ᠶᠠᠰᠤ ᠪᠠᠷ ᠰᠡᠶᠢᠯᠪᠤᠷᠢᠯᠡᠭᠰᠡᠨ ᠶᠠᠨᠳᠠᠰᠢ ᠦᠭᠡᠢ ᠤᠬᠠᠭᠠᠨ
ᠨᠡᠶᠢᠲᠡᠯᠡᠭᠰᠡᠨ ᠴᠠᠭ᠄
2019/10/28

ᠶᠠᠰᠤ ᠭᠡᠬᠦ ᠪᠠᠷ ᠨᠢᠭᠡ ᠦᠶ᠎ᠠ ᠬᠠᠶᠠᠭᠳᠠᠮᠠᠯ ᠤᠨ ᠳᠤᠭᠠᠨ ᠳᠤ ᠤᠷᠤᠭᠠᠳ ᠶᠠᠪᠤᠵᠦ ᠪᠠᠶᠢᠭᠰᠠᠨ ᠵᠦᠢᠯ ᠭᠡᠳᠡᠭ ᠢ ᠳᠠ

ᠪᠢᠳᠡ ᠠᠨᠳᠠᠬᠤ ᠦᠭᠡᠢ᠃ ᠶᠠᠭ ᠶᠤᠰᠤᠨ ᠳᠠᠭᠠᠨ ᠶᠠᠮᠠᠷᠴᠤ ᠬᠠᠶᠠᠭᠳᠠᠮᠠᠯ ᠦᠭᠡᠢ ᠮᠠᠯᠵᠢᠬᠤ ᠦᠢᠯᠡᠳᠪᠤᠷᠢᠯᠡᠯ ᠤᠨ

ᠤᠭ ᠤᠨᠴᠠᠯᠢᠭ ᠢ ᠮᠦᠷᠳᠡᠬᠦ ᠶᠤᠮ ᠪᠤᠯ ᠶᠠᠰᠤ ᠮᠤᠩᠭᠤᠯᠴᠤᠳ ᠤᠨ ᠠᠮᠢᠳᠤᠷᠠᠯ ᠳᠤᠮᠳᠠ ᠮᠠᠰᠢ ᠴᠢᠬᠤᠯᠠ ᠦᠢᠯᠡᠳᠦᠯ

ᠭᠡᠷᠡᠭᠴᠡᠭᠡ ᠪᠠᠨ ᠪᠠᠳᠠᠷᠠᠭᠤᠯᠵᠦ ᠪᠠᠶᠢᠭᠰᠠᠨ ᠶᠤᠮᠰᠠᠨ᠃ ᠲᠠᠮᠢᠷ ᠳᠡᠩᠭᠡᠭᠡ ᠮᠠᠭᠤᠳᠠᠭᠰᠠᠨ ᠬᠦᠮᠦᠨ ᠳᠡᠭᠡᠨ ᠶᠠᠰᠤᠨ ᠤ

ᠱᠦᠯᠦ ᠤᠤᠭᠤᠯᠭᠠᠬᠤ ᠳᠤ ᠭᠠᠶᠢᠬᠠᠮᠰᠢᠭᠳᠠᠢ ᠦᠷ᠎ᠡ ᠳ᠋ᠦᠡᠭ ᠲᠠᠢ ᠪᠠᠶᠢᠳᠠᠭ ᠢ ᠰᠢᠨ᠎ᠠ ᠴᠠᠭ ᠤᠨ ᠵᠠᠯᠠᠭᠤᠴᠤᠳ ᠮᠡᠳᠡᠬᠦ

ᠦᠭᠡᠢ ᠭᠡᠬᠦ ᠠᠴᠠ ᠪᠢᠰᠢ᠂ ᠠᠬᠠᠮᠠᠳ ᠤᠳ ᠪᠤᠯ ᠰᠠᠶᠢᠨ ᠮᠡᠳᠡᠬᠦ ᠨᠢ ᠮᠡᠳᠡᠭᠡᠵᠢ᠃ ᠬᠦᠭᠰᠢᠨ ᠨᠠᠰᠤᠳᠠᠢ ᠬᠦᠮᠦᠰ ᠪᠤᠶᠤ

ᠬᠦᠯ ᠬᠦᠨᠳᠦ ᠪᠦᠰᠡᠬᠦ᠋ᠢᠴᠤᠳ᠂ ᠴᠢᠨᠠᠭᠰᠢᠯᠠᠪᠠᠯ ᠶᠠᠰᠤᠨ ᠤ ᠪᠠᠷᠳᠠᠯ ᠬᠤᠭᠤᠷᠠᠯ ᠲᠠᠢ ᠬᠦᠮᠦᠰ ᠲᠤ ᠶᠠᠰᠤᠨ ᠤ

ᠱᠦᠯᠦ ᠤᠤᠭᠤᠯᠭᠠᠪᠠᠯ ᠬᠦᠴᠦ ᠳᠠᠮᠢᠷ ᠨᠦᠬᠦᠵᠦ᠂ ᠴᠤᠭ ᠵᠤᠯᠪᠤᠭ᠎ᠠ ᠨᠢ ᠪᠠᠳᠠᠷᠠᠳᠠᠭ ᠪᠢᠯᠡ᠃ ᠮᠤᠩᠭᠤᠯ ᠠᠨᠠᠭᠠᠬᠤ

ᠤᠬᠠᠭᠠᠨ ᠳᠤ ᠴᠤ ᠶᠠᠰᠤᠨ ᠤ ᠱᠦᠯᠦ ᠶᠢᠨ ᠬᠦᠯᠭᠡ ᠲᠠᠢ ᠡᠮ ᠢ ᠤᠳᠤ ᠳᠤ ᠬᠦᠷᠳᠡᠯ᠎ᠡ ᠭᠡᠷᠡᠭᠯᠡᠭᠰᠡᠭᠡᠷ ᠪᠠᠶᠢᠭ᠎ᠠ

ᠶᠤᠮᠰᠠᠨ᠃ ᠡᠬᠦᠨ ᠠᠴᠠ ᠭᠠᠳᠠᠨ᠎ᠠ ᠶᠠᠰᠤ ᠪᠠᠷ ᠬᠢᠳᠤᠭᠠᠨ ᠤ ᠬᠤᠢ ᠬᠢᠬᠦ᠂ ᠴᠢᠳᠤᠷ ᠤᠨ ᠴᠢᠭᠳᠠ᠂ ᠶᠠᠰᠤᠨ ᠰᠠᠪᠬ᠎ᠠ

ᠬᠢᠬᠦ ᠵᠡᠷᠭᠡ ᠤᠯᠠᠨ ᠳᠠᠯ᠎ᠠ ᠳᠤ ᠠᠰᠢᠭᠯᠠᠵᠦ ᠪᠠᠶᠢᠭᠰᠠᠨ ᠪᠢᠯᠡ᠃ ᠬᠦᠳᠡᠭᠡ ᠨᠤᠲᠤᠭ ᠢᠶᠠᠷ ᠰᠤᠷᠪᠤᠯᠵᠢᠯᠠᠵᠦ

ᠶᠠᠪᠤᠬᠤ ᠳᠤ ᠨᠢᠭᠡ ᠮᠠᠯᠴᠢᠨ᠄ ︽ᠡᠨᠡ ᠶᠠᠭᠤᠨ ᠤ ᠳᠤᠰᠤ ᠪᠤᠢ︖︾ ᠭᠡᠵᠦ ᠨᠠᠳᠠ ᠠᠴᠠ ᠠᠰᠠᠭᠤᠯ᠎ᠠ᠃ ︽ᠰᠢᠷ᠎ᠠ

ᠳᠤᠰᠤ ᠪᠠᠶᠢᠨ᠎ᠠ ᠰᠢᠳᠡ︾ ᠭᠡᠬᠦ ᠳᠤ᠄ ︽ᠪᠢ ᠪᠠᠰᠠ ᠠᠨᠳᠠᠭᠤᠷᠠᠭᠠᠳ ᠪᠠᠶᠢᠳᠠᠭ ᠶᠤᠮ ᠴᠢᠨᠢ ᠳᠠ ᠠᠨᠳᠠᠭᠤᠷᠠᠬᠤ ᠨᠢ

ᠳᠦᠮᠡᠨ ᠵᠦᠪ︾ ᠭᠡᠰᠡᠨ ᠪᠢᠯᠡ᠃ ᠳᠡᠷᠡ ᠶᠠᠰᠤᠨ ᠤ ᠳᠤᠰᠤ ᠪᠠᠶᠢᠭᠰᠠᠨ ᠠᠵᠢ᠃ ᠰᠢᠷ᠎ᠠ ᠳᠤᠰᠤ ᠰᠢᠭ᠋ ᠨᠤᠯ ᠰᠢᠷ᠎ᠠ

ᠦᠡᠭᠭᠡ ᠲᠠᠢ᠃ ᠠᠮᠳᠠ ᠨᠢ ᠠᠷᠠᠢ ᠵᠢᠭᠠᠬᠠᠨ ᠤᠨᠳᠤᠤ ᠠᠴᠠ ᠪᠢᠰᠢ ᠦᠭᠡᠷ᠎ᠡ ᠶᠠᠮᠠᠷᠴᠤ ᠢᠯᠭᠠᠭ᠎ᠠ ᠦᠭᠡᠢ ᠪᠠᠶᠢᠪᠠ᠃

︽ᠡᠬᠦᠨ ᠢᠶᠠᠷ ᠳᠤᠰᠤᠨ ᠤᠷᠢᠶᠠᠮᠠᠭ ᠬᠢᠭᠡᠳ ᠢᠳᠡᠬᠦ ᠶᠤᠮ ᠪᠤᠯ ᠴᠢᠬᠢ ᠶᠢ ᠴᠢᠨᠢ ᠤᠭᠳᠤᠯᠤᠭᠰᠠᠨ ᠴᠤ ᠮᠡᠳᠡᠬᠦ

ᠦᠭᠡᠢ︾ ᠭᠡᠰᠡᠨ ᠮᠠᠯᠴᠢᠨ ᠤ ᠶᠠᠷᠢᠶ᠎ᠠ ᠶᠠᠰᠤᠨ ᠤ ᠳᠤᠰᠤᠨ ᠤ ᠦᠨ᠎ᠡ ᠴᠠᠨ᠎ᠠ᠂ ᠤᠬᠢ ᠰᠢᠮ᠎ᠡ ᠶᠢ ᠪᠤᠳᠤᠯ ᠳᠤ

ᠮᠦᠡᠭᠭᠡᠷᠡᠬᠦᠯᠵᠦ ᠦᠯᠡᠳᠡᠭᠡᠵᠡᠢ᠃ ᠨᠡᠶᠢᠭᠡᠮ ᠤᠨ ᠬᠦᠭᠵᠢᠯᠳᠡ᠂ ᠳᠡᠤᠬᠡ ᠶᠢᠨ ᠰᠢᠯᠳᠠᠭᠠᠨ ᠵᠢᠴᠢ ᠠᠮᠢᠳᠤᠷᠠᠯ ᠤᠨ

ᠭᠡᠷᠡᠭᠯᠡᠭᠡᠨ ᠳᠤ ᠠᠰᠢᠭᠯᠠᠬᠤ ᠦᠭᠡᠢ ᠪᠤᠯᠤᠭᠰᠠᠨ ᠵᠡᠷᠭᠡ ᠳᠠᠯ᠎ᠠ ᠳᠠᠯ᠎ᠠ ᠶᠢᠨ ᠰᠢᠯᠳᠠᠭᠠᠨ ᠢᠶᠠᠷ ᠶᠠᠰᠤ ᠪᠠᠰᠠ ᠨᠢᠭᠡ ᠦᠶ᠎ᠡ

ᠬᠠᠶᠠᠭᠳᠠᠮᠠᠯ ᠤᠨ ᠳᠤᠭᠠᠨ ᠳᠤ ᠤᠷᠤᠵᠦ᠂ ᠤᠨ ᠴᠠᠭ ᠤᠨ ᠳᠤᠮᠳᠠ ᠤᠷᠤᠰᠢᠯ ᠤᠨ ᠦᠨ᠎ᠡ ᠦᠷᠳᠡᠭ ᠢᠶᠠᠨ

ᠠᠯᠳᠠᠬᠤ ᠳᠤ ᠬᠦᠷᠴᠤ᠂ ᠪᠠᠷᠤᠭ ᠯᠡ ᠬᠠ ᠭᠤᠶ᠎ᠡ ᠶᠢᠨ ᠶᠠᠰᠤ ᠶᠢ ᠴᠤ ᠢᠯᠭᠠᠬᠤ ᠦᠭᠡᠢ ᠬᠡᠮᠵᠢᠶᠡᠨ ᠳᠤ ᠬᠦᠷᠦᠭᠰᠡᠨ

ᠶᠤᠮ᠃ ᠦᠪᠡᠷ ᠤᠨ ᠢᠶᠠᠨ ᠶᠠᠭᠤᠮ᠎ᠠ ᠶᠢ ᠦᠪᠡᠷ ᠢᠶᠠᠨ ᠢᠡᠭᠬᠢᠵᠦ ᠭᠡᠭᠡᠵᠦ ᠤᠷᠬᠢᠵᠦ ᠪᠠᠶᠢᠬᠤ ᠬᠦᠮᠦᠰ ᠪᠠᠶᠢᠨ᠎ᠠ

ᠭᠡᠬᠦ ᠳᠤ ᠳᠡᠬᠦᠨ ᠤ ᠦᠨ᠎ᠠ ᠴᠠᠨ᠎ᠠ ᠶᠢ ᠮᠡᠳᠡᠷᠡᠵᠦ᠂ ᠪᠦᠷ ᠶᠡᠭᠡ ᠪᠠᠷ ᠳᠡᠭᠡᠳᠦᠯᠡᠨ ᠠᠰᠢᠭᠯᠠᠵᠦ ᠪᠠᠶᠢᠬᠤ ᠬᠦᠮᠦᠨ ᠴᠤ

ᠪᠠᠶᠢᠳᠠᠭ ᠶᠤᠮ ᠪᠠᠶᠢᠨ᠎ᠠ᠃ ᠳᠡᠳᠡ ᠪᠤᠯ ᠴᠠᠭ ᠳᠦᠷᠦ ᠶᠢᠨ ᠬᠦᠭᠵᠢᠯᠳᠡ ᠶᠢᠨ ᠤᠨᠴᠠᠯᠢᠭ ᠢ ᠠᠳᠬᠤᠵᠦ ᠴᠢᠳᠠᠭᠰᠠᠨ

ᠬᠦᠮᠦᠰ᠃ ᠵᠠᠬ᠎ᠠ ᠳᠡᠯᠭᠡᠬᠦᠷ ᠤᠨ ᠠᠵᠤ ᠠᠬᠤᠢ ᠶᠢᠨ ᠬᠦᠭᠵᠢᠯᠳᠡ ᠶᠢᠨ ᠠᠶᠢᠵᠠᠮ ᠢ ᠳᠠᠭᠠᠭᠠᠳ ᠰᠤᠶᠤᠯ

ᠵᠤᠭᠠᠴᠠᠯ ᠢᠶᠠᠷ ᠭᠠᠵᠠᠷ ᠤᠷᠤᠨ ᠤ ᠠᠵᠤ ᠠᠬᠤᠢ ᠨᠡᠶᠢᠭᠡᠮ ᠤᠨ ᠬᠦᠭᠵᠢᠯᠳᠡ ᠶᠢ ᠳᠦᠯᠬᠢᠨ ᠠᠬᠢᠭᠤᠯᠬᠤ ᠳᠦᠷᠦ ᠶᠢᠨ

ᠪᠤᠳᠤᠯᠭ᠎ᠠ ᠶᠢᠨ ᠬᠦᠭ ᠠᠶᠠᠰ ᠲᠤ ᠦᠪᠡᠷ ᠤᠨ ᠢᠶᠠᠨ ᠠᠶᠠᠯᠭᠤ ᠶᠢ ᠨᠡᠮᠡᠵᠦ ᠦᠭᠴᠦ ᠴᠢᠳᠠᠭᠰᠠᠨ ᠬᠦᠮᠦᠰ ᠪᠢᠯᠡ᠃

ᠰᠤᠶᠤᠯ ᠵᠤᠭᠠᠴᠠᠯ ᠤᠨ ᠬᠦᠭᠵᠢᠯᠳᠡ ᠲᠠᠢ ᠵᠤᠬᠢᠴᠠᠭᠤᠯᠤᠨ ᠶᠠᠰᠤᠨ ᠤᠷᠠᠯᠠᠯ ᠢ ᠬᠦᠭᠵᠢᠬᠦᠯᠦᠭᠰᠡᠨ ᠢᠶᠠᠷ ᠶᠠᠰᠤ

ᠳᠠᠬᠢᠭᠠᠳ ᠯᠡ ᠦᠪᠡᠷ ᠤᠨ ᠦᠨ᠎ᠡ ᠦᠷᠳᠡᠭ ᠢᠶᠠᠨ ᠤᠯᠤᠭᠰᠠᠨ ᠪᠤᠶᠤ ᠤᠭ ᠤᠨ ᠬᠢ ᠠᠴᠠ ᠪᠠᠨ ᠴᠤ ᠦᠨᠡᠳᠡᠢ

ᠳᠦᠪᠰᠢᠨ ᠳᠤ ᠬᠦᠷᠦᠭᠰᠡᠨ ᠳ᠋ᠡᠭ᠃

  ᠳᠠᠪᠤᠨ ᠬᠤᠰᠢᠭᠤ ᠮᠠᠯ ᠤᠨ ᠢᠶᠠᠨ ᠠᠰᠢᠭ ᠰᠢᠮ᠎ᠠ ᠶᠢ ᠳᠠᠩᠰᠤᠭᠯᠠᠨ ᠡᠳ᠋ᠯᠡᠵᠦ ᠢᠷᠡᠭᠰᠡᠨ ᠮᠤᠩᠭᠤᠯᠴᠤᠳ ᠮᠠᠯ ᠤᠨ

ᠮᠢᠬ᠎ᠠ ᠪᠠᠨ ᠡᠳ᠋ᠰᠢᠬᠦᠯᠦᠨ ᠪᠤᠯᠪᠠᠰᠤᠷᠠᠭᠤᠯᠤᠭᠠᠳ ᠠᠮᠢᠳᠤᠷᠠᠯ ᠤᠨ ᠭᠡᠷᠡᠭᠴᠡᠭᠡ ᠪᠠᠨ ᠬᠠᠨᠭ᠍ᠭᠠᠵᠦ ᠢᠷᠡᠭᠰᠡᠨ

ᠤᠯᠠᠮᠵᠢᠯᠠᠯ ᠲᠠᠢ᠃ ᠳᠡᠷᠡ ᠳᠤᠮᠳᠠ ᠶᠠᠰᠤ ᠶᠠᠭᠠᠬᠢᠯᠳᠠ ᠴᠤ ᠦᠭᠡᠢ ᠭᠠᠷᠴᠤ ᠢᠷᠡᠨ᠎ᠡ᠃ ᠳᠡᠬᠦᠨ ᠤ ᠦᠨ᠎ᠡ

ᠴᠠᠨ᠎ᠠ ᠶᠢ ᠮᠡᠳᠡᠷᠡᠵᠦ᠂ ᠨᠡᠩ ᠴᠢᠨᠠᠭᠰᠢᠯᠠᠨ ᠰᠤᠶᠤᠯ ᠤᠷᠠᠯᠢᠭ᠂ ᠰᠤᠶᠤᠯ ᠵᠤᠭᠠᠴᠠᠯ ᠲᠠᠢ ᠬᠤᠯᠪᠤᠭᠳᠠᠭᠤᠯᠤᠨ

ᠬᠦᠭᠵᠢᠬᠦᠯᠬᠦ ᠤᠷ᠎ᠠ ᠤᠬᠠᠭᠠᠨ ᠪᠠᠰᠠᠯᠠ ᠮᠠᠩᠯᠠᠢ ᠤᠬᠠᠭᠠᠨ ᠭᠡᠭᠳᠡᠭᠰᠡᠨ ᠮᠠᠯᠴᠢᠨ ᠤᠬᠠᠭᠠᠨ ᠠᠴᠠ ᠰᠠᠯᠵᠦ ᠴᠢᠳᠠᠰᠢ

ᠦᠭᠡᠢ᠃ ᠮᠠᠨᠳᠤᠬᠤ ᠭᠡᠭᠴᠢ ᠰᠦᠨᠢᠳ ᠪᠠᠷᠠᠭᠤᠨ ᠬᠤᠰᠢᠭᠤ ᠪᠠᠷ ᠨᠤᠲᠤᠭᠳᠠᠢ ᠨᠢᠭᠡᠨ ᠭᠠᠷ ᠤᠷᠠᠯᠢᠭᠴᠢᠨ ᠪᠤᠢ᠃

ᠳᠡᠷᠡ ᠳᠡᠮᠡᠭᠡᠨ ᠤ ᠪᠤᠭᠳᠤᠰ ᠪᠤᠯᠤᠨ ᠬᠦᠵᠦᠬᠦᠨ ᠤ ᠶᠠᠰᠤ ᠪᠠᠷ ᠰᠠᠷ᠎ᠠ ᠭᠠᠷᠤᠢ ᠶᠢᠨ ᠬᠤᠭᠤᠴᠠᠭᠠᠨ ᠳᠤ ᠯᠤᠤ

ᠤᠷᠠᠯᠠᠭᠠᠳ 30 ᠳᠦᠮᠡᠨ ᠳᠦᠬᠦᠷᠢᠭ ᠢᠶᠠᠷ ᠬᠤᠳᠠᠯᠳᠤᠵᠦ ᠪᠠᠶᠢᠭᠰᠠᠨ ᠭᠡᠪᠡᠯ ᠳᠠ ᠪᠦᠬᠦᠨ ᠭᠠᠶᠢᠬᠠᠬᠤ ᠪᠠᠶᠢᠬ᠎ᠠ᠃

ᠶᠠᠰᠤ ᠶᠢ ᠶᠠᠨᠳᠠᠰᠢ ᠦᠭᠡᠢ ᠦᠨ᠎ᠡ ᠳᠤ ᠬᠦᠷᠭᠡᠭᠰᠡᠨ ᠨᠢ ᠡᠨᠡ ᠨᠢᠭᠡ ᠯᠡ ᠪᠦᠳᠦᠭᠡᠭᠳᠡᠬᠦᠨ ᠪᠢᠰᠢ᠂ ᠦᠭᠡᠷ ᠤᠨ

ᠳᠠᠯᠤᠨ ᠳᠡᠭᠡᠷ᠎ᠡ ᠰᠡᠶᠢᠯᠪᠤᠷᠢᠯᠡᠭᠰᠡᠨ ᠶᠠᠰᠤᠨ ᠤᠷᠠᠯᠠᠯ ᠤᠨ ᠪᠦᠳᠦᠭᠡᠭᠳᠡᠬᠦᠨ ᠢᠶᠠᠨ ᠤᠯᠠᠩᠬᠢ ᠳᠠᠭᠠᠨ 1000 ᠭᠠᠷᠤᠢ

ᠳᠦᠬᠦᠷᠢᠭ ᠢᠶᠠᠷ ᠬᠤᠳᠠᠯᠳᠤᠳᠠᠭ ᠠᠵᠢ᠃ ᠮᠠᠨᠳᠤᠬᠤ ᠪᠠᠰᠠ ᠨᠢᠭᠡ ᠬᠤᠨᠢᠨ ᠤ ᠳᠤᠯᠤᠭᠠᠢ ᠠᠴᠠ ᠡᠬᠢᠯᠡᠭᠡᠳ

ᠰᠡᠬᠦᠯ ᠳᠤᠨᠢ ᠭᠦᠷᠳᠡᠯᠡᠭᠢ ᠪᠦᠬᠦ ᠶᠠᠰᠤ ᠪᠠᠷ ᠭᠠᠷ ᠤᠷᠠᠯᠠᠯ ᠤᠨ ᠪᠦᠳᠦᠭᠡᠭᠳᠡᠬᠦᠨ ᠤᠷᠠᠯᠠᠭᠠᠳ 6000

ᠳᠦᠬᠦᠷᠢᠭ ᠢᠶᠠᠷ ᠬᠤᠳᠠᠯᠳᠤᠵᠦ ᠪᠠᠶᠢᠭᠰᠠᠨ ᠳᠡᠤᠬᠡ ᠲᠠᠢ ᠠᠵᠢ᠃ ᠡᠨᠡ ᠪᠦᠳᠦᠭᠡᠭᠳᠡᠬᠦᠨ ᠢ ᠬᠢᠬᠦ ᠳᠤ ᠮᠠᠨᠳᠤᠬᠤ

ᠬᠤᠶᠠᠷ ᠵᠢᠯ ᠭᠠᠷᠤᠢ ᠶᠢᠨ ᠴᠠᠭ ᠬᠡᠷᠡᠭᠰᠡᠭᠰᠡᠨ ᠭᠡᠳᠡᠭ᠃ ᠪᠦᠬᠦ ᠶᠠᠰᠤ ᠶᠢ ᠴᠤᠭᠯᠠᠭᠤᠯᠬᠤ ᠭᠡᠳᠡᠭ ᠴᠠᠭ ᠤᠷᠤᠬᠤ

ᠠᠵᠢᠯ᠃ ᠭᠡᠬᠦ ᠳᠡᠭᠡᠨ ᠮᠠᠨᠳᠤᠬᠤ ᠶᠠᠭᠤ ᠭᠡᠵᠦ ᠵᠠᠪᠠᠯ ᠮᠠᠯ ᠤᠨ ᠪᠦᠬᠦᠯᠢ ᠪᠦᠳᠦᠨ ᠶᠠᠰᠤ ᠶᠢ ᠤᠷᠠᠯᠠᠬᠤ ᠭᠡᠰᠡᠨ ᠶᠤᠮ

ᠪᠤᠢ ᠭᠡᠪᠡᠯ ᠪᠠᠰᠠᠯᠠ ᠨᠦᠬᠦᠭᠡ ᠰᠤᠶᠤᠯ ᠳᠡᠤᠬᠡ ᠪᠠᠨ ᠪᠦᠷᠢᠨ ᠪᠦᠳᠦᠨ ᠢᠶᠠᠷ ᠨᠢ ᠠᠪᠴᠤ ᠦᠯᠡᠳᠡᠬᠦ ᠭᠡᠰᠡᠨ

ᠵᠤᠷᠢᠯᠳᠠ ᠶᠢᠨ ᠢᠶᠠᠨ ᠳᠦᠯᠦᠭᠡ ᠪᠠᠶᠢᠯ᠎ᠠ᠃ ᠮᠠᠯ ᠤᠨ ᠶᠠᠰᠤ ᠪᠠᠨ ᠴᠤ ᠪᠦᠷᠢᠨ ᠪᠦᠳᠦᠨ ᠨᠡᠷᠡᠯᠡᠵᠦ ᠴᠢᠳᠠᠬᠤ ᠦᠭᠡᠢ

ᠪᠤᠯᠤᠭᠰᠠᠨ ᠨᠢ ᠶᠠᠰᠤ ᠬᠠᠶᠠᠭᠳᠠᠮᠠᠯ ᠤᠨ ᠳᠤᠭᠠᠨ ᠳᠤ ᠤᠷᠤᠬᠤ ᠶᠢ ᠳᠠᠭᠠᠯᠳᠤᠭᠠᠳ ᠭᠠᠷᠴᠤ ᠢᠷᠡᠭᠰᠡᠨ ᠨᠡᠩ ᠳᠤᠮᠤ

ᠠᠶᠤᠮᠰᠢᠭ ᠪᠢᠯᠡ᠃ ᠶᠠᠰᠤᠨ ᠤᠷᠠᠯᠠᠯ ᠬᠢᠬᠦ ᠶᠢᠨ ᠯᠡ ᠳᠦᠯᠦᠭᠡ ᠪᠢᠰᠢ᠂ ᠶᠠᠰᠤ ᠲᠠᠢ ᠬᠤᠯᠪᠤᠭ᠎ᠠ ᠲᠠᠢ ᠰᠤᠶᠤᠯ

ᠳᠡᠤᠬᠡ᠂ ᠵᠠᠩ ᠵᠠᠩᠰᠢᠯ᠂ ᠴᠡᠭᠡᠷ ᠶᠤᠰᠤᠨ ᠢ ᠤᠯᠠᠮᠵᠢᠯᠠᠬᠤ ᠯᠡ ᠭᠡᠵᠦ ᠴᠢᠷᠮᠠᠶᠢᠭᠰᠠᠭᠠᠷ ᠯᠡ ᠪᠠᠶᠢᠬᠤ ᠨᠢ ᠪᠠᠰᠠ ᠨᠢᠭᠡ

ᠳᠠᠯ᠎ᠠ ᠶᠢᠨ ᠦᠨ᠎ᠠ ᠴᠠᠨ᠎ᠠ ᠪᠢᠯᠡ᠃ ᠬᠤᠨᠢᠨ ᠤ ᠪᠦᠬᠦ᠋ᠢᠯᠡ ᠶᠠᠰᠤ ᠶᠢ ᠤᠷᠠᠯᠠᠬᠤ ᠭᠡᠰᠡᠨ ᠳᠡᠭᠡᠨ ᠬᠦᠷᠴᠦ ᠳᠡᠷᠡᠪᠡᠷ

ᠰᠡᠬᠦᠯ ᠤᠨ ᠦᠶ᠎ᠡ ᠶᠢᠨ ᠶᠠᠰᠤᠨ ᠳᠤ ᠬᠦᠷᠳᠡᠯ᠎ᠡ ᠭᠤᠴᠤ ᠤᠷᠠᠯᠠᠭᠰᠠᠨ ᠪᠠᠶᠢᠪᠠ᠃ ᠳᠡᠬᠦᠨ ᠤ ᠶᠠᠰᠤᠨ ᠤᠷᠠᠯᠠᠯ ᠤᠨ

ᠪᠤᠰᠤᠳ ᠠᠴᠠ ᠢᠯᠭᠠᠭᠳᠠᠬᠤ ᠨᠢᠭᠡᠨ ᠤᠨᠴᠠᠯᠢᠭ ᠭᠡᠪᠡᠯ ᠶᠠᠰᠤᠨ ᠤ ᠤᠭ ᠳᠦᠷᠰᠦ ᠬᠡᠯᠪᠡᠷᠢ ᠶᠢ ᠬᠤᠪᠢᠷᠠᠭᠠᠬᠤ ᠦᠭᠡᠢ

ᠰᠠᠭᠤᠷᠢᠨ ᠳᠡᠭᠡᠷ᠎ᠡ ᠤᠷᠠᠯᠠᠳᠠᠭ ᠠᠵᠢ᠃ ᠡᠨᠡ ᠨᠢ ᠶᠠᠰᠤᠨ ᠤ ᠤᠤᠭᠠᠯ ᠳᠦᠯᠦᠪ ᠢ ᠠᠯᠳᠠᠭᠳᠠᠭᠤᠯᠬᠤ ᠦᠭᠡᠢ ᠬᠡᠰᠡᠨ

ᠪᠠᠷᠢᠮᠳᠠᠯᠠᠯ ᠶᠤᠮ᠃ ᠮᠠᠨᠳᠤᠬᠤ ᠠᠷᠪᠠᠭᠠᠳ ᠵᠢᠯ ᠬᠠᠳᠠᠭᠠᠯᠠᠭᠰᠠᠨ ᠠᠷᠬᠢᠯ ᠠᠳᠠᠨ ᠳᠡᠮᠡᠭᠡᠨ ᠤ ᠳᠠᠯᠤᠨ ᠤ ᠳᠡᠭᠰᠢ ᠳᠠᠯ᠎ᠠ

ᠳᠡᠭᠡᠷ᠎ᠡ ᠨᠢ ᠳᠠᠯᠠᠨ ᠤᠷᠤᠯᠳᠤᠭᠠᠨ ᠮᠤᠷᠢ ᠰᠡᠶᠢᠯᠪᠤᠷᠢᠯᠡᠭᠰᠡᠨ ᠪᠠᠶᠢᠳᠠᠭ᠃ ᠳᠠᠯᠤᠨ ᠤ ᠨᠢᠭᠡᠯᠡ ᠳᠠᠯ᠎ᠠ ᠳᠡᠭᠡᠷ᠎ᠡ ᠳᠠᠯᠠᠨ

ᠤᠷᠤᠯᠳᠤᠭᠠᠨ ᠮᠤᠷᠢ ᠶᠢ ᠪᠠᠭᠳᠠᠭᠠᠵᠦ ᠵᠢᠷᠤᠬᠤ ᠭᠡᠳᠡᠭ ᠶᠡᠭᠡ ᠤᠬᠠᠭᠠᠨ ᠶᠤᠮᠰᠠᠨ᠃ ᠡᠨᠡᠭᠡᠨ ᠬᠤᠷᠤᠮ ᠳᠤ ︽

ᠬᠤᠷᠤᠭᠤ ᠳᠠᠷᠤᠮ᠎ᠠ ᠵᠠᠢ ᠳᠤ ᠮᠢᠩᠭᠠᠨ ᠵᠠᠭᠠᠨ︾ ᠭᠡᠬᠦ ᠨᠡᠷᠡᠳᠦ ᠵᠤᠬᠢᠶᠠᠯ ᠤᠨ ᠮᠦᠷ ᠤᠳ ᠨᠢᠳᠦᠨ ᠳᠤ ᠳᠤᠳᠤᠷᠠᠵᠦ᠂

ᠳᠡᠷᠡ ᠠᠭᠤᠤ ᠰᠡᠳᠬᠢᠮᠵᠢ ᠡᠨᠡ ᠳᠠᠯᠤᠨ ᠶᠠᠰᠤᠨ ᠤ ᠰᠡᠶᠢᠯᠦᠮᠡᠯ ᠳᠤ ᠠᠳᠠᠯᠢᠬᠠᠨ ᠶᠠᠪᠤᠵᠦ ᠪᠠᠶᠢᠬᠤ ᠶᠢ ᠮᠡᠳᠡᠷᠡᠪᠡ᠃

ᠳᠡᠭᠡᠬᠦ ᠮᠦᠷᠳᠡᠭᠡᠨ ᠪᠦᠬᠦᠳᠡ ᠨᠢᠭᠡᠯᠡ ᠬᠡᠯᠪᠡᠷᠢ ᠶᠢᠨ ᠵᠢᠷᠤᠭ ᠪᠢᠰᠢ᠂ ᠳᠡᠪᠡᠯ ᠭᠤᠳᠤᠯ ᠲᠠᠢ ᠤᠨᠤᠭᠠᠴᠢᠨ ᠬᠡᠤᠬᠡᠳ

ᠤᠷᠤᠯᠳᠤᠭᠠᠨ ᠮᠤᠷᠢ ᠤᠨᠤᠭᠠᠳ ᠳᠠᠪᠬᠢᠵᠦ ᠪᠠᠶᠢᠬᠤ ᠪᠠᠷ ᠵᠢᠷᠤᠭᠰᠠᠨ ᠪᠦᠭᠡᠳ ᠤᠷᠤᠯᠳᠤᠭᠠᠨ ᠮᠤᠷᠢᠨ ᠤ ᠳᠠᠪᠬᠢᠳᠠᠭ᠂

ᠡᠪᠭᠡᠷᠡᠳᠡᠭ᠂ ᠰᠤᠨᠤᠳᠠᠭ᠂ ᠬᠠᠷᠠᠶᠢᠳᠠᠭ᠂ ᠬᠠᠳᠠᠷᠢᠳᠠᠭ ᠁ ᠤᠯᠠᠨ ᠳᠦᠷᠰᠦ ᠪᠠᠶᠢᠳᠠᠯ ᠢ ᠬᠠᠷᠠᠭᠤᠯᠬᠤ ᠶᠢ

ᠬᠢᠴᠢᠶᠡᠵᠡᠢ᠃ ᠡᠨᠡ ᠬᠡᠴᠢᠨᠡᠨ ᠨᠠᠷᠢᠨ ᠰᠢᠷᠢᠨ ᠬᠦᠳᠡᠯᠮᠦᠷᠢ ᠠᠵᠢ᠃ ᠳᠡᠷᠡᠪᠡᠷ ᠡᠨᠡᠬᠦ ᠪᠦᠳᠦᠭᠡᠯ ᠢᠶᠠᠨ ᠦᠪᠦᠷ

ᠮᠤᠩᠭᠤᠯ ᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ ᠳᠠᠯᠠᠨ ᠵᠢᠯ ᠤᠨ ᠤᠢ ᠳᠤ ᠵᠤᠷᠢᠭᠤᠯᠵᠦ

ᠪᠠᠯᠡᠳᠭᠡᠭᠰᠡᠨ ᠪᠦᠭᠡᠳ ᠳᠠᠯᠤᠨ ᠤ ᠳᠡᠭᠡᠷᠡᠬᠢ ᠬᠦᠳᠦᠬᠦᠷ ᠢ ᠤᠪᠤᠭ᠎ᠠ ᠪᠤᠯᠭᠠᠨ ᠤᠷᠠᠯᠠᠵᠦ᠂ ᠰᠠᠩ ᠤᠨ ᠤᠳᠤᠭ᠎ᠠ

ᠤᠭᠤᠬᠢᠭᠤᠯᠵᠦ ᠪᠠᠶᠢᠬᠤ ᠪᠠᠷ ᠵᠢᠷᠤᠵᠠᠢ᠃ ᠳᠠᠯᠤᠨ ᠤ ᠬᠦᠵᠦᠬᠦᠨ ᠳᠡᠭᠡᠷ᠎ᠡ ᠳᠡᠭᠡᠳᠦ ᠳᠦᠷᠪᠡ ᠶᠢᠨ ᠪᠦᠭᠡ

ᠪᠠᠷᠢᠯᠳᠤᠵᠦ ᠪᠠᠶᠢᠬᠤ ᠵᠢᠷᠤᠭ ᠲᠠᠢ᠂ ᠳᠠᠯᠤᠨ ᠤ ᠳᠤᠭᠤᠭᠠᠨ ᠳᠤᠳᠤᠷ᠎ᠠ ᠨᠢ ᠨᠤᠮᠤ ᠰᠤᠮᠤ ᠬᠠᠷᠪᠤᠵᠦ ᠪᠠᠶᠢᠬᠤ

ᠵᠢᠷᠤᠭ ᠲᠠᠢ᠃ ᠮᠤᠩᠭᠤᠯᠴᠤᠳ ᠤᠨ ᠤᠯᠠᠮᠵᠢᠯᠠᠯᠳᠦ ᠤᠪᠤᠭᠠᠨ ᠳᠠᠬᠢᠯᠭ᠎ᠠ᠂ ᠡᠷ᠎ᠡ ᠶᠢᠨ ᠭᠤᠷᠪᠠᠨ ᠨᠠᠭᠠᠳᠤᠮ

ᠭᠠᠭᠴᠠᠬᠠᠨ ᠳᠠᠯᠤᠨ ᠳᠡᠭᠡᠷ᠎ᠡ ᠢᠡᠭᠬᠢᠵᠦ ᠤᠷᠠᠯᠢᠭ ᠤᠨ ᠠᠮᠢ ᠨᠠᠰᠤ ᠪᠠᠨ ᠤᠯᠵᠠᠢ᠃ ᠳᠠᠯᠤᠨ ᠤ ᠠᠮᠤᠰᠤᠨ ︵ᠠᠷᠤ

ᠳᠠᠯ᠎ᠠ︶᠎ ᠳᠤ ᠬᠡᠶᠢᠮᠦᠷᠢ ᠳᠠᠯᠠᠯᠤᠭᠰᠠᠨ 70 ᠵᠢᠯ ᠭᠡᠬᠦ ᠪᠤᠰᠤᠭ᠎ᠠ ᠦᠰᠦᠭ ᠤᠨ ᠳᠤᠤᠭᠤᠷ ᠰᠠᠩ ᠤᠨ ᠤᠳᠤᠭ᠎ᠠ

ᠰᠤᠭᠤᠨᠠᠭᠯᠠᠨ᠂ ᠡᠬᠦᠯᠨ ᠪᠤᠯᠤᠨ ᠡᠪᠭᠡᠷᠡᠯᠳᠦᠭᠡᠳ᠂ ᠡᠬᠦᠯᠡᠨ ᠳᠤᠯᠤᠭᠠᠢ ᠳᠤ ᠰᠠᠮᠪᠠᠢ ᠬᠠᠳᠠᠭ ᠳᠡᠯᠭᠡᠵᠦ ᠪᠠᠷᠢᠭᠰᠠᠨ

ᠵᠢᠷᠤᠭ ᠲᠠᠢ᠃ ᠠᠯᠳᠠᠨ ᠨᠠᠷᠠ ᠠᠭᠠᠷ ᠳᠡᠭᠷᠢ ᠳᠡᠭᠡᠨ ᠬᠡᠷᠡᠯᠳᠦᠵᠦ᠂ ᠬᠦᠪᠤᠡᠭ ᠴᠠᠭᠠᠨ ᠡᠬᠦᠯᠡ ᠨᠢ ᠬᠦᠪᠪᠦᠭᠡᠳ᠂

ᠬᠦᠳᠡᠭᠡ ᠳᠠᠯ᠎ᠠ ᠳᠠᠭᠠᠨ ᠠᠳᠤᠭᠤ ᠮᠠᠯ ᠨᠢ ᠪᠡᠯᠴᠢᠭᠰᠡᠨ᠂ ᠳᠠᠨᠠᠨ ᠴᠠᠭᠠᠨ ᠮᠤᠩᠭᠤᠯ ᠭᠡᠷ᠂ ᠠᠷᠠᠯᠳᠦ ᠳᠡᠷᠭᠡ᠂ ᠠᠷᠤᠭ

ᠰᠠᠪᠠᠷ ᠁ ᠭᠠᠭᠴᠠᠬᠠᠨ ᠳᠠᠯᠤᠨ ᠳᠡᠭᠡᠷ᠎ᠡ ᠮᠤᠩᠭᠤᠯ ᠠᠮᠢᠳᠤᠷᠠᠯ ᠤᠨ ᠪᠦᠬᠦ᠋ᠢᠯᠡ ᠵᠢᠷᠤᠭ ᠰᠡᠶᠢᠯᠦᠭᠡᠰᠦᠳᠠᠢ᠃

ᠪᠠᠰᠠ ᠦᠨᠳᠦᠷ ᠳᠠᠷᠤᠯᠳᠠᠳᠤ ᠴᠠᠬᠢᠯᠭᠠᠨ᠂ ᠦᠷᠭᠡᠨ ᠵᠠᠮ᠂ ᠮᠠᠰᠢᠨ ᠮᠧᠬᠠᠨᠢᠭ᠂ ᠨᠢᠰᠭᠡᠯ ᠳᠤ ᠬᠦᠷᠳᠡᠯ᠎ᠡ ᠵᠢᠷᠤᠭᠯᠠᠨ

ᠪᠦᠳᠦᠭᠡᠭᠰᠡᠨ ᠢᠶᠠᠷ ᠢᠶᠠᠨ ᠰᠢᠨ᠎ᠡ ᠬᠦᠳᠡᠭᠡ ᠳᠤᠰᠬᠤᠨ ᠤ ᠦᠡᠭᠭᠡ ᠳᠦᠷᠬᠦ ᠠᠳᠡ ᠳᠤᠳᠤᠷᠬᠠᠢ ᠬᠠᠷᠠᠭᠳᠠᠨ᠎ᠠ ᠠᠵᠢ᠃

ᠭᠠᠭᠴᠠᠬᠠᠨ ᠳᠠᠯᠤᠨ ᠳᠡᠭᠡᠷ᠎ᠡ ᠳᠠᠯᠠᠨ ᠵᠢᠯ ᠤᠨ ᠳᠡᠤᠬᠡ ᠪᠢᠴᠢᠭᠯᠡᠭᠳᠡᠭᠰᠡᠨ ᠪᠠᠶᠢᠨ᠎ᠠ ᠭᠡᠳᠡᠭ ᠠᠭᠤᠤ ᠳᠤᠮᠤ ᠪᠠᠭᠳᠠᠭᠠᠮᠵᠢ

᠂ ᠠᠳᠠᠪᠠᠰᠢ ᠭᠠᠶᠢᠬᠠᠮᠰᠢᠭᠳᠤ ᠤᠬᠠᠭᠠᠨ ᠪᠠᠶᠢᠯᠬᠦᠢ ᠶᠠᠭᠠᠬᠢᠬᠤᠪ᠃ ᠳᠡᠷᠡ ᠳᠠᠯᠤᠨ ᠤᠷᠠᠯᠠᠯ ᠢᠶᠠᠷ ᠢᠶᠠᠨ ᠳᠠᠯᠠᠨ

ᠵᠢᠯ ᠤᠨ ᠬᠦᠭᠵᠢᠯᠳᠡ ᠬᠤᠪᠢᠷᠠᠯᠳᠠ᠂ ᠤᠨᠴᠠᠭᠠᠢᠢᠯᠠᠨ ᠦᠭᠡᠷᠡᠴᠢᠯᠡᠯᠳᠡ ᠨᠡᠭᠡᠭᠡᠯᠳᠡ ᠶᠢᠨ ᠦᠡᠭᠭᠡ ᠬᠢᠯᠪᠠᠭ᠎ᠠ ᠶᠢ

ᠬᠠᠷᠠᠭᠤᠯᠵᠦ ᠴᠢᠳᠠᠭᠰᠠᠨ ᠢᠶᠠᠷ ᠢᠶᠠᠨ ᠦᠵᠡᠭᠰᠡᠨ ᠪᠦᠬᠦᠳᠡ ᠶᠢ ᠭᠠᠶᠢᠬᠠᠰᠢᠷᠠᠭᠤᠯᠵᠦ ᠴᠢᠳᠠᠭᠰᠠᠨ ᠪᠠᠶᠢᠳᠠᠭ ᠪᠢᠯᠡ᠃

ᠳᠡᠬᠦᠨ ᠤ ᠡᠨᠡᠬᠦ ︽ᠬᠡᠶᠢᠮᠦᠷᠢ ᠳᠠᠯᠠᠯᠤᠭᠰᠠᠨ 70 ᠵᠢᠯ︾ ᠭᠡᠬᠦ ᠪᠦᠳᠦᠭᠡᠯ 10 ᠳᠦᠮᠡᠨ ᠳᠦᠬᠦᠷᠢᠭ ᠤᠨ ᠦᠨᠳᠦᠷ

ᠦᠨ᠎ᠡ ᠳᠤ ᠬᠦᠷᠴᠠᠢ᠃ ᠴᠠᠭ ᠦᠶ᠎ᠡ ᠶᠢᠨ ᠳᠡᠤᠬᠡ ᠱᠠᠰᠳᠢᠷ ᠢ ᠭᠠᠶᠢᠬᠠᠯᠳᠠᠢ ᠳᠡᠮᠳᠡᠭᠯᠡᠭᠰᠡᠨ ᠡᠨᠡ ᠳᠤᠮᠤ ᠤᠬᠠᠭᠠᠨ

ᠦᠭᠡᠷ᠎ᠡ ᠶᠠᠮᠠᠷ ᠨᠢᠭᠡᠨ ᠳᠤᠮᠤ ᠮᠡᠷᠭᠡᠵᠢᠯᠳᠡᠨ ᠤ ᠬᠢ ᠪᠢᠰᠢ᠂ ᠬᠠᠷᠢᠨ ᠮᠠᠯᠴᠢᠨ ᠤ ᠦᠷ᠎ᠠ ᠬᠤᠶᠢᠴᠢ ᠶᠢᠨ ᠰᠤᠤ

ᠤᠬᠠᠭᠠᠨ ᠪᠠᠶᠢᠯ᠎ᠠ᠃ ᠮᠠᠨᠳᠤᠬᠤ 2011 ᠤᠨ ᠳᠤ ᠰᠦᠨᠢᠳ ᠶᠠᠰᠤᠨ ᠤᠷᠠᠯᠠᠯ ᠤᠨ ᠬᠤᠷᠰᠢᠶᠠᠵᠢᠯ ᠢ ᠪᠠᠶᠢᠭᠤᠯᠵᠦ᠂

ᠤᠷᠢᠳ ᠬᠤᠵᠢᠳ ᠳᠠᠪᠢᠭᠠᠳ ᠶᠠᠰᠤᠨ ᠤᠷᠠᠯᠠᠯ ᠳᠤ ᠳᠤᠷ᠎ᠠ ᠪᠠᠭ᠋ᠠᠳᠠᠢ ᠬᠦᠮᠦᠰ ᠲᠤ ᠪᠤᠯᠪᠠᠰᠤᠷᠠᠯ ᠬᠦᠷᠳᠡᠭᠡᠭᠰᠡᠨ

ᠪᠦᠭᠡᠳ 2013 ᠤᠨ ᠠᠴᠠ ᠡᠬᠢᠯᠡᠨ ᠬᠤᠰᠢᠭᠤᠨ ᠤ ᠪᠠᠨ ᠮᠤᠩᠭᠤᠯ ᠳᠤᠮᠳᠠᠳᠤ ᠰᠤᠷᠭᠠᠭᠤᠯᠢ ᠶᠢᠨ

ᠰᠤᠷᠤᠭᠴᠢᠳ ᠲᠤ ᠶᠠᠰᠤᠨ ᠤᠷᠠᠯᠠᠯ ᠤᠨ ᠬᠢᠴᠢᠶᠡᠯ ᠵᠢᠭᠠᠬᠤ ᠪᠤᠯᠵᠠᠢ᠃ ᠡᠨᠡ ᠪᠤᠯ ᠳᠡᠬᠦᠨ ᠤ ᠶᠠᠰᠤᠨ ᠤᠷᠠᠯᠠᠯ ᠤᠨ

ᠰᠤᠶᠤᠯ ᠢ ᠬᠤᠶᠢᠴᠢ ᠦᠶ᠎ᠠ ᠶᠢᠨ ᠬᠢᠨ ᠳᠡᠭᠡᠨ ᠤᠯᠠᠮᠵᠢᠯᠠᠬᠤ ᠭᠡᠰᠡᠨ ᠰᠠᠨᠠᠭ᠎ᠠ᠂ ᠮᠦᠨᠴᠦ ᠠᠶᠢᠮᠠᠭ ᠤᠨ ᠳᠡᠰ ᠤᠨ

ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ ᠶᠢᠨ ᠡᠬᠦᠷᠭᠡ ᠬᠠᠷᠢᠭᠤᠴᠠᠯᠭ᠎ᠠ ᠨᠢ ᠪᠢᠯᠡ᠃

  ᠰᠢᠯᠢ ᠶᠢᠨ ᠭᠤᠤᠯ ᠨᠤᠲᠤᠭ ᠲᠤ ᠮᠠᠨᠳᠤᠬᠤ ᠠᠴᠠ ᠦᠭᠡᠷ᠎ᠡ ᠶᠠᠰᠤᠨ ᠤᠷᠠᠯᠠᠯ ᠤᠨ ᠦᠢᠯᠡᠰ ᠤᠨ ᠵᠠᠮ ᠢᠶᠠᠷ ᠵᠠᠮᠨᠠᠵᠦ

ᠶᠠᠪᠤᠭ᠎ᠠ ᠬᠦᠮᠦᠰ ᠴᠤ ᠤᠯᠠᠨ ᠪᠤᠢ᠃ ᠬᠦᠪᠡᠭᠡᠳᠦ ᠰᠢᠷ᠎ᠠ ᠬᠤᠰᠢᠭᠤᠨ ᠤ ᠤᠶᠦᠨᠪᠢᠯᠢᠭ᠂ ᠠᠪᠠᠭ᠎ᠠ ᠬᠤᠰᠢᠭᠤᠨ ᠤ

ᠡᠷᠳᠡᠨᠢᠪᠠᠭᠠᠳᠤᠷ᠂ ᠰᠦᠨᠢᠳ ᠵᠡᠬᠦᠨ ᠬᠤᠰᠢᠭᠤᠨ ᠤ ᠳᠤᠷᠠᠰᠬᠠᠯᠳᠦ ᠵᠡᠷᠭᠡ ᠵᠠᠯᠠᠭᠤ ᠤᠷᠠᠨ ᠪᠦᠳᠦᠭᠡᠯᠴᠢᠳ ᠴᠤ

ᠶᠠᠰᠤᠨ ᠤᠷᠠᠯᠠᠯ ᠤᠨ ᠴᠠᠷᠠᠭᠠᠨ ᠳᠤ ᠨᠢᠭᠡ ᠶᠤᠰᠤᠨ ᠤ ᠪᠠᠶᠢᠷᠢ ᠰᠠᠭᠤᠷᠢ ᠪᠠᠨ ᠤᠯᠵᠦ ᠶᠠᠪᠤᠭ᠎ᠠ ᠬᠦᠮᠦᠰ ᠪᠢᠯᠡ᠃

ᠵᠠᠯᠠᠭᠤ ᠶᠠᠰᠤᠨ ᠰᠠᠶᠢᠯᠦᠮᠡᠯᠴᠢᠨ ᠤᠶᠦᠨᠪᠢᠯᠢᠭ ᠠᠷᠪᠠᠭᠠᠳ ᠳᠡᠮᠡᠭᠡᠨ ᠤ ᠴᠢᠮᠦᠭᠡᠨ ᠶᠠᠰᠤ ᠪᠠᠷ ᠴᠤᠯ ᠶᠠᠰᠤᠨ ᠡᠮᠡᠭᠡᠯ

ᠬᠢᠭᠰᠡᠨ ᠨᠢ ᠠᠷᠪᠠᠨ ᠳᠦᠮᠡᠨ ᠳᠦᠬᠦᠷᠢᠭ ᠤᠨ ᠶᠡᠭᠡ ᠦᠨ᠎ᠡ ᠳᠤ ᠬᠦᠷᠴᠦ ᠪᠢᠯᠡ᠃ ᠳᠡᠮᠡᠭᠡ ᠬᠤᠪᠤᠷᠳᠠᠭᠰᠠᠨ ᠴᠠᠬᠠᠷ

ᠨᠤᠲᠤᠭ ᠲᠤ ᠠᠷᠪᠠᠭᠠᠳ ᠳᠡᠮᠡᠭᠡᠨ ᠤ ᠴᠢᠮᠦᠭᠡᠨ ᠤ ᠶᠠᠰᠤ ᠶᠢ ᠴᠤᠭᠯᠠᠭᠤᠯᠬᠤ ᠭᠡᠳᠡᠭ ᠴᠤ ᠪᠠᠰᠠ ᠨᠢᠭᠡ ᠶᠤᠰᠤᠨ ᠤ

ᠶᠡᠭᠡ ᠬᠦᠳᠡᠯᠮᠦᠷᠢ ᠪᠠᠶᠢᠭᠰᠠᠨ ᠶᠤᠮᠰᠠᠨ᠃ ᠳᠠᠬᠢᠪᠠᠯ ᠶᠠᠰᠤᠨ ᠤᠷᠠᠯᠠᠯ ᠭᠡᠳᠡᠭ ᠦᠭᠡᠷ᠎ᠡ ᠨᠢᠭᠡ ᠳᠦᠷᠦᠯ ᠤᠨ ᠭᠠᠷ

ᠤᠷᠠᠯᠠᠯ ᠲᠠᠢ ᠳᠠᠭᠠᠷᠠᠬᠤ ᠦᠭᠡᠢ ᠨᠢᠭᠡ ᠤᠨᠴᠠᠯᠢᠭ ᠪᠠᠶᠢᠳᠠᠭ ᠨᠢ ᠤᠭ ᠮᠠᠲ᠋ᠧᠷᠢᠶᠡᠯ ᠤᠨ ᠳᠦᠷᠰᠦ ᠪᠠᠶᠢᠳᠠᠯ ᠢ

ᠬᠤᠪᠢᠷᠠᠭᠤᠯᠬᠤ ᠶᠢᠨ ᠪᠤᠯᠤᠯᠴᠠᠭ᠎ᠠ ᠦᠭᠡᠢ ᠪᠠᠶᠢᠵᠦ᠂ ᠵᠦᠪᠭᠡᠨ ᠳᠡᠬᠦᠨ ᠤ ᠤᠨᠴᠠᠯᠢᠭ ᠲᠤᠨᠢ ᠳᠤᠬᠢᠷᠠᠭᠤᠯᠤᠨ

ᠠᠵᠢᠯᠯᠠᠬᠤ ᠭᠡᠷᠡᠭᠳᠡᠢ ᠪᠠᠶᠢᠳᠠᠭ᠃ ᠳᠡᠭᠡᠬᠦ ᠮᠦᠷᠳᠡᠭᠡᠨ ᠠᠪ ᠠᠳᠠᠯᠢᠬᠠᠨ ᠵᠢᠰᠦ ᠲᠠᠢ ᠬᠦᠮᠦᠨ ᠪᠠᠶᠢᠳᠠᠭ ᠦᠭᠡᠢ ᠰᠢᠭ

ᠠᠪ ᠠᠳᠠᠯᠢᠬᠠᠨ ᠬᠡᠯᠪᠡᠷᠢ ᠳᠦᠷᠰᠦ ᠲᠠᠢ ᠶᠠᠰᠤ ᠴᠤ ᠪᠠᠶᠢᠳᠠᠭ ᠦᠭᠡᠢ ᠨᠢ ᠨᠢᠭᠡ ᠶᠤᠰᠤᠨ ᠤ ᠬᠦᠴᠢᠷᠳᠡᠯ ᠶᠤᠮᠰᠠᠨ᠃

ᠵᠦᠪᠭᠡᠨ ᠱᠠᠭ᠎ᠠ ᠪᠠᠷ ᠠᠪᠴᠤ ᠵᠢᠱᠢᠶᠡᠯᠡᠬᠦ ᠳᠤ ᠴᠤ ᠠᠪ ᠠᠳᠠᠯᠢᠬᠠᠨ ᠬᠤᠶᠠᠷ ᠱᠠᠭ᠎ᠠ ᠤᠯᠳᠠᠳᠠᠭ ᠦᠭᠡᠢ ᠶᠢ ᠱᠠᠭ᠎ᠠ

ᠳᠤᠭᠯᠠᠭᠠᠮ ᠨᠠᠭᠠᠳᠴᠤ ᠦᠰᠦᠭᠰᠡᠨ ᠮᠤᠩᠭᠤᠯ ᠬᠦᠮᠦᠰ ᠪᠦᠷ ᠮᠡᠳᠡᠬᠦ ᠯᠡ ᠶᠤᠰᠤᠳᠠᠢ᠃ ᠳᠡᠶᠢᠮᠦ ᠪᠤᠯᠬᠤᠷ ᠠᠷᠪᠠᠭᠠᠳ

ᠳᠡᠮᠡᠭᠡᠨ ᠤ ᠴᠢᠮᠦᠭᠡᠨ ᠶᠠᠰᠤᠨ ᠳᠤ ᠠᠳᠠᠯᠢᠬᠠᠨ ᠶᠠᠰᠤ ᠨᠢᠭᠡᠴᠦ ᠪᠠᠶᠢᠭ᠎ᠠ ᠦᠭᠡᠢ ᠨᠢ ᠤᠶᠦᠨᠪᠢᠯᠢᠭ ᠲᠤ ᠨᠢᠭᠡ

ᠶᠤᠰᠤᠨ ᠤ ᠬᠦᠴᠢᠷᠳᠡᠯ ᠪᠤᠯᠵᠦ ᠪᠠᠶᠢᠪᠠ᠃ ᠭᠡᠬᠦ ᠳᠡᠭᠡᠨ ᠶᠠᠭᠤ ᠨᠢᠭᠡ ᠶᠢ ᠬᠢᠵᠦ ᠪᠦᠳᠦᠭᠡᠶ᠎ᠡ ᠭᠡᠳᠡᠭ ᠪᠤᠳᠤᠯ

ᠤᠷᠭᠤᠭᠰᠠᠨ ᠴᠠᠭ ᠠᠴᠠ ᠪᠦᠬᠦ ᠶᠠᠭᠤᠮ᠎ᠠ ᠠᠶᠠᠨᠳᠠᠭᠠᠨ ᠪᠦᠷᠢᠯᠳᠦᠨ ᠳᠤᠭᠳᠠᠳᠠᠭ ᠨᠢ ᠵᠢᠮ᠎ᠠ ᠪᠢᠯᠡ᠃ ᠬᠤᠶᠠᠷ ᠵᠢᠯ

ᠭᠠᠷᠤᠢ ᠶᠢᠨ ᠴᠠᠭ ᠬᠤᠭᠤᠴᠠᠭ᠎ᠠ ᠳᠡᠬᠦᠨ ᠤ ᠬᠢᠵᠦ ᠪᠦᠳᠦᠭᠡᠬᠦ ᠭᠡᠰᠡᠨ ᠤᠷᠠᠨ ᠰᠡᠳᠬᠢᠮᠵᠢ ᠳᠤ ᠪᠤᠯᠤᠮᠵᠢ ᠶᠢᠨ

ᠵᠦᠢᠯᠡᠰ ᠢ ᠨᠢ ᠪᠦᠷᠢᠯᠳᠦᠬᠦᠯᠵᠦ ᠦᠭᠴᠠᠢ᠃ ᠳᠡᠷᠡ ᠡᠨᠡ ᠡᠮᠡᠭᠡᠯ ᠢ ᠭᠤᠤᠯ ᠨᠢ ᠳᠠᠯᠪᠢᠯᠭ᠎ᠠ ᠵᠠᠰᠠᠯ ᠳᠤ ᠵᠤᠷᠢᠭᠤᠯᠵᠦ

ᠬᠢᠭᠰᠡᠨ ᠪᠦᠭᠡᠳ ᠶᠠᠰᠤ ᠪᠠᠷ ᠬᠢᠭᠰᠡᠨ ᠡᠮᠡᠭᠡᠯ ᠪᠠᠶᠢᠳᠠᠭ ᠦᠭᠡᠢ ᠬᠤᠭᠤᠰᠤᠨ ᠢ ᠨᠦᠬᠦᠬᠦ ᠵᠤᠷᠢᠯᠭ᠎ᠠ ᠲᠠᠢ ᠪᠠᠶᠢᠭᠰᠠᠨ

ᠠᠵᠢ᠃ ᠭᠡᠬᠦ ᠳᠡᠭᠡᠨ ᠵᠦᠭᠡᠷ ᠯᠡ ᠶᠠᠰᠤ ᠶᠢ ᠬᠤᠭᠤᠷᠤᠨᠳᠦ ᠨᠢ ᠵᠦᠢᠵᠦ ᠨᠠᠭᠠᠭᠠᠳ ᠬᠢᠭᠰᠡᠨ ᠪᠢᠰᠢ᠂ ᠬᠠᠷᠢᠨ ᠶᠠᠰᠤ

ᠪᠤᠯᠭᠠᠨ ᠳᠡᠭᠡᠷ᠎ᠡ ᠨᠢ ᠲᠦᠷᠪᠡᠨ ᠬᠦᠴᠦᠳᠡᠨ ᠪᠤᠶᠤ ᠮᠤᠩᠭᠤᠯ ᠠᠮᠢᠳᠤᠷᠠᠯ ᠲᠠᠢ ᠬᠠᠮᠢᠶ᠎ᠠ ᠪᠦᠬᠦᠢ ᠠᠯᠢ ᠤᠯᠠᠨ ᠵᠢᠷᠤᠭ

ᠰᠡᠶᠢᠯᠪᠤᠷᠢ ᠲᠠᠢ ᠪᠠᠶᠢᠳᠠᠭ ᠢᠶᠠᠷ ᠤᠷᠠᠨ ᠰᠡᠳᠬᠢᠮᠵᠢ ᠶᠢᠨ ᠬᠢᠨᠢ ᠦᠨ᠎ᠡ ᠦᠷᠳᠡᠭ ᠢ ᠦᠨᠳᠦᠷᠳᠦᠭᠡᠵᠡᠢ᠃ 2017

ᠤᠨ ᠳᠤ ᠨᠢᠭᠡ ᠮᠦᠽᠸᠢ ᠤᠶᠦᠨᠪᠢᠯᠢᠭ ᠠᠴᠠ ᠭᠤᠷᠪᠠᠨ ᠪᠦᠳᠦᠭᠡᠯ ᠢ ᠨᠢ 13 ᠳᠦᠮᠡ 8000 ᠳᠦᠬᠦᠷᠢᠭ ᠢᠶᠠᠷ

ᠬᠤᠳᠠᠯᠳᠤᠨ ᠠᠪᠤᠭᠰᠠᠨ ᠠᠵᠢ᠃ ᠡᠨᠡ ᠭᠤᠷᠪᠠᠨ ᠪᠦᠳᠦᠭᠡᠯ ᠨᠢ ᠬᠤᠷᠢᠨ ᠳᠠᠯᠤ ᠶᠢᠨ ᠶᠠᠰᠤᠨ ᠳᠡᠭᠡᠷ᠎ᠡ ᠪᠦᠬᠦᠯᠢ

ᠪᠦᠳᠦᠨ ᠠᠳᠤᠭᠤᠨ ᠰᠤᠶᠤᠯ ᠢ ᠬᠠᠷᠠᠭᠤᠯᠤᠭᠰᠠᠨ ᠨᠢᠭᠡ ᠢᠵᠢ ᠪᠦᠳᠦᠭᠡᠯ᠂ ᠮᠤᠷᠢᠨ ᠬᠤᠭᠤᠷ ᠤᠨ ᠡᠬᠦᠰᠦᠯ

ᠳᠤᠮᠤᠭ ᠢᠶᠠᠷ ᠰᠡᠳᠦᠪᠯᠡᠵᠦ ᠠᠳᠤᠭᠤᠨ ᠤ ᠶᠠᠰᠤ ᠪᠠᠷ ᠬᠢᠭᠰᠡᠨ ᠮᠤᠷᠢᠨ ᠬᠤᠭᠤᠷ᠂ ᠤᠰᠤᠨ ᠲᠠᠬᠢ ᠶᠢᠨ ᠳᠤᠯᠤᠭᠠᠢ

ᠳᠡᠭᠡᠷ᠎ᠡ ᠪᠦᠭᠡ ᠶᠢᠨ ᠰᠤᠶᠤᠯ ᠢ ᠰᠡᠶᠢᠯᠪᠤᠷᠢᠯᠡᠵᠦ ᠬᠠᠷᠠᠭᠤᠯᠤᠭᠰᠠᠨ ︽ᠮᠦᠡᠭᠭᠡ ᠳᠡᠭᠷᠢ ᠶᠢᠨ ᠡᠯᠴᠢ︾ ᠬᠡᠮᠡᠬᠦ

ᠪᠦᠳᠦᠭᠡᠯ ᠵᠡᠷᠭᠡ ᠪᠠᠶᠢᠯ᠎ᠠ᠃ ᠰᠤᠶᠤᠯ ᠤᠨ ᠦᠨ᠎ᠡ ᠦᠷᠳᠡᠭ᠂ ᠬᠦᠴᠦ ᠬᠦᠳᠡᠯᠮᠦᠷᠢ᠂ ᠤᠷ᠎ᠠ ᠤᠬᠠᠭᠠᠨ ᠤ

ᠵᠠᠷᠤᠴᠠᠭᠤᠯᠤᠯᠳᠠ ᠪᠦᠬᠦ ᠵᠦᠢᠯ ᠤᠷᠠᠨ ᠪᠦᠳᠦᠭᠡᠯ ᠤᠨ ᠦᠨ᠎ᠠ ᠴᠠᠨ᠎ᠠ ᠶᠢ ᠳᠤᠳᠤᠷᠬᠠᠢᠢᠯᠠᠳᠠᠭ ᠢ ᠤᠶᠦᠨᠪᠢᠯᠢᠭ

ᠢᠡᠭᠬᠢᠵᠦ ᠶᠠᠰᠤᠨ ᠤᠷᠠᠯᠠᠯ ᠢᠶᠠᠷ ᠢᠶᠠᠨ ᠬᠠᠷᠠᠭᠤᠯᠵᠦ ᠴᠢᠳᠠᠵᠠᠢ᠃ ᠭᠡᠭᠡᠭᠳᠡᠮᠡᠯ ᠶᠠᠰᠤ ᠶᠢ ᠭᠡᠯᠡᠵᠦ ᠤᠷᠠᠯᠠᠭᠠᠳ

ᠤᠷᠠᠯᠢᠭ ᠤᠨ ᠪᠦᠳᠦᠭᠡᠯ ᠪᠤᠯᠭᠠᠵᠦ᠂ ᠶᠠᠰᠤᠨ ᠤ ᠦᠨ᠎ᠡ ᠦᠷᠳᠡᠭ ᠢ ᠰᠡᠳᠬᠢᠰᠢ ᠦᠭᠡᠢ ᠦᠨᠳᠦᠷ ᠲᠤ ᠬᠦᠷᠭᠡᠭᠰᠡᠨ

ᠬᠦᠮᠦᠨ ᠤ ᠳᠤᠳᠤᠷ᠎ᠠ ᠤᠶᠦᠨᠪᠢᠯᠢᠭ ᠳᠤᠷᠠᠳᠤᠭᠳᠠᠯ ᠦᠭᠡᠢ ᠦᠡᠭᠭᠡᠷᠡᠵᠦ ᠪᠤᠯᠬᠤ ᠦᠭᠡᠢ ᠨᠢ ᠡ᠃

 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号