ᠤᠷᠲᠤᠰ ᠮᠤᠩᠭᠤᠯ ᠤᠨ ᠠᠨᠲᠠᠯᠠᠬᠤ ᠶᠤᠰᠤᠨ
ᠨᠡᠶᠢᠲᠡᠯᠡᠭᠰᠡᠨ ᠴᠠᠭ᠄
2020/11/19

ᠨᠢᠬᠡ᠄ ᠤᠷᠤᠰᠢᠯ
    — ᠪᠢ ᠭᠠᠲᠠᠰᠤᠨ ᠪᠤᠯᠵᠤ ᠲᠦᠷᠦ ᠶᠢ ᠪᠠᠬᠢᠯᠡᠨ ᠰᠠᠬᠢᠵᠤ᠂
    ᠠᠷᠭᠠᠮᠵᠢ ᠪᠤᠯᠵᠤ ᠤᠯᠤᠰ ᠢ

ᠪᠠᠷᠢᠨ ᠬᠠᠲᠠᠭᠤᠵᠢᠰᠤ᠃
    ᠲᠡᠬᠦᠷ ᠨᠢ ᠮᠢᠨᠤ ᠲᠠ᠂ ᠲᠦᠪ ᠢᠵᠠᠭᠤᠷ ᠢ ᠰᠠᠬᠢᠨ᠂
    ᠲᠦᠷᠦ ᠶᠢᠨ

ᠲᠤᠯᠠ ᠲᠦᠷᠦᠯᠲᠤᠨ ᠰᠤᠶᠤᠨ ᠬᠠᠲᠠᠭᠤᠵᠢᠳᠬᠠᠳ
    — ᠲᠡᠮᠦᠵᠢᠨ ︵ᠠᠯᠲᠠᠨ ᠲᠤᠪᠴᠢ ᠠᠴᠠ︶
   

ᠠᠨᠲᠠ ᠶᠢᠨ ᠠᠭᠤᠯᠵᠠᠯᠲᠠ
    ᠠᠮᠤᠷ ᠤᠤ︖ ᠰᠠᠶᠢᠨ ᠤᠤ︖ ᠠᠨᠳᠠ ᠮᠢᠨᠢ︕
    ᠠᠳᠬᠤᠭᠰᠠᠨ

ᠭᠠᠷ ᠤᠨ ᠴᠢᠩᠭ᠎ᠠ ᠨᠢ
    ᠠᠵᠠ ᠶᠢᠨ ᠲᠡᠭᠷᠢ ᠶᠢ ᠬᠠᠮᠲᠤᠷᠠᠭᠤᠯᠤᠭᠰᠠᠨ
    ᠠᠨᠲᠠ ᠶᠢᠨ ᠵᠢᠷᠤᠮ ᠢᠶᠠᠷ

ᠠᠭᠤᠯᠵᠠᠯ᠎ᠠ︕
    ᠠᠷᠢᠭᠤᠨ ᠴᠠᠭᠠᠨ ᠰᠦ ᠪᠠᠷ ᠡᠵᠢ ᠨᠢᠬᠡᠲᠡᠢ ᠪᠤᠯᠤᠭᠰᠠᠨ
    ᠠᠮᠢᠯᠠᠯ ᠤᠨ

ᠤᠯᠠᠭᠠᠨ ᠴᠢᠰᠤ ᠪᠠᠷ ᠠᠪᠦ‍ ᠨᠢᠬᠡ ᠪᠤᠯᠵᠤ
    ᠠᠯᠲᠠᠨ ᠭᠤᠯᠤᠮᠲᠠ ᠳᠤ ᠪᠠᠨ ᠮᠦᠷᠬᠦᠬᠡᠳ
    ᠠᠮᠠᠯᠠᠵᠤ

ᠠᠨᠲᠠᠭᠠᠶᠢᠯᠠᠭᠰᠠᠨ ᠲᠠᠩᠭᠠᠷᠢᠭ ᠢᠶᠠᠷ
    ᠠᠬ᠎ᠠ ᠲᠡᠬᠦᠤ ᠪᠤᠯᠤᠭᠰᠠᠨ ᠲᠠᠨᠠᠷ ᠮᠢᠨᠢ
   

ᠠᠰ ᠤᠨ ᠪᠡᠶ᠎ᠡ ᠴᠢᠨᠢ ᠮᠡᠨᠲᠤ ᠤᠤ︖
    ᠠᠵᠤ ᠠᠮᠢᠲᠤᠷᠠᠯ ᠴᠢᠨᠢ ᠰᠠᠶᠢᠨ ᠤᠤ︖
    ᠤᠷᠲᠤᠰ ᠮᠤᠩᠭᠤᠯ ᠤᠨ

