ᠤᠶᠤᠨ ᠢᠶᠠᠨ ᠴᠡᠨᠡᠭᠯᠡᠵᠦ ᠤᠬᠠᠭᠠᠨ ᠢᠶᠠᠨ ᠳᠡᠯᠡᠬᠦ ᠤᠷᠠᠨ ᠵᠤᠬᠢᠶᠠᠯᠴᠢᠳ ᠤᠨ ᠴᠤᠭᠯᠠᠭᠠᠨ — ︽ᠦᠨᠳᠦᠰᠦᠲᠡᠨ ᠤ ᠤᠳᠬ᠎ᠠ ᠵᠤᠬᠢᠶᠠᠯ︾ ᠰᠡᠳᠭᠦᠯ ᠤᠨ ᠮᠤᠩᠭᠤᠯ ᠬᠡᠯᠡᠨ ᠤ ᠬᠡᠪᠯᠡᠯ ᠤᠨ ᠪᠤᠯᠪᠠᠰᠤᠷᠠᠯ ᠵᠢᠴᠢ 2016. ᠰᠢᠯᠢ ᠶᠢᠨ ᠭᠤᠤᠯ ᠤᠨ ᠵᠤᠰᠠᠭᠠᠯ ᠪᠠᠯᠭᠠᠷᠭᠤᠤᠯ ᠪᠢᠯᠢᠭ ᠤᠨ ᠴᠢᠭᠤᠯᠭᠠᠨ ᠤ ᠳᠠᠳᠠᠯᠠᠯ
ᠨᠡᠶᠢᠲᠡᠯᠡᠭᠰᠡᠨ ᠴᠠᠭ᠄
2017/7/10
          7 ᠳ᠋ᠤᠭᠠᠷ ᠰᠠᠷ᠎ᠠ ᠶᠢᠨ 28᠎ ᠤ ᠦᠷᠯᠦᠭᠡ ᠵᠦᠭᠡᠯᠡᠨ ᠬᠤᠷ᠎ᠠ ᠰᠢᠪᠡᠷᠡᠭᠡᠳ ᠡᠭᠡ ᠳᠡᠯᠡᠭᠡᠢ ᠶᠢᠨ ᠠᠮᠢᠳᠠᠨ ᠵᠢᠷᠭᠤᠭᠠᠨ ᠵᠦᠢᠯ ᠪᠤᠷᠤᠭᠠᠨ ᠤ ᠳᠤᠰᠤᠯ ᠢᠶᠠᠷ ᠤᠮᠳᠠᠯᠠᠭᠳᠠᠵᠦ ᠪᠠᠶᠢᠭᠰᠠᠨ ᠪᠠᠷᠠᠭᠤᠨ ᠦᠵᠦᠮᠦᠴᠢᠨ ᠬᠤᠰᠢᠭᠤᠨ ᠤ ᠳᠦᠪ ᠪᠠᠯᠭᠠᠷᠭᠤᠤᠯ ᠪᠠᠯᠭᠠᠰᠤᠨ ᠳᠤ ᠤᠷᠠᠨ ᠵᠤᠬᠢᠶᠠᠯᠴᠢᠳ ᠤᠨ ᠤᠡᠭᠭᠤᠳ ᠪᠢᠯᠢᠭ ᠢ ᠰᠡᠷᠬᠦᠭᠡᠭᠰᠡᠨ ᠶᠢᠰᠦᠳᠦᠭᠡᠷ ᠬᠤᠭᠤᠴᠠᠭᠠᠨ ᠤ ᠰᠢᠯᠢ ᠶᠢᠨ ᠭᠤᠤᠯ ᠵᠤᠰᠠᠭᠠᠯ ᠪᠢᠯᠢᠭ ᠤᠨ ᠴᠢᠭᠤᠯᠭᠠᠨ ᠪᠤᠯᠵᠦ ᠪᠠᠶᠢᠯ᠎ᠠ᠃ ᠰᠤᠷᠪᠤᠯᠵᠢᠯᠠᠭᠴᠢ ᠪᠢᠯᠢᠭ ᠤᠨ ᠴᠢᠭᠤᠯᠭᠠᠨ ᠢ ᠵᠤᠷᠢᠵᠦ ᠬᠦᠷᠬᠦ ᠳᠡᠭᠡᠨ ᠶᠠᠭ ᠯᠡ ᠵᠠᠪᠠᠯ ᠤᠴᠠᠷᠠᠬᠤ ᠭᠡᠨ ᠨᠢᠭᠡᠨ ᠲᠠᠢ ᠪᠠᠨ ᠤᠴᠠᠷᠠᠬᠤ ᠶᠢ ᠶᠠᠭᠠᠷᠠᠵᠦ ᠪᠠᠶᠢᠬᠤ ᠳᠡᠷᠪᠡᠬᠦᠨ ᠰᠡᠳᠬᠢᠯ ᠲᠠᠢ ᠪᠠᠶᠢᠭᠰᠠᠨ ᠨᠢ ᠬᠤᠯᠠ ᠤᠢᠢᠷ᠎ᠠ ᠠᠴᠠ ᠬᠤᠷᠠᠨ ᠴᠤᠭᠯᠠᠭᠰᠠᠨ ᠤᠯᠠᠨ ᠵᠤᠬᠢᠶᠠᠯᠴᠢᠳ ᠤᠨ ᠳᠠᠳᠠᠬᠤ ᠬᠦᠴᠦᠨ ᠪᠠᠶᠢᠭᠰᠠᠨ ᠴᠤ ᠪᠢᠯᠢᠤ⁈ ᠳᠤᠰ ᠤᠳᠠᠭᠠᠨ ᠤ ᠪᠢᠯᠢᠭ ᠤᠨ ᠴᠢᠭᠤᠯᠭᠠᠨ ᠤ ᠦᠡᠭᠭᠡᠷᠡᠭᠰᠡᠨ ᠵᠢᠯ ᠤᠳ ᠠᠴᠠ ᠢᠯᠭᠠᠭᠳᠠᠬᠤ ᠨᠢᠭᠡᠨ ᠤᠨᠴᠠᠯᠢᠭ ᠪᠤᠯ ︽ᠦᠨᠳᠦᠰᠦᠳᠡᠨ ᠤ ᠤᠳᠬ᠎ᠠ ᠵᠤᠬᠢᠶᠠᠯ︾ ᠰᠡᠳᠬᠦᠯ ᠤᠨ ᠮᠤᠩᠭᠤᠯ ᠬᠡᠯᠡᠨ ᠤ ᠬᠡᠪᠯᠡᠯ ᠤᠨ ᠪᠤᠯᠪᠠᠰᠤᠷᠠᠯ ᠲᠠᠢ ᠬᠠᠮᠳᠤᠷᠠᠭᠤᠯᠵᠦ ᠡᠷᠬᠢᠯᠡᠭᠰᠡᠨ ᠤᠴᠢᠷ ᠪᠠᠶᠢᠵᠦ᠂ ᠮᠠᠨ ᠤ ᠠᠶᠢᠮᠠᠭ ᠳᠡᠳᠦᠢ ᠦᠭᠡᠢ᠂ ᠪᠦᠬᠦ ᠤᠷᠤᠨ ᠤ ᠡᠯ᠎ᠠ ᠭᠠᠵᠠᠷ ᠤᠨ ᠤᠷᠠᠨ ᠪᠦᠳᠦᠭᠡᠯᠴᠢᠳ ᠤᠯᠠᠨ‌‍ᠴᠤᠭᠯᠠᠷᠠᠭᠰᠠᠨ ᠪᠦᠭᠡᠳ ᠪᠡᠭᠡᠵᠢᠩ ᠬᠤᠳᠠ ᠳᠤ ᠡᠷᠬᠢᠯᠡᠵᠦ ᠪᠠᠶᠢᠭ᠎ᠠ ︽ᠦᠨᠳᠦᠰᠦᠳᠡᠨ ᠤ ᠤᠳᠬ᠎ᠠ ᠵᠤᠬᠢᠶᠠᠯ︾ ᠰᠡᠳᠬᠦᠯ ᠤᠨ ᠬᠠᠷᠢᠭᠤᠴᠠᠯᠭᠠᠳᠠᠳ ᠪᠤᠯᠤᠨ ᠨᠠᠶᠢᠷᠠᠭᠤᠯᠤᠭᠴᠢᠳ ᠵᠢᠴᠢ ᠬᠤᠪᠸᠢ ᠮᠤᠵᠢ ᠶᠢᠨ ᠵᠤᠬᠢᠶᠠᠯᠴᠢᠳ ᠤᠨ ᠡᠪᠯᠡᠯ ᠤᠨ ᠳᠡᠳ᠋ ᠳᠡᠷᠢᠬᠦᠯᠡᠭᠴᠢ ᠴᠧᠨ ᠶᠢᠩ ᠰᠦᠡᠭ᠂ ᠾᠧᠪᠸᠢ ᠮᠤᠵᠢ ᠶᠢᠨ ᠵᠤᠬᠢᠶᠠᠯᠴᠢᠳ ᠤᠨ ᠡᠪᠯᠡᠯ ᠤᠨ ᠵᠤᠬᠢᠶᠠᠯᠴᠢ ᠯᠢ ᠬᠤᠤ ᠵᠡᠷᠭᠡ ᠭᠠᠳᠠᠷ ᠮᠤᠵᠢ ᠤᠷᠤᠨ ᠤ ᠵᠤᠬᠢᠶᠠᠯᠴᠢᠳ ᠴᠤ ᠬᠦᠷᠦᠯᠴᠡᠨ ᠢᠷᠡᠵᠦ ᠤᠷᠤᠯᠴᠠᠭᠰᠠᠨ ᠢᠶᠠᠷ ᠦᠡᠭᠭᠡᠷᠡᠭᠰᠡᠨ ᠢᠶᠠᠨ ᠪᠤᠳᠤᠪᠠᠯ ᠬᠦᠷᠢᠶ᠎ᠡ ᠬᠡᠪᠴᠢᠶᠡᠨ ᠤ ᠳᠠᠯ᠎ᠠ ᠪᠠᠷ ᠦᠷᠭᠡᠵᠢᠵᠦ ᠳᠡᠯᠡᠷᠡᠭᠰᠡᠨ ᠨᠢ ᠢᠯᠡᠷᠭᠡᠢ ᠬᠠᠷᠠᠭᠳᠠᠵᠦ ᠪᠠᠶᠢᠯ᠎ᠠ᠃             ᠦᠨᠳᠦᠰᠦᠳᠡᠨ ᠤ ᠤᠳᠬ᠎ᠠ ᠵᠤᠬᠢᠶᠠᠯ︾ ᠰᠡᠳᠬᠦᠯ ᠪᠤᠯ 1981 ᠤᠨ ᠳᠤ ᠬᠢᠳᠡᠳ ᠬᠡᠯᠡᠨ ᠤ ᠬᠡᠪᠯᠡᠯ ᠢᠶᠠᠨ ᠡᠬᠢᠯᠡᠬᠦᠯᠦᠭᠰᠡᠨ ᠬᠤᠤᠰ ᠰᠠᠷ᠎ᠠ ᠶᠢᠨ ᠰᠡᠳᠬᠦᠯ ᠪᠤᠯᠬᠤ ᠶᠤᠮ᠃ 2009 ᠤᠨ ᠳᠤ ᠤᠯᠤᠰ ᠪᠠᠶᠢᠭᠤᠯᠤᠭᠳᠠᠭᠰᠠᠨ ᠳᠠᠪᠢᠨ ᠵᠢᠯ ᠤᠨ ᠤᠢ ᠳᠤ ᠵᠤᠷᠢᠭᠤᠯᠤᠨ ᠳᠤᠰ ᠰᠡᠳᠬᠦᠯ ᠮᠤᠩᠭᠤᠯ᠂ ᠤᠢᠢᠭᠤᠷ᠂ ᠳᠦᠪᠡᠳ᠂ ᠮᠤᠩᠭᠤᠯ ᠬᠡᠯᠡᠨ ᠤ ᠬᠡᠪᠯᠡᠯ ᠨᠡᠮᠡᠨ ᠡᠷᠬᠢᠯᠡᠵᠦ᠂ 2012 ᠤᠨ ᠳᠤ ᠺᠠᠽᠠᠭ ᠪᠤᠯᠤᠨ ᠰᠤᠯᠤᠩᠭᠤᠰ ᠬᠡᠯᠡᠨ ᠤ ᠬᠡᠪᠯᠡᠯ ᠨᠢ ᠡᠬᠢᠯᠡᠭᠰᠡᠨ ᠪᠠᠶᠢᠨ᠎ᠠ᠃ ᠳᠤᠰ ᠰᠡᠳᠬᠦᠯ ᠤᠨ ᠮᠤᠩᠭᠤᠯ ᠬᠡᠯᠡᠨ ᠤ ᠬᠡᠪᠯᠡᠯ ᠨᠢ ᠤᠳᠤ ᠪᠤᠯᠬᠤ ᠳᠤ 43 ᠬᠤᠭᠤᠴᠠᠭ᠎ᠠ ᠬᠡᠪᠯᠡᠭᠳᠡᠭᠡᠳ ᠪᠠᠶᠢᠬᠤ ᠪᠦᠭᠡᠳ ᠭᠤᠤᠯᠳᠠᠭᠤ ᠤᠷᠴᠢᠭᠤᠯᠤᠭᠰᠠᠨ ᠵᠤᠬᠢᠶᠠᠯ ᠢᠶᠠᠷ ᠭᠤᠤᠯᠳᠠᠵᠦ᠂ ᠦᠭᠡᠷ᠎ᠡ ᠪᠤᠰᠤᠳ ᠦᠨᠳᠦᠰᠦᠳᠡᠨ ᠤ ᠰᠢᠯᠢᠳᠡᠭ ᠵᠤᠬᠢᠶᠠᠯ ᠢ ᠰᠤᠩᠭᠤᠵᠦ ᠤᠷᠴᠢᠭᠤᠯᠳᠠᠭ ᠪᠠᠶᠢᠨ᠎ᠠ᠃ ᠡᠭᠡ ᠬᠡᠯᠡᠨ ᠤ ᠪᠤᠯᠤᠩ ᠳᠠᠭᠠᠨ ᠬᠤᠭᠤᠴᠠᠭ᠎ᠠ ᠪᠦᠷᠢ ᠬᠤᠶᠠᠷ ᠭᠤᠷᠪᠠᠨ ᠮᠤᠩᠭᠤᠯ ᠢᠶᠠᠷ ᠪᠢᠴᠢᠭᠳᠡᠭᠰᠡᠨ ᠵᠤᠬᠢᠶᠠᠯ ᠢ ᠨᠡᠶᠢᠳᠡᠯᠡᠳᠡᠭ ᠪᠠᠶᠢᠵᠦ᠂ ᠡᠨᠡ ᠵᠢᠯ ᠤᠨ ᠳᠦᠷᠪᠡᠳᠦᠭᠡᠷ ᠬᠤᠭᠤᠴᠠᠭᠠᠨ ᠳᠠᠭᠠᠨ ᠮᠠᠨ ᠤ ᠠᠶᠢᠮᠠᠭ ᠤᠨ 11 ᠮᠤᠩᠭᠤᠯ ᠵᠤᠬᠢᠶᠠᠯᠴᠢ ᠶᠢᠨ ᠵᠤᠬᠢᠶᠠᠯ ᠢ ᠰᠢᠯᠢ ᠶᠢᠨ ᠭᠤᠤᠯ ᠤᠨ ᠵᠤᠬᠢᠶᠠᠯᠴᠢᠳ ᠤᠨ ᠴᠢᠭᠤᠯᠭᠠᠨ ᠭᠡᠵᠦ ᠳᠤᠰᠬᠠᠢ ᠪᠤᠯᠤᠩ ᠭᠠᠷᠭᠠᠭᠠᠳ ᠨᠡᠶᠢᠳᠡᠯᠡᠭᠰᠡᠨ ᠪᠠᠶᠢᠵᠠᠢ᠃ ᠡᠨᠡ ᠳᠤᠬᠠᠢ ᠳᠤᠰ ᠰᠡᠳᠬᠦᠯ ᠤᠨ ᠨᠠᠶᠢᠷᠠᠭᠤᠯᠤᠭᠴᠢ ᠶᠦᠡᠭ ᠬᠤᠸᠠ᠄ ︽ᠡᠨᠡ ᠪᠤᠯ ᠮᠠᠨ ᠤ ᠰᠡᠳᠬᠦᠯ ᠤᠨ ᠮᠤᠩᠭᠤᠯ ᠬᠡᠪᠯᠡᠯ ᠡᠬᠢᠯᠡᠭᠡᠳ ᠵᠢᠷᠭᠤᠭᠠᠨ ᠵᠢᠯ ᠤᠨ ᠳᠤᠳᠤᠷ᠎ᠠ ᠪᠠᠶᠢᠵᠦ ᠦᠡᠭᠭᠡᠷᠡᠭᠡ ᠦᠭᠡᠢ ᠤᠴᠢᠷ᠃ ᠳᠠᠬᠢᠪᠠᠯ ᠰᠢᠯᠢ ᠶᠢᠨ ᠭᠤᠤᠯ ᠳᠤ ᠢᠷᠡᠭᠡᠳ ᠬᠠᠮᠤᠭ ᠠᠩᠬ᠎ᠠ ᠪᠠᠭᠤᠳᠠᠯ ᠳᠤ ᠰᠠᠭᠤᠭᠠᠳ ᠮᠤᠩᠭᠤᠯ ᠢᠶᠠᠷ ᠶᠡᠷᠢᠬᠤ ᠳᠤ ᠦᠢᠯᠡᠴᠢᠯᠡᠭᠴᠢ ᠨᠢ ᠪᠦᠷ ᠮᠤᠩᠭᠤᠯ ᠬᠦᠮᠦᠰ᠂ ᠳᠡᠭᠡᠭᠡᠳ ᠬᠦᠮᠦᠨ ᠳᠤ ᠮᠠᠰᠢ ᠬᠠᠯᠠᠭᠤᠮᠰᠤᠭ ᠪᠠᠶᠢᠬᠤ ᠨᠢ ᠨᠠᠳᠠ ᠳᠤ ᠳᠠᠭᠠᠯᠠᠭᠳᠠᠭᠰᠠᠨ᠃ ᠦᠭᠡᠷ᠎ᠡ ᠤᠯᠠᠨ ᠭᠠᠵᠠᠷ ᠪᠠᠰᠠ ᠬᠤᠷᠠᠯ ᠴᠤᠭᠯᠠᠭ᠎ᠠ ᠬᠢᠵᠦ ᠪᠠᠶᠢᠭᠰᠠᠨ᠃ ᠵᠠᠷᠢᠮ ᠭᠠᠵᠠᠷ ᠲᠤᠨᠢ ᠮᠤᠩᠭᠤᠯ ᠢᠶᠠᠷ ᠶᠠᠷᠢᠭᠠᠳ ᠤᠢᠢᠯᠠᠭᠠᠬᠤ ᠬᠦᠮᠦᠨ ᠦᠭᠡᠢ᠃ ᠶᠤᠰᠤᠳᠠᠢ ᠵᠢᠩᠬᠢᠨᠢ ᠮᠤᠩᠭᠤᠯ ᠭᠠᠵᠠᠷ ᠢᠷᠡᠭᠰᠡᠨ ᠪᠠᠶᠢᠨ᠎ᠠ ᠭᠡᠳᠡᠭ ᠪᠤᠳᠤᠯ ᠤᠷᠤᠭᠰᠠᠨ᠃ ᠳᠠᠬᠢᠪᠠᠯ ᠮᠢᠨᠦ ᠤᠢᠢᠯᠠᠭᠠᠭᠰᠠᠨ ᠢᠶᠠᠷ ᠦᠪᠦᠷ ᠮᠤᠩᠭᠤᠯ ᠤᠨ ᠰᠢᠯᠢ ᠶᠢᠨ ᠭᠤᠤᠯ ᠪᠤᠯᠤᠨ ᠤᠷᠳᠤᠰ ᠲᠤ ᠮᠤᠩᠭᠤᠯ ᠵᠤᠬᠢᠶᠠᠬᠴᠢ᠂ ᠮᠤᠩᠭᠤᠯ ᠤᠡᠭᠰᠢᠠᠠᠴᠢ ᠤᠯᠠᠨ ᠪᠠᠶᠢᠨ᠎ᠠ᠃ ᠮᠠᠨ ᠤ ᠪᠤᠯᠪᠠᠰᠤᠷᠠᠯ ᠤᠨ ᠵᠤᠷᠢᠯᠭ᠎ᠠ ᠪᠤᠯ ᠮᠤᠩᠭᠤᠯ ᠵᠤᠬᠢᠶᠠᠯᠴᠢᠳ ᠢᠶᠠᠨ ᠬᠦᠮᠦᠵᠢᠬᠦᠯᠬᠦ ᠤᠴᠢᠷ ᠪᠤᠯᠬᠤ ᠪᠠᠷ ᠵᠤᠬᠢᠶᠠᠬᠴᠢ ᠤᠯᠠᠨ ᠲᠠᠢ ᠭᠠᠵᠠᠷ ᠡᠨᠡ ᠬᠤᠷᠠᠯ ᠢ ᠬᠢᠬᠦ ᠶᠤᠰᠤᠳᠠᠢ ᠭᠡᠵᠦ ᠪᠤᠳᠤᠭᠠᠳ ᠡᠨᠡ ᠭᠠᠵᠠᠷ ᠢ ᠰᠤᠩᠭᠤᠭᠰᠠᠨ ᠶᠤᠮ︾ ᠭᠡᠵᠦ ᠶᠠᠷᠢᠵᠦ ᠪᠠᠶᠢᠯ᠎ᠠ᠃ ︽ᠦᠨᠳᠦᠰᠦᠳᠡᠨ ᠤ ᠤᠳᠬ᠎ᠠ ᠵᠤᠬᠢᠶᠠᠯ︾ ᠰᠡᠳᠬᠦᠯ ᠤᠨ ᠮᠤᠩᠭᠤᠯ ᠬᠡᠪᠯᠡᠯ ᠤᠨ ᠬᠢᠨ ᠪᠠᠰᠠ ᠰᠡᠳᠬᠦᠯ ᠢᠶᠠᠨ ᠮᠤᠩᠭᠤᠯ ᠤᠯᠤᠰ ᠲᠤ ᠬᠦᠷᠭᠡᠵᠦ ᠮᠤᠩᠭᠤᠯ ᠤᠨ ᠵᠤᠬᠢᠶᠠᠯᠴᠢᠳ ᠲᠠᠢ ᠬᠠᠷᠢᠴᠠᠭ᠎ᠠ ᠬᠤᠯᠪᠤᠭ᠎ᠠ ᠪᠠᠶᠢᠭᠤᠯᠵᠦ ᠪᠠᠶᠢᠬᠤ ᠪᠦᠭᠡᠳ ᠳᠠᠷᠠᠭᠠᠴᠢ ᠶᠢᠨ ᠠᠯᠬᠤᠮ ᠳᠤ ᠬᠠᠮᠳᠤᠷᠠᠨ ᠠᠵᠢᠯᠯᠠᠬᠤ ᠳᠦᠰᠦᠪ ᠲᠠᠢ ᠪᠠᠶᠢᠭ᠎ᠠ ᠠᠵᠢ᠃ ᠪᠡᠭᠡᠵᠢᠩ ᠳᠠᠬᠢ ︽ᠦᠨᠳᠦᠰᠦᠳᠡᠨ ᠤ ᠤᠳᠬ᠎ᠠ ᠵᠤᠬᠢᠶᠠᠯ︾ ᠰᠡᠳᠬᠦᠯ ᠤᠨ ᠬᠤᠷᠢᠶ᠎ᠠ᠂ ᠦᠪᠡᠷᠳᠡᠭᠡᠨ ᠵᠠᠰᠠᠬᠤ ᠤᠷᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ᠂ ᠮᠠᠨ ᠤ ᠠᠶᠢᠮᠠᠭ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ᠂ ᠪᠠᠷᠠᠭᠤᠨ ᠦᠵᠦᠮᠦᠴᠢᠨ ᠬᠤᠰᠢᠭᠤᠨ ᠤ ᠬᠠᠮᠢᠶ᠎ᠠ ᠪᠦᠬᠦᠢ ᠪᠠᠶᠢᠭᠤᠯᠭ᠎ᠠ ᠨᠢᠭᠡᠴᠡ ᠠᠴᠠ ᠭᠤᠤᠯᠯᠠᠨ ᠡᠷᠬᠢᠯᠡᠵᠦ ᠶᠠᠪᠤᠭᠳᠠᠭᠤᠯᠤᠭᠰᠠᠨ ᠪᠤᠯᠪᠠᠰᠤᠷᠠᠯ ᠵᠢᠴᠢ ᠪᠢᠯᠢᠭ ᠤᠨ ᠴᠢᠭᠤᠯᠭᠠᠨ ᠨᠢ ᠤᠷᠠᠨ ᠵᠤᠬᠢᠶᠠᠯ ᠳᠠᠭᠠᠨ ᠲᠤᠷ᠎ᠠ ᠪᠠᠬ᠎ᠠ ᠲᠠᠢ ᠬᠦᠮᠦᠰ ᠲᠤ ᠪᠠᠰᠠ ᠨᠢᠭᠡᠨ ᠤᠳᠠᠭᠠᠨ ᠤ ᠰᠤᠷᠤᠯᠴᠠᠬᠤ ᠲᠠᠪᠴᠠᠩ ᠢ ᠤᠯᠭᠤᠭᠰᠠᠨ ᠪᠠᠶᠢᠨ᠎ᠠ᠃ ᠬᠤᠷᠠᠨ ᠴᠤᠭᠯᠠᠭᠰᠠᠨ ᠤᠷᠠᠨ ᠵᠤᠬᠢᠶᠠᠯᠴᠢᠳ ᠬᠤᠪᠢ ᠪᠠᠶ᠎ᠠ ᠶᠢᠨ ᠳᠠᠨᠢᠯᠴᠠᠭᠤᠯᠭ᠎ᠠ ᠬᠢᠬᠦ ᠳᠡᠭᠡᠨ ᠴᠤ ᠠᠯᠢ ᠨᠤᠲᠤᠭ ᠤᠨ ᠭᠡᠨ ᠭᠡᠵᠦ ᠳᠦᠬᠦᠮᠭᠡᠨ ᠬᠡᠯᠡᠭᠰᠡᠨ ᠳᠡᠳᠦᠢ ᠪᠢᠰᠢ᠂ ᠬᠠᠷᠢᠨ ᠤᠷᠠᠨ ᠵᠤᠬᠢᠶᠠᠯ ᠤᠨ ᠳᠠᠯ᠎ᠠ ᠪᠠᠷ ᠬᠢ ᠦᠵᠡᠯᠳᠡ ᠪᠤᠳᠤᠯ ᠢᠶᠠᠨ ᠴᠢᠯᠦᠭᠡᠳᠠᠢ ᠳᠡᠯᠭᠡᠭᠰᠡᠨ ᠪᠠᠶᠢᠯ᠎ᠠ᠃ ᠡᠨᠡ ᠳᠤᠬᠠᠢ ᠢᠷᠠᠭᠤ ᠨᠠᠶᠢᠷᠠᠭᠴᠢ ᠫᠤ · ᠴᠤᠭᠳᠤᠨᠠᠷᠠᠨ᠄ ︽ᠠᠯᠢ ᠡᠷᠳᠡ ᠪᠢᠯᠢᠭ ᠤᠨ ᠴᠢᠭᠤᠯᠭᠠᠨ ᠬᠡᠳᠦᠨ ᠰᠠᠷ᠎ᠠ ᠪᠠᠷ ᠦᠷᠬᠦᠯᠵᠢᠯᠡᠳᠡᠭ ᠪᠠᠶᠢᠵᠦ ᠭᠡᠨ᠎ᠡ᠃ ᠶᠠᠭ ᠮᠠᠨ ᠤ ᠬᠤᠷᠢᠭᠠᠳ ᠨᠠᠰᠤᠨ ᠤ ᠦᠶ᠎ᠡ ᠳᠤ ᠪᠤᠯ ᠬᠤᠷᠢᠨ ᠭᠡᠳᠦᠨ ᠬᠤᠨᠤᠭ ᠦᠷᠬᠦᠯᠵᠢᠯᠡᠳᠡᠭ ᠪᠠᠶᠢᠯ᠎ᠠ᠃ ᠤᠳᠤ ᠪᠤᠯᠬᠤ ᠳᠤ ᠳᠦᠷᠪᠡᠨ ᠳᠠᠪᠤᠬᠠᠨ ᠬᠤᠨᠤᠭ ᠯᠡ ᠶᠠᠪᠤᠭᠳᠠᠳᠠᠭ ᠪᠤᠯᠤᠭᠰᠠᠨ ᠪᠤᠯᠬᠤᠷ ᠴᠠᠭ ᠪᠢᠳᠡᠨ ᠳᠤ ᠮᠠᠰᠢ ᠡᠷᠬᠢᠮ ᠪᠠᠶᠢᠨ᠎ᠠ᠃ ᠮᠠᠨ ᠤ ᠤᠷᠠᠨ ᠵᠤᠬᠢᠶᠠᠯᠴᠢᠳ ᠢᠡᠭᠬᠢᠵᠦ ᠬᠤᠪᠢ ᠪᠡᠶ᠎ᠠ ᠶᠢᠨ ᠳᠠᠨᠢᠯᠴᠠᠭᠤᠯᠭ᠎ᠠ ᠬᠢᠬᠦ ᠳᠡᠭᠡᠨ ᠦᠪᠡᠷ ᠤᠨ ᠤᠷᠠᠨ ᠵᠤᠬᠢᠶᠠᠯ ᠤᠨ ᠳᠠᠯ᠎ᠠ ᠪᠠᠷ ᠬᠢ ᠦᠵᠡᠯ ᠪᠤᠳᠤᠯ ᠢᠶᠠᠨ ᠴᠢᠯᠦᠭᠡᠳᠡᠢ ᠳᠡᠯᠭᠡᠭᠰᠡᠨ ᠨᠢ ᠬᠠᠷᠢᠯᠴᠠᠨ ᠪᠠᠶ᠎ᠠ ᠪᠠᠶ᠎ᠠ ᠪᠠᠨ ᠤᠢᠢᠯᠠᠭᠠᠬᠤ ᠳᠤ ᠮᠠᠰᠢ ᠳᠦᠬᠦᠮ ᠪᠤᠯᠤᠯ᠎ᠠ᠃ ᠦᠵᠡᠯ ᠪᠤᠳᠤᠯ ᠢᠶᠠᠨ ᠳᠡᠯᠭᠡᠵᠦ ᠶᠠᠷᠢᠭᠰᠠᠨ ᠳᠠᠨᠢᠯᠴᠠᠭᠤᠯᠭ᠎ᠠ ᠴᠤ ᠪᠢᠯᠢᠭ ᠤᠨ ᠴᠢᠭᠤᠯᠭᠠᠨ ᠮᠦᠨ ᠰᠢᠤ ᠳ᠋ᠧ︾ ᠭᠡᠵᠦ ᠶᠠᠷᠢᠵᠦ ᠪᠠᠶᠢᠯ᠎ᠠ᠃     ︽ᠦᠨᠳᠦᠰᠦᠲᠡᠨ ᠤ ᠤᠳᠬ ᠎ᠠ ᠵᠤᠬᠢᠶᠠᠯ︾ ᠰᠡᠳᠭᠦᠯ ᠤᠨ ᠮᠤᠩᠭᠤᠯ ᠬᠡᠯᠡᠨ ᠤ ᠬᠡᠪᠯᠡᠯ ᠤᠨ ᠪᠤᠯᠪᠠᠰᠤᠷᠠᠯ ᠵᠢᠴᠢ 2016 · ᠰᠢᠯᠢ ᠶᠢᠨ ᠭᠤᠤᠯ ᠵᠤᠰᠠᠭᠠᠯ ᠪᠠᠯᠭᠠᠷᠭᠤᠤᠯ ᠪᠢᠯᠢᠭ ᠤᠨ ᠴᠢᠭᠤᠯᠭᠠᠨ ᠳᠤ ᠦᠪᠡᠷᠳᠡᠭᠡᠨ ᠵᠠᠰᠠᠬᠤ ᠤᠷᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠨ ᠤ ᠳᠡᠷᠢᠬᠦᠯᠡᠭᠴᠢ᠂ ᠵᠤᠬᠢᠶᠠᠯᠴᠢᠳ ᠤᠨ ᠡᠪᠯᠡᠯ ᠤᠨ ᠳᠡᠷᠢᠬᠦᠯᠡᠭᠴᠢ ᠲ᠊ · ᠭᠤᠮᠪᠤᠵᠠᠪ᠂ ︽ᠦᠨᠳᠦᠰᠦᠳᠡᠨ ᠤ ᠤᠳᠬ᠎ᠠ ᠵᠤᠬᠢᠶᠠᠯ︾ ᠰᠡᠳᠬᠦᠯ ᠤᠨ ᠳᠡᠳ᠋ ᠶᠡᠷᠦᠩᠭᠡᠢ ᠨᠠᠶᠢᠷᠠᠭᠤᠯᠤᠭᠴᠢ ᠵᠤᠤ ᠶᠠᠨ ᠪᠢᠶᠤᠤ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ ᠤᠷᠴᠢᠭᠤᠯᠭ᠎ᠠ ᠶᠢᠨ ᠬᠢᠨᠠᠭᠴᠢ ᠶᠢᠨ ᠪᠤᠤ ᠂ ︽ᠰᠢᠯᠢ ᠶᠢᠨ ᠭᠤᠤᠯ︾ ᠰᠡᠳᠬᠦᠯ ᠤᠨ ᠭᠤᠤᠯ ᠨᠠᠶᠢᠷᠠᠭᠤᠯᠤᠭᠴᠢ ᠫᠤ · ᠴᠤᠭᠳᠤᠨᠠᠷᠠᠨ ᠵᠡᠷᠭᠡ ᠪᠠᠭᠰᠢ ᠨᠠᠷ ᠤᠷᠠᠨ ᠵᠤᠬᠢᠶᠠᠯ ᠤᠨ ᠳᠠᠯ᠎ᠠ ᠪᠤᠶᠤ ᠤᠷᠴᠢᠭᠤᠯᠭ᠎ᠠ ᠨᠠᠶᠢᠷᠠᠭᠤᠯᠭ᠎ᠠ ᠶᠢᠨ ᠳᠠᠯ᠎ᠠ ᠪᠠᠷ ᠳᠤᠰᠬᠠᠢ ᠰᠡᠳᠦᠪᠳᠦ ᠢᠯᠡᠳᠭᠡᠯ ᠬᠢᠭᠰᠡᠨ ᠨᠢ ᠵᠠᠯᠠᠭᠤ ᠨᠢᠭᠡ ᠦᠶ᠎ᠡ ᠶᠢᠨ ᠬᠢᠨ ᠳᠡᠭᠡᠨ ᠤᠯᠳᠠᠰᠢ ᠦᠭᠡᠢ ᠨᠢᠭᠡᠨ ᠤᠳᠠᠭᠠᠨ ᠤ ᠰᠤᠷᠤᠯᠴᠠᠬᠤ ᠳᠤᠬᠢᠶᠠᠯ ᠪᠤᠯᠤᠯ᠎ᠠ᠃ ᠳᠤᠰ ᠴᠢᠭᠤᠯᠭᠠᠨ ᠳᠤ ᠤᠷᠤᠯᠴᠠᠭᠰᠠᠨ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠭᠤᠷᠪᠠᠳᠤᠭᠠᠷ ᠤᠨ ᠤ ᠨᠢᠭᠡᠨ ᠤᠶᠤᠳᠠᠨ᠄ ︽᠎ ᠶᠢᠨ ᠪᠤᠤ ᠪᠠᠭᠰᠢ ᠶᠢᠨ ᠶᠠᠷᠢᠭᠰᠠᠨ ᠤᠷᠴᠢᠭᠤᠯᠭ᠎ᠠ ᠶᠢᠨ ᠬᠠᠮᠢᠶᠠᠳᠠᠢ ᠢᠯᠡᠳᠭᠡᠯ ᠨᠢ ᠮᠢᠨᠦ ᠰᠤᠨᠢᠷᠬᠠᠯ ᠢ ᠶᠡᠭᠡ ᠳᠠᠳᠠᠭᠰᠠᠨ᠃ ᠪᠢ ᠶᠠᠭ ᠤᠷᠴᠢᠭᠤᠯᠭ᠎ᠠ ᠶᠢᠨ ᠬᠠᠮᠢᠶᠠᠳᠠᠢ ᠰᠡᠳᠦᠪ ᠢᠶᠠᠷ ᠳᠡᠬᠦᠰᠬᠦ ᠦᠬᠦᠯᠡᠯ ᠢᠶᠠᠨ ᠪᠢᠴᠢᠵᠦ ᠪᠠᠶᠢᠭ᠎ᠠ ᠪᠤᠯᠬᠤᠷ ᠨᠠᠳᠠ ᠳᠤ ᠶᠡᠭᠡ ᠬᠡᠷᠡᠭᠳᠠᠢ ᠪᠤᠳᠤᠭᠳᠠᠯ᠎ᠠ︾ ᠭᠡᠳ ᠬᠤᠵᠢᠮ ᠦᠬᠦᠯᠡᠯ ᠪᠢᠴᠢᠬᠦ ᠳᠤᠮᠳᠠ ᠪᠠᠨ ᠤᠷᠴᠢᠭᠤᠯᠭ᠎ᠠ ᠶᠢᠨ ᠬᠠᠮᠢᠶᠠᠳᠠᠢ ᠠᠰᠠᠭᠤᠵᠦ ᠯᠠᠪᠯᠠᠬᠤ ᠴᠢᠬᠤᠯᠠ ᠲᠠᠢ ᠪᠤᠯᠪᠠᠯ ᠰᠢᠭᠤᠳ ᠬᠠᠷᠢᠯᠴᠠᠬᠤ ᠶᠢ ᠪᠤᠳᠤᠵᠦ ᠳᠤᠰᠬᠠᠢᠢᠯᠠᠨ ᠶᠢᠨ ᠪᠤᠤ ᠪᠠᠭᠰᠢ ᠲᠠᠢ ᠠᠭᠤᠯᠵᠠᠨ ᠬᠠᠷᠢᠯᠴᠠᠬᠤ ᠤᠳᠠᠰᠤ ᠶᠢ ᠨᠢ ᠳᠡᠮᠳᠡᠭᠯᠡᠨ ᠠᠪᠤᠭᠰᠠᠨ ᠪᠠᠶᠢᠯ᠎ᠠ᠃ ᠪᠢᠯᠢᠭ ᠤᠨ ᠴᠢᠭᠤᠯᠭᠠᠨ ᠨᠢ ᠵᠦᠪᠭᠡᠨ ᠤᠷᠠᠨ ᠵᠤᠬᠢᠶᠠᠯ ᠤᠨ ᠳᠠᠯ᠎ᠠ ᠪᠠᠷ ᠠᠮᠵᠢᠯᠳᠠ ᠪᠦᠳᠦᠮᠵᠢ ᠦᠯᠡᠮᠵᠢ ᠶᠠᠪᠤᠭ᠎ᠠ ᠪᠤᠶᠤ ᠠᠷᠭ᠎ᠠ ᠳᠤᠷᠰᠢᠯᠭ᠎ᠠ ᠲᠠᠢ ᠪᠠᠭᠰᠢ ᠨᠠᠷ ᠬᠢᠴᠢᠶᠡᠯ ᠢᠯᠡᠳᠭᠡᠯ ᠬᠢᠭᠡᠳ ᠪᠤᠰᠤᠳ ᠨᠢ ᠰᠤᠨᠤᠰᠤᠭᠠᠳ ᠯᠡ ᠰᠠᠭᠤᠭᠰᠠᠨ ᠪᠢᠰᠢ᠂ ᠬᠠᠷᠢᠨ ᠬᠢᠴᠢᠶᠡᠯ ᠤᠨ ᠳᠠᠷᠠᠭ᠎ᠠ ᠬᠦᠮᠦᠨ ᠪᠤᠯᠭᠠᠨ ᠦᠵᠡᠯ ᠪᠤᠳᠤᠯ ᠢᠶᠠᠨ ᠴᠢᠯᠦᠭᠡᠳᠠᠢ ᠳᠡᠯᠭᠡᠬᠦ ᠵᠠᠪᠰᠢᠶᠠᠨ ᠲᠠᠢ ᠪᠠᠶᠢᠭᠰᠠᠨ ᠨᠢ ᠤᠴᠢᠭᠰᠠᠨ ᠪᠦᠬᠦᠨ ᠤ ᠤᠯᠵᠠᠷᠬᠠᠯ ᠪᠤᠯᠵᠦ᠂ ᠪᠢᠯᠢᠭ ᠤᠨ ᠴᠢᠭᠤᠯᠭᠠᠨ ᠤ ᠵᠢᠩᠬᠢᠨᠢ ᠤᠳᠬ᠎ᠠ ᠤᠴᠢᠷ ᠢ ᠬᠠᠷᠠᠭᠤᠯᠵᠦ ᠪᠠᠶᠢᠭᠰᠠᠨ ᠪᠢᠯᠡ᠃ ᠪᠢᠯᠢᠭ ᠤᠨ ᠴᠢᠭᠤᠯᠭᠠᠨ ᠢᠶᠠᠷ ᠳᠠᠮᠵᠢᠭᠠᠳ 12 ᠳᠦᠮᠡ ᠭᠠᠷᠤᠢ ᠦᠰᠦᠭ ᠤᠨ ᠮᠤᠩᠭᠤᠯ ᠬᠡᠯᠡᠨ ᠤ ᠪᠦᠳᠦᠭᠡᠯ ᠬᠤᠷᠢᠶᠠᠵᠦ᠂ 3 ᠳᠦᠮᠡ ᠭᠠᠷᠤᠢ ᠦᠰᠦᠭ ᠤᠨ ᠬᠢᠳᠡᠳ ᠬᠡᠯᠡᠨ ᠤ ᠪᠦᠳᠦᠭᠡᠯ ᠬᠤᠷᠢᠶᠠᠵᠦ᠂ ᠤᠷᠠᠨ ᠵᠤᠬᠢᠶᠠᠯ ᠤᠨ ᠡᠯᠪᠡᠭ ᠬᠤᠷᠢᠶᠠᠯᠳᠠ ᠶᠢ ᠬᠤᠷᠦ᠋ᠢᠯᠠᠨ ᠤᠶᠤᠨ ᠢᠶᠠᠨ ᠴᠡᠨᠡᠭᠯᠡᠵᠦ ᠤᠬᠠᠭᠠᠨ ᠢᠶᠠᠨ ᠳᠡᠯᠡᠭᠰᠡᠨ ᠪᠤᠯᠬᠤᠷ ᠮᠤᠩᠭᠤᠯ ᠤᠷᠠᠨ ᠵᠤᠬᠢᠶᠠᠯ ᠤᠨ ᠢᠷᠡᠭᠡᠳᠤᠢ ᠶᠢᠨ ᠬᠦᠭᠵᠢᠯᠳᠡ ᠳᠤ ᠨᠡᠩ ᠳᠤᠷᠪᠢᠯᠢᠭ ᠪᠦᠳᠦᠭᠡᠯ ᠤᠳ ᠳᠦᠷᠦᠭᠳᠡᠨ ᠮᠡᠨᠳᠤᠯᠡᠬᠦ ᠶᠢᠨ ᠰᠠᠭᠤᠷᠢ ᠶᠢ ᠳᠠᠯᠪᠢᠭᠰᠠᠨ ᠪᠠᠶᠢᠯ᠎ᠡ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号