ᠡᠨᠡ ᠵᠢᠯ ᠤᠨ 6 ᠰᠠᠷ᠎ᠠ ᠶᠢᠨ 15 ᠳᠤ ᠭᠧᠷᠮᠠᠨ ᠤ ᠪᠤᠨ ᠬᠤᠳᠠ ᠳᠤ《 ᠴᠢᠩᠬᠢᠰ ᠬᠠᠭᠠᠨ ᠪᠤᠯᠤᠨ | ᠳᠡᠬᠦᠨ ᠤ ᠵᠠᠯᠭᠠᠮᠵᠢᠯᠠᠬᠴᠢ 》ᠭᠡᠰᠡᠨ ᠳᠡᠯᠭᠡᠨ ᠦᠵᠡᠬᠦᠯᠦᠯᠭᠡ ᠶᠠᠪᠤᠬᠳᠠᠵᠤ᠂ ᠳᠤᠰ ᠳᠡᠯᠭᠡᠨ ᠦᠵᠡᠬᠦᠯᠦᠯᠭᠡ ᠳᠤ | ᠳᠤᠮᠳᠠᠳᠤ ᠤᠯᠤᠰ ᠤᠨ ᠲᠠᠶᠢᠪᠸᠢ ᠠᠴᠠ《 ᠳᠡᠯᠡᠬᠡᠢ ᠳᠡᠭᠡᠷᠡᠭᠢ ᠬᠠᠮᠤᠬ ᠡᠷᠳᠡᠨ ᠤ ᠴᠢᠩᠬᠢᠰ ᠬᠠᠭᠠᠨ ᠤ ᠬᠦᠷᠦᠭ | 》ᠭᠡᠰᠡᠨ ᠲᠤᠳᠤᠷᠬᠠᠶᠢᠯᠠᠯ ᠲᠠᠢ ᠵᠢᠷᠤᠬ ᠢ ᠬᠦᠷᠭᠡᠨ ᠢᠷᠡᠵᠦ ᠳᠡᠯᠭᠡᠨ ᠦᠵᠡᠬᠦᠯᠦᠯᠭᠡ ᠳᠤ ᠤᠷᠤᠯᠴᠠᠭᠤᠯᠵᠤ ᠳᠡᠯᠡᠭᠡᠢ | ᠨᠡᠶᠢᠳᠡ ᠶᠢᠨ ᠲᠡᠦᠭᠡ ᠶᠢᠨ ᠪᠤᠯᠤᠨ ᠤᠷᠠᠯᠢᠬ ᠤᠨ ᠡᠳᠡᠭᠡᠳ ᠤᠨ ᠠᠩᠬᠠᠷᠤᠯ ᠢ ᠳᠠᠳᠠᠵᠤ ᠪᠢᠯᠠ᠃ | ᠳᠡᠮᠳᠡᠭᠯᠡᠯ ᠢ ᠦᠨᠳᠦᠰᠦᠯᠡᠪᠡᠯ᠂ ᠮᠠᠨ ᠤ ᠤᠯᠤᠰ ᠲᠤ ᠦᠶ᠎ᠡ ᠤᠯᠠᠮᠵᠢᠯᠠᠬᠳᠠᠵᠤ ᠢᠷᠡᠭᠰᠡᠨ ᠴᠢᠩᠬᠢᠰ | ᠬᠠᠭᠠᠨ ᠤ ᠬᠤᠪᠤᠷ ᠦᠨᠡᠲᠦ ᠬᠦᠷᠦᠭ ᠬᠤᠶᠠᠷᠬᠠᠨ ᠪᠠᠶᠢᠵᠤ ᠂ ᠨᠢᠭᠡ ᠨᠢ ᠳᠤᠮᠳᠠᠳᠤ ᠤᠯᠤᠰ ᠤᠨ ᠳᠡᠦᠭᠡᠨ ᠮᠥᠽᠧᠢ | ᠳᠤ ᠬᠠᠳᠠᠭᠠᠯᠠᠬᠳᠠᠵᠤ᠂ ᠨᠥᠬᠦᠭᠡ ᠨᠢ ᠲᠠᠶᠢᠪᠸᠢ ᠳᠠᠬᠢ ᠬᠠᠭᠠᠨ ᠤ ᠤᠷᠳᠤᠨ ᠤ ᠮᠥᠽᠧᠢ ᠳᠤ ᠬᠠᠳᠠᠭᠠᠯᠠᠬᠳᠠᠵᠤ ᠪᠤᠢ᠃ | ᠡᠨᠡ ᠬᠤᠶᠠᠷ ᠬᠥᠷᠦᠭ ᠵᠢᠷᠤᠬ ᠤᠨ ᠠᠯᠢ ᠨᠢ ᠴᠤᠬᠤᠮ ᠬᠠᠮᠤᠬ ᠡᠷᠳᠡᠨ ᠤ ᠵᠢᠷᠤᠬ ᠪᠤᠢ?ᠡᠨᠡᠬᠦ ᠠᠰᠠᠭᠤᠳᠠᠯ ᠢ | ᠲᠤᠳᠤᠷᠬᠠᠶᠢᠯᠠᠬᠤ ᠶᠢᠨ ᠲᠥᠯᠦᠭᠡ ᠵᠤᠬᠢᠶᠠᠬᠴᠢ ᠠᠴᠠ 10 ᠶᠢᠨ 11 ᠳᠤ ᠲᠤᠰᠬᠠᠶᠢᠯᠠᠨ ᠪᠡᠬᠡᠵᠢᠩ ᠳᠤ ᠬᠦᠷᠴᠦ᠂ | ᠤᠯᠤᠰ ᠤᠨ ᠡᠷᠳᠡᠨᠢ ᠶᠢ ᠬᠢᠨᠠᠨ ᠳᠤᠬᠳᠠᠭᠠᠬᠤ《 ᠨᠠᠪᠳᠡᠷᠬᠡᠢ ᠴᠢᠳᠠᠪᠥᠷᠢᠳᠠᠨ 》ᠭᠡᠵᠦ ᠠᠯᠳᠠᠷᠰᠢᠬᠰᠠᠨ ᠱᠢ ᠱᠦ | ᠴᠢᠩ ᠨᠠᠰᠤᠲᠠᠨ ( 83 ᠨᠠᠰᠤᠲᠠᠢ ) ᠢ ᠰᠤᠷᠪᠤᠯᠵᠢᠯᠠᠪᠠ᠃ ᠱᠢ ᠱᠦ ᠴᠢᠩ ᠨᠠᠰᠤᠲᠠᠨ ᠪᠤᠯ ᠳᠤᠬᠠᠢ ᠶᠢᠨ ᠵᠢᠯ ᠳᠤ | ᠥᠪᠡᠷ ᠤᠨ ᠪᠡᠶ᠎ᠡ ᠪᠠᠷ ᠢᠶᠠᠨ ᠴᠢᠩᠬᠢᠰ ᠬᠠᠭᠠᠨ ᠤ ᠬᠦᠷᠦᠭ ᠲᠤ ᠬᠢᠨᠠᠨ ᠳᠤᠬᠳᠠᠭᠠᠯᠳᠠ ᠬᠢᠭᠰᠡᠨ ᠮᠥᠷᠳᠡᠭᠡᠨ ᠤᠳᠤ | ᠡᠷᠡᠬᠦᠯ ᠮᠡᠨᠲᠦ ᠪᠠᠶᠢᠭ᠎ᠠ ᠴᠤᠷ ᠤᠨ ᠭᠠᠭᠴᠠ ᠬᠡᠷᠡᠴᠢᠯᠡᠭᠴᠢ ᠪᠤᠯᠤᠨ᠎ᠠ᠃ ᠪᠤᠯᠵᠤᠬᠰᠠᠨ ᠶᠤᠰᠤᠭᠠᠷ ᠱᠢ ᠨᠠᠰᠤᠳᠠᠨ ᠤ | ᠬᠡᠷ ᠬᠦᠷᠬᠦ ᠳᠤ ᠱᠢ ᠨᠠᠰᠤᠳᠠᠨ ᠰᠠᠶ᠋ᠢᠬᠠᠨ ᠡᠮᠨᠡᠯᠭᠡ ᠶᠢᠨ ᠬᠤᠷᠢᠶ᠎ᠠ ᠠᠴᠠ ᠭᠠᠷᠴᠤ ᠢᠷᠡᠭᠡᠳ ᠪᠠᠶᠢᠭᠰᠠᠨ ᠪᠤᠯᠬᠤᠷ | ᠥᠪᠡᠷ ᠤᠨ ᠪᠡᠶ᠎ᠡ ᠪᠠᠨ ᠳᠥᠬᠦᠮᠬᠡᠨ ᠳᠠᠨᠢᠯᠴᠠᠭᠤᠯᠤᠭᠠᠳ ᠭᠤᠤᠯ ᠰᠡᠳᠦᠪ ᠲᠡᠭᠡᠨ ᠤᠷᠤᠯ᠎ᠠ᠃ ᠱᠢ ᠨᠠᠰᠤᠳᠠᠨ ᠳᠤᠬᠠᠢ | ᠶᠢᠨ ᠵᠢᠯ ᠴᠢᠩᠬᠢᠰ ᠬᠠᠭᠠᠨ ᠤ ᠬᠥᠷᠦᠭ ᠵᠢᠷᠤᠬ ᠢ ᠬᠢᠨᠠᠨ ᠳᠤᠬᠳᠠᠭᠠᠬᠤ ᠳᠤ ᠤᠷᠤᠯᠴᠠᠬᠰᠠᠨ ᠢᠶᠠᠷ ᠪᠠᠷᠠᠬᠤ ᠦᠭᠡᠢ᠂ | ᠮᠥᠨ ᠬᠠᠮᠤᠬ ᠤᠨ ᠡᠷᠳᠡ ᠢᠯᠡᠷᠡᠬᠦᠯᠵᠦ ᠮᠡᠳᠡᠭᠰᠡᠨ ᠬᠦᠮᠦᠨ ᠶᠤᠮ᠃ 1953 ᠤᠨ ᠤ 9 ᠰᠠᠷ᠎ᠠ ᠶᠢᠨ ᠨᠢᠭᠡ | ᠡᠳᠦᠷ ᠱᠢ ᠱᠦ ᠴᠢᠩ ᠬᠠᠮᠳᠤ ᠰᠤᠷᠤᠬᠴᠢ ᠪᠠᠨ ᠳᠠᠭᠠᠵᠤ ᠴᠧᠨ ᠶᠢ ᠬᠡᠰᠡᠨ ᠬᠦᠮᠦᠨ ᠤ ᠭᠡᠷ ᠲᠤ ᠤᠴᠢᠵᠠᠢ᠃ | ᠳᠤᠬᠠᠢ ᠶᠢᠨ ᠦᠶ᠎ᠡ ᠳᠤ ᠱᠢ ᠱᠦ ᠴᠢᠩ ᠪᠡᠬᠡᠵᠢᠩ ᠤᠨ ᠳᠡᠦᠭᠡᠨ ᠮᠥᠽᠧᠢ ᠳᠤ ᠠᠵᠢᠯᠯᠠᠵᠤ ᠪᠠᠶᠢᠪᠠ ᠃ ᠴᠧᠨ ᠶᠢ | ᠶᠢᠨ ᠭᠡᠷ ᠲᠤ ᠨᠢᠭᠡᠨ ᠵᠢᠷᠤᠮᠠᠯ ᠬᠦᠷᠦᠭ ᠪᠠᠶᠢᠭᠰᠠᠨ ᠨᠢ ᠲᠠᠷᠤᠢ ᠶᠤᠧᠠᠨ ᠲᠠᠶᠢᠽᠤ ᠴᠢᠩᠬᠢᠰ ᠬᠠᠭᠠᠨ ᠤ ᠬᠦᠷᠦᠭ | ᠪᠠᠶᠢᠵᠠᠢ ᠃ ᠡᠨᠡ ᠬᠥᠷᠦᠭ ᠤᠨ ᠦᠨᠳᠦᠷ ᠨᠢ 58·3 ᠰᠠᠨᠲ᠋ᠢᠮᠧᠲᠷ᠂ ᠥᠷᠭᠡᠨ ᠨᠢ 40·8ᠰᠠᠨᠲ᠋ᠢᠮᠧᠲᠷ᠂ | ᠴᠠᠭᠠᠨ ᠴᠠᠭᠠᠰᠤᠨ ᠳᠡᠭᠡᠷᠡᠬᠢ ᠬᠥᠬᠡᠪᠲᠦᠷ ᠦᠩᠬᠡ ᠲᠠᠢ ᠳᠡᠭᠡᠷ᠎ᠡ ᠬᠠᠭᠠᠰ ᠪᠡᠶ᠎ᠡ ᠶᠢᠨ ᠵᠢᠷᠤᠬ ᠪᠠᠶᠢᠯ᠎ᠠ᠃ ᠲᠤᠯᠤᠭᠠᠢ | ᠳᠠᠭᠠᠨ ᠴᠠᠭᠠᠨ ᠭᠠᠳᠠᠷ᠂ ᠬᠠᠷ᠎ᠠ ᠳᠤᠳᠤᠷ᠎ᠠ ᠲᠠᠢ ᠠᠷᠠᠰᠤᠨ ᠮᠠᠯᠠᠭᠠᠢ ( ᠪᠠᠷᠤᠬ ᠪᠤᠯᠠᠭᠠᠨ ᠠᠷᠠᠰᠤ ᠮᠠᠭᠠᠳ ) ᠵᠡᠬᠦᠵᠦ | ᠂ ᠪᠡᠶ᠎ᠡ ᠳᠡᠭᠡᠨ ᠬᠦᠶᠦᠬᠡᠨ ᠰᠢᠷᠠᠪᠲᠤᠷ ᠨᠤᠯᠤᠤᠷ ᠤᠨ ᠴᠠᠮᠴᠠ ᠬᠡᠲᠦᠷᠴᠦ᠂ ᠬᠥᠷᠡᠩ ᠤᠯᠠᠭᠠᠨ ᠴᠢᠷᠠᠢ ᠲᠠᠢ᠂ | ᠪᠢᠳᠡᠬᠦᠦ ᠰᠠᠬᠠᠯ ᠲᠠᠢ᠂ ᠮᠠᠩᠨᠠᠢ ᠶᠢᠨ ᠦᠰᠦ ᠨᠢ ᠤᠷᠤᠬᠰᠢ ᠪᠠᠨ ᠪᠠᠭ᠋ᠠᠨ ᠴᠤᠬᠤᠶᠢᠵᠤ ᠰᠠᠯᠭᠠᠯᠠᠭᠠᠳ᠂ ᠦᠰᠦ ᠨᠢ | ᠳᠤᠷᠤᠬᠰᠢ ᠤᠨᠵᠠᠶᠢᠵᠤ᠂ ᠶᠠᠬ ᠤᠳᠤᠬᠢ ᠤᠶᠢᠭᠤᠷ ᠬᠡᠦᠬᠡᠨ ᠤ ᠰᠠᠯᠠᠭᠠᠯᠠᠨ ᠬᠦᠷᠦᠭᠰᠡᠨ ᠬᠡᠵᠢᠭᠡ ᠰᠢᠭ ᠪᠠᠶᠢᠪᠠ ᠃ | ᠬᠥᠷᠦᠭ ᠤᠨ ᠵᠡᠬᠦᠨ ᠳᠡᠭᠡᠲᠦ ᠦᠨᠴᠦᠭ ᠲᠤᠨᠢ《 ᠲᠠᠶᠢᠽᠤ ᠬᠠᠭᠠᠨ ᠳᠠᠷᠤᠢ ᠴᠢᠩᠬᠢᠰ ᠬᠠᠭᠠᠨ ᠳᠠᠮᠦᠵᠢᠨ ᠬᠡᠮᠡᠮᠦᠢ | 》ᠬᠡᠵᠦ ᠪᠢᠴᠢᠭᠰᠡᠨ ᠪᠠᠶᠢᠯ᠎ᠠ ᠃ | ᠴᠧᠨ ᠶᠢ ᠪᠤᠯ 1870 ᠤᠨ ᠤ ᠲᠥᠷᠦᠭᠰᠡᠨ ᠬᠤᠨᠠᠨ ᠤ ᠠᠨ ᠯᠦ ᠶᠢᠨ ᠬᠦᠮᠦᠨ᠃ ᠤᠷᠢᠳ ᠬᠤᠵᠢᠳ | ᠪᠡᠬᠡᠵᠢᠩ ᠤᠨ ᠵᠠᠰᠠᠬ ᠤᠨ ᠤᠷᠳᠤᠨ ᠤ ᠵᠥᠪᠯᠡᠭᠴᠢ ᠶᠢᠨ ᠬᠡᠯᠳᠡᠰ ᠤᠨ ᠳᠡᠳ᠋ ᠳᠠᠷᠤᠭ᠎ᠠ ᠂ ᠬᠤᠨᠠᠨ ᠮᠤᠵᠢ ᠶᠢᠨ | ᠴᠡᠷᠢᠭ ᠤᠨ ᠨᠤᠶᠠᠨ ᠪᠥᠭᠡᠳ ᠮᠤᠵᠢ ᠶᠢᠨ ᠵᠠᠬᠢᠷᠭᠠᠨ ᠤ ᠳᠠᠷᠤᠭ᠎ᠠ᠂ ᠮᠢᠩ ᠸᠧᠢ ᠵᠠᠩᠵᠤᠨ ᠪᠥᠭᠡᠳ ᠴᠡᠷᠢᠭ ᠤᠨ | ᠶᠠᠪᠤᠳᠠᠯ ᠤᠨ ᠦᠷᠡᠭᠳᠡᠭᠰᠡᠳ ᠤᠨ ᠶᠠᠪᠤᠳᠠᠯ ᠢ ᠰᠻᠢᠳᠪᠥᠷᠢᠯᠡᠬᠦ ᠵᠥᠪᠯᠡᠯ ᠤᠨ ᠬᠡᠰᠢᠬᠦᠨ ᠪᠠᠶᠢᠵᠠᠢ᠃ ᠴᠧᠨ ᠶᠢ | ᠵᠥᠪᠯᠡᠭᠴᠢ ᠶᠢᠨ ᠬᠡᠯᠳᠡᠰ ᠤᠨ ᠳᠡᠳ᠋ ᠳᠠᠷᠤᠭ᠎ᠠ ᠪᠠᠶᠢᠬᠤ ᠳᠠᠭᠠᠨ᠂ ᠢᠷᠭᠡᠨ ᠤᠯᠤᠰ ᠤᠨ ᠠᠩᠬᠠᠨ ᠤ ᠤᠨ ( ᠪᠠᠷᠤᠬ | 1912 ᠤᠨ ) ᠳᠤ ᠮᠤᠩᠭᠤᠯ ᠭᠠᠵᠠᠷ ᠢᠶᠠᠷ ᠪᠠᠶᠢᠴᠠᠭᠠᠨ ᠦᠵᠡᠬᠦ ᠦᠶᠡᠰ ᠨᠢᠭᠡᠨ ᠮᠤᠩᠭᠤᠯ ᠸᠠᠩ ᠡᠨᠡᠬᠦ ᠬᠥᠷᠦᠭ ᠢ | ᠳᠡᠬᠦᠨ ᠳᠤ ᠪᠡᠯᠡᠭ ᠪᠤᠯᠭᠠᠨ ᠬᠦᠷᠭᠡᠭᠰᠡᠨ ᠪᠠᠶᠢᠵᠠᠢ ᠃ | ᠱᠢ ᠨᠠᠰᠤᠳᠠᠨ《 ᠡᠨᠡᠬᠦ ᠬᠥᠷᠦᠭ ᠤᠨ ᠦᠨ᠎ᠡ ᠴᠠᠨ᠎ᠠ᠂ ᠤᠳᠬ᠎ᠠ ᠠᠭᠤᠯᠭ᠎ᠠ ᠲᠤᠶᠢᠯ ᠤᠨ ᠴᠢᠬᠤᠯᠠ᠃ | ᠡᠨᠡᠬᠦ ᠬᠥᠷᠦᠭ ᠤᠨ ᠳᠤᠬᠠᠢ ᠥᠪᠦᠷ ᠮᠤᠩᠭᠤᠯ ᠤᠨ ᠬᠦᠮᠦᠰ ᠲᠤ ᠨᠠᠷᠢᠨ ᠳᠤᠳᠤᠷᠬᠠᠢ ᠳᠤᠰᠢᠶᠠᠬᠤ ᠪᠠᠷ ᠪᠠᠷᠠᠬᠤ | ᠦᠭᠡᠢ ᠪᠥᠬᠦ ᠰᠤᠳᠤᠯᠭᠠᠨ ᠤ ᠬᠥᠷᠢᠶ᠎ᠡ ᠬᠡᠪᠴᠢᠶᠠᠨ ᠳᠤ ᠴᠢᠩᠭ᠎ᠠ ᠨᠢᠮᠪᠠᠢ ᠬᠠᠷᠢᠭᠤᠴᠠᠬᠤ ᠬᠡᠷᠡᠭᠲᠡᠢ 》ᠬᠡᠵᠦ ᠪᠠᠶᠢᠯ᠎ᠠ | ᠃ ᠳᠡᠭᠡᠷ᠎ᠡ ᠵᠠᠭᠤᠨ ᠤ ᠵᠢᠷᠠᠭᠠᠳ ᠤᠨ ᠤ ᠦᠶ᠎ᠡ ᠪᠠᠷ ᠰᠠᠶ᠋ᠢ ᠡᠨᠡᠬᠦ ᠬᠥᠷᠦᠭ ᠤᠨ ᠦᠨ᠎ᠡ ᠴᠠᠨ᠎ᠠ ᠶᠢ ᠵᠢᠩᠬᠢᠨᠢ ᠤᠯᠵᠤ | ᠮᠡᠳᠡᠵᠠᠢ᠃ 1963 ᠤᠨ ᠤ ᠡᠬᠢ ᠪᠠᠷ ᠰᠤᠶᠤᠯ ᠤᠨ ᠶᠠᠮᠤᠨ ᠠᠴᠠ ᠵᠠᠩ ᠾᠧᠩ᠂ ᠰᠢᠶᠧ ᡁᠢ ᠯᠢᠦ᠂ ᠬᠠᠨ ᠱᠧᠨ | ᠰᠢᠶᠠᠨ᠂ ᠴᠢ ᠬᠥᠩ᠂ ᠱᠢ ᠱᠦ ᠴᠢᠩ ᠵᠡᠷᠭᠡ ᠳᠤᠰᠬᠠᠢ ᠮᠡᠷᠭᠡᠵᠢᠯᠳᠠᠨ ᠢ ᠵᠤᠬᠢᠶᠠᠨ ᠪᠠᠶᠢᠭᠤᠯᠵᠤ᠂ ᠡᠨᠡᠬᠦ ᠬᠥᠷᠦᠭ | ᠲᠤ ᠬᠢᠨᠠᠨ ᠳᠤᠬᠳᠠᠭᠠᠯᠳᠠ ᠬᠢᠭᠰᠡᠨ ᠪᠠᠶᠢᠨ᠎ᠠ᠃ ᠡᠨᠡᠬᠦ ᠬᠥᠷᠦᠭ ᠤᠨ ᠴᠠᠭᠠᠰᠤᠨ ᠤ ᠴᠢᠨᠠᠷ᠂ ᠦᠩᠬᠡ ᠪᠤᠳᠤᠬ᠂ | ᠳᠥᠷᠢ ᠪᠠᠶᠢᠳᠠᠯ᠂ ᠪᠢᠴᠢᠭᠡᠰᠦ᠂ ᠬᠡᠪ ᠨᠠᠮᠪᠠ ᠵᠡᠷᠭᠡ ᠲᠠᠯ᠎ᠠ ᠪᠠᠷ ᠬᠢᠨᠠᠨ ᠳᠤᠬᠳᠠᠭᠠᠯᠳᠠ ᠬᠢᠬᠡᠳ ᠳᠤᠰᠬᠠᠢ | ᠮᠡᠷᠭᠡᠵᠢᠯᠳᠠᠳ《 ᠡᠨᠡ ᠪᠤᠯ ᠶᠤᠧᠠᠨᠤᠯᠤᠰ ᠤᠨ ᠦᠶ᠎ᠡ ᠳᠤ ᠪᠥᠲᠦᠭᠡᠭᠳᠡᠭᠰᠡᠨ ᠬᠠᠮᠤᠬ ᠡᠷᠳᠡᠨ ᠤ ᠦᠨᠡᠨ ᠪᠥᠲᠦᠭᠡᠯ | ᠮᠥᠨ 》ᠬᠡᠵᠦ ᠰᠠᠨᠠᠯ ᠨᠢᠭᠡᠲᠠᠢ ᠪᠠᠲᠤᠯᠠᠪᠠ᠃ ᠡᠨᠡᠬᠦ ᠬᠥᠷᠦᠭ ᠢ ᠴᠢᠩᠬᠢᠰ ᠬᠠᠭᠠᠨ ᠤ ᠠᠮᠢᠳᠤ ᠪᠠᠶᠢᠭ᠎ᠠ ᠦᠶ᠎ᠡ ᠳᠤ | ᠪᠥᠲᠦᠭᠡᠯᠡ ᠬᠡᠵᠦ ᠨᠤᠳᠠᠯᠠᠬᠤ ᠶᠢᠨ ᠠᠷᠭ᠎ᠠ ᠦᠭᠡᠢ ᠪᠤᠯᠪᠠᠴᠤ ᠲᠠᠶᠢᠽᠤ ᠬᠠᠭᠠᠨ ᠨᠠᠰᠤ ᠨᠥᠬᠦᠴᠡᠭᠰᠡᠨ ᠤ ᠳᠠᠷᠠᠭᠠᠬᠠᠨ | ᠵᠢᠷᠦᠵᠤ ᠪᠥᠲᠦᠭᠡᠭᠰᠡᠨ ᠥᠳᠡᠯᠦᠭᠡ ᠨᠠᠰᠤᠨ ᠤ ᠬᠢᠨᠢ ᠬᠥᠷᠦᠭ ᠬᠡᠵᠦ ᠬᠡᠯᠡᠵᠦ ᠪᠤᠯᠤᠨ᠎ᠠ᠃《 ᠶᠤᠧᠠᠨ ᠤ ᠳᠡᠦᠭᠡ | ᠳᠠᠬᠢᠯᠭ᠎ᠠ ᠶᠢᠨ ᠳᠡᠮᠳᠡᠭᠯᠡᠯ 》 ᠢ ᠦᠨᠳᠦᠰᠦᠯᠡᠪᠡᠯ ᠶᠤᠧᠠᠨ ᠤᠯᠤᠰ ᠤᠨ ᠦᠶ᠎ᠡ ᠶᠢᠨ ᠮᠤᠩᠭᠤᠯ ᠦᠨᠳᠦᠰᠦᠲᠡᠨ ᠤ | ᠠᠯᠳᠠᠷᠲᠤ ᠵᠢᠷᠤᠬᠴᠢᠨ ᠬᠠᠷᠬᠤᠰᠤᠨ ᠤ ᠪᠥᠲᠦᠭᠡᠯ ᠪᠤᠯᠤᠨ᠎ᠠ᠃ ᠡᠨᠡ ᠨᠢ ᠳᠡᠦᠭᠡ ᠰᠤᠳᠤᠷ ᠤᠨ ᠳᠠᠮᠳᠡᠭᠯᠡᠯ ᠲᠠᠢ ᠶᠠᠬ | ᠨᠡᠶᠢᠴᠡᠵᠦ ᠪᠠᠶᠢᠨ᠎ᠠ᠃ ᠡᠶᠢᠮᠦ ᠠᠴᠠ ᠡᠨᠡᠬᠦ ᠬᠥᠷᠦᠭ ᠪᠤᠯ ᠤᠯᠤᠰ ᠤᠨ ᠨᠢᠭᠡᠲᠦᠭᠡᠷ ᠳᠡᠰ ᠤᠨ ᠳᠡᠦᠭᠡᠨ ᠳᠤᠷᠠᠰᠬᠠᠯᠲᠤ | ᠵᠦᠢᠯᠡᠰ ᠪᠤᠯᠤᠨ᠎ᠠ᠃ ᠳᠠᠷᠤᠢ ᠤᠯᠤᠰ ᠤᠨ ᠡᠷᠳᠡᠨᠢ ᠮᠥᠨ ᠃ | 《ᠡᠨᠡ ᠵᠢᠯ ᠤᠨ 6 ᠰᠠᠷ᠎ᠠ ᠶᠢᠨ 15 ᠳᠤ ᠭᠧᠷᠮᠠᠨ ᠤ ᠪᠤᠨ ᠬᠤᠳᠠ ᠳᠤ ᠳᠡᠯᠭᠡᠭᠳᠡᠭᠰᠡᠨ ᠲᠠᠶᠢᠪᠸᠢ ᠶᠢᠨ | ᠬᠠᠭᠠᠨ ᠤ ᠤᠷᠳᠤᠨ ᠳᠤ ᠬᠠᠳᠠᠭᠠᠯᠠᠬᠳᠠᠵᠤ ᠪᠠᠶᠢᠭ᠎ᠠ ᠴᠢᠩᠬᠢᠰ ᠬᠠᠭᠠᠨ ᠤ ᠬᠥᠷᠦᠭ ᠪᠤᠯ ᠮᠢᠩ ᠤᠯᠤᠰ ᠤᠨ | ᠦᠶ᠎ᠡ ᠳᠤ ᠪᠥᠲᠦᠭᠡᠭᠳᠡᠭᠰᠡᠨ ᠬᠠᠭᠤᠯᠪᠤᠷᠢ ᠪᠥᠲᠦᠭᠡᠯ ᠪᠤᠯᠤᠨ᠎ᠠ᠃ ᠳᠡᠬᠦᠨ ᠤ ᠦᠨᠳᠦᠷ ᠨᠢ 59·4ᠰᠠᠨᠲ᠋ᠢᠮᠧᠲᠷ᠂ | ᠥᠷᠭᠡᠨ ᠨᠢ 47 ᠰᠠᠨᠲ᠋ᠢᠮᠧᠲᠷ᠃ ᠡᠨᠡᠬᠦ ᠬᠥᠷᠦᠭ ᠬᠡᠳᠦᠶᠢᠪᠡᠷ ᠬᠠᠭᠤᠯᠪᠤᠷᠢ ᠵᠢᠷᠤᠬ ᠪᠤᠯᠬᠤ ᠪᠤᠯᠪᠠᠴᠤ ᠳᠡᠷᠡ ᠨᠢ | ᠶᠤᠧᠠᠨ ᠤᠯᠤᠰ ᠤᠨ ᠦᠶ᠎ᠡ ᠳᠤ ᠪᠥᠲᠦᠭᠡᠭᠳᠡᠭᠰᠡᠨ ᠳᠤᠮᠳᠠᠳᠤ ᠤᠯᠤᠰ ᠤᠨ ᠳᠡᠦᠭᠡᠨ ᠮᠦᠽᠧᠢ ᠳᠤ ᠬᠠᠳᠠᠭᠠᠯᠠᠬᠳᠠᠵᠤ | ᠪᠠᠶᠢᠭ᠎ᠠ ᠴᠢᠩᠬᠢᠰ ᠤᠨ ᠬᠥᠷᠦᠭ ᠤᠨ ᠳᠠᠷᠠᠭ᠎ᠠ ᠳᠤ ᠤᠷᠤᠬᠤ ᠦᠨ᠎ᠡ ᠴᠠᠨ᠎ᠠ ᠲᠠᠢ ᠪᠥᠲᠦᠭᠡᠯ ᠪᠤᠯᠤᠨ᠎ᠠ 》ᠬᠡᠵᠦ ᠱᠢ | ᠨᠠᠰᠤᠳᠠᠨ ᠨᠤᠳᠠᠯᠠᠪᠠ᠃ ᠱᠢ ᠱᠦ ᠴᠢᠩ ᠠᠪᠤᠭᠠᠢ ᠪᠤᠯ ᠲᠡᠦᠭᠡᠨ ᠳᠤᠷᠠᠰᠬᠠᠯᠲᠤ ᠵᠦᠢᠯᠡᠰ ᠲᠤ ᠬᠢᠨᠡᠨ ᠳᠤᠬᠳᠠᠭᠠᠯᠳᠠ | ᠬᠢᠬᠦ ᠲᠠᠯ᠎ᠠ ᠪᠠᠷ ᠨᠠᠷᠠ ᠠᠯᠳᠠᠷᠰᠢᠬᠰᠨᠨ ᠶᠡᠭᠡ ᠡᠷᠳᠡᠮᠳᠡᠨ ᠶᠤᠮ᠃ ᠳᠤᠮᠳᠠᠳᠤ ᠤᠯᠤᠰ ᠤᠨ ᠲᠡᠦᠭᠡ ᠶᠢᠨ ᠮᠦᠽᠧᠢ | ᠶᠢᠨ ᠮᠠᠰᠢ ᠤᠯᠠᠨ ᠳᠡᠦᠭᠡᠨ ᠳᠤᠷᠠᠰᠬᠠᠯᠲᠤ ᠵᠦᠢᠯᠡᠰ ᠳᠡᠬᠦᠨ ᠤ ᠭᠠᠷ ᠢᠶᠠᠷ ᠳᠠᠮᠵᠢᠨ ᠬᠢᠨᠠᠨ ᠳᠤᠬᠳᠠᠭᠠᠬᠳᠠᠬᠰᠠᠨ | ᠪᠠᠶᠢᠨ᠎ᠠ᠃ ᠳᠡᠷᠡ 83 ᠨᠠᠰᠤᠯᠠᠲᠠᠯ᠎ᠠ ᠪᠠᠨ100 ᠲᠥᠮᠡ ᠭᠠᠷᠤᠢ ᠳᠡᠦᠭᠡᠨ ᠳᠤᠷᠠᠰᠬᠠᠯᠲᠤ ᠵᠦᠢᠯᠡᠰ ᠲᠤ ᠬᠢᠨᠠᠨ | ᠳᠤᠬᠳᠠᠭᠠᠯᠳᠠ ᠬᠢᠭᠰᠡᠨ ᠶᠤᠮ ᠃ | ᠳᠤᠰ ᠤᠳᠠᠭ᠎ᠠ ᠪᠡᠬᠡᠵᠢᠩ ᠳᠤ ᠬᠦᠷᠴᠦ ᠱᠢ ᠨᠠᠰᠤᠲᠠᠨ ᠢ ᠰᠤᠷᠪᠤᠯᠵᠢᠯᠠᠭᠠᠳ ᠡᠨᠡ 2 ᠬᠥᠷᠦᠭ ᠤᠨ ᠦᠨ᠎ᠡ | ᠴᠠᠨ᠎ᠠ · ᠦᠨᠡᠨ ᠬᠤᠳᠠᠯ ᠢ ᠢᠯᠭᠠᠨ ᠳᠤᠳᠤᠯᠠᠭᠠᠳ ᠰᠡᠳᠬᠢᠯ ᠳᠥᠬᠦᠷᠡᠩ ᠪᠤᠴᠠᠬᠤ ᠳᠠᠭᠠᠨ《 ᠡᠨᠡ ᠵᠢᠯ ᠤᠨ | ᠡᠴᠦᠰ ᠢᠶᠠᠷ ᠬᠦᠬᠡᠬᠤᠳᠠ ᠳᠤ ᠠᠩᠬᠠᠳᠤᠭᠠᠷ ᠤᠳᠠᠭᠠᠨ ᠤ ︿ᠬᠤᠶᠠᠳᠠᠬᠢ ᠮᠢᠩᠭᠠᠨ ᠤ ᠨᠠᠷᠠ ᠴᠤᠤᠲᠤ ᠬᠦᠮᠦᠨ | —— ᠴᠢᠩᠬᠢᠰ ᠬᠠᠭᠠᠨ﹀ ᠬᠡᠰᠡᠨ ᠬᠡᠷᠡᠯ ᠵᠢᠷᠤᠬ ᠤᠨ ᠳᠡᠯᠭᠡᠨ ᠦᠵᠡᠬᠦᠯᠦᠯᠭᠡ ᠡᠷᠬᠢᠯᠡᠬᠦ ᠬᠡᠵᠦ ᠪᠠᠶᠢᠭ᠎ᠠ | ᠳᠠᠰᠢᠷᠠᠮ ᠳᠤ ᠳᠤᠮᠳᠠᠳᠤ ᠤᠯᠤᠰ ᠤᠨ ᠳᠡᠦᠭᠡᠨ ᠮᠥᠽᠸᠢ ᠳᠤ ᠬᠠᠳᠠᠭᠠᠯᠠᠵᠤ ᠪᠠᠶᠢᠭ᠎ᠠ ᠳᠠᠰᠢᠷᠠᠮ ᠳᠤ ᠳᠤᠮᠳᠠᠳᠤ | ᠤᠯᠤᠰ ᠤᠨ ᠳᠡᠦᠭᠡᠨ ᠮᠥᠽᠧᠢ ᠳᠤ ᠬᠠᠳᠠᠭᠠᠯᠠᠵᠤ ᠪᠠᠶᠢᠭ᠎ᠠ ᠴᠢᠩᠬᠢᠰ ᠬᠠᠭᠠᠨ ᠤ ᠬᠥᠷᠦᠭ ᠢ ᠡᠬᠡ ᠨᠤᠲᠤᠬ ᠲᠤᠨᠢ | ᠵᠠᠯᠠᠨ ᠠᠪᠴᠢᠷᠠᠵᠤ ᠦᠵᠡᠰᠬᠦᠯᠡᠩ ᠳᠤ ᠤᠷᠤᠯᠴᠠᠭᠤᠯᠵᠤ ᠪᠤᠯᠤᠨᠠᠤ ?》ᠬᠡᠵᠦ ᠱᠢ ᠨᠠᠰᠤᠲᠠᠨ ᠠᠴᠠ ᠠᠰᠠᠭᠤᠬᠤ | ᠳᠤ ᠱᠢ ᠨᠠᠰᠤᠲᠠᠨ ᠶᠠᠬᠡᠳᠡ ᠪᠠᠶᠠᠷᠯᠠᠵᠤ《 ᠡᠨᠡ ᠪᠤᠯ ᠰᠠᠶᠢᠨ ᠶᠠᠪᠤᠳᠠᠯ᠂ ︿ᠴᠢᠩᠬᠢᠰ ᠬᠠᠭᠠᠨ﹀ ᠨᠤᠲᠤᠬ ᠲᠠᠭᠠᠨ | ᠮᠤᠷᠢᠯᠠᠨ ᠰᠠᠭᠠᠳᠠᠵᠤ ᠥᠪᠦᠷ ᠮᠤᠩᠭᠤᠯ ᠤᠨ ᠦᠢ ᠤᠯᠠᠨ ᠲᠠᠢ ᠪᠠᠨ ᠵᠤᠯᠭᠠᠬᠤ ᠪᠤᠯ ᠦᠵᠦᠬᠦᠷᠯᠡᠰᠢ ᠦᠭᠡᠢ ᠶᠡᠭᠡ | ᠪᠠᠶᠠᠷ ᠮᠥᠨ᠂ ᠬᠡᠪᠡᠴᠦ ᠤᠯᠤᠰ ᠤᠨ ᠡᠷᠳᠡᠨᠢ ᠳᠤᠯᠠ ᠠᠪᠴᠤ ᠭᠠᠷᠭᠠᠭᠠᠳ ᠨᠠᠰᠢ ᠴᠠᠰᠢ ᠠᠪᠴᠤ ᠶᠠᠪᠤᠬᠤ ᠳᠤ | ᠲᠡᠶᠢᠮᠦ ᠬᠢᠯᠪᠡᠷ ᠶᠠᠪᠤᠳᠠᠯ ᠪᠢᠰᠢ᠃ ᠡᠶᠢᠮᠦ ᠠᠴᠠ ᠨᠡᠷᠢᠨ ᠨᠢᠬᠳᠠ ᠪᠠᠶᠢᠷᠢᠰᠢᠭᠤᠯᠬᠤ ᠬᠡᠷᠡᠭᠲᠡᠢ 》ᠭᠡᠵᠦ ᠪᠠᠶᠢᠯ᠎ᠠ ᠃ | | ᠪᠥᠬᠦ ᠥᠪᠦᠷ ᠮᠤᠩᠭᠤᠯᠴᠤᠳ ᠤᠯᠤᠰ ᠤᠨ ᠡᠷᠳᠡᠨᠢ《 ᠴᠢᠩᠬᠢᠰ ᠬᠠᠭᠠᠨ 》 ᠲᠠᠢ ᠪᠠᠨ ᠠᠭᠤᠯᠵᠠᠬᠤ | ᠴᠠᠬ ᠡᠷᠳᠡ ᠨᠢᠭᠡᠨ ᠡᠳᠦᠷ ᠬᠦᠷᠴᠦ ᠢᠷᠡᠭᠡᠰᠠᠢ ! | |