ᠠᠨᠲᠠᠯᠠᠬᠤ ᠶᠤᠰᠤᠨ ᠲᠡᠭᠡᠲᠦ ᠵᠠᠭᠤᠨ ᠤ ᠲᠠᠪᠢᠭᠠᠳ ᠤᠨ ᠳᠤ ᠬᠡᠲᠦ ᠵᠡᠬᠦᠨ ᠤ ᠦᠵᠡᠯ ᠤᠨ

ᠨᠦᠯᠦᠬᠡ ᠠᠴᠠ ᠪᠤᠯᠵᠤ ᠨᠡᠶᠢᠬᠡᠮ ᠲᠡᠭᠡᠷ᠎ᠡ ᠠᠶᠠᠠᠲᠠᠭᠠᠨ ᠵᠠᠮᠬᠠᠷᠠᠵᠤ᠂ ᠠᠨᠲᠠ ᠶᠢᠨ ᠤᠬᠠᠭᠲᠠᠬᠤᠨ  

ᠨᠡᠶᠢᠬᠡᠮ ᠲᠡᠭᠡᠷ᠎ᠡ ᠶᠠᠪᠤᠬᠤ ᠲᠤᠲᠤᠮ ᠪᠠᠯᠠᠷᠠᠵᠤ ᠡᠬᠢᠯᠡᠭᠰᠡᠨ ᠪᠠᠶᠢᠨ᠎ᠠ᠃ ᠡᠶᠢᠮᠦ ᠠᠴᠠ ᠰᠢᠨ᠎ᠡ ᠨᠢᠬᠡᠨ

ᠦᠶ᠎ᠡ ᠶᠢᠨ ᠬᠢᠨ  ᠠᠨᠲᠠ ᠬᠡᠲᠡᠭ ᠦᠬᠡ ᠶᠢᠨ ᠬᠦᠨᠳᠦ ᠬᠦᠩᠬᠡᠨ ᠢ ᠨᠢ ᠮᠡᠲᠡᠬᠦ ᠦᠭᠡᠢ

ᠲᠤᠷ᠎ᠠ ᠪᠠᠷ ᠵᠠᠷᠤᠵᠤ ᠬᠡᠷᠡᠭᠯᠡᠬᠦ ᠪᠤᠯᠤᠭᠰᠠᠨ ᠪᠠᠶᠢᠯ᠎ᠠ᠃ ︽ᠠᠨᠲᠠ︾ ᠬᠡᠲᠡᠭ ᠤᠬᠠᠭᠲᠠᠬᠤᠨ

ᠬᠦᠨᠲᠦ ᠪᠠᠨ ᠠᠯᠲᠠᠵᠤ᠂ ᠬᠡᠮ ᠦᠭᠡᠢ ᠬᠡᠷᠡᠭᠯᠡᠭᠲᠡᠬᠡᠳ ᠬᠠᠭᠠᠰ ᠵᠠᠭᠤᠨ ᠪᠤᠯᠤᠭᠰᠠᠨ ᠤ ᠲᠠᠷᠠᠭ᠎ᠠ

ᠨᠠᠷᠠᠲᠤ ᠶᠢᠨ ᠵᠠᠶᠠᠭ᠎ᠠ ︽ᠠᠨᠲᠠ ᠶᠢᠨ ᠬᠤᠯᠪᠤᠭᠠᠨ︾ ᠤ ᠠᠬᠠᠯᠠᠭᠴᠢ ᠬᠦᠭᠵᠢᠯᠴᠡᠴᠡᠭ ᠬᠡᠲᠡᠭ

ᠪᠦᠰᠡᠬᠦᠢ ᠬᠦᠭᠡᠭᠴᠢᠨ ᠬᠤᠨᠢᠨ ᠵᠢᠯ ᠤᠨ ᠴᠠᠭᠠᠨ ᠰᠠᠷ᠎ᠠ ᠶᠢᠨ ᠠᠷᠪᠠᠨ ᠲᠠᠪᠤᠨ ᠳᠤ ᠮᠠᠨ ᠤ ᠭᠡᠷ ᠲᠤ ᠢᠷᠡᠵᠤ  ︽ᠠᠨᠲᠠ

ᠪᠠᠷᠢᠯᠲᠤᠬᠤ ᠵᠠᠩ ᠦᠢᠯᠡ ᠶᠢᠨ ᠲᠤᠬᠠᠢ︾ ᠠᠰᠠᠭᠤᠨ ᠰᠤᠷᠪᠤᠯᠵᠢᠯᠠᠵᠤ᠂ ᠠᠨᠲᠠ ᠶᠢᠨ ᠬᠤᠯᠪᠤᠭ᠎ᠠ ᠪᠠᠶᠢᠭᠤᠯᠵᠤ᠂

ᠠᠨᠲᠠ ᠪᠠᠷᠢᠯᠲᠤᠬᠤ ᠲᠤᠬᠠᠢ ᠨᠠᠲᠠ ᠲᠠᠢ ᠵᠦᠪᠲᠡᠯᠴᠡᠭᠡᠳ ︽ᠨᠠᠲᠠ ᠶᠢ ᠠᠨᠲᠠ ᠶᠢᠨ ᠪᠠᠭᠰᠢ ᠪᠠᠷ ᠤᠷᠢᠨ᠎ᠠ︾ ᠬᠡᠪᠡ᠃

    ᠤᠷᠲᠤᠰ ᠮᠤᠩᠭᠤᠯ ᠤᠨ ᠰᠦᠨᠦᠵᠤ ᠣᠰᠠᠳᠬᠤ ᠪᠤᠯᠤᠭᠰᠠᠨ ᠠᠨᠲᠠ ᠶᠢᠨ ᠰᠤᠶᠤᠯ ᠢ ᠠᠪᠤᠷᠠᠬᠤ ᠶᠢᠨ ᠲᠦᠯᠦᠬᠡ ᠡᠨᠡ

ᠬᠦ ︽ᠠᠨᠲᠠ ᠪᠠᠭᠰᠢ︾ ᠪᠤᠯᠬᠤ ᠬᠠᠲᠠᠭᠤ ᠴᠢᠩᠭ᠎ᠠ ᠡᠬᠦᠷᠭᠡ ᠶᠢ ᠬᠦᠯᠢᠶᠡᠨ ᠠᠪᠴᠤ᠂ ᠠᠨᠲᠠ ᠶᠢᠨ ᠬᠤᠯᠪᠤᠭᠠᠨ ᠤ

ᠠᠬᠠᠯᠠᠭᠴᠢ ᠬᠦᠭᠵᠢᠯᠴᠡᠴᠡᠭ ᠲᠤ ᠤᠷᠲᠤᠰ ᠮᠤᠩᠭᠤᠯ ᠤᠨ ᠠᠨᠲᠠᠯᠠᠬᠤ ᠶᠤᠰᠤᠨ ᠤ ᠬᠠᠲᠠᠭᠤ ᠴᠢᠩᠭ᠎ᠠ

ᠲᠠᠩᠭᠠᠷᠢᠭ ᠢ ᠰᠠᠬᠢᠵᠤ ᠲᠡᠶᠢᠯᠬᠦ ᠶᠤᠮ ᠤᠤ︖ ᠬᠡᠳ ᠤᠷᠲᠤᠰ ᠮᠤᠩᠭᠤᠯ ᠤᠨ ᠠᠨᠲᠠᠯᠠᠬᠤ

ᠶᠤᠰᠤᠨ ᠳᠠᠬᠢ ︽ᠠᠨᠲᠠ ᠠᠬ᠎ᠠ ᠲᠡᠬᠦᠤ ᠪᠠᠷᠢᠯᠲᠤᠬᠤ ᠲᠠᠩᠭᠠᠷᠢᠭ︾ ᠢ ᠲᠠᠨᠢᠯᠴᠠᠭᠤᠯᠤᠭᠰᠠᠨ

ᠶᠤᠮ᠃

    ᠬᠦᠬᠡᠭᠴᠢᠨ ᠬᠤᠨᠢᠨ ᠵᠢᠯ ᠤᠨ ᠴᠠᠭᠠᠨ ᠰᠠᠷ᠎ᠠ ᠶᠢᠨ ᠠᠷᠪᠠᠨ ᠵᠢᠷᠭᠤᠭᠠᠨ ᠤ ᠡᠲᠦᠷ ︽ᠨᠠᠷᠠᠲᠤ ᠶᠢᠨ ᠵᠠᠶᠠᠭ᠎ᠠ

ᠠᠨᠲᠠ ᠶᠢᠨ ᠬᠤᠯᠪᠤᠭ᠎ᠠ︾ ᠬᠡᠲᠡᠭ ᠰᠢᠨ᠎ᠡ ᠡᠷᠡᠨ ᠤ ᠦᠨᠦᠷ ᠠᠮᠲᠠ ᠲᠠᠢ ︽ᠠᠨᠲᠠ ᠶᠢᠨ ᠵᠢᠷᠤᠮ ᠤᠨ

ᠬᠤᠯᠪᠤᠭ᠎ᠠ︾ ᠪᠠᠶᠢᠭᠤᠯᠤᠭᠲᠠᠭᠰᠠᠨ ᠢ ᠤᠲᠤᠭ ᠬᠤᠰᠢᠭᠤᠨ ᠤ ᠤᠯᠠᠭᠠᠨᠪᠠᠯᠭᠠᠰᠤᠨ ᠳᠤ ᠲᠤᠩᠬᠠᠭᠯᠠᠵᠤ᠂

ᠤᠷᠲᠤᠰ ᠮᠤᠩᠭᠤᠯᠴᠤᠳ ᠤᠨ ᠠᠨᠲᠠᠯᠠᠬᠤ ᠶᠤᠰᠤᠨ ᠤ ᠰᠤᠶᠤᠯ ᠳᠤ ᠰᠢᠨ᠎ᠡ ᠴᠠᠭ ᠦᠶ᠎ᠡ ᠶᠢᠨ ᠬᠡᠪ ᠨᠠᠮᠪᠠ ᠪᠦᠬᠦᠢ

ᠠᠨᠲᠠ ᠶᠢᠨ ᠰᠢᠨ᠎ᠡ ᠰᠤᠶᠤᠯ ᠦᠷᠦᠬᠡ ᠪᠠᠨ ᠰᠡᠬᠦᠵᠤ ᠡᠬᠦᠲᠡ ᠪᠠᠨ ᠨᠡᠬᠡᠬᠡᠭᠰᠡᠨ ᠶᠤᠮ᠃ ᠡᠨᠡ ᠬᠦ

︽ᠨᠡᠷᠡᠲᠤ ᠶᠢᠨ ᠵᠠᠶᠠᠭ᠎ᠠ ᠠᠨᠲᠠ ᠶᠢᠨ ᠬᠤᠯᠪᠤᠭ᠎ᠠ︾ ᠨᠢ ᠬᠤᠶᠠᠷ ᠤᠲᠤᠭ ᠪᠤᠯᠤᠨ ᠬᠠᠩᠬᠢᠨ᠂

ᠦᠤᠰᠢᠨ ᠬᠤᠰᠢᠭᠤ ᠵᠡᠷᠭᠡ ᠭᠠᠵᠠᠷ ᠤᠨ ᠠᠷᠪᠠᠨ ᠬᠦᠮᠦᠨ ᠢᠶᠠᠷ ᠪᠦᠷᠢᠯᠲᠦᠭᠰᠡᠨ ︽ᠠᠨᠲᠠ ᠶᠢᠨ ᠬᠤᠯᠪᠤᠭ᠎ᠠ︾ ᠪᠠᠶᠢᠪᠠ᠃

ᠬᠤᠯᠪᠤᠭᠠᠨ ᠤ ᠠᠬᠠᠯᠠᠭᠴᠢ ᠨᠢ ᠬᠦᠭᠵᠢᠯᠴᠡᠴᠡᠭ ᠬᠡᠲᠡᠭ ᠬᠠᠩᠬᠢᠨ ᠬᠤᠰᠢᠭᠤᠨ ᠤ ᠬᠦᠲᠡᠭᠡ ᠶᠢᠨ ᠨᠢᠬᠡᠨ ᠰᠤᠶᠤᠯᠵᠢᠬᠰᠡᠨ ᠮᠠᠯᠴᠢᠨ᠃

ᠡᠲᠡᠭᠡᠷ  ᠬᠦᠮᠦᠰ ᠨᠠᠮ᠎ᠠ ᠶᠢ ᠠᠨᠲᠠ ᠶᠢᠨ ᠪᠠᠭᠰᠢ ᠪᠠᠷ ᠤᠷᠢᠭᠰᠠᠨ ᠲᠤᠯᠠ᠂ ︽ᠠᠷᠪᠠᠨ ᠠᠨᠲᠠ᠂ ᠠᠰᠲᠠᠭᠠᠨ ᠪᠠᠰᠠ

ᠪᠠᠭᠰᠢ ᠲᠠᠢ︾ ᠰᠢᠨ᠎ᠡ ᠴᠠᠭ ᠦᠶ᠎ᠡ ᠶᠢᠨ ᠰᠢᠨᠠᠷᠬᠦᠤ ᠮᠠᠶ᠋ᠢᠭ ᠤᠨ ᠤᠨᠴᠠᠭᠠᠢ ᠨᠢᠬᠡᠨ ᠠᠨᠲᠠ ᠶᠢᠨ

ᠰᠤᠶᠤᠯ ᠪᠤᠢ ᠪᠤᠯᠵᠤ  ᠲᠦᠯᠦᠪᠰᠢᠬᠦ ᠪᠤᠯᠤᠭᠰᠠᠨ ᠪᠠᠶᠢᠨ᠎ᠠ᠃ ᠢᠩᠬᠢᠬᠡᠳ ︽ᠨᠠᠷᠠᠲᠤ ᠶᠢᠨ ᠵᠠᠶᠠᠭ᠎ᠠ ᠠᠨᠲᠠ

ᠠᠬ᠎ᠠ ᠲᠡᠬᠦᠤ︾ ᠨᠡᠷ ᠲᠤ ᠲᠤᠤᠷᠠᠬᠢ ᠮᠡᠲᠦ ᠪᠠᠷ ᠰᠢᠨ᠎ᠡ ᠬᠠᠭᠤᠴᠢᠨ ᠢ ᠤᠶᠠᠯᠲᠤᠭᠤᠯᠤᠭᠰᠠᠨ ᠠᠨᠲᠠᠯᠠᠬᠤ

ᠶᠤᠰᠤᠨ ᠢ ᠶᠠᠷᠢᠵᠤ ᠪᠢᠯᠡ᠃ ᠡᠨᠡ ᠵᠢᠯ ᠪᠤᠯ ︽ᠠᠷᠪᠠᠨ ᠠᠨᠲᠠ᠂ ᠠᠰᠲᠠᠭᠠᠨ ᠪᠠᠭᠰᠢ ᠲᠠᠢ︾

ᠠᠨᠲᠠ ᠶᠢᠨ ᠬᠤᠯᠪᠤᠭᠠᠨ ᠤ ᠬᠤᠶᠠᠲᠠᠬᠢ ᠵᠢᠯ ᠤᠨ ᠤᠢ ᠮᠦᠨ᠃

    ᠨᠢᠭᠡ᠂ ᠮᠤᠩᠭᠤᠯᠴᠤᠳ ᠤᠨ ︽ᠠᠨᠲᠠᠯᠠᠬᠤ ᠶᠤᠰᠤᠨ︾ ᠤ ᠢᠷᠡᠯᠲᠡ

    ︽ᠮᠤᠩᠭᠤᠯ ᠤᠨ ᠨᠢᠭᠤᠴᠠ ᠲᠤᠪᠴᠢᠶᠠᠨ︾ ᠤ 116 -117 ᠳ᠋ᠤᠭᠠᠷ ᠵᠦᠢᠯ ᠤᠨ ᠲᠡᠮᠲᠡᠭᠯᠡᠯ ᠳᠤ᠄

    ᠲᠡᠮᠦᠵᠢᠨ ᠵᠠᠮᠤᠬ᠎ᠠ ᠬᠤᠶᠠᠷ ᠬᠤᠷᠬᠤᠨᠠᠭ ᠵᠦᠪᠦᠷ ᠲᠤ ᠨᠡᠶᠢᠯᠡᠨ ᠪᠠᠭᠤᠵᠤ᠂ ᠡᠷᠲᠡᠨ ᠤ ᠠᠨᠲᠠ  ᠪᠤᠯᠤᠯᠴᠠᠭᠰᠠᠨ ᠢᠶᠠᠨ ᠲᠤᠷᠠᠲᠤᠯᠴᠠᠨ᠂

ᠠᠨᠲᠠ ᠰᠡᠷᠬᠦᠬᠡᠵᠤ ᠠᠮᠠᠷᠠᠯᠲᠤᠶ᠎ᠠ ᠬᠡᠪᠡ᠃

    ᠠᠩᠬ᠎ᠠ ᠤᠷᠢᠲᠤ ᠠᠨᠲᠠ ᠪᠤᠯᠤᠯᠴᠠᠬᠤ ᠳᠤ ᠲᠡᠮᠤᠵᠢᠨ ᠠᠷᠪᠠᠨ ᠨᠢᠬᠡᠨ ᠨᠠᠰᠤᠲᠠᠢ ᠪᠠᠶᠢᠪᠠ᠃ ᠵᠠᠮᠤᠬ᠎ᠠ ᠡᠷ᠎ᠡ ᠵᠦᠷ ᠤᠨ

ᠱᠠᠭ᠎ᠠ ᠶᠢ ᠲᠡᠮᠦᠵᠢᠨ ᠳᠤ ᠦᠭᠪᠡ᠃ ᠲᠡᠮᠦᠵᠢᠨ ᠭᠠᠤᠯᠢ ᠴᠢᠳᠬᠤᠭᠰᠠᠨ ᠱᠠᠭ᠎ᠠ ᠶᠢ ᠬᠠᠷᠢᠭᠤ ᠦᠭᠴᠤ  ᠠᠨᠲᠠ ᠪᠤᠯᠤᠯᠴᠠᠪᠠ᠃

ᠤᠨᠤᠨ ᠮᠦᠷᠡᠨ ᠤ ᠮᠦᠰᠦᠨ ᠲᠡᠭᠡᠷ᠎ᠡ ᠱᠠᠭ᠎ᠠ ᠨᠠᠭᠠᠳᠬᠤ ᠳᠤ ᠠᠨᠲᠠ ᠭᠡᠪᠡ᠃

    ᠲᠡᠬᠦᠨ ᠤ ᠬᠤᠶᠢᠲᠤ ᠬᠠᠪᠤᠷ ᠠᠯᠠᠩᠬᠢᠷ ᠨᠤᠮᠤ ᠬᠠᠷᠪᠤᠯᠴᠠᠨ ᠪᠠᠶᠢᠬᠤ ᠳᠤ ᠵᠠᠮᠤᠬ᠎ᠠ ᠪᠢᠷᠠᠭᠤ ᠶᠢᠨ ᠬᠤᠶᠠᠷ ᠡᠪᠡᠷ ᠢ

ᠨᠠᠭᠠᠵᠤ ᠨᠦᠬᠡᠯᠡᠵᠤ ᠬᠢᠭᠰᠡᠨ ᠲᠠᠭᠤᠲᠤ ᠰᠤᠮᠤ ᠪᠠᠨ ᠲᠡᠮᠦᠵᠢᠨ ᠳᠤ ᠦᠭᠪᠡ᠃ ᠲᠡᠮᠦᠵᠢᠨ ᠠᠷᠴᠠ ᠮᠤᠲᠤᠨ

ᠭᠤᠲᠤᠯᠢ ᠪᠠᠨ ᠬᠠᠷᠢᠭᠤ ᠦᠭᠴᠤ ᠲᠡᠬᠢᠨ ᠠᠨᠲᠠ ᠪᠤᠯᠤᠯᠴᠠᠪᠠ᠃ ᠬᠤᠶᠠᠲᠠᠬᠢ ᠤᠲᠠᠭ᠎ᠠ ᠠᠨᠲᠠ

ᠬᠡᠰᠡᠨ ᠤ ᠶᠤᠰᠤ  ᠲᠡᠶᠢᠮᠦ ᠪᠤᠯᠠᠢ᠃

    ᠤᠷᠲᠤᠰ ᠲᠡᠭᠡᠲᠦᠰ ᠤᠨ ᠦᠬᠡ ᠶᠢ ᠰᠤᠨᠤᠰᠪᠠᠯ᠄ ︽ᠠᠨᠲᠠ ᠬᠦᠮᠦᠨ ᠠᠮᠢᠨ ᠨᠢᠬᠡ ᠲᠠᠢ᠂ ᠦᠯᠦ  ᠲᠠᠪᠴᠢᠯᠲᠤᠨ᠂

ᠠᠮᠢᠨ ᠥᠮᠥᠭᠯᠡᠭᠴᠢ ᠪᠤᠯᠤᠶᠤ︾ ᠬᠡᠵᠤ ᠠᠮᠠᠷᠠᠯᠲᠤᠬᠤ ᠶᠤᠰᠤᠨ ᠲᠡᠶᠢᠮᠦ ᠪᠢᠯᠡ᠂ ᠡᠲᠦᠬᠡ ᠪᠠᠰᠠ ᠠᠨᠲᠠ ᠰᠡᠷᠬᠦᠬᠡᠵᠤ

ᠠᠮᠠᠷᠠᠯᠲᠤᠶ᠎ᠠ ᠬᠡᠪᠡ᠃

    ᠲᠡᠮᠦᠵᠢᠨ ᠮᠡᠷᠭᠡᠳ ᠤᠨ ᠲᠤᠭᠲᠤᠭ᠎ᠠ ᠠᠴᠠ ᠤᠯᠵᠠᠯᠠᠵᠤ ᠠᠪᠤᠭᠰᠠᠨ ᠠᠯᠲᠠᠨ ᠪᠦᠰᠡ ᠶᠢ ᠵᠠᠮᠤᠬ᠎ᠠ ᠠᠨᠲᠠ ᠳᠤ  ᠪᠦᠰᠡᠯᠡᠬᠦᠯᠪᠡ᠃

ᠲᠤᠭᠲᠤᠭ᠎ᠠ ᠶᠢᠨ ᠡᠰᠬᠡᠯ ᠬᠠᠯᠢᠭᠤ ᠶᠢ ᠵᠠᠮᠤᠬ᠎ᠠ ᠠᠨᠲᠠ ᠳᠤ ᠤᠨᠤᠭᠤᠯᠪᠠ᠃

    ᠵᠠᠮᠤᠬ᠎ᠠ᠂ ᠤᠸᠠᠰ ᠮᠡᠷᠭᠡᠳ ᠤᠨ ᠲᠠᠶᠢᠷ ᠤᠰᠤᠨ ᠠᠴᠠ ᠤᠯᠵᠠᠯᠠᠵᠤ ᠠᠪᠤᠭᠰᠠᠨ ᠠᠯᠲᠠᠨ ᠪᠦᠰᠡ ᠶᠢ  ᠲᠡᠮᠤᠵᠢᠨ ᠳᠤ ᠪᠦᠰᠡᠯᠡᠬᠦᠯᠪᠡ᠃

ᠪᠠᠰᠠ ᠲᠠᠶᠢᠷ ᠤᠰᠤᠨ ᠤ ᠡᠪᠡᠷ ᠲᠤ ᠦᠨᠦᠬᠦᠨ ᠴᠠᠭᠠᠨ ᠢ ᠲᠡᠮᠤᠵᠢᠨ ᠳᠤ ᠤᠨᠤᠭᠤᠯᠪᠠ᠃

    ᠬᠤᠷᠬᠤᠨᠠᠭ ᠵᠦᠪᠤᠷ ᠤᠨ

    ᠬᠤᠲᠠᠯᠠᠭᠠᠷ ᠬᠠᠲᠠᠨ ᠤ ᠦᠪᠦᠷ ᠲᠤ

    ᠰᠠᠭᠯᠠᠭᠠᠷ ᠮᠤᠲᠤᠨ ᠳᠤ

    ᠠᠨᠲᠠ ᠬᠡᠮᠡᠯᠲᠤᠨ ᠠᠮᠠᠷᠠᠯᠲᠤᠵᠤ

    ᠬᠤᠷᠢᠮᠯᠠᠨ ᠲᠦᠢᠯᠡᠨ ᠵᠢᠷᠭᠠᠯᠲᠤᠪᠠ᠃

    ᠰᠦᠨᠢ ᠭᠠᠭᠴᠠ ᠬᠦᠨᠵᠢᠯᠡᠨ ᠳᠤ ᠬᠤᠨᠤᠬᠤ ᠪᠢᠯᠡ ᠬᠡᠵᠡᠢ᠃ ᠡᠨᠡ ᠪᠤᠯ ︽ᠨᠢᠭᠤᠴᠠ ᠲᠤᠪᠴᠢᠶᠠᠨ︾ ᠳᠤ ᠲᠡᠮᠦᠵᠢᠨ᠂

ᠵᠠᠮᠤᠬ᠎ᠠ ᠬᠤᠶᠠᠭᠤᠯᠠ ᠤᠷᠢᠳ ᠬᠤᠵᠢᠳ ᠭᠤᠷᠪᠠ ᠤᠲᠠᠭ᠎ᠠ ᠲᠠᠩᠭᠠᠷᠢᠭᠯᠠᠵᠤ᠂ ᠠᠨᠲᠠ ᠪᠠᠷᠢᠯᠲᠤᠭᠰᠠᠨ ᠲᠤᠬᠠᠢ ᠨᠠᠷᠢᠨ

ᠲᠡᠮᠲᠡᠭᠯᠡᠯ ᠪᠤᠯᠤᠨ᠎ᠠ᠃ ᠲᠤᠰ ᠲᠡᠮᠲᠡᠭᠯᠡᠯ ᠳᠤ ︽ᠤᠷᠲᠤᠰ ᠲᠡᠭᠡᠲᠦᠰ ᠤᠨ ᠦᠬᠡ ᠶᠢ

ᠰᠤᠨᠤᠰᠪᠠᠯ᠄ ︿ᠠᠨᠲᠠ ᠬᠦᠮᠦᠨ ᠠᠮᠢᠨ ᠨᠢᠬᠡ ᠲᠠᠢ᠂ ᠦᠯᠦ ᠲᠠᠪᠴᠢᠯᠲᠤᠨ᠂ ᠠᠮᠢᠨ ᠦᠮᠦᠭᠯᠡᠭᠴᠢ

ᠪᠤᠯᠤᠶᠤ︾ ᠬᠡᠵᠤ ᠪᠠᠶᠢᠬᠤ ᠠᠴᠠ ᠦᠵᠡᠪᠡᠯ ᠮᠤᠩᠭᠤᠯᠴᠤᠳ ᠤᠨ ᠠᠨᠲᠠᠯᠠᠬᠤ ᠶᠤᠰᠤᠨ ᠨᠢ ᠠᠷᠪᠠᠨ

ᠭᠤᠷᠪᠠᠲᠤᠭᠠᠷ ᠵᠠᠭᠤᠨ ᠠᠴᠠ ᠶᠡᠭᠡ ᠡᠮᠦᠨ᠎ᠡ ᠪᠠᠶᠢᠭᠰᠠᠨ ᠬᠡᠰᠡᠨ ᠢ ᠦᠵᠡᠵᠤ ᠭᠠᠷᠬᠤ ᠶᠤᠮ᠃

ᠮᠦᠨᠴᠤ ︽ᠦᠯᠦ ᠲᠠᠪᠴᠢᠯᠲᠤᠨ᠂ ᠠᠮᠢᠨ ᠦᠮᠦᠭᠯᠡᠭᠴᠢ ᠪᠤᠯᠤᠶᠤ︾ ᠬᠡᠲᠡᠭ ᠨᠢ ᠬᠠᠷᠢᠯᠴᠠᠨ ᠲᠡᠮᠡᠴᠡᠯᠲᠤᠨ

ᠲᠠᠩᠭᠠᠷᠢᠭ ᠠᠴᠠ ᠪᠠᠨ ᠲᠠᠷᠰᠯᠡᠪᠡᠯ ᠠᠮᠢ ᠪᠠᠷ ᠢᠶᠠᠨ ᠠᠨᠲᠠ ᠶᠢᠨ ᠲᠠᠩᠭᠠᠷᠢᠭ ᠢᠶᠠᠨ

ᠬᠦᠢᠴᠡᠳᠬᠡᠨ᠎ᠡ ᠬᠡᠰᠡᠨ ᠰᠠᠨᠠᠭ᠎ᠠ ᠮᠦᠨ᠃ ︽ᠨᠢᠭᠤᠴᠠ ᠲᠤᠪᠴᠢᠶᠠᠨ︾ ᠤ 200 ᠳ᠋ᠤᠭᠠᠷ ᠵᠦᠢᠯ ᠳᠤ ᠲᠡᠮᠦᠵᠢᠨ

︽ᠨᠠᠢᠮᠠᠨ ᠮᠡᠷᠭᠡᠳ ᠢ ᠮᠦᠬᠦᠬᠡᠵᠤ᠂ ᠨᠠᠢᠮᠠᠨ ᠯᠤᠭ᠎ᠠ ᠬᠠᠮᠲᠤ ᠪᠠᠶᠢᠭᠰᠠᠨ ᠵᠠᠮᠤᠬ᠎ᠠ ᠤᠯᠤᠰ ᠢᠶᠠᠨ  

ᠠᠯᠲᠠᠵᠤ ᠲᠠᠪᠤᠨ ᠨᠦᠬᠦᠳ ᠲᠠᠢ ᠪᠠᠨ ᠲᠤᠨᠤᠭᠠᠴᠢ ᠪᠤᠯᠵᠤ ᠲᠠᠩᠨᠤ ᠠᠭᠤᠯᠠᠨ ᠳᠤ ᠤᠭᠠᠯᠵᠠ ᠠᠯᠠᠵᠤ ᠰᠢᠷᠠᠵᠤ

ᠢᠲᠡᠬᠦ ᠵᠠᠪᠰᠠᠷ᠎ᠠ ᠲᠠᠪᠤᠨ ᠨᠦᠬᠦᠳ ᠨᠢ ᠵᠠᠮᠤᠬ᠎ᠠ ᠶᠢ ᠪᠠᠷᠢᠵᠤ ᠴᠢᠩᠬᠢᠰ ᠬᠠᠭᠠᠨ ᠳᠤ ᠬᠦᠷᠭᠡᠵᠤ ᠢᠷᠡᠪᠡ︾᠃ ᠢᠩᠬᠢᠬᠡᠳ

ᠴᠢᠩᠬᠢᠰ ᠬᠠᠭᠠᠨ ︽ᠲᠤᠰ ᠬᠠᠨ ᠳᠤ ᠪᠠᠨ ᠭᠠᠷ ᠬᠦᠷᠦᠭᠰᠡᠨ ᠬᠦᠮᠦᠨ ᠢ ᠬᠡᠷᠬᠢᠨ ᠠᠬᠤᠭᠤᠯᠵᠤ ᠪᠤᠯᠬᠤ ᠤᠤ︖

ᠲᠡᠶᠢᠮᠦ ᠬᠦᠮᠦᠨ ᠲᠠᠢ ᠬᠡᠷᠬᠢᠨ ᠨᠦᠬᠦᠷᠯᠡᠬᠦ ᠪᠤᠢ︖ ᠬᠠᠨ ᠳᠤ ᠪᠠᠨ ᠭᠠᠷ ᠬᠦᠷᠦᠭᠰᠡᠨ ᠠᠷᠠᠳ ᠢ ᠤᠷᠤᠭ ᠲᠦᠷᠦᠯ ᠢ ᠨᠢ

ᠬᠦᠷᠲᠡᠯ᠎ᠡ ᠴᠠᠪᠴᠢᠨ ᠠᠯᠠᠭᠲᠤᠨ︾ ᠬᠡᠵᠤ ᠵᠠᠷᠯᠢᠭ ᠪᠤᠯᠵᠤ᠂ ᠵᠠᠮᠤᠬ᠎ᠠ ᠶᠢᠨ ᠨᠢᠲᠤᠨ ᠡᠮᠦᠨ᠎ᠡ

ᠲᠡᠬᠦᠨ ᠳᠤ ᠭᠠᠷ ᠬᠦᠷᠦᠭᠰᠡᠨ ᠠᠷᠠᠳ ᠢ ᠠᠯᠠᠪᠠ︾᠃ ᠪᠠᠰᠠ ᠴᠢᠩᠬᠢᠰ ᠬᠠᠭᠠᠨ ᠵᠠᠮᠤᠬ᠎ᠠ ᠲᠠᠢ

ᠲᠠᠬᠢᠨ ᠨᠦᠬᠦᠷᠯᠡᠶ᠎ᠡ ᠬᠡᠬᠦ ᠳᠤ ᠵᠠᠮᠤᠬ᠎ᠠ᠄ ︽ᠨᠦᠬᠦᠷᠯᠡᠬᠦ ᠴᠠᠭ ᠲᠤ ᠪᠢ ᠨᠦᠬᠦᠷᠯᠡᠭᠰᠡᠨ ᠦᠭᠡᠢ ᠪᠢᠯᠡ᠃

ᠡᠲᠦᠬᠡ ᠠᠨᠲᠠ ᠮᠢᠨᠢ ᠦᠷᠦᠰᠢᠶᠡᠪᠡᠯ ᠨᠠᠮᠠᠢᠢ ᠦᠬᠦᠬᠦᠯᠵᠤ ᠦᠪᠡᠷ ᠤᠨ ᠰᠡᠳᠬᠢᠯ ᠢᠶᠠᠨ ᠠᠮᠤᠷᠵᠢᠭᠤᠯᠳᠤᠭᠠᠢ᠃

ᠠᠨᠲᠠ ᠲᠠ ᠰᠤᠶᠤᠷᠬᠠᠵᠤ ᠠᠯᠠᠬᠤ ᠳᠤ ᠬᠦᠷᠪᠡᠯ ᠴᠢᠰᠤ ᠭᠠᠷᠭᠠᠯ ᠦᠭᠡᠢ ᠦᠬᠦᠬᠦᠯᠬᠦ ᠪᠤᠯᠪᠠᠤ︖ ᠬᠡᠵᠤ

ᠠᠨᠲᠠ ᠶᠢᠨ ᠲᠠᠩᠭᠠᠷᠢᠭ ᠢᠶᠠᠨ ᠬᠦᠢᠴᠡᠳᠬᠡᠭᠰᠡᠨ ᠪᠠᠶᠢᠨ᠎ᠠ᠃ ᠡᠨᠡ ᠬᠦ ᠲᠡᠮᠲᠡᠭᠯᠡᠯ ᠨᠢ

ᠮᠤᠩᠭᠤᠯᠴᠤᠳ ᠤᠨ ᠠᠨᠲᠠ ᠶᠢᠨ ᠶᠤᠰᠤᠨ ᠤ ᠲᠠᠩᠭᠠᠷᠢᠭ ᠨᠢ ᠬᠠᠲᠠᠭᠤ ᠴᠢᠩᠭ᠎ᠠ ᠵᠢᠷᠤᠮ

ᠶᠤᠰᠤ ᠶᠢᠨ ᠬᠡᠷᠡᠴᠢ ᠪᠤᠯᠵᠤ ᠦᠯᠡᠲᠡᠵᠡᠢ᠃

    21 ᠳ᠋ᠤᠭᠠᠷ ᠵᠠᠭᠤᠨ ᠳᠤ ᠮᠤᠩᠭᠤᠯᠴᠤᠳ ᠤᠨ ᠠᠮᠢ ᠨᠢᠬᠡ ᠲᠠᠢ ᠠᠨᠲᠠ ᠶᠢᠨ ᠶᠤᠰᠤ ᠨᠢ ︽ᠨᠠᠷᠠᠲᠤ ᠶᠢᠨ  ᠵᠠᠶᠠᠭ᠎ᠠ

ᠠᠨᠲᠠ ᠶᠢᠨ ᠬᠤᠯᠪᠤᠭ᠎ᠠ︾ ᠳᠤ ᠨᠡᠪᠴᠢᠷᠡᠨ ᠤᠷᠤᠭᠰᠠᠨ ᠨᠢ ᠰᠤᠶᠤᠯ ᠲᠡᠤᠬᠡ ᠶᠢᠨ ᠰᠢᠨ᠎ᠡ ᠠᠮᠢᠯᠠᠯ  

ᠪᠤᠯᠬᠤ ