠤ ᠬᠤᠪᠢᠶᠠᠵᠤ ᠪᠤᠯᠤᠨ᠎ᠠ᠃ ᠠᠷᠪᠠᠨ ᠭᠤᠷᠪᠠᠳᠤᠭᠠᠷ ᠵᠠᠭᠤᠨ ᠤ ᠰᠠᠬᠦᠯᠴᠢ ᠶᠢᠨ ᠦᠶ᠎ᠠ ᠪᠠᠷ | ᠮᠤᠩᠭᠤᠯᠴᠤᠤᠨ ᠤᠨ ᠬᠠᠳᠠᠭ ᠢ ᠫᠠᠭᠪᠠ ᠯᠠᠮᠠ ᠬᠠᠮᠤᠭ ᠠᠩᠬ᠎ᠠ ᠤᠳᠠᠭ᠎ᠠ ︵1265 ᠤᠨ ᠳᠤ︶ | ᠲᠦᠪᠠᠤᠨ ᠤᠨ ᠴᠠᠰᠤᠳᠤ ᠤᠷᠤᠨ ᠤ ᠲᠠᠬᠡᠳᠤ ᠲᠠᠪᠬᠤᠷᠭᠠᠳᠠᠨ ᠤ ᠲᠤᠮᠳᠠ ᠲᠠᠯᠬᠡᠷᠠᠬᠦᠯᠦᠭᠰᠡᠨ ᠠᠴᠠ᠂ ᠮᠤᠩᠭᠤᠯᠴᠤᠤᠨ ᠤᠨ ︽ᠬᠠᠳᠠᠭ | ᠠᠯᠴᠢᠭᠤᠷ ᠢᠶᠠᠷ ᠪᠠᠯᠡᠭ ᠦᠭᠬᠦ ᠶᠤᠰᠤᠨ︾ ᠨᠢ ᠲᠦᠪᠠᠤᠨ ᠦᠨᠳᠤᠰᠤᠳᠠᠨ ᠤ ᠲᠤᠮᠳᠠ ᠶᠡᠭᠡ ᠯᠠ | ᠬᠦᠷᠢᠶᠠᠯᠠᠯ ᠤᠯᠵᠤ ᠬᠦᠭᠵᠢᠬᠡᠤᠨ ᠪᠤᠷᠬᠠᠨ ᠱᠠᠰᠢᠨ ᠤ ᠦᠩᠬᠡ ᠪᠤᠳᠤᠭ᠂ ᠤᠣᠠᠬ᠎ᠠ ᠠᠭᠤᠯᠭ᠎ᠠ ᠲᠠᠢ ᠪᠤᠯᠵᠤ᠂ | 16 ᠳ᠋ᠤᠭᠠᠷ ᠵᠠᠭᠤᠨ ᠤ ᠰᠠᠬᠦᠯᠴᠢ ᠪᠠᠷ ᠰᠢᠷ᠎ᠠ ᠶᠢᠨ ᠱᠠᠰᠢᠨ ᠢ ᠲᠠᠭᠠᠨ ᠮᠤᠩᠭᠤᠯ ᠤᠷᠤᠨ ᠳᠤ ᠪᠤᠴᠠᠨ ᠢᠷᠠᠬᠦ ᠳᠤ ᠬᠠᠳᠠᠭ ᠬᠡᠷᠡᠭᠯᠠᠬᠦ | ᠶᠤᠰᠤᠨ ᠨᠢ ᠨᠡᠯᠢᠶᠡᠳ ᠤᠨᠳᠤᠤ ᠪᠤᠯᠵᠠᠢ᠃ ᠲᠤᠬᠠᠢᠢᠯᠠᠪᠠᠯ ᠬᠠᠳᠠᠭ ᠨᠢ ︽ᠲᠠᠰᠢ︾ ︵daxi︶ ︵ᠲᠡᠭᠰᠢ | ᠬᠡᠵᠤ ᠴᠤ ᠬᠡᠯᠠᠨ᠎ᠠ︶᠂ ︽ᠰᠤᠨᠤᠮ ︵ᠰᠤᠤᠨᠤᠮ︶ ︾᠂ ︽ᠠᠶᠤᠰᠢ︾᠂ ︽ᠸᠠᠩᠳᠠᠠ︾᠂ ︽ᠨᠠᠩᠴᠢᠤᠨ︾ | ︵ᠨᠠᠩᠵᠢᠤᠨ ᠪᠤᠶᠤ ᠨᠠᠩᠽᠢᠤᠨ ᠬᠡᠵᠤ ᠪᠠᠰᠨ ᠬᠡᠯᠠᠨ᠎ᠠ︶ ᠬᠠᠳᠠᠭ ᠬᠡᠬᠦ ᠮᠠᠳᠤ ᠶᠢᠨ ᠰᠢᠨ᠎ᠠ ᠲᠤᠳᠤᠳᠬᠠᠯ ᠨᠠᠷᠠᠰ ᠲᠠᠢ | ᠪᠤᠯᠤᠬᠰᠠᠨ ᠪᠠᠶᠢᠨ᠎ᠠ᠃ ᠡᠨᠡ ᠨᠢ ᠲᠠᠷᠤᠢ ︽ᠬᠠᠳᠠᠭ︾ ᠬᠡᠳᠡᠭ ᠨᠠᠷᠠ ᠲᠠᠢ ᠮᠤᠩᠭᠤᠯ ᠬᠦᠤ ᠲᠦᠪᠠᠤᠨ ᠲᠤ | ᠤᠴᠢᠨ ᠯᠠᠮᠠ ᠪᠤᠯᠵᠤ᠂ ︽ᠨᠢᠨᠳᠠᠷ︾ ᠬᠡᠳᠡᠭ ᠲᠦᠪᠠᠤᠨ ᠨᠠᠷᠠ ᠠᠪᠴᠤ᠂ ᠬᠡᠷ ᠲᠡᠭᠡᠨ ᠬᠠᠷᠢᠵᠤ ᠢᠷᠡᠭᠰᠠᠨ ᠲᠠᠢ ᠠᠳᠠᠯᠢ ᠨᠢᠬᠡᠨ | ᠤᠴᠢᠷ ᠶᠤᠮ᠃ ᠦᠬᠡᠷ᠎ᠠ ᠪᠠᠷ ᠬᠡᠯᠠᠪᠠᠯ᠂ ︽ᠬᠠᠳᠠᠭ︾ ᠬᠡᠳᠡᠭ ᠨᠠᠷᠠ ᠦᠬᠡ ᠬᠢᠳᠠᠤᠨ ᠲᠦᠪᠠᠤᠨ ᠢᠵᠠᠭᠤᠷ ᠬᠡᠯᠠᠨ ᠳᠤ | ᠪᠠᠶᠢᠬᠤ ᠦᠬᠡᠢ ᠪᠤᠯᠬᠤᠷ ᠲᠠᠳᠠᠨ ᠤ ᠬᠡᠯᠠᠨ ᠳᠤ ᠪᠠᠶᠢᠬᠤ ︽ᠡᠩᠳᠤ︾ ᠪᠤᠶᠤ ︽ᠠᠯᠴᠢᠭᠤᠷ︾ ᠬᠡᠬᠦ ᠬᠠᠳᠠᠭ ᠲᠠᠢ | ᠤᠶᠢᠷᠠᠯᠴᠠᠭ᠎ᠠ ᠤᠣᠠᠬ᠎ᠠ ᠪᠦ᠋ᠬᠦᠢ ︽ᠨᠢᠨᠳᠠᠷ︾ ᠬᠡᠬᠦ ᠨᠠᠷᠠ ᠠᠪᠤᠭᠠᠤᠨ ᠨᠤᠳᠤᠭ ᠲᠠᠭᠠᠨ ᠪᠤᠴᠠᠵᠤ | ᠢᠷᠠᠬᠦ ᠳᠤᠨᠢ ᠮᠤᠩᠭᠤᠯ ᠬᠦᠤ ᠪᠠᠨ ᠵᠠᠷᠢᠮ ᠬᠦᠮᠤᠨ ᠲᠦᠪᠠᠤᠨ ᠤᠨ ᠬᠦᠤ ᠪᠤᠯᠭᠠᠨ ᠠᠳᠠᠬᠦᠷᠠᠵᠠᠢ᠃ | ᠬᠠᠳᠠᠭ | ᠬᠡᠷᠡᠭᠯᠠᠬᠦ ᠶᠤᠰᠤ ᠵᠠᠩᠰᠢᠯ ᠮᠤᠩᠭᠤᠯᠴᠤᠤᠨ ︽ᠢᠳᠠᠬᠡᠨ ᠤ ᠲᠠᠬᠡᠵᠢ ᠡᠯᠢᠬᠡᠨ ᠴᠠᠭᠠᠨ ᠲᠠᠷᠠᠭ᠂ ᠡᠳ᠋ ᠤᠨ ᠲᠠᠬᠡᠵᠢ ᠡᠷᠳᠠᠨᠢ ᠶᠢᠨ ᠴᠠᠭᠠᠨ | ᠬᠠᠳᠠᠭ︾ ᠬᠡᠵᠤ ᠲᠦᠷᠤ ᠶᠢᠨ ᠶᠤᠰᠤᠯᠠᠯ ᠠᠴᠠ ᠠᠪᠤᠭᠠᠤᠨ ᠬᠤᠷᠢᠮ ᠨᠠᠶᠢᠷ ᠲᠤ ᠪᠦᠷ ᠬᠠᠳᠠᠭ ᠢ ᠲᠠᠬᠡᠳᠤᠯᠠᠨ ᠬᠡᠷᠡᠭᠯᠠᠳᠡᠭ ᠶᠤᠮ᠃ | ᠡᠨᠠᠬᠦ ᠤᠷᠳᠤ ᠤᠳᠠᠭᠠᠨ ᠲᠠᠤᠬᠡ ᠶᠢᠨ ᠶᠠᠪᠤᠴᠨ ᠳᠤ ᠠᠶᠠᠨᠳᠠᠭᠠᠨ ᠲᠤᠭᠳᠠᠭᠰᠠᠨ ᠬᠦᠷᠢᠶ᠎ᠠ ᠬᠡᠪᠴᠢᠶ᠎ᠠ ᠶᠤᠰᠤ ᠭᠤᠷᠢᠮ ᠪᠤᠢ ᠪᠤᠯᠵᠤ᠂ | ᠬᠡᠯᠪᠡᠷᠢᠵᠢᠨ ᠲᠤᠭᠳᠠᠭᠰᠠᠨ ᠪᠠᠶᠢᠳᠠᠭ᠃ ᠬᠠᠳᠠᠭ ᠪᠠᠷᠢᠬᠤ ᠶᠤᠰᠤᠨ ︽ᠠᠯᠳᠠ ᠴᠠᠭᠠᠨ ᠠᠮᠠᠨ | ᠬᠠᠳᠠᠭ︾᠂ ︽ᠬᠦᠬᠡ ᠲᠤᠷᠭᠠᠨ ᠡᠩᠳᠤ ᠬᠠᠳᠠᠭ︾ ᠬᠡᠳᠡᠭ ᠢ ᠤᠯᠠᠩᠬᠢ ᠳᠠᠭᠠᠨ ᠭᠤᠷᠪᠠᠨ ᠠᠮᠨ ᠬᠠᠭᠠᠰ ᠤᠷᠳᠤ ᠤᠶᠢᠯᠠᠤᠨᠴᠤ᠂ | ᠠᠬᠠᠮᠠᠤᠨ ᠨᠠᠰᠤᠳᠠᠨ ᠲᠤᠮᠤᠭᠠᠳᠠᠨ᠂ ᠬᠦᠨᠳᠤᠳᠤ ᠵᠤᠴᠢᠤᠨ ᠢᠶᠠᠨ ᠤᠭᠳᠤᠵᠤ᠂ ᠦᠳᠠᠬᠦ᠂ ᠨᠠᠰᠤᠨ ᠪᠠᠶᠠᠷ᠂ ᠬᠤᠷᠢᠮ ᠨᠠᠶᠢᠷ᠂ | ᠰᠢᠨ᠎ᠠ ᠶᠢᠨ ᠵᠤᠯᠭᠠᠯᠳᠠ ᠳᠤ ᠬᠡᠷᠡᠭᠯᠠᠨ᠎ᠠ᠃ ᠡᠬᠦᠨ ᠢ ᠬᠠᠳᠠᠭ ᠪᠠᠷᠢᠬᠤ ᠶᠤᠰᠤ ᠬᠡᠨ᠎ᠠ᠃ ᠬᠠᠳᠠᠭ ᠲᠠᠳᠠᠬᠤ ᠶᠤᠰᠤᠨ ᠬᠠᠳᠠᠭ | ᠲᠠᠳᠠᠬᠤ ᠶᠤᠰᠤᠨ ᠢ ᠪᠠᠰᠨ ︽ᠠᠮᠠᠨ ᠬᠠᠳᠠᠭ ᠲᠠᠯᠪᠢᠬᠤ ᠶᠤᠰᠤᠨ︾ ᠬᠡᠨ᠎ᠠ᠃ ᠡᠨᠡ ᠨᠢ ᠲᠠᠷᠤᠢ ᠡᠮᠴᠢ᠂ ᠲᠤᠮᠴᠢ᠂ ᠵᠠᠭᠤᠴᠢ᠂ | ᠬᠡᠯᠠᠮᠤᠷᠴᠢ᠂ ᠬᠦᠭᠵᠢᠮᠴᠢ᠂ ᠢᠷᠤᠬᠡᠯᠴᠢ᠂ ᠬᠤᠷᠢᠮ ᠤᠨ ᠬᠤᠨᠵᠢᠨ ᠵᠠᠯᠠᠬᠤ ᠪᠠ ᠲᠦᠯᠬᠡ ᠦᠵᠠᠬᠦᠯᠬᠦ᠂ ᠡᠳᠤᠷ ᠦᠵᠠᠬᠦᠯᠬᠦ᠂ ᠴᠢᠨᠳᠠᠷ | ᠤᠷᠤᠰᠢᠭᠤᠯᠬᠤ ᠵᠢᠴᠢ ᠤᠷᠤᠭ ᠲᠤᠭᠳᠠᠬᠤ ᠳᠤ ᠠᠮᠠᠨ ᠬᠠᠳᠠᠭ ᠲᠠᠯᠪᠢᠳᠠᠭ᠃ ᠡᠬᠦᠨ ᠳᠤ ᠰᠠᠭᠠᠯᠢ ᠶᠢᠨ ᠲᠠᠬᠢᠯ᠂ | ᠰᠠᠮᠪᠠᠢ ᠬᠠᠳᠠᠭ ᠲᠠᠳᠠᠵᠤ᠂ ᠬᠡᠷ᠎ᠠ ᠪᠤᠯᠵᠤᠭ᠎ᠠ ᠶᠢᠨ ᠴᠢᠨᠠᠷ ᠲᠠᠢ ᠰᠠᠨᠠᠯ ᠨᠢᠬᠡᠤᠨᠴᠤ᠂ ᠤᠷᠢᠭᠰᠠᠨ ᠪᠠ ᠤᠷᠢᠭᠳᠠᠭᠰᠠᠨ ᠬᠤᠶᠠᠷ ᠡᠳᠠᠬᠡᠤᠨ ᠪᠦᠷ | ᠵᠦᠪᠰᠢᠶᠠᠷᠠᠯᠴᠡᠭᠰᠠᠨ ᠤ ᠬᠦᠢᠴᠡᠤᠨᠬᠡᠯ ᠪᠤᠯᠳᠠᠭ᠃ ᠬᠡᠷᠪᠠ ᠤᠷᠢᠭᠳᠠᠭᠴᠢ ᠡᠳᠠᠬᠡᠤᠨ | ᠤᠷᠢᠭᠴᠢ ᠶᠢᠨ ᠰᠠᠨᠠᠯ ᠢ ᠦᠯᠤ ᠵᠦᠪᠰᠢᠶᠠᠷᠠᠪᠠᠯ᠂ ᠬᠠᠳᠠᠭ ᠢ ᠨᠢ ᠬᠦᠯᠢᠶᠠᠨ ᠠᠪᠳᠠᠭ ᠦᠬᠡᠢ᠃ ᠤᠷᠢᠭᠳᠠᠭᠴᠢ | ᠡᠳᠠᠬᠡᠤᠨ ᠤᠷᠢᠯᠭ᠎ᠠ ᠶᠢᠨ ᠬᠠᠳᠠᠭ ᠢ ᠬᠦᠯᠢᠶᠠᠨ ᠠᠪᠤᠪᠠᠯ᠂ ᠡᠩ ᠤᠨ ᠪᠠᠶᠢᠳᠠᠯ ᠲᠤᠤᠷ᠎ᠠ ᠪᠤᠴᠠᠭᠠᠵᠤ ᠪᠤᠯᠳᠠᠭ ᠦᠬᠡᠢ᠃ | ᠤᠨᠴᠠᠭᠠᠢ ᠤᠴᠢᠷ ᠶᠠᠪᠤᠳᠠᠯ ᠲᠤᠬᠢᠶᠠᠯᠳᠤᠪᠠᠯ᠂ ᠤᠴᠢᠷ ᠰᠢᠯᠳᠠᠭᠠᠨ ᠢᠶᠠᠨ ᠲᠤᠳᠤᠷᠬᠠᠶᠢᠯᠠᠵᠤ ᠬᠠᠳᠠᠭ ᠢ ᠨᠢ ᠪᠤᠴᠠᠭᠠᠳᠠᠭ᠃ | ᠡᠬᠦᠨ ᠠᠴᠠ ᠭᠠᠳᠠᠨ᠎ᠠ᠂ ᠪᠠᠰᠨ ᠤᠰᠤᠯ ᠪᠤᠷᠤᠭᠤ ᠭᠠᠷᠭᠠᠭᠰᠠᠨ ᠪᠤᠯ᠂ ᠤᠰᠤᠯᠳᠠᠬᠰᠠᠨ ᠡᠳᠠᠬᠡᠤᠨ ᠲᠡᠭᠡᠨ ᠬᠠᠳᠠᠭ ᠲᠠᠳᠠᠵᠤ᠂ | ᠪᠤᠷᠤᠭᠤ ᠬᠦᠯᠢᠶᠠᠵᠤ᠂ ︽ᠪᠤᠷᠤᠭᠤ ᠲᠤᠯᠤᠭᠠᠢ︾ ᠮᠦᠷᠬᠦᠨ᠎ᠠ᠃ ᠮᠤᠩᠭᠤᠯᠴᠤᠤᠨ ᠤᠨ ︽ᠬᠠᠳᠠᠭ ᠲᠠᠳᠠᠵᠤ ᠪᠤᠷᠤᠭᠤ ᠲᠤᠯᠤᠭᠠᠢ ᠮᠦᠷᠬᠦᠬᠦ | ᠶᠤᠰᠤ︾ ᠪᠤᠯ ᠬᠠᠮᠤᠭ ᠤᠨ ᠶᠡᠭᠡ ᠬᠦᠨᠳᠤ ᠬᠡᠴᠠᠬᠦᠤ ᠤᠰᠤᠯ ᠪᠤᠷᠤᠭᠤ ᠬᠦᠯᠢᠶᠠᠵᠤ ᠪᠠᠶᠢᠭ᠎ᠠ ᠶᠢᠨ ᠢᠯᠠᠷᠠᠯ ᠮᠦᠨ᠃ ᠡᠨᠡ ᠬᠦ | ᠶᠤᠰᠤ ᠶᠢ ᠮᠤᠩᠭᠤᠯᠴᠤᠤᠨ ᠨᠠᠶᠢᠳᠠᠮ ᠳᠡᠭᠡᠨ ︽ᠬᠠᠳᠠᠭ ᠲᠠᠳᠠᠬᠤ ᠶᠤᠰᠤᠨ︾ ᠬᠡᠬᠦ ᠪᠤᠶᠤ ︽ᠠᠮᠠᠨ ᠬᠠᠳᠠᠭ ᠲᠠᠯᠪᠢᠬᠤ | ᠶᠤᠰᠤᠨ︾ ᠬᠡᠨ᠎ᠠ᠃ ᠰᠢᠷ᠎ᠠ ᠶᠢᠨ ᠱᠠᠰᠢᠨ ᠤ ᠨᠦᠯᠦᠬᠡᠨ ᠳᠠᠬᠢ ᠬᠠᠳᠠᠭ ᠬᠡᠷᠡᠭᠯᠠᠬᠦ ᠶᠤᠰᠤᠨ ᠮᠤᠩᠭᠤᠯᠴᠤᠤᠨ ᠤᠨ ᠬᠠᠳᠠᠭ ᠤᠨ | ᠰᠤᠶᠤᠯ ᠨᠢ 13 ᠳ᠋ᠤᠭᠠᠷ ᠵᠠᠭᠤᠨ ᠤ ᠰᠠᠬᠦᠯᠴᠢ ᠪᠠᠷ ᠲᠦᠪᠠᠤᠨ ᠤᠨ ᠴᠠᠰᠤᠳᠤ ᠤᠷᠤᠨ ᠳᠤ ᠤᠷᠤᠭᠠᠤᠨ 16 ᠳ᠋ᠤᠭᠠᠷ | ᠵᠠᠭᠤᠨ ᠤ ᠰᠠᠬᠦᠯᠴᠢ ᠪᠠᠷ ᠰᠢᠷ᠎ᠠ ᠶᠢᠨ ᠱᠠᠰᠢᠨ ᠢ ᠲᠠᠭᠠᠵᠤ ᠤᠣᠯ ᠨᠤᠳᠤᠭ ᠲᠠᠭᠠᠨ ᠪᠤᠴᠠᠵᠤ ᠢᠷᠠᠬᠦ ᠳᠤ ᠨᠢᠬᠡᠨᠳᠠ ᠭᠤᠷᠪᠠᠨ | ᠵᠠᠭᠤ ᠤᠷᠴᠢᠮ ᠵᠢᠯ ᠤᠨ ᠲᠠᠤᠬᠡ ᠶᠢᠨ ᠠᠶᠠᠨ ᠢ ᠲᠤᠭᠤᠯᠵᠤ ᠤᠣᠠᠬ᠎ᠠ ᠠᠭᠤᠯᠭ᠎ᠠ᠂ ᠲᠦᠷᠤᠯ ᠵᠦᠢᠯ ᠤᠨ ᠲᠠᠯ᠎ᠠ ᠪᠠᠷ ᠨᠠᠯᠢᠶᠠᠤᠨ ᠬᠤᠪᠢᠷᠠᠯᠳᠠ ᠭᠠᠷᠴᠤ᠂ | ᠬᠡᠷᠡᠭᠯᠠᠬᠦ ᠬᠡᠷᠡᠭᠴᠡᠭᠡ ᠪᠠᠨ ᠲᠠᠭᠠᠵᠤ᠂ ︽ᠠᠶᠤᠰᠢ︾ ᠬᠠᠳᠠᠭ᠂ ︽ᠰᠤᠨᠤᠮ︾ ᠬᠠᠳᠠᠭ᠂ ︽ᠸᠠᠩᠳᠠᠨ︾ ᠬᠠᠳᠠᠭ᠂ ︽ᠨᠠᠩᠴᠢᠤᠨ︾ | ᠬᠠᠳᠠᠭ᠂ ︽ᠲᠠᠰᠢ︾ ᠬᠠᠳᠠᠭ ᠬᠡᠬᠦ ᠮᠠᠳᠤ ᠨᠠᠷᠠᠶᠢᠳᠤᠯ ᠲᠠᠢ ᠪᠤᠯᠵᠠᠢ᠃ ᠡᠳᠠᠬᠡᠷ ᠬᠠᠳᠠᠭ ᠤᠳ ᠢ ᠪᠦᠷ ᠠᠳᠠᠯᠢ ᠪᠤᠰᠤ ᠤᠣᠠᠬ᠎ᠠ | ᠠᠭᠤᠯᠬ᠎ᠠ ᠪᠠᠷ ᠬᠡᠷᠡᠭᠯᠠᠳᠡᠭ ᠪᠠᠶᠢᠨ᠎ᠠ᠃ ︽ᠠᠶᠤᠰᠢ︾ ᠬᠠᠳᠠᠭ ᠬᠡᠳᠡᠭ ᠨᠢ ᠨᠠᠰᠤᠨ ᠦᠯᠵᠠᠢ ᠪᠠᠯᠡᠭᠯᠠᠵᠤ᠂ | ᠨᠠᠰᠤᠨ ᠪᠠᠶᠠᠷ ᠤᠨ ᠢᠷᠤᠬᠡᠯ ᠲᠠᠭᠠᠤᠨᠬᠠᠯ ᠬᠢᠬᠦ ᠳᠤ ᠪᠠᠷᠢᠬᠤ ᠬᠦᠬᠡ ᠴᠠᠭᠠᠨ ᠦᠩᠬᠡ ᠶᠢᠨ ᠬᠠᠳᠠᠭ ᠢ ᠵᠢᠭᠠᠳᠠᠭ᠃ ︽ᠰᠤᠨᠤᠮ︾ | ᠬᠠᠳᠠᠭ ᠭᠡᠳᠡᠭ ᠨᠢ ᠪᠤᠶᠠᠨ ᠬᠡᠰᠢᠭ ᠲᠠᠭᠤᠳᠠᠬᠤ᠂ ᠲᠠᠯᠠᠯᠭ᠎ᠠ ᠠᠪᠬᠤ ᠳᠤ ᠬᠡᠷᠡᠭᠯᠠᠬᠦ ᠬᠦᠬᠡ᠂ ᠴᠠᠭᠠᠨ ᠦᠩᠬᠡ ᠶᠢᠨ ᠬᠠᠳᠠᠭ ᠢ | ᠵᠢᠭᠠᠳᠠᠭ᠃ ︽ᠸᠠᠩᠳᠠᠨ︾ ᠬᠠᠳᠠᠭ ᠬᠡᠳᠡᠭ ᠢ ᠲᠦᠷᠤ ᠬᠦᠷᠤᠨ ᠤ ᠡᠷᠬᠡ ᠪᠦᠷᠢᠨ᠂ ᠵᠠᠰᠠᠭ ᠬᠤᠷᠴᠨ ᠶᠢ ᠪᠠᠯᠬᠡᠳᠠᠵᠤ ᠪᠠᠷᠢᠬᠤ | ᠴᠠᠭᠠᠨ ᠦᠩᠬᠡ ᠶᠢᠨ ᠤᠷᠳᠤ ᠬᠠᠳᠠᠭ ᠢ ᠵᠢᠭᠠᠨ᠎ᠠ᠃ ︽ᠨᠠᠩᠴᠢᠤᠨ︾ ᠬᠠᠳᠠᠭ ᠬᠡᠳᠡᠭ ᠨᠢ ᠭᠤᠤᠯᠳᠠᠭᠤ | ᠲᠤᠳᠤᠭᠠᠳᠤ ᠲᠠᠬᠢᠯᠭ᠎ᠠ ᠳᠤ ᠬᠡᠷᠡᠭᠯᠠᠬᠦ ᠰᠢᠷ᠎ᠠ ᠦᠩᠬᠡ ᠶᠢᠨ ᠰᠠᠮᠪᠠᠢ ᠬᠠᠳᠠᠭ ᠪᠤᠯᠤᠨ᠎ᠠ᠃ ᠠᠷᠢᠬᠢ ᠰᠠᠷᠬᠤᠤᠨ ᠤᠨ | ᠬᠠᠮᠳᠤ ᠳᠤᠨᠢ ᠲᠤᠳᠤᠭᠠᠳᠤ ᠲᠠᠬᠢᠯᠭ᠎ᠠ ᠳᠤ ᠬᠡᠷᠡᠭᠯᠠᠳᠡᠭ ᠪᠤᠯᠬᠤᠷ ︽ᠨᠠᠩᠴᠢᠤᠨ︾ ᠬᠠᠳᠠᠭ ᠡᠷᠬᠦᠬᠦ ᠬᠡᠵᠤ | ᠨᠠᠷᠠᠯᠠᠬᠦ ᠪᠤᠯᠵᠠᠢ᠃ ︽ᠲᠠᠰᠢ︾ ᠬᠠᠳᠠᠭ ᠢ ᠪᠠᠰᠨ ︽ᠲᠡᠭᠰᠢ︾ ᠬᠠᠳᠠᠭ ᠬᠡᠵᠤ ᠨᠠᠷᠠᠯᠠᠳᠡᠭ ᠴᠤ ᠪᠤᠢ᠃ | ᠲᠠᠰᠢ ᠬᠠᠳᠠᠭ ᠨᠢ ᠭᠤᠤᠯᠳᠠᠭᠤ ᠬᠦᠬᠡ᠂ ᠴᠠᠭᠠᠨ ᠦᠩᠬᠡ ᠶᠢᠨ ᠰᠠᠮᠪᠠᠢ ᠶᠢ ᠵᠢᠭᠠᠵᠦ᠂ ᠶᠤᠰᠤᠯᠠᠯ ᠤᠨ ᠲᠤᠭ᠎ᠠ ᠬᠦᠢᠴᠠᠤᠨᠬᠡᠯ ᠤᠨ ᠴᠢᠨᠠᠷ ᠲᠠᠢ | ᠲᠠᠬᠢᠯᠭ᠎ᠠ ᠪᠤᠶᠤ ᠪᠠᠯᠡᠭ ᠰᠠᠯᠳᠠ ᠶᠢᠨ ᠲᠤᠭ᠎ᠠ ᠬᠦᠢᠴᠠᠤᠨᠬᠡᠵᠤ ᠪᠦᠷᠢᠯᠳᠤᠬᠦᠯᠬᠦ ᠳᠤ ᠬᠡᠷᠡᠭᠯᠠᠨ᠎ᠠ᠃ ᠪᠠᠰᠠ ᠲᠠᠪᠤᠨ | ᠬᠤᠰᠢᠭᠤ ᠮᠠᠯ ᠢ ᠤᠩᠭᠤᠯᠠᠵᠤ᠂ ᠰᠠᠳᠠᠷᠯᠠᠬᠦ ᠳᠤ ᠭᠡᠷᠡᠭᠯᠡᠳᠡᠭ᠃ ᠬᠠᠳᠠᠭ ᠬᠠᠳᠠᠭᠠᠯᠠᠬᠤ ᠪᠤᠯᠤᠨ ᠬᠠᠳᠠᠭ ᠬᠡᠷᠡᠭᠯᠠᠬᠦ ᠴᠠᠬᠡᠷ | ᠶᠤᠰᠤᠨ ᠪᠤᠷᠬᠠᠨ ᠤ ᠮᠤᠳᠤᠷ ᠪᠤᠶᠤ ᠬᠡᠬᠡᠨ ᠬᠤᠳᠤᠭᠳᠠᠨ ᠤ ᠮᠤᠳᠤᠷ ᠢᠶᠠᠷ ᠠᠳᠢᠰᠯᠠᠭᠰᠠᠨ ᠬᠠᠳᠠᠭ᠂ ᠲᠠᠯᠠᠯᠭ᠎ᠠ ᠶᠢᠨ ᠰᠤᠮᠤᠨ ᠳᠤ ᠤᠶᠠᠭᠰᠠᠨ | ᠬᠠᠳᠠᠭ᠂ ᠲᠦᠷᠤ ᠶᠢᠨ ᠠᠯ ᠲᠠᠮᠠᠭᠠᠳᠤ ᠪᠢᠴᠢᠬᠡᠰᠤ ᠲᠠᠢ ᠬᠠᠳᠠᠭ ᠢ ᠮᠤᠩᠭᠤᠯᠴᠤᠤᠨ ᠲᠤᠷᠠᠰᠬᠠᠯ ᠪᠤᠯᠭᠠᠨ ᠬᠠᠳᠠᠭᠠᠯᠠᠬᠤ ᠵᠠᠩᠰᠢᠯ ᠪᠤᠢ᠃ | ᠮᠤᠩᠭᠤᠯᠴᠤᠤᠨ ︽ᠡᠳ᠋ ᠤᠨ ᠲᠡᠬᠡᠵᠢ ᠡᠷᠳᠠᠨᠢ ᠶᠢᠨ ᠴᠠᠭᠠᠨ ᠬᠠᠳᠠᠭ︾ ᠬᠡᠵᠤ ᠦᠵᠠᠳᠡᠭ ᠪᠤᠯᠬᠤᠷ ᠬᠠᠳᠠᠭ ᠢ | ᠴᠠᠪᠠᠷ ᠰᠠᠶᠢᠬᠠᠨ ᠤᠷᠤᠨ ᠪᠠᠶᠢᠷᠢᠨ ᠳᠤ ᠬᠦᠨᠳᠤᠤᠨᠬᠡᠨ ᠬᠠᠳᠠᠭᠠᠯᠠᠳᠠᠭ ᠶᠤᠮ᠃ ᠮᠦᠨᠴᠤ ᠪᠠᠰᠨ ᠪᠠᠶ᠎ᠠ ᠳᠡᠭᠡᠨ ᠠᠪᠴᠤ | ᠶᠠᠪᠤᠬᠤ ᠳᠤ ᠡᠷᠡᠭᠳᠠᠶᠢᠴᠤᠤᠨ ᠨᠢ ᠬᠦᠬᠦᠷ ᠲᠠᠯᠢᠩ ᠳᠠᠭᠠᠨ ᠬᠢᠬᠦ ᠪᠤᠶᠤ ᠵᠠᠬᠦᠨ ᠰᠦᠪᠡᠭᠡ ᠶᠢᠨ ᠪᠦᠰᠨ ᠳᠡᠭᠡᠨ ᠬᠠᠪᠴᠢᠭᠤᠯᠳᠠᠭ᠃ | ᠡᠮᠡᠭᠳᠠᠶᠢᠴᠤᠤᠨ ᠨᠢ ᠡᠪᠤᠷᠯᠠᠬᠦ ᠪᠤᠶᠤ ᠬᠦᠬᠦᠷ ᠤᠨ ᠬᠡᠳᠠᠪᠴᠢ ︵ᠬᠠᠪᠳᠠᠭ᠎ᠠ︶ ᠲᠠᠢ ᠪᠠᠨ ᠬᠠᠮᠳᠤ ᠡᠩᠬᠡᠷ ᠲᠡᠭᠡᠨ ᠵᠠᠬᠦᠳᠡᠭ ᠵᠠᠩᠰᠢᠯ ᠲᠠᠢ ᠶᠤᠮ᠃ | ᠬᠠᠳᠠᠭ ᠤᠨ ᠠᠮᠨ ᠶᠢ ᠲᠠᠯᠬᠡᠵᠤ ᠪᠠᠷᠢᠬᠤ ᠶᠢ ᠴᠠᠬᠡᠷᠯᠠᠨ᠎ᠠ︔ ᠬᠠᠳᠠᠭ ᠤᠨ ᠠᠮᠨ ᠶᠢ ᠪᠤᠷᠤᠭᠤ ᠬᠠᠨᠳᠤᠭᠤᠯᠵᠤ ᠪᠠᠷᠢᠬᠤ ᠶᠢ ᠴᠠᠬᠡᠷᠯᠠᠨ᠎ᠠ︔ | ᠠᠮᠢᠳᠤ ᠬᠦᠮᠤᠨ ᠬᠠᠳᠠᠭ ᠢᠶᠠᠷ ᠨᠢᠭᠤᠷ ᠢᠶᠠᠨ ᠪᠦᠳᠡᠬᠡᠬᠦ ᠶᠢ ᠴᠠᠬᠡᠷᠯᠠᠨ᠎ᠠ᠃ ᠬᠠᠳᠠᠭ ᠢ ᠠᠮᠢᠳᠤ ᠬᠦᠮᠤᠨ ᠤ ᠬᠦᠵᠤᠬᠦᠨ ᠳᠤ ᠡᠯᠬᠦᠬᠦ᠂ | ᠵᠠᠬᠦᠯᠬᠡᠬᠦ ᠶᠢ ᠴᠠᠬᠡᠷᠯᠠᠨ᠎ᠠ᠃ ᠤᠴᠢᠷ ᠨᠢ ᠮᠤᠩᠭᠤᠯ ᠬᠦᠮᠤᠨ ᠠᠮᠢ ᠦᠬᠡᠢ ᠱᠤᠭᠤᠮᠠᠯ ᠪᠤᠶᠤ ᠮᠤᠳᠤ | ᠴᠢᠯᠠᠭᠤ ᠵᠠᠷᠬᠡ ᠠᠪᠴᠤ ᠪᠠᠷᠢᠬᠤ ᠮᠠᠳᠠᠷᠠᠯ ᠦᠬᠡᠢ ᠦᠬᠦᠮᠠᠯ ᠪᠤᠳᠠᠰ ᠲᠤ ᠬᠠᠳᠠᠭ ᠢ ᠡᠯᠬᠦᠵᠤ ᠲᠠᠯᠪᠢᠳᠠᠭ᠃ ᠠᠮᠢᠳᠤ | ᠬᠦᠮᠤᠨ ᠳᠤ ᠡᠷᠬᠡᠪᠰᠢ ᠭᠠᠷ ᠲᠤᠨᠢ ᠪᠠᠷᠢᠭᠤᠯᠬᠤ ᠬᠡᠷᠡᠭᠳᠠᠢ᠂ ᠦᠬᠡᠢ ᠪᠤᠯ ᠠᠮᠢᠳᠤ ᠬᠦᠮᠤᠨ ᠢ ᠦᠬᠦᠮᠠᠯ ᠢᠶᠠᠷ ᠦᠵᠠᠵᠤ | ᠲᠤᠷᠤᠮᠵᠢᠯᠠᠭᠰᠠᠨ ᠪᠠᠯᠬᠡ ᠲᠠᠮᠪᠠᠷᠢᠯ ᠦᠬᠡᠢ ᠶᠠᠪᠤᠳᠠᠯ ᠪᠤᠯᠤᠨ᠎ᠠ︔ ᠰᠢᠷ᠎ᠠ ᠦᠩᠬᠡ ᠶᠢᠨ ᠬᠠᠳᠠᠭ ᠢ ᠨᠠᠶᠢᠷ ᠬᠤᠷᠢᠮ᠂ ᠤᠭᠳᠤᠭᠤᠯ᠂ ᠦᠳᠡᠬᠦᠯ᠂ | ᠨᠠᠰᠤᠨ ᠪᠠᠶᠠᠷ ᠲᠤ ᠬᠡᠷᠡᠭᠯᠠᠬᠦ ᠶᠢ ᠴᠠᠬᠡᠷᠯᠠᠨ᠎ᠠ᠃ ᠤᠴᠢᠷ ᠨᠢ ᠰᠢᠷ᠎ᠠ ᠦᠩᠬᠡ ᠶᠢ ᠮᠤᠩᠭᠤᠯ ᠬᠦᠮᠤᠨ ᠮᠦᠬᠦᠯ ᠤᠨ ᠪᠠᠯᠬᠡᠳᠤ ᠦᠩᠬᠡ ᠪᠠᠷ | ᠦᠵᠠᠳᠡᠭ︔ ᠪᠤᠷᠬᠠᠨ ᠤ ᠬᠦᠷᠤᠭ᠌ ᠵᠢᠷᠤᠭ ᠲᠠᠢ ᠬᠠᠳᠠᠭ ᠢ ᠨᠠᠶᠢᠷ ᠬᠤᠷᠢᠮ᠂ ᠤᠭᠳᠤᠭᠤᠯ᠂ ᠦᠳᠡᠬᠦᠯ᠂ ᠨᠠᠰᠤᠨ | ᠪᠠᠶᠠᠷ ᠲᠤ ᠬᠡᠷᠡᠭᠯᠠᠬᠦ ᠶᠢ ᠴᠠᠬᠡᠷᠯᠠᠨ᠎ᠠ᠃ ᠤᠴᠢᠷ ᠨᠢ ᠪᠤᠷᠬᠠᠨ ᠢᠶᠠᠷ ᠬᠦᠮᠤᠨ ᠢ ᠤᠭᠳᠤᠵᠤ ᠦᠳᠠᠬᠦᠯᠬᠦ ᠠᠵᠢᠯᠯᠠᠭ᠎ᠠ | ᠪᠤᠯ ᠵᠦᠢ ᠪᠤᠰᠤ ᠠᠵᠢᠯᠯᠠᠭ᠎ᠠ ᠬᠡᠵᠤ ᠦᠵᠠᠳᠡᠭ︔ ᠬᠠᠳᠠᠭ ᠢ ᠬᠠᠮᠢᠶ᠎ᠠ ᠨᠠᠮᠢᠶ᠎ᠠ ᠦᠬᠡᠢ ᠲᠠᠬᠡᠷ᠎ᠠ ᠲᠤᠤᠷ᠎ᠠ ᠬᠦᠳᠡᠭᠡ ᠭᠠᠳᠠᠭ᠎ᠠ ᠳᠤ | ᠠᠰᠠᠭᠠᠭᠴᠢᠯᠠᠨ ᠬᠠᠶᠠᠬᠤ ᠶᠢ ᠴᠠᠬᠡᠷᠯᠠᠨ᠎ᠠ︔ ᠬᠠᠳᠠᠭ ᠢ ᠪᠤᠵᠠᠷᠯᠠᠬᠤ ᠪᠤᠶᠤ ᠪᠤᠵᠠᠷ ᠬᠠᠳᠠᠭ ᠬᠡᠷᠡᠭᠯᠠᠬᠦ ᠶᠢ | ᠴᠠᠬᠡᠷᠯᠠᠨ᠎ᠠ︔ ᠬᠦᠨᠳᠤ ᠬᠦᠩᠬᠡᠨ ᠤ ᠢᠯᠭᠠᠯ ᠦᠬᠡᠢ ᠬᠠᠳᠠᠭ ᠲᠠᠳᠠᠬᠤ ᠪᠤᠶᠤ ᠪᠠᠷᠢᠬᠤ ᠶᠢ ᠴᠠᠬᠡᠷᠯᠠᠨ᠎ᠠ᠃ | ᠤᠴᠢᠷ ᠨᠢ ᠬᠠᠳᠠᠭ ᠲᠠᠳᠠᠬᠤ ᠨᠢ ᠠᠮᠠᠯᠠᠯᠳᠠ ᠬᠢᠵᠤ ᠠᠮᠠᠨ ᠲᠠᠩᠭᠠᠷᠢᠭ ᠲᠠᠯᠪᠢᠭᠰᠠᠨ ᠳᠤ ᠲᠤᠭᠠᠴᠢᠭᠳᠠᠨ᠎ᠠ︔ ᠬᠠᠳᠠᠭ ᠢ ᠲᠠᠪᠬᠤᠷᠯᠠᠨ | ᠪᠠᠷᠢᠬᠤ ᠶᠢ ᠴᠠᠬᠡᠷᠯᠠᠨ᠎ᠠ︔ ᠬᠠᠳᠠᠭ ᠢ ᠡᠵᠠᠨ ᠡᠰᠢ ᠦᠬᠡᠢ ᠠᠳᠡ ᠲᠠᠨᠳᠠ ᠬᠠᠮᠢᠶ᠎ᠠ ᠨᠠᠮᠢᠶ᠎ᠠ ᠦᠬᠡᠢ ᠬᠠᠶᠠᠬᠤ ᠶᠢ | ᠴᠠᠬᠡᠷᠯᠠᠨ᠎ᠠ᠃ ᠤᠴᠢᠷ ᠨᠢ ᠬᠠᠳᠠᠭ ᠢ ᠬᠦᠯᠢᠶᠠᠬᠦ ᠡᠵᠠᠨ ᠦᠬᠡᠢ ᠪᠤᠯ ᠠᠳᠠ ᠪᠤᠭ ᠤᠷᠤᠰᠢᠵᠤ ᠡᠵᠠᠨ ᠢᠶᠠᠨ ᠡᠷᠢᠨ᠎ᠠ ᠬᠡᠳᠡᠭ᠃ | ᠬᠠᠳᠠᠭ ᠤᠨ | ᠪᠡᠯᠭᠡᠳᠡᠯ ᠶᠤᠰᠤ᠋ᠨ ᠯᠤᠪᠰᠠᠩᠴᠦ᠋ᠢᠳᠠᠨ ᠤ ︽ᠮᠤᠩᠭᠤᠯ ᠤᠨ ᠵᠠᠩ ᠠᠭᠠᠯᠢ ᠶᠢᠨ ᠤᠶᠢᠯᠠᠪᠤᠷᠢ︾ ᠬᠡᠳᠡᠭ ᠨᠤᠮ ᠳᠤ᠂ ︽ᠵᠢᠯᠤᠨ | ᠦᠩᠬᠡ ᠬᠦᠬᠡ ᠪᠤᠯᠪᠠᠰᠤ ᠮᠠᠨᠳᠤᠬᠤ᠂ ᠰᠢᠷ᠎ᠠ ᠪᠤᠯᠪᠠᠰᠤ ᠮᠦᠬᠦᠬᠦ᠂ ᠴᠠᠭᠠᠨ ᠪᠤᠯᠪᠠᠰᠤ ᠡᠬᠢᠯᠠᠬᠦ᠂ ᠬᠠᠷ᠎ᠠ ᠪᠤᠯᠪᠠᠰᠤ ᠬᠤᠷᠢᠶᠠᠬᠤ ᠪᠠᠷ | ᠮᠠᠳᠠᠵᠤ ᠶᠠᠪᠤᠮᠤᠢ᠃ ᠲᠠᠶᠢᠮᠤ ᠶᠢᠨ ᠲᠤᠯᠨ ᠮᠤᠩᠭᠤᠯ ᠬᠦᠮᠤᠨ ᠬᠦᠬᠡ ᠴᠠᠭᠠᠨ ᠦᠩᠬᠡ ᠶᠢ ᠲᠠᠷᠢᠬᠦᠯᠠᠨ ᠵᠠᠷᠤᠮᠤᠢ︾ ᠬᠡᠵᠦ | ᠲᠡᠮᠳᠡᠭᠯᠡᠵᠦ ᠪᠤᠢ᠃ ᠦᠬᠡᠷ᠎ᠠ ᠪᠠᠷ ᠬᠡᠯᠠᠪᠠᠯ ᠮᠤᠩᠭᠤᠯ ᠬᠦᠮᠤᠨ ᠴᠠᠭᠠᠨ᠂ ᠬᠦᠬᠡ ᠦᠩᠬᠡ ᠶᠢᠨ ᠬᠠᠳᠠᠭ ᠢ | ᠭᠤᠤᠯᠴᠢᠯᠠᠨ ᠬᠡᠷᠡᠭᠯᠠᠨ᠎ᠠ᠃ ᠰᠢᠷ᠎ᠠ ᠦᠩᠬᠡ ᠶᠢᠨ ᠬᠠᠳᠠᠭ ᠢ ᠬᠦᠮᠤᠨ ᠬᠦᠮᠤᠨ ᠤ ᠬᠠᠷᠢᠴᠠᠭᠠᠨ ᠤ ᠬᠤᠭᠤᠷᠤᠨᠳᠤ | ᠬᠡᠷᠡᠭᠯᠠᠬᠦ ᠦᠬᠡᠢ ᠶᠤᠮ᠃ ᠮᠤᠩᠭᠤᠯ ᠬᠦᠮᠤᠨ ᠴᠠᠭᠠᠨ ᠬᠠᠳᠠᠭ ᠢ ᠡᠷᠬᠢᠮᠯᠠᠨ ᠬᠡᠷᠡᠭᠯᠠᠳᠡᠭ ᠨᠢ ᠰᠠᠶᠢᠨ | ᠰᠠᠶᠢᠬᠠᠨ ᠤᠶᠢᠯᠨ ᠶᠢ ᠪᠦᠳᠤᠬᠡᠭᠴᠢ ᠪᠠᠷᠠᠭᠤᠨ ᠲᠠᠪᠢᠨ ᠲᠠᠪᠤᠨ ᠴᠠᠭᠠᠨ ᠲᠡᠭᠷᠢ ᠠᠴᠠ ᠢᠷᠠᠯᠳᠠ ᠲᠠᠢ ᠶᠤᠮ᠃ | ᠦᠬᠡᠷ᠎ᠠ ᠪᠠᠷ ᠬᠡᠯᠠᠪᠠᠯ᠂ ᠮᠠᠨᠠᠭᠠᠨ ᠴᠠᠭᠠᠨ ᠲᠡᠭᠷᠢ᠂ ᠪᠠᠶᠠᠨ ᠴᠠᠭᠠᠨ ᠲᠡᠭᠷᠢ᠂ ᠪᠠᠳᠠᠷᠠᠩᠭᠤᠢ ᠴᠠᠭᠠᠨ ᠲᠡᠭᠷᠢ᠂ | ᠨᠤᠮᠳᠤ ᠴᠠᠭᠠᠨ ᠲᠡᠭᠷᠢ᠂ ᠰᠢᠳᠤᠷᠭᠤ ᠴᠠᠭᠠᠨ ᠲᠡᠭᠷᠢ᠂ ᠴᠠᠶᠢᠷ ᠴᠠᠭᠠᠨ ᠲᠡᠭᠷᠢ᠂ ᠵᠠᠶᠠᠭᠠᠨ ᠴᠠᠭᠠᠨ ᠲᠡᠭᠷᠢ᠂ ᠡᠪᠤᠬᠡᠨ ᠴᠠᠭᠠᠨ | ᠲᠡᠭᠷᠢ᠂ ᠤᠩᠭᠤᠨ ᠴᠠᠭᠠᠨ ᠲᠡᠭᠷᠢ᠂ ᠤᠶᠤᠭᠠᠷ ᠴᠠᠭᠠᠨ ᠲᠡᠭᠷᠢ᠂ ᠪᠦᠰᠠᠯᠠᠬᠦᠷ ᠴᠠᠭᠠᠨ ᠲᠡᠭᠷᠢ᠂ ᠪᠤᠳᠠᠷᠠᠭᠠᠢ ᠴᠠᠭᠠᠨ ᠲᠡᠭᠷᠢ᠂ ᠲᠠᠶᠢᠴᠢᠨ | ᠴᠠᠭᠠᠨ ᠲᠡᠭᠷᠢ᠂ ᠪᠠᠭᠠᠳᠤᠷ ᠴᠠᠭᠠᠨ ᠲᠡᠭᠷᠢ᠂ ᠢᠷᠤᠬᠡᠯ ᠤᠨ ᠴᠠᠭᠠᠨ ᠲᠡᠭᠷᠢ ᠬᠡᠬᠦ ᠮᠠᠳᠤ ᠪᠠᠷᠠᠭᠤᠨ ᠵᠦᠭ ᠤᠨ ᠲᠠᠪᠢᠨ ᠲᠠᠪᠤᠨ | ᠴᠠᠭᠠᠨ ᠲᠡᠭᠷᠢ ᠶᠢ ᠨᠠᠶᠢᠯᠠᠬᠦᠯᠦᠬᠡᠤᠨ ︽ᠪᠠᠷᠠᠭᠤᠨ ᠵᠦᠭ ᠤᠨ ᠪᠠᠭᠠᠳᠤᠷ ᠴᠠᠭᠠᠨ ᠲᠡᠭᠷᠢ︾ ᠬᠡᠬᠦ ᠪᠤᠶᠤ ︽ᠡᠴᠢᠬᠡ ᠲᠡᠭᠷᠢ︾ ᠬᠡᠳᠡᠭ᠃ | ᠮᠤᠩᠭᠤᠯ ᠬᠦᠮᠤᠨ ᠨᠦᠭᠴᠢᠭᠰᠡᠳ ᠢ ᠪᠠᠷᠠᠭᠤᠨ ᠬᠤᠶᠢᠰᠢ ᠬᠠᠨᠳᠤᠭᠤᠯᠤᠨ ᠰᠠᠶᠢᠨ ᠰᠠᠶᠢᠬᠠᠨ ᠢ ᠲᠠᠭᠠᠤᠨᠬᠠᠵᠤ ᠠᠭᠤᠷ ᠢ | ᠬᠤᠷᠢᠶᠠᠳᠠᠭ ᠪᠦᠬᠡᠤᠨ ᠴᠠᠭᠠᠨ ᠬᠠᠳᠠᠭ ᠢᠶᠠᠷ ᠨᠢᠭᠤᠷ ᠢ ᠨᠢ ᠪᠦᠳᠡᠬᠡᠵᠤ ᠰᠠᠶᠢᠨ ᠰᠠᠶᠢᠬᠠᠨ ᠬᠤᠶᠢᠳᠤ ᠶᠢᠨ ᠮᠦᠷ | ᠤᠯᠬᠤ ᠶᠢ ᠪᠠᠯᠬᠡᠳᠠᠳᠡᠭ᠃ ᠮᠤᠩᠭᠤᠯ ᠬᠦᠮᠤᠨ ᠢᠡᠭᠬᠢᠵᠦ ᠪᠠᠷᠠᠭᠤᠨ ᠲᠠᠪᠢᠨ ᠲᠠᠪᠤᠨ ᠴᠠᠭᠠᠨ ᠲᠡᠭᠷᠢ ᠶᠢ ᠡᠴᠢᠭᠡ | ᠲᠡᠭᠷᠢ ᠬᠡᠮᠠᠨ ᠰᠢᠳᠤᠵᠤ ᠴᠠᠭᠠᠨ ᠦᠩᠬᠡ ᠶᠢ ᠡᠷᠬᠢᠮᠨᠠᠨ ᠦᠵᠠᠵᠤ ᠤᠯᠤᠰ ᠤᠨ ᠲᠤᠭ ᠢᠶᠠᠨ ᠴᠠᠭᠠᠨ ᠢᠶᠠᠷ ᠬᠢᠵᠦ᠂ ᠲᠦᠷᠤ ᠶᠢᠨ | ᠶᠤᠰᠤᠯᠠᠯ ᠳᠤ ᠴᠠᠭᠠᠨ ᠬᠤᠪᠴᠠᠰᠤ ᠡᠮᠤᠰᠴᠤ᠂ ᠴᠠᠭᠠᠨ ᠬᠠᠳᠠᠭ ᠬᠡᠷᠡᠭᠯᠠᠨ᠎ᠠ᠃ | ︽ᠮᠠᠷᠺᠤ ᠫᠤᠯᠤ ᠶᠢᠨ ᠵᠢᠭᠤᠯᠴᠢᠯᠠᠯ ᠤᠨ ᠲᠠᠮᠳᠡᠭᠯᠠᠯ︾ ᠳᠤ᠂ ᠴᠠᠭᠠᠨ ᠰᠠᠷ᠎ᠠ ᠪᠤᠯᠤᠮᠠᠭᠴᠨ ᠶᠡᠭᠡ ᠬᠠᠭᠠᠨ ᠠᠴᠠ ᠡᠬᠢᠯᠠᠨ ᠡᠬᠡᠯ ᠠᠷᠠᠤᠨ | ᠬᠦᠷᠳᠠᠯ᠎ᠠ ᠴᠦᠮ ᠴᠠᠭᠠᠨ ᠬᠤᠪᠴᠠᠰᠤ ᠡᠮᠤᠰᠴᠤ ᠴᠠᠭᠠᠨ ᠦᠩᠬᠡ ᠶᠢᠨ ᠪᠠᠯᠡᠭ ᠬᠦᠷᠬᠡᠯᠴᠠᠳᠡᠭ ᠬᠡᠵᠠᠢ᠃ ᠡᠶᠢᠮᠤ ᠠᠴᠠ | ︽ᠶᠢᠰᠤᠨ ᠴᠠᠭᠠᠨ ᠪᠠᠯᠡᠭ︾ ᠪᠤᠯ ᠮᠤᠩᠭᠤᠯᠴᠤᠤᠨ ᠤᠨ ᠬᠠᠮᠤᠭ ᠤᠨ ᠡᠷᠬᠢᠮ ᠲᠠᠬᠡᠳᠤ ᠪᠠᠯᠡᠭ ᠮᠦᠨ᠃ ᠡᠨᠠᠬᠦ ᠶᠢᠰᠤ ᠶᠢᠰᠤ ᠨᠠᠶᠠᠨ ᠨᠢᠬᠡᠨ | ᠪᠠᠯᠡᠭ ᠲᠤ ᠪᠦᠷ ᠴᠠᠭᠠᠨ ᠬᠠᠳᠠᠭ ᠤᠷᠤᠳᠠᠭ ᠪᠤᠯᠬᠤᠷ ︽ᠶᠢᠰᠤᠨ ᠴᠠᠭᠠᠨ ᠪᠠᠯᠩ︾ ᠬᠡᠳᠡᠭ ᠶᠤᠮ᠃ | ᠮᠤᠩᠭᠤᠯ ᠬᠦᠮᠤᠨ ᠬᠦᠬᠡ ᠬᠠᠳᠠᠭ ᠢ ᠪᠠᠯᠭᠡᠰᠢᠶᠠᠨ ᠬᠡᠷᠡᠭᠯᠠᠳᠡᠭ ᠨᠢ᠂ ᠬᠦᠬᠡ ᠮᠦᠩᠬᠡ ᠲᠡᠭᠷᠢ ᠶᠢᠨ ᠬᠦᠬᠡ ᠴᠠᠭᠠᠨ ᠡᠬᠦᠯᠨ ᠶᠢ | ᠭᠠᠷ ᠲᠠᠭᠠᠨ ᠪᠠᠯᠬᠡᠳᠠᠯ ᠪᠤᠯᠭᠠᠨ ᠡᠷᠬᠦᠵᠤ ᠪᠠᠶᠢᠭ᠎ᠠ ᠨᠢ ᠲᠠᠷᠨ ᠶᠤᠮ᠃ ᠡᠨ᠋ᠨ ᠨᠢ ᠲᠠᠷᠤᠢ ᠬᠦᠬᠡ ᠦᠩᠬᠡ ᠶᠢ | ᠡᠰᠡᠨᠢᠯ ᠮᠠᠨᠳᠤᠯ ᠤᠨ ᠪᠠᠯᠬᠡᠳᠠᠯ ᠪᠤᠯᠭᠠᠵᠤ ᠡᠷᠳᠠ ᠲᠠᠬᠡᠳᠤ ᠴᠠᠭ ᠲᠤ ᠤᠯᠤᠰ ᠶᠤᠭᠠᠨ ︽ᠬᠦᠬᠡ ᠮᠤᠩᠭᠤᠯ ᠤᠯᠤᠰ︾ ᠬᠡᠵᠤ᠂ | ᠤᠯᠤᠰ ᠤᠨ ᠲᠤᠭ ᠲᠠᠭᠠᠨ ᠬᠦᠬᠡ ᠦᠩᠬᠡ ᠶᠢᠨ ᠪᠠᠯᠬᠡᠳᠠᠯ ᠤᠷᠤᠭᠤᠯᠵᠠᠢ᠃ ᠢᠩᠬᠢᠬᠡᠤᠨ ᠪᠠᠰᠨ ᠨᠠᠶᠢᠰᠯᠠᠯ ᠢᠶᠠᠨ ︽ᠬᠦᠬᠡ ᠪᠠᠯᠭᠠᠰᠤ︾᠂ | ᠬᠠᠭᠠᠨ ᠤ ᠤᠷᠳᠤ ᠪᠠᠨ ᠬᠦᠬᠡ ᠤᠷᠳᠤ᠂ ᠬᠠᠭᠠᠨ ᠤ ᠲᠠᠮᠠᠭ᠎ᠠ ᠪᠠᠨ ᠬᠦᠬᠡ ᠲᠠᠮᠠᠭ᠎ᠠ᠂ ᠤᠯᠤᠰ ᠤᠨ ᠲᠠᠤᠬᠡ ᠶᠢᠨ ᠲᠤᠯᠭᠤᠷ ᠪᠢᠴᠢᠭ ᠢ | ︽ᠬᠦᠬᠡ ᠲᠠᠤᠬᠡ︾᠂ ︽ᠬᠦᠬᠡ ᠲᠠᠪᠳᠠᠷ︾᠂ ︽ᠬᠦᠬᠡ ᠰᠤᠳᠤᠷ︾ ᠬᠡᠵᠤ᠂ ︽ᠬᠦᠬᠡ ᠬᠠᠳᠠᠭ︾ ᠢᠶᠠᠷ | ᠬᠠᠮᠤᠭ ᠤᠨ ᠶᠡᠭᠡ ᠡᠰᠠᠨᠢᠯ ᠮᠠᠨᠳᠤᠯ ᠤᠨ ᠢᠷᠤᠬᠡᠯ ᠵᠦᠩᠨᠠᠯ ᠪᠤᠯᠭᠠᠵᠤ᠂ ᠬᠦᠨᠳᠤ ᠶᠢᠨ ᠶᠤᠰᠤᠨ ᠳᠤ ᠬᠡᠷᠡᠭᠯᠠᠬᠦ | | ᠬᠠᠳᠠᠭ ᠤᠨ ᠰᠤᠶᠤᠯ ᠪᠤᠯ ᠡᠷᠳᠡᠨ ᠠᠴᠠ ᠠᠪᠤᠭᠠᠳ ᠠᠽᠢᠶ᠎ᠠ ᠡᠸᠦ᠋ᠷᠤᠫᠡ ᠬᠤᠶᠠᠷ ᠲᠢᠪ ᠤᠨ ᠤᠷᠤᠨ ᠢ ᠰᠤᠨᠳᠠᠯᠠᠨ ᠠᠮᠢᠳᠤᠷᠠᠵᠦ | ᠪᠠᠶᠢᠬᠰᠠᠨ ᠠᠯᠳᠠᠢ ᠢᠵᠠᠭᠤᠷ ᠬᠡᠯᠡᠨ ᠤ ᠤᠯᠠᠨ ᠠᠶᠢᠮᠠᠭ ᠤᠭᠰᠠᠭ᠎ᠠ ᠶᠢᠨ ᠬᠠᠮᠳᠤ ᠶᠢᠨ ᠰᠤᠶᠤᠯ ᠤᠨ ᠪᠠᠯᠬᠡ ᠲᠡᠮᠳᠡᠭ | ᠪᠤᠯᠬᠤ ᠪᠦᠭᠡᠳ ᠲᠡᠭᠷᠢᠯᠢᠭ ᠬᠦᠬᠡ ᠮᠤᠩᠭᠤᠯᠴᠤᠤᠨ ᠤᠨ ᠠᠮᠠᠨ ᠲᠠᠩᠭᠠᠷᠢᠭ ᠢᠶᠠᠨ ᠦᠭᠴᠤ ᠠᠨᠳᠠᠭᠠᠶᠢᠯᠠᠨ ᠬᠠᠳᠠᠨ | ᠲᠤᠭᠳᠠᠭᠠᠭᠰᠠᠨ ᠶᠡᠭᠡ ᠬᠦᠨᠳᠤᠳᠤ ᠰᠤᠶᠤᠯ ᠪᠤᠯᠤᠨ᠎ᠠ᠃ | ᠬᠠᠳᠠᠭ ᠤᠨ ᠰᠤᠶᠤᠯ ᠪᠤᠯ ᠮᠤᠩᠭᠤᠯᠴᠤᠤᠨ ᠤᠨ ᠤᠣᠭᠠᠨ ᠰᠤᠶᠤᠯ ᠮᠦᠨ | ᠮᠤᠩᠭᠤᠯᠴᠤᠤᠨ ᠤᠨ ᠬᠠᠳᠠᠭ ᠤᠨ ᠡᠬᠦᠰᠤᠯ ᠢ ᠮᠤᠩᠭᠤᠯ ᠬᠦᠮᠤᠨ ᠤ ᠪᠠᠶᠢᠭᠠᠯᠢ ᠶᠢᠨ ᠦᠵᠡᠭᠳᠠᠯ ᠤᠨ ᠲᠤᠬᠠᠢ ᠰᠠᠷᠠᠨ ᠮᠠᠳᠠᠷᠠᠬᠦᠢ ᠶᠢᠨ | ᠠᠩᠬᠠᠨ ᠤ ᠰᠠᠷᠠᠯ ᠤᠨ ᠲᠠᠨᠢᠯᠳᠠ ᠶᠢᠨ ᠵᠠᠭᠪᠤᠷ ᠠᠴᠠ ᠪᠤᠢ ᠪᠤᠯᠤᠭᠰᠠᠨ ᠬᠡᠵᠤ ᠡᠷᠳᠠᠮᠳᠠᠨ ᠮᠠᠷᠬᠡᠤᠨ ᠦᠵᠠᠳᠡᠭ ᠪᠠᠶᠢᠨ᠎ᠠ᠃ | ᠵᠢᠱᠢᠶᠠᠯᠠᠪᠠᠯ᠂ ᠡᠷᠳᠠᠨ ᠤ ᠮᠤᠩᠭᠤᠯᠴᠤᠤᠨ ᠬᠦᠬᠡ ᠮᠦᠩᠬᠡ ᠲᠡᠭᠷᠢ ᠶᠢᠨ ᠴᠠᠭᠠᠨ ᠨᠠᠷᠠᠨ ᠤ ᠬᠡᠷᠠᠯ ᠪᠤᠯᠤᠨ ᠬᠦᠬᠡ ᠤᠭᠳᠠᠷᠭᠤᠢ ᠶᠢᠨ ᠬᠦᠬᠡ | ᠡᠬᠦᠯᠨ ᠶᠢᠨ ᠭᠠᠳᠠᠭᠠᠯᠢᠭ ᠦᠩᠬᠡ ᠲᠦᠷᠰᠤ᠂ ᠬᠡᠯᠪᠠᠷᠢ ᠶᠢᠨ ᠲᠤᠳᠤᠭᠠᠯᠢᠭ ᠰᠠᠤᠨᠬᠢᠯᠬᠡ ᠲᠠᠢ ᠪᠠᠨ ᠨᠢᠬᠡᠳᠤᠬᠦᠯᠤᠨ | ᠤᠶᠢᠯᠠᠭᠠᠳᠠᠭ ᠪᠠᠶᠢᠭᠰᠠᠨ ᠠᠴᠠ ᠪᠠᠨ ᠬᠠᠮᠤᠭ ᠠᠩᠬᠠᠨ ᠤ ᠲᠦᠰᠤᠬᠡᠯᠠᠯ ᠪᠤᠯᠬᠤ ᠬᠦᠬᠡ ᠴᠠᠭᠠᠨ ᠬᠠᠳᠠᠭ ᠪᠤᠢ | ᠪᠤᠯᠵᠠᠢ ᠬᠡᠵᠤ ᠦᠵᠠᠳᠡᠭ᠃ ᠵᠢᠱᠢᠶᠠᠯᠠᠪᠠᠯ᠂ ︽ᠤᠷᠳᠤᠰ ᠬᠤᠷᠢᠮ︾ ᠤᠨ ᠢᠷᠤᠬᠡᠯ ᠳᠤ᠂ ᠬᠦᠬᠡ ᠴᠠᠭᠠᠨ | ᠬᠠᠳᠠᠭ ᠤᠨ ᠢᠷᠠᠯᠳᠠ ᠶᠢ ︽ᠠᠷᠢᠭᠤᠨ ᠴᠠᠭᠠᠨ ᠬᠠᠳᠠᠭ ᠨᠢ ᠬᠦᠬᠡ ᠦᠩᠬᠡ ᠶᠢᠨ ᠲᠡᠭᠷᠢ ᠶᠢᠨ ᠴᠢᠨᠠᠷ ᠲᠠᠢ︾ | ᠬᠡᠵᠤ ᠲᠠᠶᠢᠯᠪᠤᠷᠢᠯᠠᠵᠤ ᠪᠤᠢ᠃ ᠡᠨ᠋ᠨ ᠨᠢ ᠲᠠᠷᠤᠢ ᠴᠠᠭᠠᠨ ᠨᠠᠷᠠᠨ ᠤ ᠪᠠᠯᠬᠡᠳᠠᠯ ᠠᠴᠠ ᠪᠤᠢ ᠪᠤᠯᠤᠭᠰᠠᠨ ᠴᠠᠭᠠᠨ ᠬᠠᠳᠠᠭ ᠪᠠ ᠬᠦᠬᠡ | ᠤᠭᠳᠠᠷᠭᠤᠢ ᠶᠢᠨ ᠬᠦᠬᠡ ᠡᠬᠦᠯᠨ ᠠᠴᠠ ᠪᠤᠢ ᠪᠤᠯᠤᠭᠰᠠᠨ ᠬᠦᠬᠡ ᠬᠠᠳᠠᠭ ᠪᠤᠯᠤᠨ᠎ᠠ᠃ | ᠡᠷᠳᠡᠮᠳᠡᠨ ᠰᠤᠳᠤᠯᠭᠠᠳᠠᠳ ᠤᠨ ︽ᠬᠠᠳᠠᠭ ᠪᠤᠯ ᠡᠨᠠᠤᠡᠭᠡᠭ ᠲᠦᠪᠠᠤᠨ ᠠᠴᠠ ᠡᠬᠢ ᠡᠬᠦᠰᠤᠯ ᠲᠠᠢ︾ ᠬᠡᠬᠦ ᠦᠵᠡᠯᠳᠡ ᠨᠢ ᠪᠤᠷᠤᠭᠤ ᠶᠤᠮ᠃ | ᠲᠦᠪᠠᠤᠨ ᠤᠨ ᠡᠷᠳᠠᠮᠳᠠᠨ ᠪᠠᠰᠠᠩᠨᠤᠷᠪᠤ ︽ᠲᠦᠪᠠᠤᠨ ᠬᠢᠳᠠᠤᠨ ᠲᠤᠮᠤ ᠲᠤᠯᠢ︾ ᠳᠠᠬᠢ ︽ᠺᠠᠳᠠᠭ ︵kha᠂ btag︶ ᠪᠤᠯ | ᠨᠢᠬᠡ ᠵᠦᠢᠯ ᠤᠨ ᠨᠢᠭᠤᠷ ᠤᠴᠠᠷᠠᠬᠤ ᠳᠤ ᠪᠠᠯᠡᠭ ᠪᠤᠯᠭᠠᠳᠠᠭ ᠮᠢᠨᠳᠠᠰᠤᠨ ᠨᠡᠬᠡᠳᠠᠰᠤ︾ ᠬᠡᠰᠠᠨ ᠲᠠᠶᠢᠯᠪᠤᠷᠢ ᠶᠢ᠄ ︿ᠬᠠᠳᠠᠭ﹀ ᠬᠡᠳᠡᠭ | ᠦᠬᠡ ᠶᠢ ᠲᠦᠪᠠᠤᠨ ᠬᠡᠯᠨ ᠪᠠᠷ ᠠᠪᠢᠶᠠᠴᠢᠯᠠᠨ ᠤᠷᠴᠢᠭᠤᠯᠪᠠᠯ ︿ᠺᠠᠳᠠᠭ﹀ ᠪᠤᠯᠤᠨ᠎ᠠ᠃ ᠲᠦᠪᠠᠤᠨ ᠬᠡᠯᠠᠨ ᠤ ᠠᠪᠢᠶ᠎ᠠ | ᠬᠢᠬᠡᠤᠨ ᠦᠬᠡᠰ ᠤᠨ ᠰᠠᠩ ᠤᠨ ᠪᠦᠷᠢᠯᠳᠤᠬᠦᠨ ᠢ ᠦᠨᠳᠤᠰᠤᠯᠠᠪᠠᠯ᠂ ᠲᠠᠷᠨ ᠨᠢ ᠲᠦᠪᠠᠤᠨ ᠦᠬᠡ ᠪᠢᠰᠢ᠂ ᠬᠠᠷᠢᠨ | ︿ᠬᠠᠳᠠᠭ﹀ ᠬᠡᠳᠡᠭ ᠮᠤᠩᠭᠤᠯ ᠦᠬᠡ ᠶᠢᠨ ᠲᠦᠪᠠᠤᠨ ᠠᠪᠢᠶᠠᠴᠢᠯᠠᠭ᠎ᠠ ᠪᠤᠯᠬᠤ ᠶᠣᠮ︾ ᠬᠡᠵᠤ ᠲᠤᠷᠠᠳᠤᠭᠰᠡᠨ ᠪᠦᠭᠡᠳ | ᠶᠤᠸᠠᠨ ᠤᠯᠤᠰ ᠤᠨ ᠬᠠᠭᠠᠨ ᠤ ᠪᠠᠭᠰᠢ ᠫᠠᠭᠪᠠ ᠯᠠᠮᠨ ᠪᠠᠷ ᠲᠠᠶᠢᠳᠤ ᠠᠴᠠ ᠲᠦᠪᠡᠳ ᠲᠤ ᠪᠤᠴᠠᠵᠤ ᠬᠠᠷᠢᠭᠰᠠᠨ ᠤ ᠲᠠᠷᠠᠭ᠎ᠠ | ᠲᠦᠪᠠᠤᠨ ᠤᠷᠤᠨ ᠤ ᠪᠤᠳᠢᠰᠠᠳ᠋ᠸ᠎ᠠ᠂ ᠪᠤᠷᠬᠠᠨ ᠤ ᠬᠦᠷᠤᠭ᠌ ᠲᠤ ᠬᠠᠳᠠᠭ ᠡᠷᠬᠦᠵᠤ᠂ ᠯᠠᠮᠠ ᠬᠤᠸᠠᠷᠠᠭ ᠨᠤᠶᠠᠤᠨ | ᠲᠦᠰᠢᠮᠠᠤᠨ ᠲᠤ ᠬᠠᠳᠠᠭ ᠬᠠᠶᠢᠷᠠᠯᠠᠭᠰᠠᠨ ᠤᠶᠢᠯᠨ ᠶᠠᠪᠤᠳᠠᠯ ᠠᠴᠠ ᠦᠵᠡᠪᠡᠯ᠂ ᠬᠠᠳᠠᠭ ᠨᠢ ᠮᠤᠩᠭᠤᠯ | ᠤᠷᠤᠨ ᠠᠴᠠ ᠲᠦᠪᠡᠳ ᠲᠤ ᠤᠷᠤᠭᠰᠠᠨ ᠬᠡᠵᠦ ᠦᠵᠡᠭᠰᠡᠨ ᠪᠠᠶᠢᠨ᠎ᠠ᠃ | ᠫᠠᠭᠪᠠ ᠯᠠᠮᠨ 1247 ᠤᠨ ᠳᠤ ᠮᠤᠩᠭᠤᠯ ᠤᠷᠤᠨ ᠳᠤ ᠵᠠᠯᠠᠭᠳᠡᠨ ᠶᠤᠸᠠᠨ ᠤᠯᠤᠰ ᠤᠨ ︽ᠶᠡᠭᠡ ᠡᠷᠳᠠᠨᠢᠳᠤ ᠨᠤᠮ ᠤᠨ ᠬᠠᠭᠠᠨ︾ | ᠡᠷᠬᠦᠮᠵᠢᠯᠡᠭᠳᠡᠨ᠂ 29 ᠵᠢᠯ ᠮᠤᠩᠭᠤᠯ ᠤᠷᠤᠨ ᠳᠤ ᠰᠠᠭᠤᠵᠠᠢ᠃ ᠡᠨᠠᠬᠦ ᠬᠤᠭᠤᠴᠠᠭᠠᠨ ᠳᠠᠭᠠᠨ ᠲᠡᠷᠡᠪᠡᠷ 1265 ᠤᠨ ᠪᠤᠯᠤᠨ 1276 | ᠤᠨ ᠳᠤ ᠲᠤᠰ ᠲᠤᠰ ᠬᠤᠶᠡᠷ ᠤᠳᠠᠭ᠎ᠠ ᠨᠤᠳᠤᠭ ᠲᠠᠭᠠᠨ ᠬᠠᠷᠢᠵᠠᠢ᠃ ᠡᠶᠢᠮᠤ ᠠᠴᠠ ᠫᠠᠭᠪᠠ ᠯᠠᠮᠨ ᠨᠢᠬᠡᠳᠤᠬᠡᠷ ᠤᠳᠠᠭ᠎ᠠ | ᠨᠤᠳᠤᠭ ᠲᠠᠭᠠᠨ ᠬᠠᠷᠢᠬᠤ ᠳᠠᠭᠠᠨ ᠮᠤᠩᠭᠤᠯ ᠤᠷᠤᠨ ᠠᠴᠠ ᠬᠠᠳᠠᠭ ᠠᠪᠴᠤ ᠲᠦᠪᠠᠤᠨ ᠲᠤ ᠲᠠᠯᠬᠡᠷᠠᠬᠦᠯᠤᠭ᠍ᠰᠠᠨ | ᠴᠠᠭ ᠵᠢᠯ ᠢ 1265 ᠤᠨ ᠬᠡᠵᠤ ᠪᠠᠳᠤᠯᠠᠵᠤ ᠪᠤᠯᠬᠤ ᠶᠤᠮ᠃ | ᠠᠷᠪᠠᠨ ᠭᠤᠷᠪᠠᠳᠤᠭᠠᠷ ᠵᠠᠭᠤᠨ ᠤ ᠰᠠᠬᠦᠯᠴᠢ ᠶᠢᠨ ᠦᠶ᠎ᠠ᠂ ᠦᠬᠡᠷ᠎ᠠ ᠪᠠᠷ ᠬᠡᠯᠠᠪᠠᠯ ᠫᠠᠭᠪᠠ ᠯᠠᠮᠠ ᠮᠤᠩᠭᠤᠯ ᠤᠷᠤᠨ ᠠᠴᠠ | ᠲᠦᠪᠠᠤᠨ ᠲᠤ ᠬᠠᠷᠢᠬᠤ ᠶᠢᠨ ᠡᠮᠤᠨ᠎ᠠ ᠲᠦᠪᠠᠤᠨ ᠬᠡᠯᠠᠨ ᠤ ᠦᠬᠡᠰ ᠤᠨ ᠰᠠᠩ ᠳᠤ ︽ᠺᠠᠳᠠᠭ︾ ᠬᠡᠳᠡᠭ ᠦᠬᠡ | ᠶᠠᠷᠤ ᠭᠠᠷᠳᠠᠭ ᠦᠬᠡᠢ ᠪᠦᠬᠡᠤᠨ ᠬᠢᠳᠠᠤᠨ ᠲᠦᠪᠠᠤᠨ ᠢᠵᠠᠭᠤᠷ ᠬᠡᠯᠠᠨ ᠳᠤ ᠴᠤ ᠲᠤᠰ ᠨᠡᠷ᠎ᠠ ᠦᠬᠡ ᠶᠠᠷᠤ ᠪᠠᠶᠢᠭᠰᠠᠨ ᠦᠬᠡᠢ ᠶᠤᠮ᠃ | ᠵᠦᠪᠬᠡᠨ ︽ᠡᠩᠳᠤ︾ ᠪᠤᠶᠤ ︽ᠠᠯᠴᠢᠭᠤᠷ︾ ᠬᠡᠰᠠᠨ ᠮᠤᠩᠭᠤᠯᠴᠤᠤᠨ ᠤᠨ ︽ᠬᠠᠳᠠᠭ︾ ᠬᠡᠳᠡᠭ ᠦᠬᠡ ᠲᠠᠢ | ᠤᠶᠢᠷᠠᠯᠴᠠᠭ᠎ᠠ ᠤᠳᠬ᠎ᠠ ᠪᠦᠬᠦᠢ ︽ᠨᠢᠨᠳᠠᠷ︾ ᠬᠡᠬᠦ ᠨᠡᠷ᠎ᠠ ᠦᠬᠡ ᠪᠠᠶᠢᠪᠠ᠃ ᠬᠠᠷᠢᠨ ᠡᠬᠦᠨ ᠤ | ᠡᠰᠠᠷᠬᠦ ᠪᠠᠷ ᠮᠠᠨ ᠤ ᠮᠤᠩᠭᠤᠯ ᠬᠡᠯᠨ ᠲᠠᠢ ᠢᠵᠠᠭᠤᠷ ᠨᠢᠬᠡᠳᠠᠢ ᠠᠯᠳᠠᠢ ᠢᠵᠠᠭᠤᠷ ᠤᠨ ᠲᠦᠷᠺ ᠬᠡᠯᠠᠨ ᠳᠤ ᠠᠯᠢ | ᠡᠷᠳᠠ ︽ᠬᠠᠳᠠᠭ︾ ᠬᠡᠳᠡᠭ ᠦᠬᠡ ᠪᠠᠶᠢᠵᠠᠢ᠃ | ︽ᠮᠤᠩᠭᠤᠯ ᠪᠢᠴᠢᠭ ᠤᠨ ᠲᠤᠪᠴᠢ ᠲᠠᠤᠬᠡ︾ ᠬᠡᠳᠡᠭ ᠨᠤᠮ ᠳᠤ᠂ ︽ᠨᠠᠶᠢᠳᠠ ᠶᠢᠨ ᠤᠨ ᠲᠤᠭᠠᠯᠠᠯ ᠤᠨ 6 — 9 ᠳ᠋ᠤᠬᠡᠷ | ᠵᠠᠭᠤᠨ ᠤ ᠦᠶ᠎ᠠ ᠳᠤ ᠤᠮᠠᠷᠠᠳᠤ ᠤᠷᠤᠨ ᠳᠤ ᠮᠤᠩᠭᠤᠯ ᠬᠡᠯᠡᠳᠦ ᠠᠶᠢᠮᠠᠭ ᠤᠭᠰᠠᠭᠠᠳᠠᠨ ᠤ ᠲᠤᠳᠤᠷ᠎ᠠ᠂ ᠲᠤᠬᠠᠶᠢᠯᠠᠪᠠᠯ | ᠠᠷᠪᠠᠨ ᠤᠶᠢᠷᠠᠤᠨ᠂ ᠭᠤᠴᠢᠨ ᠲᠠᠲ᠋ᠠᠷ ᠵᠠᠷᠬᠡ ᠨᠢ ᠤᠷᠢᠤᠨ ᠬᠤᠵᠢᠤᠨ ᠲᠦᠷᠺ ᠬᠠᠭᠠᠨᠳᠤ ᠤᠯᠤᠰ᠂ ᠤᠶᠢᠭᠤᠷ ᠬᠠᠭᠠᠨᠳᠤ | ᠤᠯᠤᠰ ᠵᠢᠴᠢ ᠬᠢᠷᠬᠢᠰ ᠬᠠᠭᠠᠨᠳᠤ ᠤᠯᠤᠰ ᠲᠤ ᠨᠤᠶᠠᠷᠠᠬᠠᠭᠳᠠᠵᠤ ᠪᠠᠶᠢᠭᠰᠠᠨ ᠲᠤᠯᠨ᠂ ᠲᠠᠳᠠᠨ ᠤ ᠬᠡᠯᠨ ᠪᠤᠶᠤ ᠦᠰᠤᠭ᠌ ᠪᠢᠴᠢᠭ ᠤᠨ | ᠲᠠᠯ᠎ᠠ ᠪᠠᠷ ᠪᠦᠷ ᠲᠠᠬᠡᠷᠠᠬᠢ ᠬᠡᠳᠤᠨ ᠬᠠᠭᠠᠨᠳᠤ ᠤᠯᠤᠰ ᠤᠨ ᠨᠦᠯᠤᠬᠡ ᠶᠢ ᠬᠦᠷᠳᠡᠭᠰᠠᠨ ᠶᠤᠮ᠃ ᠦᠬᠡᠷ᠎ᠠ ᠪᠠᠷ ᠬᠡᠯᠠᠪᠠᠯ᠂ ᠡᠳᠠᠬᠡᠷ ᠠᠶᠢᠮᠠᠭ | ᠤᠭᠰᠠᠭᠠᠳᠠᠨ ᠤ ᠮᠤᠩᠭᠤᠯ ᠬᠡᠯᠨ ᠨᠢ ᠲᠦᠷᠺ ᠬᠡᠯᠠᠨ ᠤ ᠨᠦᠯᠤᠬᠡ ᠶᠢ ᠶᠡᠬᠡᠪᠠᠷ ᠬᠦᠷᠳᠠᠵᠤ᠂ ᠶᠡᠭᠡ ᠬᠡᠮᠵᠢᠶᠠᠨ ᠤ | ᠲᠦᠷᠺ ᠦᠬᠡᠰ ᠮᠤᠩᠭᠤᠯ ᠬᠡᠯᠠᠨ ᠳᠤ ᠤᠷᠤᠭᠰᠠᠨ︾ ᠬᠡᠵᠠᠢ᠃ ᠡᠶᠢᠮᠤ ᠠᠴᠠ ︽ᠬᠠᠳᠠᠭ︾ ᠪᠤᠯ ᠲᠦᠪᠠᠤᠨ ᠠᠴᠠ ᠮᠤᠩᠭᠤᠯ ᠳᠤ ᠤᠷᠤᠵᠤ | ᠢᠷᠡᠭᠰᠠᠨ ᠪᠢᠰᠢ᠂ ᠬᠠᠷᠢᠨ ᠮᠤᠩᠭᠤᠯ ᠠᠴᠠ ᠲᠦᠪᠠᠤᠨ ᠲᠤ ᠤᠷᠤᠭᠰᠠᠨ ᠭᠡᠳᠡᠭ ᠢ ᠪᠠᠳᠤᠯᠠᠵᠦ ᠪᠤᠯᠬᠤ ᠶᠤᠮ᠃ | ︽ᠮᠠᠷᠺᠦ ᠫᠤᠯᠤ ᠶᠢᠨ ᠵᠢᠭᠤᠯᠴᠢᠯᠠᠯ ᠤᠨ ᠲᠠᠮᠳᠡᠭᠯᠠᠯ︾ ᠳᠤ᠂ ︽ᠮᠤᠩᠭᠤᠯᠴᠤᠤᠨ ᠵᠤᠴᠢᠤᠨ ᠲᠠᠭᠠᠨ ᠬᠦᠷᠬᠡᠬᠦ ᠪᠠᠯᠡᠭ ᠤᠨ | ᠶᠠᠭᠤᠮᠠᠨ ᠤ ᠪᠠᠨ ᠲᠠᠬᠡᠷ᠎ᠠ ᠴᠠᠭᠠᠨ ᠱᠠ ᠠᠯᠴᠢᠭᠤᠷ ᠲᠠᠯᠪᠢᠳᠠᠭ︾ ᠬᠡᠵᠠᠢ᠃ ᠡᠨᠡ ᠪᠤᠯ ᠲᠠᠷᠤᠢ | ᠮᠤᠩᠭᠤᠯᠴᠤᠤᠨ ᠤᠨ ᠴᠠᠭᠠᠨ ᠬᠠᠳᠠᠭ ᠢ ᠴᠠᠭᠠᠨ ᠱᠠ ᠠᠯᠴᠢᠭᠤᠷ ᠬᠡᠵᠤ ᠤᠶᠢᠯᠠᠭᠠᠭᠰᠠᠨ ᠶᠠᠪᠤᠳᠠᠯ ᠪᠤᠯᠬᠤ ᠶᠤᠮ᠃ | ᠡᠳᠠᠬᠡᠷ ᠲᠠᠮᠳᠡᠭᠯᠠᠯ ᠤᠳ ᠢ ᠦᠨᠳᠤᠰᠤᠯᠠᠨ ᠲᠦᠪᠠᠤᠨᠴᠤᠳ ᠮᠤᠩᠭᠤᠯ ᠬᠡᠯᠠᠨ ᠤ ︽ᠬᠠᠳᠠᠭ︾ ᠬᠡᠳᠡᠭ ᠨᠠᠷᠠ ᠦᠬᠡ ᠶᠢ ︽ᠺᠠᠳᠠᠭ | ︵kha᠂ btag︶︾ ᠬᠡᠮᠠᠨ ᠲᠦᠪᠠᠤᠨ ᠢᠶᠠᠷ ᠠᠪᠢᠶᠠᠴᠢᠯᠠᠨ ᠲᠠᠮᠳᠡᠭᠯᠠᠵᠤ ᠪᠠᠶᠢᠭ᠎ᠠ ᠶᠢ ᠲᠦᠪᠠᠤᠨ᠂ ᠮᠤᠩᠭᠤᠯ᠂ ᠬᠢᠳᠠᠤᠨ᠂ ᠲᠦᠷᠺ | ᠬᠡᠯᠠᠨ ᠤ ᠲᠤᠯᠢ ᠨᠤᠭᠤᠳ ᠠᠴᠠ ᠲᠤᠯᠭᠠᠨ ᠰᠤᠳᠤᠯᠵᠤ ᠦᠵᠠᠪᠠᠯ᠂ ︽ᠬᠠᠳᠠᠭ︾ ᠬᠡᠳᠡᠭ ᠦᠬᠡ ᠨᠢ ᠲᠦᠷᠺ ᠭᠠᠷᠤᠯ ᠲᠠᠢ ᠤᠶᠢᠭᠤᠷᠵᠢᠨ | ᠮᠤᠩᠭᠤᠯ ᠨᠠᠷᠠ ᠦᠬᠡ ᠪᠤᠯᠬᠤ ᠶᠢ ᠪᠠᠳᠤᠯᠠᠵᠤ ᠪᠤᠯᠤᠨ᠎ᠠ᠃ | ︽ᠲᠦᠷᠺ ᠬᠡᠯᠠᠨ ᠤ ᠨᠤᠳᠤᠭ ᠤᠨ ᠠᠶᠠᠯᠭᠤᠨ ᠤ ᠲᠤᠷᠰᠢᠨ ᠬᠡᠷᠡᠭᠯᠠᠬᠦ ᠦᠬᠡᠰ ᠤᠨ ᠲᠤᠯᠢ︾ ᠶᠢᠨ ᠬᠤᠶᠠᠳᠤᠭᠠᠷ ᠪᠤᠳᠢ ᠶᠢᠨ | 310 ᠳ᠋ᠤᠭᠠᠷ ᠨᠢᠭᠤᠷ ᠪᠤᠯᠤᠨ ︽ᠮᠤᠩᠭᠤᠯ ᠦᠬᠡᠰ ᠤᠨ ᠢᠵᠠᠭᠤᠷ ᠤᠨ ᠲᠤᠯᠢ︾ ᠶᠢᠨ 944 — 950 ᠳ᠋ᠤᠭᠠᠷ ᠨᠢᠭᠤᠷ ᠲᠤ᠂ | ︽ᠬᠠᠳᠠᠭ︾ ︵ᠺᠠᠳᠠᠭ︶ ᠤᠨ ᠢᠵᠠᠭᠤᠷ ᠢ ᠪᠦᠷ ᠨᠢᠬᠡᠳᠤᠯ ᠲᠠᠢ ᠪᠠᠷ ︽ᠬᠠᠳᠠ︾ ᠶᠢᠨ ᠡᠬᠦᠰᠤᠮᠠᠯ ᠦᠬᠡ ᠪᠤᠯᠭᠠᠵᠤ ᠲᠠᠶᠢᠯᠪᠤᠷᠢᠯᠠᠭᠠᠤᠨ᠂ | ︽ᠬᠠᠳᠠ︾ ᠬᠡᠳᠡᠭ ᠢᠵᠠᠭᠤᠷ ᠢ ︽ᠬᠠᠳᠠ ᠴᠢᠯᠠᠭᠤ︾᠂ ︽ᠬᠠᠳᠠᠭᠤ ᠵᠦᠬᠡᠯᠠᠨ ᠤ ᠬᠠᠳᠠᠭᠤ︾ ᠪᠤᠯᠤᠨ ︽ᠬᠠᠳᠠᠬᠤ ᠶᠢᠨ ᠬᠠᠳᠠ︾ | ︵ᠦᠳᠤᠵᠤ ᠬᠠᠳᠠᠬᠤ ᠶᠢᠨ︶ ᠪᠤᠯᠭᠠᠵᠤ᠂ ᠰᠢᠨ᠎ᠠ ᠦᠬᠡ ᠡᠬᠦᠰᠬᠡᠨ ᠲᠠᠶᠢᠯᠪᠤᠷᠢᠯᠠᠭᠰᠠᠨ ᠪᠠᠶᠢᠳᠠᠭ᠃ | ︽ᠬᠠᠳᠠᠭ︾ ᠤᠨ ᠢᠵᠠᠭᠤᠷ ᠨᠢ ︽ᠬᠠᠳᠠ︾ ︵ᠬᠠᠳᠠᠬᠤ︶ ᠮᠦᠨ᠃ ᠡᠬᠦᠨ ᠤ ᠲᠤᠤᠷ᠎ᠠ ᠨᠢ ︽ᠭ︾ | ᠲᠠᠭᠠᠪᠤᠷᠢ ᠵᠠᠯᠭᠠᠭᠠᠤᠨ ︽ᠬᠠᠳᠠᠭ︾ ᠬᠡᠳᠡᠭ ᠬᠠᠳᠠᠭᠤ ᠴᠢᠩᠭ᠎ᠠ ᠶᠤᠰᠤ ᠶᠢ ᠵᠢᠭᠠᠵᠤ ᠴᠢᠳᠠᠬᠤ ᠪᠤᠳᠡᠰ ᠤᠨ ᠨᠠᠷᠠ | ᠪᠤᠯᠵᠠᠢ᠃ ᠪᠠᠰᠨ ︽ᠬᠠᠳᠠᠭ + ᠠ — ᠬᠠᠳᠠᠬᠠ ︵ᠬᠠᠳᠠᠭ᠎ᠠ︶︾ ᠬᠡᠰᠠᠨ ︽ᠡᠷᠬᠢᠮ ᠴᠢᠬᠤᠯᠨ︾ ᠬᠡᠰᠠᠨ ᠤᠣᠠᠬ᠎ᠠ ᠪᠦᠬᠦᠢ | ᠦᠬᠡ ᠪᠤᠢ ᠪᠤᠯᠵᠠᠢ᠃ ︽ᠬᠠᠳᠠᠭ᠎ᠠ︾ ᠬᠡᠳᠡᠭ ᠦᠬᠡ ᠶᠢ ᠤᠳᠤ ᠴᠤ ᠬᠡᠰᠠᠨ ᠬᠤᠷᠴᠢᠨ᠂ ᠪᠠᠭᠠᠷᠢᠨ ᠳᠤ ︽ᠡᠷᠬᠢᠮ ᠴᠢᠬᠤᠯᠨ︾ | ᠬᠡᠰᠠᠨ ᠤᠳᠬ᠎ᠠ ᠪᠠᠷ ᠠᠮᠡᠨ ᠶᠠᠷᠢᠶᠠᠨ ᠳᠤ ᠨᠠᠶᠢᠳᠠᠮ ᠬᠡᠷᠡᠭᠯᠡᠭᠳᠡᠵᠦ ᠪᠤᠢ᠃ ︽ᠬᠠᠳᠠᠭ᠎ᠠ + ᠯᠨ — ᠬᠠᠳᠠᠭᠠᠯᠨ︾ ᠬᠡᠰᠠᠨ | ᠡᠷᠬᠢᠮᠨᠠᠨ ᠬᠤᠷᠢᠶᠠᠬᠤ ᠶᠢ ᠵᠢᠭᠠᠭᠰᠠᠨ ᠦᠬᠡ ᠪᠤᠢ ᠪᠤᠯᠤᠭᠰᠠᠨ ᠪᠠᠶᠢᠨ᠎ᠠ᠃ ᠡᠶᠢᠮᠤ ᠠᠴᠠ ᠬᠠᠳᠠᠭ ᠪᠤᠯ | ᠮᠤᠩᠭᠤᠯᠴᠤᠤᠨ ᠤᠨ ᠬᠠᠳᠠᠭᠤ ᠴᠢᠩᠭ᠎ᠠ ᠶᠤᠰᠤ ᠳᠤ ᠬᠡᠷᠡᠭᠯᠠᠬᠦ ᠪᠠᠯᠬᠡᠳᠠᠯ ᠤᠨ ᠡᠳ᠋ ᠮᠦᠨ᠃ ︽ᠠᠮᠠᠨ | ᠬᠠᠳᠠᠭ ᠲᠠᠯᠪᠢᠬᠤ︾ ᠪᠤᠶᠤ ᠤᠷᠤᠭ ᠲᠦᠷᠤᠯ ᠤᠨ ᠬᠠᠷᠢᠴᠠᠭᠠᠨ ᠲᠠᠬᠡᠷ᠎ᠠ ︽ᠬᠠᠳᠠᠭ ᠠᠯᠴᠢᠭᠤᠷ︾ ᠲᠠᠯᠪᠢᠪᠠᠯ᠂ ᠤᠷᠤᠭ | ᠲᠦᠷᠤᠯ ᠤᠨ ᠬᠤᠯᠪᠤᠭ᠎ᠠ ᠵᠢᠩᠬᠢᠨᠢ ᠪᠠᠷ ᠪᠠᠳᠤᠯᠠᠭᠳᠠᠵᠤ ᠬᠦᠳᠠᠯᠤᠰᠢ ᠦᠬᠡᠢ ᠲᠤᠭᠳᠠᠪᠤᠷᠢᠳᠠᠢ ᠪᠤᠯᠤᠭᠰᠠᠨ ᠢ ᠢᠯᠡᠤᠨᠬᠡᠳᠡᠭ ᠶᠤᠮ᠃ | ᠡᠨ᠋ᠨ ᠨᠢ ᠲᠠᠷᠤᠢ ᠬᠠᠳᠠᠭᠰᠠᠨ ᠬᠠᠳᠠᠭᠠᠰᠤ᠂ ᠦᠳᠤᠭ᠍ᠰᠠᠨ ᠦᠳᠤᠬᠡᠰᠤ ᠰᠢᠭ ᠰᠠᠯᠵᠤ ᠪᠤᠯᠤᠰᠢ ᠦᠬᠡᠢ ᠪᠤᠯᠳᠠᠭ᠃ | ᠵᠠᠬᠠᠴᠢᠨ ᠨᠤᠳᠤᠭ ᠲᠤ ︽ᠬᠠᠭᠤᠯᠤᠰᠢ ᠦᠬᠡᠢ ᠬᠤᠶᠢᠬ᠎ᠠ ᠪᠠᠨ ᠦᠭᠴᠤ᠂ ᠬᠠᠭᠤᠯᠤᠷᠠᠰᠢ ᠦᠬᠡᠢ ᠬᠠᠳᠠᠭ ᠢᠶᠠᠨ ᠪᠠᠷᠢᠶ᠎ᠠ︾ ᠬᠡᠵᠤ | ᠪᠠᠳᠤᠯᠠᠭ᠎ᠠ ᠶᠢᠨ ᠬᠠᠳᠠᠭ ᠲᠠᠳᠠᠳᠠᠭ ᠶᠤᠰᠤ ᠪᠠᠶᠢᠳᠠᠭ ᠪᠦᠬᠡᠤᠨ ᠪᠠᠷᠭᠤ ᠨᠤᠳᠤᠭ ᠲᠤ ᠴᠤ | ︽ᠬᠠᠳᠠᠭ ᠲᠠᠯᠪᠢᠪᠠᠯ ᠬᠠᠳᠠᠭᠠᠰᠤ ᠪᠤᠯᠤᠨ᠎ᠠ︾ ᠬᠡᠵᠤ ᠶᠠᠷᠢᠳᠠᠭ᠃ ᠡᠨᠡ ᠨᠢ ᠲᠠᠷᠤᠢ ︽ᠬᠠᠳᠠᠭ ᠲᠠᠯᠪᠢᠬᠤ ᠶᠤᠰᠤ︾ ᠪᠤᠯ | ᠮᠤᠩᠭᠤᠯᠴᠤᠤᠨ ᠤᠨ ᠡᠷᠳᠠ ᠲᠠᠬᠡᠳᠤ ᠦᠶ᠎ᠠ ᠠᠴᠠ ᠤᠯᠠᠮᠵᠢᠯᠠᠨ ᠢᠷᠡᠭᠰᠠᠨ ᠠᠮᠠᠨ ᠲᠠᠩᠭᠠᠷᠢᠭ ᠢᠶᠠᠨ ᠦᠭᠬᠦᠭᠰᠠᠨ ᠬᠠᠳᠠᠭᠤ ᠴᠢᠩᠭ᠎ᠠ ᠶᠤᠰᠤ᠂ | ᠬᠦᠨᠳᠤ ᠶᠢᠨ ᠶᠤᠰᠤᠨ ᠤ ᠬᠦᠨᠳᠤᠳᠤ ᠡᠳ᠋ ᠮᠦᠨ ᠬᠡᠰᠠᠨ ᠢ ᠬᠠᠷᠠᠭᠤᠯᠵᠤ ᠪᠤᠢ᠃ | ︽ᠲᠦᠷᠺ ᠬᠡᠯᠠᠨ ᠤ ᠨᠤᠳᠤᠭ ᠤᠨ ᠠᠶᠠᠯᠭᠤᠨ ᠤ ᠲᠤᠷᠰᠢᠨ ᠬᠡᠷᠡᠭᠯᠠᠬᠦ ᠦᠬᠡᠰ ᠤᠨ ᠲᠤᠯᠢ︾ ᠶᠢ ᠦᠨᠳᠤᠰᠤᠯᠠᠪᠠᠯ ᠡᠷᠳᠠᠨ ᠤ | ᠲᠦᠷᠺ ᠤᠨ ︽ᠬᠠᠳᠠᠭ︾ ᠬᠡᠳᠡᠭ ᠦᠬᠡ ᠪᠤᠯ ᠪᠠᠯᠡᠭ ᠲᠤ ᠦᠭᠬᠦ ᠠᠯᠴᠢᠭᠤᠷ ᠪᠤᠶᠤ ᠤᠯᠤᠰᠤ ᠮᠢᠨᠳᠠᠰᠤ ᠪᠠᠷ | ᠨᠠᠬᠡᠭᠰᠠᠨ ᠪᠦᠰ ᠵᠠᠷᠬᠡ ᠲᠤᠭᠳᠠᠪᠤᠷᠢ ᠳᠤ ᠬᠡᠷᠡᠭᠯᠠᠬᠦ ᠡᠩᠳᠤ ᠶᠢ ᠵᠢᠭᠠᠬᠤ ᠶᠤᠮ ᠪᠠᠶᠢᠨ᠎ᠠ᠃ ᠡᠨᠡ ᠨᠢ ᠲᠠᠷᠤᠢ | ᠤᠳᠤ ᠶᠢᠨ ᠤᠷᠳᠤᠰᠴᠤᠤᠨ ᠤᠨ ᠬᠦᠨᠳᠤ ᠶᠢᠨ ᠪᠤᠯᠵᠤᠭᠠᠨ ᠤ ᠶᠤᠰᠤᠨ ᠳᠠᠬᠢ ︽ᠠᠷᠢᠬᠢ ᠠᠯᠴᠢᠭᠤᠷ ᠤᠣᠭᠤᠯᠭᠠᠬᠤ︾᠂ | ︽ᠬᠠᠳᠠᠭ ᠠᠯᠴᠢᠭᠤᠷ ᠲᠠᠯᠪᠢᠬᠤ︾ ᠬᠡᠳᠡᠭ ᠨᠢ ᠠᠯᠳᠠᠢ ᠢᠵᠠᠭᠤᠷ ᠬᠡᠯᠠᠳᠦ ᠦᠨᠳᠦᠰᠦᠳᠡᠨ ᠨᠦᠭᠦᠳ ᠤᠨ ︽ᠬᠠᠳᠠᠭ ᠠᠯᠴᠢᠭᠤᠷ︾ ᠬᠡᠮᠠᠬᠦ | ᠲᠤᠭᠳᠠᠪᠤᠷᠢ ᠶᠢ ᠵᠢᠭᠠᠬᠤ ᠬᠤᠯᠪᠤᠭ᠎ᠠ ᠦᠬᠡ ᠠᠴᠠ ᠢᠷᠠᠯᠳᠠ ᠲᠠᠢ ᠬᠡᠳᠡᠭ ᠢ ᠬᠡᠷᠠᠴᠢᠯᠠᠵᠤ ᠪᠤᠢ᠃ | ᠲᠦᠪᠠᠳᠴᠤᠤᠨ ᠡᠨ᠋ᠨ ᠬᠦ ︽ᠬᠠᠳᠠᠭ ᠠᠯᠴᠢᠭᠤᠷ︾ ᠬᠡᠳᠡᠭ ᠬᠤᠯᠪᠤᠭ᠎ᠠ ᠦᠬᠡ ᠶᠢ ᠠᠩᠬᠠᠨ ᠳᠠᠭᠠᠨ ︽ᠺᠠᠳᠠᠭ︾ | ᠬᠡᠵᠤ ᠰᠢᠭᠤᠤᠨ ᠠᠪᠢᠶᠠᠴᠢᠯᠠᠨ ᠬᠡᠷᠡᠭᠯᠠᠵᠤ ᠪᠠᠶᠢᠭᠠᠤᠨ ᠰᠠᠬᠦᠯᠠᠷ ᠨᠢ ︽ᠠᠯᠴᠢᠭᠤᠷ︾ ᠬᠡᠰᠠᠨ ᠤᠣᠠᠬ᠎ᠠ ᠪᠠᠷ ᠨᠢ ︽ᠨᠢᠨᠳᠠᠷ︾ ᠬᠡᠵᠤ | ᠤᠷᠴᠢᠭᠤᠯᠤᠨ ᠬᠡᠷᠡᠭᠯᠠᠬᠦ ᠪᠤᠯᠵᠠᠢ᠃ | ᠮᠤᠩᠭᠤᠯ ᠬᠡᠯᠠᠨ ᠤ ᠦᠬᠡ ᠶᠢᠨ ᠭᠠᠷᠤᠯ ᠤᠨ ᠵᠦᠢ᠂ ᠦᠬᠡᠰ ᠤᠨ ᠰᠠᠩ ᠤᠨ ᠵᠦᠢ ᠪᠤᠯᠤᠨ ︽ᠲᠦᠪᠠᠤᠨ ᠦᠨᠳᠤᠰᠤᠳᠠᠨ ᠤ | ᠬᠠᠳᠠᠭ ᠤᠨ ᠰᠤᠶᠤᠯ ᠤᠨ ᠲᠠᠤᠬᠡ︾ ᠵᠡᠷᠬᠡ ᠲᠠᠤᠬᠡᠨ ᠮᠠᠲ᠋ᠧᠷᠢᠶᠠᠯ ᠠᠴᠠ ᠦᠵᠡᠪᠡᠯ᠂ ᠬᠠᠳᠠᠭ ᠤᠨ ᠰᠤᠶᠤᠯ ᠪᠤᠯ | ᠮᠤᠩᠭᠤᠯᠴᠤᠤᠨ ᠤᠨ ᠤᠣᠭᠠᠨ ᠰᠤᠶᠤᠯ ᠮᠦᠨ ᠨᠢ ᠪᠠᠳᠤᠳᠠᠢ ᠶᠤᠮ᠃ |
|