ᠤᠪᠤᠭᠠᠨ ᠳᠤ ᠪᠠᠨ ᠴᠢᠯᠠᠭᠤ ᠨᠡᠮᠡᠶ᠎ᠡ
ᠨᠡᠶᠢᠲᠡᠯᠡᠭᠰᠡᠨ ᠴᠠᠭ᠄
2017/3/24
ᠤᠪᠤᠭ᠎ᠠ — ᠮᠤᠩᠭᠤᠯ ᠨᠤᠳᠤᠭ ᠤᠨ ᠴᠢᠮᠡᠭ    ᠤᠪᠤᠭ᠎ᠠ — ᠮᠤᠩᠭᠤᠯ ᠬᠦᠮᠦᠨ ᠤ ᠬᠡᠶᠢᠮᠤᠷᠢ         ᠮᠤᠩᠭᠤᠯ ᠤᠷᠤᠨ ᠳᠤ ᠠᠭᠤᠯᠠ ᠶᠢᠨ ᠤᠪᠤᠭ᠎ᠠ᠂ ᠬᠦᠳᠦᠯ  ᠎ ᠤᠨ  ᠤᠪᠤᠭ᠎ᠠ᠂ ᠰᠡᠴᠢ ᠶᠢᠨ ᠤᠪᠥᠭ᠎ᠠ᠂ ᠲᠠᠯ᠎ᠠ  ᠎ ᠶᠢᠨ ᠤᠪᠤᠭ᠎ᠠ᠂ ᠯᠤᠤᠰ ᠤᠨ ᠤᠪᠤᠭ᠎ᠠ᠂᠂᠂ ᠭᠡᠳ ᠤᠪᠤᠭ᠎ᠠ ᠶᠡᠷᠦ ᠠᠴᠠ ᠳᠤᠲᠠᠬᠤ ᠦᠭᠡᠢ᠂  ᠤᠯᠠᠨ ᠤᠯᠠᠨ ᠤᠪᠥᠭ᠎ᠠ ᠠᠴᠠ ᠪᠠᠨ ᠮᠤᠩᠭᠤᠯᠴᠤᠳ ᠬᠡᠵᠢᠶᠡᠳᠠ ᠬᠠᠰᠢᠷᠠᠳᠠᠭ ᠦᠭᠡᠢ᠃ ᠤᠪᠥᠭ᠎ᠠ᠂ ᠮᠤᠩᠭᠤᠯᠴᠤᠳ ᠤᠨ ᠬᠡᠶᠢᠮᠤᠷᠢ ᠰᠦᠯᠳᠡ ᠶᠢ ᠰᠡᠷᠭᠦᠭᠡᠨ ᠭᠡᠰᠢᠭ ᠪᠤᠶᠠᠨ ᠤ ᠳᠠᠯᠠᠯᠭ᠎ᠠ ᠪᠤᠯᠳᠠᠭ᠃   ᠮᠤᠩᠭᠤᠯᠴᠤᠳ᠂ ᠤᠪᠤᠭ᠎ᠠ ᠤᠶᠢᠷᠠᠳᠬᠤ ᠠᠶᠠᠰ ᠎ ᠢᠶᠠᠷ ᠤᠨᠤᠭ᠎ᠠ ᠬᠦᠯᠦᠭ ᠠᠴᠠ ᠪᠠᠨ ᠪᠠᠭᠤᠵᠤ᠂ ᠠᠶᠠᠯᠠᠵᠤ ᠵᠤᠷᠴᠢᠭ᠎ᠠ ᠭᠡᠷᠡᠭ ᠶᠠᠪᠤᠳᠠᠯ ᠤᠨ ᠦᠯᠵᠡᠢ ᠪᠦᠲᠦᠮᠵᠢᠲᠡᠢ ᠪᠤᠯᠬᠤ᠂ ᠠᠮᠤᠭᠤᠯᠠᠩ ᠲᠠᠶᠢᠪᠤᠭᠤ ᠭᠦᠮᠦᠨ ᠠᠷᠠᠳ ᠤᠨ ᠦᠭᠡᠳᠡ ᠪᠠᠶᠠᠰᠬᠤᠯᠠᠩ ᠲᠠᠢ ᠪᠠᠶᠢᠬᠤ ᠶᠢ ᠰᠡᠳᠬᠢᠯ ᠤᠨ ᠳᠤᠲᠤᠷ᠎ᠠ ᠪᠠᠨ ᠳᠠᠭᠠᠳᠬᠠᠵᠤ᠂ ᠵᠠᠮ ᠳᠤ ᠲᠠᠭᠠᠷᠠᠯᠳᠤᠭᠰᠠᠨ ᠴᠢᠯᠠᠭᠤ ᠶᠢ ᠲᠡᠭᠦᠵᠦ ᠤᠪᠤᠭᠠᠨ ᠳᠤ ᠪᠠᠨ ᠡᠷᠭᠦᠳᠡᠭ ᠵᠠᠩᠰᠢᠯ ᠲᠠᠢ᠃                ᠮᠤᠩᠭᠤᠯᠴᠤᠳ᠄ ︿ᠨᠢᠭᠡ ᠴᠢᠯᠠᠭᠤ ᠨᠢᠭᠡ ᠬᠤᠨᠢ ᠶᠢ ᠲᠦᠯᠦᠭᠡᠯᠡᠳᠡᠭ ᠶᠤᠮ᠂ ᠤᠪᠤᠭ᠎ᠠ ᠰᠡᠴᠢ ᠳᠤ ᠪᠠᠨ ᠭᠤᠷᠪᠠᠨ ᠬᠤᠨᠢ ᠡᠷᠭᠦᠭᠡᠷᠡᠢ﹀ ᠭᠡᠵᠤ ᠬᠡᠤᠭᠡᠳ ᠲᠡᠭᠦᠦ ᠨᠠᠷ ᠲᠤ ᠪᠠᠨ ᠰᠤᠷᠭᠠᠮᠵᠢᠯᠠᠨ᠂ ᠠᠪᠴᠦ ᠶᠠᠪᠤᠭ᠎ᠠ ᠠᠷᠢᠬᠢ ᠎ ᠠᠴᠠ ᠪᠠᠨ ᠭᠤᠷᠪᠠ ᠭᠤᠷᠪᠠ ᠪᠠᠷ ᠶᠢᠰᠦ ᠡᠷᠭᠦᠬᠦ᠂ ᠭᠠᠨᠵᠤᠭᠠᠯᠠᠵᠤ ᠲᠦᠭᠦᠷᠦᠭᠡ ᠴᠠᠭᠠᠨ ᠢᠳᠡᠭᠡᠨ᠂ ᠤᠯᠠᠭᠠᠨ ᠢᠳᠡᠭᠡᠨ᠂ ᠪᠤᠷᠤ ᠢᠳᠡᠭᠡᠨ ᠤ ᠪᠠᠨ ᠲᠡᠭᠡᠵᠢ ᠠᠴᠠ ᠨᠠᠮᠠᠨᠴᠢᠯᠠᠨ ᠨᠠᠮᠠᠨᠴᠢᠯᠠᠨ ᠰᠠᠴᠤᠳᠠᠭ ᠮᠦᠷᠳᠡᠭᠡᠨ ᠬᠠᠷᠮᠠᠨ ᠬᠠᠪᠳᠠᠭ᠎ᠠ ᠳᠠᠬᠢ ᠵᠠᠶᠢᠷ ᠮᠦᠡᠭᠬᠦ ᠠᠴᠠ ᠪᠠᠨ ᠬᠠᠷᠠᠮᠨᠠᠵᠤ ᠬᠠᠪᠴᠢᠯ ᠦᠭᠡᠢ ᠪᠠᠷ ᠤᠪᠤᠭᠠᠨ ᠳᠤ ᠪᠠᠨ ᠡᠷᠭᠦᠳᠡᠭ ᠵᠠᠩᠰᠢᠯ ᠲᠠᠢ ᠬᠦᠨᠳᠦᠳᠬᠡᠯᠳᠤ ᠠᠷᠠᠳ ᠲᠦᠮᠡᠨ ᠶᠤᠮᠰᠠᠨ᠃ ᠲᠡᠭᠡᠬᠦ ᠠᠴᠠ  ᠯᠡ ᠤᠪᠤᠭᠠᠨ ᠤ ᠤᠶᠢᠷ᠎ᠠ ᠲᠤᠭᠤᠷᠢᠨ ᠤ ᠴᠢᠯᠠᠭᠤ ᠴᠡᠪᠡᠷᠯᠡᠭᠳᠡᠵᠤ᠂ ᠤᠨᠤᠭ᠎ᠠ ᠮᠤᠷᠢ ᠶᠢᠨ ᠬᠦᠯ ᠳᠤ᠂ ᠲᠡᠷᠭᠡ ᠬᠦᠰᠭᠡ ᠶᠢᠨ ᠵᠠᠮ ᠳᠤ ᠬᠠᠷᠰᠢ ᠰᠠᠭᠠᠳ ᠠᠷᠢᠯᠭᠠᠭᠳᠠᠵᠤ᠂ ᠶᠠᠪᠤᠳᠠᠯ ᠮᠦᠷ ᠤᠷᠤᠭᠰᠢᠳᠠᠢ ᠪᠤᠯᠳᠠᠭ ᠢᠶᠠᠷ ᠢᠶᠠᠨ ᠮᠤᠩᠭᠤᠯᠴᠤᠳ ᠤᠪᠤᠭ᠎ᠠ ᠪᠠᠷ ᠢᠶᠠᠨ ᠰᠡᠳᠬᠢᠯ ᠎ ᠢᠶᠠᠨ ᠵᠠᠰᠠᠭᠰᠠᠨ ᠢᠶᠠᠷ ᠦᠯᠦ ᠪᠠᠷᠠᠨ ᠢᠳᠡᠭᠡᠯ ᠢᠶᠠᠨ ᠴᠦ ᠵᠠᠰᠠᠭᠰᠠᠨ ᠪᠠᠶᠢᠳᠠᠭ ᠶᠤᠮᠰᠠᠨ᠃ ᠪᠠᠭ᠎ᠠ ᠪᠠᠶᠢᠬᠤ ᠳᠤ᠂ ᠪᠦᠳᠦᠭᠦᠨ ᠪᠦᠳᠦᠭᠦᠨ ᠲᠠᠷᠭᠤᠨ ᠲᠠᠷᠭᠤᠨ ︿ᠬᠤᠨᠢ﹀᠎ ᠶᠢ ᠤᠪᠤᠭᠠᠨ ᠳᠤ ᠪᠠᠨ ᠡᠷᠭᠦᠬᠦ ᠪᠠᠷ ᠴᠢᠳᠠᠯ ᠠᠴᠠ ᠪᠠᠨ ᠬᠡᠳᠦᠶᠢᠳᠦᠭᠰᠡᠨ ᠴᠢᠯᠠᠭᠤ ᠶᠢ ᠠᠯᠤᠰ ᠠᠴᠠ ᠲᠡᠪᠡᠷᠢᠵᠤ ᠬᠠᠮᠠᠷ ᠲᠤ ᠪᠠᠨ ᠬᠦᠯᠦᠰᠦ ᠪᠤᠷᠵᠠᠶᠢᠯᠭᠠᠨ ᠲᠠᠪᠬᠢᠯᠳᠤᠵᠤ ᠪᠠᠶᠢᠭᠰᠠᠨ ᠨᠢ ᠦᠨᠦ ᠪᠤᠳᠤᠬᠤ ᠳᠤ ᠨᠢᠭᠡ ᠶᠤᠰᠤᠨ ᠤ ᠵᠢᠷᠭᠠᠯ ᠪᠤᠯᠵᠤ ᠬᠤᠴᠦᠷᠴᠠᠢ᠃ ᠠᠬᠠᠮᠠᠳᠴᠤᠤᠯ ᠢᠡᠭᠬᠢᠵᠤ ᠯᠡ ᠵᠠᠯᠠᠭᠤ ᠪᠠᠭᠠᠴᠤᠤᠯ ᠢᠶᠠᠨ ᠤᠬᠠᠭᠠᠯᠢᠭ ᠢᠶᠠᠷ ᠬᠦᠷᠪᠡᠵᠢᠨ ᠲᠤᠷᠪᠢᠵᠢᠭᠤᠯᠵᠤ ᠤᠷᠮᠠᠰᠢᠭᠤᠯᠤᠨ ᠦᠰᠭᠡᠵᠤ ᠪᠠᠶᠢᠭᠰᠠᠨ ᠠᠵᠤᠭᠤ᠃ ᠬᠦᠮᠦᠨ ᠠᠷᠠᠳ ᠤᠨ ᠢᠶᠠᠨ  ᠬᠦᠴᠦ ᠴᠢᠳᠠᠯ ᠢ ᠨᠢ ᠲᠤᠷᠪᠢᠵᠢᠭᠤᠯᠵᠤ᠂ ᠬᠦᠮᠦᠨ ᠮᠦᠰᠦ ᠶᠢ ᠎ ᠨᠢ ᠬᠦᠮᠦᠵᠢᠭᠦᠯᠬᠦ ᠳᠤ ᠤᠪᠤᠭ᠎ᠠ ᠤᠨᠴᠠ ᠶᠢᠨ ᠭᠠᠪᠢᠶ᠎ᠠ ᠲᠠᠢ᠃  ᠮᠤᠩᠭᠤᠯᠴᠤᠳ  ᠵᠤᠨ ᠪᠤᠯᠤᠭᠰᠠᠭᠠᠷ ᠯᠡ ᠤᠪᠤᠭ᠎ᠠ ᠎ ᠪᠠᠨ ᠲᠠᠬᠢᠵᠤ᠂ ᠬᠤᠷ᠎ᠠ ᠪᠤᠷᠤᠭᠠᠨ ᠬᠦᠰᠡᠵᠤ ᠦᠡᠭᠰᠢᠭ ᠲᠠᠪᠠᠯᠢᠭ ᠵᠢᠯ ᠪᠤᠯᠬᠤ ᠶᠢ ᠪᠡᠯᠭᠡᠰᠢᠶᠡᠨ ᠰᠢᠪᠰᠢᠵᠤ᠂ ᠮᠠᠯ ᠰᠦᠷᠦᠭ ᠤᠨ ᠨᠤᠭᠤᠭ᠎ᠠ ᠴᠠᠳᠴᠦ ᠲᠠᠷᠢᠶ᠎ᠠ ᠲᠦᠮᠦᠰᠦ ᠶᠢᠨ ᠦᠷᠡᠯᠡᠵᠤ ᠨᠡᠬᠢᠶᠠᠯᠭᠰᠠᠨ ᠦᠯᠵᠡᠢ ᠪᠠᠶᠠᠷ ᠢᠶᠠᠨ ᠪᠡᠯᠭᠡᠳᠡᠨ ᠨᠠᠶᠢᠷ ᠨᠠᠭᠠᠳᠤᠮ ᠤᠨ ᠡᠳᠦᠷ ᠪᠤᠯᠵᠤᠵᠤ ᠬᠤᠯᠡ ᠤᠶᠢᠷ᠎ᠠ ᠶᠢᠨ ᠠᠬᠠᠰ ᠵᠠᠬᠠᠰ᠂ ᠠᠷᠠᠳ ᠮᠡᠯᠴᠢᠳ ᠪᠠ ᠦᠷᠭᠡᠨ ᠤᠯᠠᠨ ᠳᠤ ᠪᠠᠨ ᠨᠠᠶᠢᠷ ᠨᠠᠭᠠᠳᠤᠮ ᠤᠨ ᠵᠠᠷ ᠲᠠᠷᠬᠠᠭᠠᠨ᠂ ᠮᠠᠰᠢ ᠢᠳᠡᠪᠬᠢᠳᠡᠢ ᠬᠦᠷ ᠬᠦᠭᠵᠢᠶᠡᠨ ᠲᠠᠢ ᠵᠤᠬᠢᠶᠠᠨ ᠪᠠᠶᠢᠭᠤᠯᠤᠯᠴᠠᠳᠠᠭ ᠨᠠᠨᠳᠢᠨ ᠤᠳᠤᠮᠰᠢᠯ ᠲᠠᠢ ᠠᠷᠠᠳ ᠲᠦᠮᠡᠨ ᠪᠠᠶᠢᠭ᠎ᠠ᠃ ᠮᠤᠩᠭᠤᠯᠴᠤᠳ ᠤᠪᠤᠭᠠᠨ ᠲᠠᠬᠢᠯᠭ᠎ᠠ ᠪᠠᠨ ᠪᠠᠶᠠᠷᠬᠠᠨ ᠰᠤᠷᠳᠤᠭᠠᠯᠠᠬᠤ  ᠎ ᠶᠢᠨ ᠲᠦᠯᠦᠭᠡ ᠪᠢᠰᠢ᠂ ᠢᠳᠡᠵᠤ ᠤᠤᠭᠤᠬᠤ ᠡᠷᠬᠢᠮᠰᠦᠭᠯᠡᠨ ᠴᠡᠩᠬᠡᠯᠳᠦᠬᠦ ᠶᠢᠨ ᠤᠴᠢᠷ ᠲᠤ ᠪᠤᠰᠤ᠂ ᠬᠠᠷᠢᠨ ︿ᠡᠷ᠎ᠡ  ᠎ ᠶᠢᠨ ᠭᠤᠷᠪᠠᠨ ᠨᠠᠭᠠᠳᠤᠮ﹀᠎ ᠢᠶᠠᠷ ᠬᠦᠴᠦ ᠴᠢᠳᠠᠯ ᠢᠶᠠᠨ ᠰᠤᠷᠢᠯᠴᠠᠵᠤ ᠤᠬᠠᠭ᠎ᠠ ᠲᠠᠮᠢᠷ ᠢᠶᠠᠨ ᠰᠢᠯᠭᠠᠨ ᠰᠡᠯᠪᠢᠵᠤ ᠰᠤᠷᠠᠭ ᠮᠡᠳᠡᠭᠡᠯᠡᠯ ᠤᠯᠤᠯᠴᠠᠵᠤ ᠠᠵᠤ ᠠᠮᠢᠳᠤᠷᠠᠯ ᠢᠶᠠᠨ ᠦᠭᠡᠳᠡ ᠲᠠᠳᠠᠵᠤ ᠠᠩᠭ᠎ᠠ ᠪᠠᠭᠠᠴᠤᠤᠯ ᠢᠶᠠᠨ ᠲᠤᠳᠤᠷᠯᠢᠭ ᠰᠤᠷᠭᠠᠬᠤ ᠪᠠᠷ ᠮᠠᠷᠡᠶᠢᠨ ᠵᠢᠳᠭᠦᠳᠡᠭ  ᠤᠬᠠᠭᠠᠯᠢᠭ ᠠᠷᠠᠳ ᠲᠦᠮᠡᠨ ᠪᠠᠶᠢᠭ᠎ᠠ᠃          ᠮᠤᠩᠭᠤᠯᠴᠤᠳ ᠤᠪᠤᠭ᠎ᠠ ᠶᠢᠨ ᠬᠠᠵᠠᠭᠤ ᠪᠠᠷ ᠵᠠᠮ ᠦᠡᠭᠭᠡᠷᠡᠬᠦ ᠳᠤ ᠪᠠᠨ ᠡᠷᠬᠢᠮ ᠶᠡᠬᠡᠰ᠂ ᠡᠭᠡᠯ ᠲᠤᠤᠷᠠᠳᠤ ᠭᠡᠵᠤ ᠢᠯᠭᠠᠯ ᠦᠭᠡᠢ ᠪᠠᠷ ᠴᠢᠯᠠᠭᠤ ᠨᠡᠮᠡᠬᠦ ᠪᠠᠨ ᠬᠡᠵᠢᠶᠡᠳᠡ ᠮᠠᠷᠳᠠᠳᠠᠭ ᠦᠭᠡᠢ ᠤᠯᠠᠮᠵᠢᠯᠠᠯ ᠲᠠᠢ᠃ ᠶᠠᠮᠠᠷ ᠶᠠᠭᠠᠷᠠᠤ ᠴᠦ ᠪᠤᠯᠤᠭ᠂ ᠶᠠᠮᠠᠷ ᠭᠡᠴᠡᠭᠦᠦ ᠴᠦ ᠪᠠᠶᠢᠭ᠂ ᠵᠠᠪᠠᠯ ᠤᠨᠤᠭ᠎ᠠ ᠬᠦᠰᠭᠡ ᠠᠴᠠ ᠪᠠᠨ ᠪᠠᠭᠤᠵᠤ᠂ ᠢᠳᠡᠭᠡᠨ ᠤ ᠲᠡᠭᠡᠵᠢ ᠠᠪᠤᠭᠰᠠᠨ ᠦᠭᠡᠢ ᠪᠠᠶᠢᠭᠰᠠᠨ ᠴᠦ ᠤᠶᠢᠷ᠎ᠠ ᠤᠷᠴᠢᠮ ᠤᠨ ᠴᠢᠯᠠᠭᠤᠨ ᠠᠴᠠ ᠭᠤᠷᠪᠠ ᠡᠷᠭᠦᠬᠦ ᠶᠢ ᠵᠢᠷᠤᠮᠯᠠᠭᠰᠠᠭᠠᠷ ᠢᠷᠡᠵᠡᠢ᠃ ᠠᠳᠠᠯᠢᠬᠠᠨ ᠶᠠᠪᠤᠳᠠᠯ ᠢᠶᠠᠷ ᠶᠠᠪᠤᠭᠰᠠᠨ ᠬᠤᠶᠠᠷ ᠵᠠᠯᠠᠭᠤ ᠶᠢᠨ ᠨᠢᠭᠡ ᠨᠢ ᠤᠪᠤᠭᠠᠨ ᠳᠤ ᠪᠠᠨ ᠴᠢᠯᠠᠭᠤ ᠨᠡᠮᠡᠨ ᠵᠠᠯᠪᠠᠷᠢᠭᠠᠳ ᠭᠠᠷᠬᠤ ᠳᠤ᠂ ᠨᠦᠭᠦᠭᠡ ᠨᠢ ᠰᠡᠩᠭᠢᠨᠡᠳᠡᠯ᠎ᠡ ᠲᠠᠪᠬᠢᠭᠤᠯᠤᠭᠠᠳ ᠴᠠᠭᠠᠨ᠎ᠠ ᠨᠢ ᠭᠠᠷᠤᠭᠠᠳ ᠬᠦᠷᠳᠦ ᠎ ᠪᠠᠨ ᠬᠠᠭᠠᠯᠴᠢᠬᠠᠭᠠᠳ  ᠭᠠᠰᠠᠯᠵᠤ ᠰᠠᠭᠤᠬᠤ ᠲᠠᠢ ᠤᠯᠠᠨ ᠬᠠᠷᠭᠤᠳᠠᠭ ᠨᠢ ᠤᠪᠤᠭ᠎ᠠ ᠳᠤ ᠪᠠᠨ ᠵᠠᠯᠪᠢᠷᠠᠭᠰᠠᠨ ᠢ ᠨᠢ ᠲᠤᠰᠠᠯᠠᠭᠠᠳ᠂ ᠤᠶᠢᠰᠢᠶᠠᠭᠰᠠᠨ ᠦᠭᠡᠢ ᠪᠠᠷ ᠵᠠᠯᠠᠷᠠᠭᠰᠠᠨ ᠢ ᠨᠢ ᠬᠤᠤᠷᠯᠠᠭᠰᠠᠨ ᠶᠠᠪᠤᠳᠠᠯ ᠤᠭᠳᠤ ᠪᠢᠰᠢ᠂ ᠬᠠᠷᠢᠨ ᠦᠪᠡᠷ ᠦᠪᠡᠷ ᠤᠨ ᠰᠡᠳᠬᠢᠯ ᠢᠶᠠᠨ ᠲᠤᠭᠳᠠᠭᠤᠨ ᠪᠤᠯᠭᠠᠵᠤ᠂ ᠦᠢᠯᠡ ᠶᠠᠪᠤᠳᠠᠯ ᠢᠶᠠᠨ  ᠭᠡᠷᠰᠡᠭᠦᠦ ᠪᠤᠯᠭᠤᠮᠵᠢᠳᠠᠢ ᠪᠠᠶᠢᠯᠭᠠᠵᠤ ᠴᠢᠳᠠᠭᠰᠠᠨ ᠡᠰᠡᠬᠦ ᠲᠠᠢ ᠬᠤᠯᠪᠤᠭᠳᠠᠬᠤ ᠨᠠᠷᠢᠨ ᠵᠦᠢᠯᠡᠰ ᠪᠤᠯᠤᠯᠳᠠᠢ᠃ ᠵᠠᠯᠠᠭᠤ ᠪᠠᠭᠠᠴᠤᠤᠯ ᠮᠢᠨᠢ᠂ ᠬᠤᠶᠠᠷᠬᠠᠨ ᠮᠢᠨᠦ᠋ᠲ ᠪᠠᠨ ᠵᠠᠷᠤᠴᠠᠭᠤᠯᠤᠨ ᠪᠠᠶᠢᠵᠤ ᠤᠪᠤᠭᠠᠨ ᠳᠤ ᠪᠠᠨ ᠴᠢᠯᠠᠭᠤ ᠨᠡᠮᠡᠵᠤ ᠢᠷᠦᠭᠡᠯ ᠵᠦᠡᠭᠨᠡᠯ ᠢᠶᠠᠨ ᠡᠷᠭᠦᠵᠤ ᠭᠠᠷᠤᠭᠠᠷᠠᠢ᠃ ᠬᠡᠶᠢᠮᠤᠷᠢ ᠴᠢᠨᠢ ᠰᠡᠷᠭᠦᠬᠦ ᠶᠤᠮ᠂ ᠬᠡᠰᠢᠭ ᠪᠤᠶᠠᠨ ᠴᠢᠨᠢ  ᠪᠠᠳᠠᠷᠠᠬᠤ ᠶᠤᠮ ᠰᠢᠤ᠃          ᠮᠤᠩᠭᠤᠯ ᠨᠤᠳᠤᠭ ᠤᠨ ᠤᠪᠤᠭ᠎ᠠ ᠨᠢ ᠤᠷᠤᠨ ᠨᠤᠳᠤᠭ ᠤᠨ ᠵᠠᠭᠠᠭ ᠬᠢᠯᠢ ᠴᠦ ᠪᠤᠯᠬᠤ ᠶᠤᠮ᠃ ᠵᠠᠷᠢᠮ ᠤᠪᠤᠭ᠎ᠠ ᠨᠢ ᠤᠨ ᠵᠢᠯ ᠢ ᠤᠯᠠᠨ ᠲᠤᠭᠤᠯᠵᠤ ᠲᠤᠮᠤ ᠦᠷᠳᠡᠭᠡᠨ ᠰᠦᠷᠯᠢᠭ ᠪᠤᠯᠤᠭᠰᠠᠨ ᠪᠠᠶᠢᠳᠠᠭ᠃ᠤᠪᠤᠭ᠎ᠠ  ᠪᠤᠯᠭᠠᠨ ᠤ ᠰᠢᠳᠦᠭᠡᠨ ᠨᠢ ᠠᠳᠠᠯᠢ ᠦᠭᠡᠢ᠂ ᠰᠠᠩ ᠤᠨ ᠢᠷᠤᠭᠡᠯ ᠨᠢ ᠠᠳᠠᠯᠢ ᠦᠭᠡᠢ᠂ ᠲᠠᠬᠢᠯᠭ᠎ᠠ ᠶᠢᠨ ᠵᠠᠩ ᠵᠢᠷᠤᠮᠰᠢᠯ ᠨᠢ ᠴᠦ ᠠᠳᠠᠯᠢ ᠦᠭᠡᠢ ᠪᠠᠶᠢᠳᠠᠭ ᠴᠦ ᠬᠠᠮᠢᠭ᠎ᠠ ᠠᠴᠠ ᠬᠡᠨ ᠢᠷᠡᠭᠰᠡᠨ ᠴᠦ ᠡᠷᠭᠦᠯᠳᠡ ᠡᠷᠭᠦᠵᠤ ᠰᠢᠪᠰᠢᠨ ᠲᠠᠭᠠᠳᠬᠠᠵᠤ ᠮᠦᠷᠭᠦᠨ ᠲᠡᠭᠡᠳᠦᠯᠡᠬᠦ ᠨᠢ ᠠᠳᠠᠯᠢᠬᠠᠨ ᠪᠠᠶᠢᠳᠠᠭ᠃ ᠵᠠᠷᠢᠮ ᠡᠷᠳᠡᠨ ᠤ ᠤᠪᠤᠭᠠᠨ ᠤ ᠱᠦᠡᠭ ᠨᠢ ᠮᠤᠷᠢ ᠤᠨᠤᠭᠰᠠᠨ ᠡᠷᠢᠯ ᠤᠨ ᠬᠦᠮᠦᠨ ᠪᠠᠶᠢᠬᠤ ᠳᠤ᠂ ᠵᠠᠷᠢᠮ ᠤᠪᠤᠭᠠᠨ ᠤ ᠱᠦᠡᠭ ᠨᠢ ᠴᠠᠭᠠᠨ ᠡᠷᠢᠶᠡᠨ ᠮᠤᠭᠠᠢ ᠴᠦ ᠪᠠᠶᠢᠳᠠᠭ᠃ ᠵᠠᠷᠢᠮ ᠤᠪᠤᠭᠠᠨ ᠤ ᠱᠦᠡᠭ ᠨᠢ ᠬᠠᠭᠠᠨ ᠶᠡᠬᠡᠰ᠂ ᠨᠤᠶᠠᠳ ᠭᠡᠭᠡᠳ ᠤᠨ ᠬᠠᠶᠢᠷᠠᠯᠠᠯ ᠵᠡᠷᠭᠡᠯᠡᠯ ᠤᠨ ᠡᠳ᠋ ᠠᠭᠤᠷᠰᠤᠨ ᠪᠠᠶᠢᠬᠤ ᠳᠤ᠂ ᠵᠠᠷᠢᠮ ᠤᠪᠤᠭᠠᠨ ᠤ ᠱᠦᠡᠭ ᠨᠢ ᠮᠠᠨᠢ ᠲᠠᠷᠨᠢ ᠶᠢᠨ ᠦᠰᠦᠭ ᠲᠠᠢ ᠡᠳ᠋ ᠦᠯᠦᠭ ᠪᠠᠶᠢᠳᠠᠭ ᠂ ᠵᠠᠷᠢᠮ ᠤᠪᠤᠭᠠᠨ ᠤ ᠱᠦᠡᠭ ᠨᠢ ᠬᠢᠯᠢ ᠵᠠᠭᠠᠭ ᠢᠶᠠᠨ ᠲᠤᠳᠤᠷᠬᠠᠶᠢᠯᠠᠭᠰᠠᠨ ᠢᠯᠵᠠᠷᠠᠵᠤ  ᠰᠦᠢᠳᠦᠳᠡᠭ ᠦᠭᠡᠢ  ᠨᠡᠭᠦᠷᠡᠰᠦ ᠴᠦ ᠪᠠᠶᠢᠳᠠᠭ᠃ ᠮᠤᠩᠭᠤᠯ ᠤᠷᠤᠨ ᠨᠢ ᠶᠡᠷᠦᠩᠬᠡᠢ ᠳᠤ ᠪᠠᠨ ᠴᠢᠭᠤᠯᠭᠠᠨ ᠤ  ᠵᠠᠭᠠᠭ᠂ ᠬᠤᠰᠢᠭᠤᠨ ᠵᠠᠭᠠᠭ  ᠪᠤᠶᠤ ᠠᠶᠢᠯ ᠨᠤᠳᠤᠭ ᠤᠨ ᠵᠠᠭᠠᠭ ᠢᠶᠠᠨ ᠠᠭᠤᠯᠠᠨ ᠤᠷᠤᠢ᠂ ᠭᠤᠤᠯ ᠢᠶᠠᠷ ᠬᠡᠮᠵᠢᠶᠡᠯᠡᠭᠰᠡᠭᠡᠷ ᠢᠷᠡᠭᠰᠡᠨ ᠶᠤᠮ ᠃ ᠵᠢᠱᠢᠶᠡᠯᠡᠬᠦ ᠳᠤ᠂ ᠮᠠᠩᠬᠠᠳᠤ  ᠎ ᠶᠢᠨ ᠤᠷᠤᠢ ᠶᠢᠨ ᠤᠪᠤᠭᠠᠨ ᠠᠴᠠ ᠵᠡᠭᠦᠨᠳᠡᠬᠢ ᠨᠢ ᠮᠢᠨᠤ ᠪᠡᠯᠴᠢᠭᠡᠷ᠂ ᠪᠠᠷᠠᠭᠤᠨᠳᠡᠬᠢ ᠎ ᠨᠢ ᠮᠢᠳᠤᠭ ᠤᠨ ᠪᠡᠯᠴᠢᠭᠡᠷ ᠭᠡᠬᠦ᠂ ᠠᠷᠵᠠᠭᠠᠷ ᠤᠨ ᠲᠠᠪᠠᠭᠠᠨ ᠤᠪᠤᠭᠠᠨ ᠠᠴᠠ ᠨᠠᠭᠠᠰᠢᠬᠢ ᠨᠢ ᠮᠠᠨ ᠤ ᠬᠤᠰᠢᠭᠤᠨ ᠤ ᠭᠠᠵᠠᠷ᠂ ᠴᠠᠭᠠᠰᠢᠬᠢ ᠨᠢ ᠵᠡᠭᠦᠨ ᠪᠠᠭᠠᠷᠢᠨ ᠤ ᠭᠠᠵᠠᠷ ᠭᠡᠬᠦ᠂ ᠰᠢᠷ᠎ᠡ ᠮᠦᠷᠡᠨ ᠤ ᠡᠮᠤᠨ᠎ᠡ ᠬᠦᠪᠡᠭᠡ ᠨᠢ ᠵᠢᠷᠢᠮ ᠤᠨ ᠨᠤᠳᠤᠭ᠂ ᠬᠤᠶᠢᠨᠠᠬᠢ ᠬᠦᠪᠡᠭᠡ‌ᠨᠢ ᠵᠤᠤ ᠤᠳᠠ ᠶᠢᠨ ᠨᠤᠳᠤᠭ ᠭᠡᠬᠦ ᠮᠡᠳᠦ ᠪᠠᠷ ᠬᠢᠯᠢ ᠵᠠᠭᠠᠭ ᠢᠶᠠᠨ ᠢᠯᠭᠠᠬᠤ ᠳᠤ ᠎ ᠪᠠᠨ ᠠᠭᠤᠯᠠ ᠦᠭᠡᠢ ᠲᠡᠯᠡᠷᠬᠠᠭ ᠭᠠᠵᠠᠷ᠂ ᠭᠤᠤᠯ ᠦᠭᠡᠢ ᠭᠤᠪᠢᠯᠢᠭ ᠴᠦᠯ ᠨᠤᠳᠤᠭ ᠲᠤ ᠪᠠᠨ ᠤᠪᠤᠭ᠎ᠠ ᠪᠤᠰᠬᠠᠨ ᠨᠡᠷᠡᠰᠢᠭᠦᠯᠦᠨ ᠴᠤᠯᠠᠯᠠᠵᠤ᠂ ᠠᠯᠳᠠᠷᠰᠢᠭᠤᠯᠤᠨ ᠲᠡᠭᠡᠳᠦᠯᠡᠳᠡᠭ ᠲᠡᠯᠭᠡᠷ ᠤᠬᠠᠭᠠᠨ ᠲᠠᠢ ᠲᠡᠭᠷᠢᠯᠢᠭ ᠠᠷᠠᠳ ᠲᠦᠮᠡᠨ ᠰᠢᠤ ᠳ᠋ᠠ᠃ ᠵᠢᠱᠢᠶᠠᠯᠠᠪᠠᠯ᠂ ᠲᠦᠭᠦᠷᠡᠩ ᠤᠪᠤᠭᠠᠨ ᠤ ᠬᠤᠶᠢᠭᠤᠷᠬᠢ ᠬᠠᠳᠤᠯᠠᠩ ᠴᠠᠬᠢᠭᠤᠷᠳᠤ ᠭᠠᠴᠠᠭᠠᠨ ᠤ᠂ ᠤᠷᠢᠳᠤᠭᠤᠷᠬᠢ ᠬᠠᠳᠤᠯᠠᠩ ᠴᠠᠶᠢᠳᠠᠮ ᠭᠠᠴᠠᠭᠠᠨ ᠤ ᠬᠢ ᠭᠡᠵᠤ ᠨᠠᠷᠢᠨ ᠢᠯᠭᠠᠳᠠᠭ ᠪᠠᠶᠢᠵᠠᠢ᠃ ᠤᠯᠠᠮᠵᠢᠯᠠᠯ ᠶᠠᠷᠢᠶᠠᠨ ᠎ ᠳᠤ᠂ ᠴᠢᠩᠬᠢᠰ ᠬᠠᠭᠠᠨ ᠤ ᠲᠦᠷᠪᠡᠨ ᠬᠦᠯᠦᠭ ᠤᠨ ᠨᠢᠭᠡ ᠪᠤᠯᠬᠤ ᠮᠤᠬᠤᠯᠠᠢ ᠦᠪᠡᠷ ᠤᠨ ᠭᠡᠭᠦᠷ ᠴᠢᠨᠳᠠᠷ ᠢᠶᠠᠨ ᠲᠤᠳᠤᠷ ᠤᠷᠤᠨ ᠢ ᠭᠠᠷᠤᠭᠰᠠᠭᠠᠷ ᠨᠤᠳᠤᠭᠯᠠᠭᠤᠯᠵᠤ᠂ ᠬᠢᠳᠡᠳ ᠮᠤᠩᠭᠤᠯ ᠤᠨ ᠬᠢᠯᠢ ᠶᠢᠨ ᠵᠠᠭᠠᠭ ᠪᠤᠯᠭᠠᠭᠰᠠᠨ ᠭᠡᠳᠡᠭ᠃ ᠤᠳᠤ ᠪᠤᠳᠤᠬᠤ ᠳᠤ ᠵᠡᠭᠦᠨ ᠭᠠᠷ ᠤᠨ ᠲᠦᠮᠡᠨ ᠤ ᠨᠤᠶᠠᠨ᠂ ᠤᠯᠤᠰ ᠤᠨ ᠲᠠᠶᠢᠰᠢ ᠭᠤᠸ᠎ᠠ ᠸᠠᠩ ᠮᠤᠬᠤᠯᠠᠢ ᠶᠠᠭᠠᠬᠢᠭᠰᠠᠨ ᠶᠡᠭᠡ ᠠᠯᠤᠰ ᠤᠨ ᠪᠤᠳᠤᠯᠭᠠᠳᠤ ᠴᠢᠭᠡᠴᠢ  ᠮᠡᠷᠭᠡᠨ  ᠪᠠᠳᠤ  ᠵᠢᠷᠤᠮᠳᠤ ᠬᠦᠮᠦᠨ ᠪᠤᠯᠬᠤ ᠠᠵᠠᠢ᠃          ᠮᠤᠩᠭᠤᠯ ᠨᠤᠳᠤᠭ ᠤᠨ ᠤᠪᠤᠭ᠎ᠠ ᠨᠢ ᠮᠠᠯᠵᠢᠬᠤ ᠠᠮᠢᠳᠤᠷᠠᠯ ᠤᠨ ᠪᠡᠯᠭᠡ ᠲᠡᠮᠳᠡᠭ ᠶᠤᠮ᠃ ᠮᠤᠩᠭᠤᠯᠴᠤᠳ ᠠᠭᠤᠯᠠ ᠠᠳᠡᠭᠦᠷᠡᠬᠦ ᠠᠴᠠ ᠪᠢᠰᠢ᠂ ᠤᠪᠤᠭ᠎ᠠ ᠠᠳᠡᠭᠦᠷᠡᠬᠦ ᠶᠤᠰᠤ ᠦᠭᠡᠢ᠃ ᠪᠦᠷᠭᠦᠭᠡᠰᠦᠳᠡᠢ ᠲᠠᠢ ᠬᠠᠨ ᠠᠭᠤᠯᠠ ᠎ ᠶᠢᠨ ᠵᠠᠭᠦᠨ ᠤᠷᠤᠢ ᠶᠢ ᠨᠢ ᠭᠤᠤᠯ ᠤᠷᠤᠢ ᠭᠡᠵᠤ᠂ ᠵᠢᠩᠬᠢᠨᠢ ᠤᠷᠤᠢ ᠶᠢ ᠶᠢ ᠨᠢ ᠠᠳᠡᠭᠦᠷᠡᠬᠦ ᠤᠴᠢᠷ ᠭᠠᠷᠬᠤ ᠲᠤᠬᠢᠶᠠᠯᠳᠤᠯ ᠪᠠᠶᠢᠳᠠᠭ ᠠᠴᠠ ᠪᠢᠰᠢ᠂ ᠬᠠᠷᠢᠨ ᠮᠡᠶᠢᠷᠡᠨ ᠤᠪᠤᠭ᠎ᠠ ᠶᠢ ᠭᠡᠭᠡᠨ ᠤᠪᠤᠭ᠎ᠠ ᠭᠡᠵᠤ ᠰᠤᠯᠢᠭᠠᠶᠢᠳᠠᠭᠤᠯᠵᠤ ᠲᠠᠭᠤᠳᠠᠬᠤ ᠤᠴᠢᠷ ᠭᠡᠵᠢᠶᠡᠳᠡ ᠬᠠᠷᠭᠤᠳᠠᠭ ᠦᠭᠡᠢ᠃ ᠤᠴᠢᠷ ᠨᠢ ᠠᠭᠤᠯᠠᠨ ᠳᠤ ᠵᠢᠯ ᠪᠦᠷᠢ ᠤᠴᠢᠳᠠᠭ ᠦᠭᠡᠢ ᠴᠦ ᠤᠪᠤᠭᠠᠨ ᠳᠤ ᠪᠠᠨ ᠵᠢᠯ ᠪᠦᠷᠢ ᠤᠴᠢᠵᠤ  ᠡᠷᠭᠦᠴᠡ ᠲᠡᠶᠢᠯᠭ᠎ᠠ ᠪᠠᠨ ᠶᠠᠪᠤᠭᠤᠯᠳᠠᠭ ᠠᠴᠠ ᠪᠤᠯᠵᠠᠢ᠃ ᠲᠡᠭᠡᠬᠦ ᠠᠴᠠ ᠮᠠᠯ ᠠᠳᠤᠭᠤᠨ ᠤ ᠡᠷᠢᠯ ᠤᠨ ᠬᠦᠮᠦᠰ ᠲᠤ ᠰᠤᠷᠠᠭ ᠲᠤᠭᠤᠯᠭᠠᠬᠤ ᠳᠤ ᠪᠠᠨ ᠲᠠᠯᠠᠨ ᠬᠠᠷ᠎ᠠ ᠶᠢᠨ ᠡᠩᠭᠡᠷ ᠲᠤ ᠭᠡᠵᠤ ᠪᠦᠳᠦᠭᠦᠪᠴᠢᠯᠡᠨ ᠵᠢᠭᠠᠵᠤ ᠦᠭᠳᠡᠭ ᠦᠭᠡᠢ᠂ ᠬᠠᠷᠢᠨ ᠵᠢᠷᠤᠬᠡᠨ ᠤᠪᠤᠭᠠᠨ ᠤ ᠵᠡᠭᠦᠨ ᠰᠤᠭᠤ ᠪᠠᠷ᠂ ᠪᠠᠶᠠᠨ ᠰᠢᠯᠢ ᠎ ᠶᠢᠨ ᠤᠪᠤᠭᠠᠨ ᠤ ᠪᠠᠷᠠᠭᠤᠨ ᠲᠡᠪᠰᠡᠭ ᠢᠶᠠᠷ᠂᠂᠂  ᠭᠡᠬᠦ ᠮᠡᠳᠦ ᠪᠠᠷ ᠤᠨᠤᠪᠴᠢᠯᠠᠨ ᠰᠤᠨᠤᠷᠳᠠᠭᠤᠯᠳᠠᠭ ᠲᠤᠩᠭᠠᠯᠠᠭ ᠤᠬᠠᠭᠠᠨᠳᠤ ᠠᠷᠠᠳ ᠲᠦᠮᠡᠨ ᠠᠵᠠᠢ᠃ ᠵᠢᠯ ᠪᠦᠷᠢ ᠰᠦᠷᠦᠭ ᠤᠨ ᠰᠤᠳᠤᠨ ᠠᠴᠠ ᠪᠠᠨ ᠰᠤᠩᠭᠤᠵᠤ ᠡᠳ᠋ᠯᠡᠨ᠂  ᠪᠦᠭᠦᠯᠢ ᠰᠢᠭᠦᠰᠦ ᠪᠤᠶᠤ ᠤᠭᠤᠴᠠ ᠡᠪᠴᠢᠭᠦᠦ ᠪᠠᠷ ᠢᠶᠠᠨ ᠤᠪᠤᠭ᠎ᠠ ᠪᠠᠨ ᠲᠠᠬᠢᠵᠤ᠂ ᠤᠰᠤᠨ ᠤ ᠲᠤᠩᠭᠠᠯᠠᠭ᠂ ᠡᠪᠡᠰᠤᠨ ᠤ ᠰᠤᠷᠭᠤᠭ ᠢ ᠦᠵᠡᠵᠤ ᠨᠠᠶᠢᠷ ᠨᠠᠭᠠᠳᠤᠮ ᠡᠭᠦᠰᠭᠡᠨ ᠦᠳᠡᠯᠤᠭᠡ ᠨᠠᠰᠤᠳᠠᠳ ᠢᠶᠠᠨ ᠪᠠᠶᠠᠰᠬᠠᠨ᠂ ᠦᠰᠪᠤᠷᠢ ᠪᠠᠭᠠᠴᠤᠳ ᠠᠴᠠ ᠤᠷᠮᠠᠰᠢᠭᠤᠯᠤᠨ᠂ ᠦᠪᠡᠷ ᠵᠠᠭᠤᠷ᠎ᠠ ᠪᠠᠨ ᠡᠪ ᠪᠦᠯᠬᠦᠮᠳᠡᠯ ᠢᠶᠠᠨ ᠪᠠᠳᠤᠳᠬᠠᠵᠤ ᠶᠠᠪᠤᠳᠠᠭ ᠪᠢᠯᠢᠭᠦᠨ ᠤᠶᠤᠨᠳᠤ ᠠᠷᠠᠳ ᠲᠦᠮᠡᠨ ᠪᠠᠶᠢᠭ᠎ᠠ᠃          ᠮᠤᠩᠭᠤᠯᠴᠤᠳ᠂ ᠬᠤᠷ᠎ᠠ ᠲᠤᠨᠤᠳᠠᠰᠤ ᠶᠢᠨ ᠲᠡᠩᠴᠡᠭᠦᠨ ᠡᠶᠡᠪᠡᠷᠭᠦᠦ ᠶᠢ ᠤᠪᠤᠭᠠᠨ ᠳᠤ ᠪᠠᠨ  ᠰᠦᠰᠦᠭᠯᠡᠵᠤ᠂ ᠬᠦᠮᠦᠨ ᠠᠷᠠᠳ ᠤᠨ ᠢᠶᠠᠨ ᠠᠵᠠ ᠵᠢᠷᠭᠠᠯᠠᠩ ᠶᠢ ᠤᠪᠤᠭᠠᠨ ᠳᠤ ᠪᠠᠨ ᠰᠦᠵᠢᠭᠯᠡᠵᠤ᠂ ᠬᠠᠳᠤᠯᠠᠩ ᠪᠡᠯᠴᠢᠭᠡᠷ ᠤᠨ ᠢᠶᠠᠨ ᠦᠡᠭ ᠰᠢᠮᠡᠯᠢᠭ ᠢ ᠤᠪᠤᠭᠠᠨ ᠳᠤ ᠪᠠᠨ ᠲᠠᠭᠠᠳᠬᠠᠵᠤ᠂ ᠮᠡᠯ ᠰᠦᠷᠦᠭ ᠤᠨ ᠢᠶᠠᠨ ᠦᠶᠤᠭ᠌ ᠲᠠᠷᠭᠤ ᠲᠠᠢ ᠶᠢ ᠤᠪᠤᠭᠠᠨ ᠳᠤ ᠪᠠᠨ ᠵᠠᠯᠪᠢᠷᠠᠵᠤ᠂ ᠠᠳᠠᠯ ᠦᠢᠯᠡᠰ ᠢᠶᠠᠨ ᠪᠤᠰᠬᠠᠵᠤ ᠠᠯᠳᠠᠨ ᠲᠡᠯᠡᠬᠡᠢ ᠳᠤ ᠠᠯᠳᠠᠷ ᠵᠢᠳᠬᠦᠯ ᠢᠶᠠᠨ ᠲᠠᠭᠤᠷᠢᠰᠤᠭᠤᠯᠵᠤ ᠶᠠᠪᠤᠭᠰᠠᠨ ᠠᠭᠤᠤ ᠶᠡᠭᠡ ᠠᠷᠠᠳ ᠲᠦᠮᠡᠨ ᠶᠤᠮᠰᠠᠨ᠃          ᠮᠤᠩᠭᠤᠯ ᠨᠤᠳᠤᠭ ᠤᠨ ᠤᠪᠤᠭ᠎ᠠ ᠨᠢ ᠡᠬᠡ ᠪᠠᠶᠢᠭᠠᠯᠢ ᠪᠠᠨ ᠬᠠᠶᠢᠷᠠᠯᠠᠨ ᠬᠠᠮᠠᠭᠠᠯᠠᠬᠤ ᠶᠢᠨ  ᠪᠡᠯᠭᠡᠳᠡᠯ  ᠪᠤᠯᠬᠤ ᠶᠤᠮ᠃ ᠮᠤᠩᠭᠤᠯᠴᠤᠳ᠄ ︿ᠤᠪᠤᠭ᠎ᠠ ᠲᠠᠢ ᠠᠭᠤᠯᠠᠨ ᠳᠤ ᠢᠮᠠᠭ᠎ᠠ ᠪᠠᠨ ᠪᠤᠤ ᠬᠠᠷᠢᠭᠤᠯ᠂ ᠮᠤᠳᠤ ᠲᠦᠯᠡᠭᠡ ᠎ ᠶᠢ ᠤᠭᠳᠤᠯᠵᠤ ᠰᠦᠢᠳᠬᠡᠬᠦ ᠶᠢ ᠬᠡᠷᠰᠡᠭᠦᠯ ᠭᠡᠵᠤ ᠬᠢᠴᠢᠶᠡᠨ ᠰᠡᠷᠡᠮᠵᠢᠯᠡᠭᠦᠯᠳᠡᠭ ᠨᠢ ᠡᠭᠦᠷᠢᠳᠡ ᠶᠢᠨ ᠵᠤᠷᠰᠢᠯ ᠶᠤᠮ᠃ ᠤᠡᠭᠭᠤᠨ ᠪᠠᠶᠢᠭᠠᠯᠢ ᠯᠠ ᠰᠠᠶ᠋ᠢ ᠤᠨᠳᠤᠷᠤᠯᠭ᠎ᠠ ᠠᠮᠢᠳᠤᠷᠠᠯᠭ᠎ᠠ ᠳᠤ ᠠᠴᠢ ᠲᠤᠰᠠ ᠪᠠᠨ ᠦᠭᠳᠡᠭ ᠢ ᠡᠷᠳᠡᠨ ᠠᠴᠠ ᠮᠡᠳᠡᠵᠤ ᠲᠠᠨᠢᠭᠰᠠᠨ ᠨᠢ ᠮᠡᠨ ᠤ ᠡᠪᠦᠭᠡ ᠲᠡᠭᠡᠳᠦᠰ ᠪᠤᠯᠬᠤ ᠶᠤᠮ᠃ ᠲᠡᠯᠡᠬᠡᠢ ᠨᠡᠶᠢᠳᠡ ᠪᠠᠷ ᠢᠶᠠᠨ ᠰᠠᠨᠠᠭᠠᠨ ᠳᠤ ᠴᠦ ᠦᠭᠡᠢ ᠪᠠᠶᠢᠬᠤ ᠳᠤ᠂ ᠮᠤᠩᠭᠤᠯᠴᠤᠳ ᠠᠭᠤᠯᠠ ᠪᠠᠨ ᠲᠠᠷᠬᠠᠯᠠᠵᠤ᠂ ᠤᠰᠤ ᠪᠤᠯᠠᠭ ᠢᠶᠠᠨ ᠠᠷᠢᠭᠤᠯᠠᠨ ᠲᠠᠬᠢᠳᠠᠭ ᠭᠡᠭᠡᠨ ᠪᠢᠯᠢᠭᠳᠦ ᠨᠡᠭᠦᠳᠡᠯᠴᠢᠨ ᠠᠷᠠᠳ ᠲᠦᠮᠡᠨ ᠪᠤᠯᠬᠤ ᠶᠤᠮᠰᠠᠨ᠃         ᠮᠤᠩᠭᠤᠯᠴᠤᠳ ᠤᠪᠤᠭ᠎ᠠ ᠪᠠᠷ ᠢᠶᠠᠨ ᠰᠡᠳᠬᠢᠴᠡ ᠶᠢᠨ ᠵᠠᠰᠠᠯ ᠪᠤᠯᠭᠠᠳᠠᠭ ᠢᠶᠠᠷ ᠦᠯᠦ ᠪᠠᠷᠠᠨ ᠪᠢᠰᠢᠷᠠᠯ  ᠬᠦᠨᠳᠦᠳᠬᠡᠯ ᠤᠨ ᠵᠠᠰᠠᠯ ᠪᠤᠯᠭᠠᠵᠤ ᠪᠠᠶᠢᠵᠠᠢ᠃ ᠬᠤᠯᠠ ᠶᠠᠪᠤᠭᠠᠳ ᠢᠷᠡᠭᠰᠡᠨ ᠬᠦᠦ ᠳᠤ ᠪᠠᠨ᠄ ︿ᠬᠦᠦ ᠮᠢᠨᠢ᠂ ᠵᠢᠭᠠᠬᠠᠨ ᠠᠮᠤᠰᠬᠢᠭᠠᠳ ᠤᠪᠤᠭ᠎ᠠ  ᠎ ᠳᠤ ᠪᠠᠨ ᠤᠴᠢᠵᠤ ᠮᠦᠷᠭᠦᠨ᠂ ᠤᠯᠵᠤ ᠠᠯᠳᠠᠭᠰᠠᠨ ᠢᠶᠠᠨ ᠤᠴᠢᠷᠯᠠᠨ ᠲᠠᠭᠠᠳᠬᠠᠵᠤ ᠢᠷᠡᠭᠡᠷᠡᠢ﹀ ᠭᠡᠵᠤ ᠶᠠᠪᠤᠭᠤᠯᠳᠠᠭ ᠲᠠᠳᠬᠠᠯ ᠲᠠᠢ᠃ ᠦᠷ᠎ᠡ ᠭᠡᠤᠭᠡᠳ ᠨᠢ ᠤᠪᠤᠭᠠᠨ ᠳᠤ ᠪᠠᠨ ᠴᠢᠯᠠᠭᠤ ᠨᠡᠮᠡᠵᠤ᠂ ᠠᠪᠤ ᠡᠵᠢ ᠳᠤ ᠪᠠᠨ ᠬᠡᠯᠡᠭᠰᠡᠨ ᠦᠭᠡᠢ ᠰᠡᠳᠬᠢᠯ ᠤᠨ ᠦᠭᠡ ᠪᠠᠨ᠂ ᠠᠬ᠎ᠠ ᠠᠭ᠎ᠠ ᠳᠤ ᠪᠠᠨ ᠶᠠᠷᠢᠭᠰᠠᠨ ᠦᠭᠡᠢ ᠠᠯᠳᠠᠭ᠎ᠠ ᠤᠨᠤᠭ᠎ᠠ ᠪᠠᠨ ᠰᠡᠳᠬᠢᠯ ᠢᠶᠠᠨ ᠠᠭᠤᠵᠢᠷᠠᠳᠠᠯ᠎ᠠ ᠲᠡᠯᠭᠡᠵᠤ ᠠᠵᠤ ᠠᠮᠢᠳᠤᠷᠠᠯ᠂ ᠠᠵᠢᠯ  ᠦᠢᠯᠡᠰ ᠎ ᠤᠨ ᠢᠶᠠᠨ ᠡᠷᠭᠢᠴᠡᠭᠦᠯᠦᠯ ᠲᠤᠷᠰᠢᠯᠭ᠎ᠠ  ᠎ ᠢᠶᠠᠨ ᠳ᠋ᠦᠡᠭᠨᠡᠨ ᠬᠤᠷᠢᠶᠠᠩᠭᠤᠶᠢᠯᠠᠵᠤ᠂ ᠰᠡᠳᠬᠢᠯ ᠤᠨ ᠴᠢᠯᠡᠭᠡ ᠪᠠᠨ ᠠᠯᠳᠠᠷᠠᠭᠠᠵᠤ ᠰᠠᠨᠠᠭᠠᠨ ᠤ ᠭᠬᠢᠷ ᠢᠶᠠᠨ ᠴᠡᠪᠡᠷᠯᠡᠵᠤ ᠴᠤᠭ ᠰᠦᠯᠳᠡ ᠲᠠᠢ ᠪᠤᠴᠠᠵᠤ ᠬᠠᠷᠢᠳᠠᠭ ᠲᠠᠯᠳᠠ ᠲᠠᠮᠢᠷᠯᠢᠭ ᠪᠤᠷᠬᠠᠨᠰᠠᠭ ᠠᠷᠠᠳ ᠲᠦᠮᠡᠨ ᠶᠤᠮᠰᠠᠨ᠃         ᠮᠤᠩᠭᠤᠯ ᠨᠤᠳᠤᠭ ᠤᠨ ᠤᠪᠤᠭ᠎ᠠ ᠨᠢ ᠮᠤᠩᠭᠤᠯ ᠰᠤᠶᠤᠯ ᠤᠨ ᠤᠬᠢ ᠲᠠᠯᠠᠰᠳᠤ ᠪᠤᠯᠬᠤ ᠶᠤᠮ᠃ ᠮᠤᠩᠭᠤᠯ ᠨᠤᠳᠤᠭ ᠤᠨ ᠤᠪᠤᠭ᠎ᠠ ᠨᠢ ᠮᠤᠩᠭᠤᠯᠴᠤᠳ ᠤᠨ ᠠᠯᠳᠠᠨ ᠮᠤᠳᠤᠷ ᠢᠶᠠᠷ ᠴᠤᠭᠴᠠᠯᠠᠭᠳᠠᠵᠤ ᠠᠯᠠᠭᠠᠨ ᠤ ᠬᠦᠯᠦᠰᠦ ᠨᠢ  ᠰᠢᠩᠭᠡᠭᠰᠡᠨ ᠠᠯᠳᠠᠨ ᠠᠭᠤᠯᠠ ᠠᠴᠠ ᠴᠦ ᠦᠨ᠎ᠡ ᠴᠠᠨ᠎ᠠ ᠲᠠᠢ ᠠᠭᠤᠤ ᠰᠤᠶᠤᠯ  ᠎ ᠤᠨ ᠮᠢᠨᠢ ᠤᠬᠢ ᠲᠠᠯᠠᠰᠳᠤ ᠶᠢᠨ ᠨᠢᠭᠡᠨ ᠪᠤᠯᠬᠤ  ᠎ ᠶᠢ ᠠᠳᠡ ᠤᠨᠴᠠᠭᠠᠶᠢᠷᠠᠭᠤᠯᠤᠨ ᠲᠡᠮᠳᠡᠭᠯᠡᠶ᠎ᠡ᠃ ᠮᠤᠩᠭᠤᠯ ᠬᠦᠮᠦᠨ ᠤᠪᠤᠭ᠎ᠠ ᠲᠠᠢ ᠪᠠᠶᠢᠳᠠᠭ ᠠᠴᠠ ᠬᠡᠶᠢᠮᠤᠷᠢ ᠲᠠᠢ ᠪᠠᠶᠢᠳᠠᠭ᠂ ᠤᠪᠤᠭ᠎ᠠ ᠪᠠᠨ ᠲᠡᠭᠡᠳᠦᠯᠡᠳᠡᠭ ᠠᠴᠠ ᠤᠳᠤ ᠶᠢᠨ ᠴᠠᠮᠪᠤᠯᠢᠩ ᠳᠤ ᠤᠳᠤ ᠴᠤᠭᠯᠢᠭ ᠪᠠᠶᠢᠭᠰᠠᠨ᠂ ᠪᠠᠶᠢᠭᠰᠠᠭᠠᠷ ᠢᠷᠡᠭᠰᠡᠨ  ᠮᠦᠷᠳᠡᠭᠡᠨ ᠢᠷᠡᠭᠡᠳᠦᠢ ᠳᠤ ᠴᠦ ᠪᠠᠶᠢᠬᠤ ᠪᠤᠯᠤᠨ᠎ᠠ ᠭᠡᠳᠡᠭ ᠲᠤ ᠢᠳᠡᠭᠡᠯ ᠲᠠᠢ ᠪᠠᠶᠢᠭᠠᠷᠠᠢ᠃ ᠨᠡᠭᠦᠳᠡᠯ ᠮᠠᠯᠵᠢᠯ ᠤᠨ ᠰᠤᠶᠤᠯ ᠳᠤ ᠤᠪᠤᠭ᠎ᠠ ᠤᠷᠤᠨ ᠪᠠᠶᠢᠷᠢ ᠪᠠᠨ ᠪᠠᠳᠤ ᠰᠠᠬᠢᠭᠰᠠᠨ ᠬᠠᠷᠠᠭᠤᠯ ᠤᠨ ᠪᠠᠶᠢᠯᠳᠤᠭᠴᠢ ᠶᠢᠨ ᠶᠤᠰᠤᠭᠠᠷ ᠦᠢᠯᠡᠳᠦᠯ ᠦᠵᠡᠭᠦᠯᠵᠤ᠂ ᠤᠪᠤᠭ᠎ᠠ ᠪᠠᠨ ᠦᠵᠡᠭᠡᠳ ᠤᠮᠤᠭ ᠵᠤᠷᠢᠭ ᠨᠢ ᠬᠦᠪᠴᠢᠯᠡᠭᠳᠡᠭᠰᠡᠨ᠂ ᠤᠯᠵᠠ ᠤᠷᠤᠴᠠ ᠨᠢ ᠨᠡᠮᠡᠭᠳᠡᠭᠰᠡᠨ ᠢ ᠠᠯᠢ ᠶᠢ ᠨᠢ ᠲᠤᠷᠠᠰᠤᠨ ᠲᠤᠭᠠᠴᠢᠭᠠᠳ ᠪᠠᠷᠠᠬᠤ ᠪᠤᠢ᠃  ᠤᠪᠤᠭ᠎ᠠ ᠳᠤ ᠪᠠᠨ ᠬᠤᠷᠭᠤᠳᠠᠭᠠᠳ ᠤᠯᠠᠨ ᠤᠯᠠᠨ ᠮᠤᠩᠭᠤᠯᠴᠤᠳ ᠦᠪᠡᠷ ᠤᠨ ᠤᠤᠭᠤᠭᠰᠠᠨ ᠤᠰᠤ ᠤᠨᠠᠭᠰᠠᠨ ᠨᠤᠳᠤᠭ ᠢᠶᠠᠨ ᠤᠷᠬᠢᠵᠤ  ᠲᠦᠪᠳᠡᠯ ᠰᠠᠭᠤᠷᠢᠰᠢᠵᠤ ᠬᠠᠯᠬᠠᠭ᠎ᠠ ᠬᠡᠷᠡᠮ ᠪᠤᠯᠵᠤ ᠮᠤᠩᠭᠤᠯ  ᠰᠤᠶᠤᠯ ᠤᠨ ᠬᠠᠶᠢᠯᠤᠭᠳᠠᠯ ᠢ ᠬᠤᠷᠢᠭᠯᠠᠵᠤ ᠮᠤᠩᠭᠤᠯ ᠠᠮᠢᠳᠤᠷᠠᠯ ᠤᠨ ᠦᠭᠡᠷᠡᠳᠦᠯ ᠢ ᠤᠳᠠᠭᠠᠰᠢᠷᠠᠭᠤᠯᠵᠤ ᠶᠠᠪᠤᠭᠰᠠᠨ ᠢ ᠡᠷᠳᠡᠮᠳᠡᠨ ᠮᠡᠷᠭᠡᠳ ᠠᠨᠳᠤᠯ ᠦᠭᠡᠢ ᠮᠡᠳᠡᠬᠦ ᠪᠠᠷ ᠦᠯᠦ ᠪᠠᠷᠠᠮ ᠦᠶ᠎ᠡ ᠶᠢᠨ ᠦᠶ᠎ᠡ  ᠎ ᠳᠤ ᠪᠠᠨ ᠦᠪᠯᠡᠭᠦᠯᠵᠤ ᠦᠭᠭᠦᠭᠰᠡᠨ ᠦᠨᠦᠳᠦᠷ ᠤᠨ ᠪᠤᠰᠤᠭ᠎ᠠ ᠰᠤᠶᠤᠯ ᠮᠠᠨᠢ ᠬᠡᠷᠡᠴᠢ ᠪᠤᠯᠵᠤ ᠦᠨᠢᠳᠡ ᠰᠦᠨᠳᠡᠷᠯᠡᠵᠤ ᠪᠠᠶᠢᠨᠠᠮ  ᠃  ᠂᠂᠂᠂  ᠂᠂᠂᠂         ᠮᠤᠩᠭᠤᠯ ᠨᠤᠳᠤᠭ ᠤᠨ ᠤᠪᠤᠭᠠᠨ ᠳᠤ ᠪᠠᠨ ᠴᠢᠯᠠᠭᠤ ᠨᠡᠮᠡᠬᠦ ᠪᠠᠨ ᠮᠠᠷᠳᠠᠳᠠᠭ ᠦᠭᠡᠢ ᠰᠢᠭ᠋ ᠢᠶᠠᠷ ᠮᠤᠩᠭᠤᠯ ᠰᠤᠶᠤᠯ ᠤᠨ ᠤᠪᠤᠭᠠᠨ ᠳᠤ ᠪᠠᠨ ᠰᠤᠳᠤᠷ ᠨᠡᠮᠡᠬᠦ ᠪᠠᠨ ᠪᠢᠳᠡᠭᠡᠢ ᠮᠠᠷᠳᠠᠶ᠎ᠠ᠂ ᠪᠢᠳᠡ ᠪᠦᠭᠦᠳᠡᠭᠡᠷ ᠢᠶᠠᠨ︕ ᠤᠪᠤᠭ᠎ᠠ — ᠮᠤᠩᠭᠤᠯ ᠤᠷᠤᠨ ᠤ ᠰᠦᠯᠳᠠ᠃ ᠤᠪᠤᠭ᠎ᠠ — ᠮᠤᠩᠭᠤᠯ ᠬᠦᠮᠦᠨ ᠤ ᠰᠢᠳᠦᠭᠡᠨ᠃        
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号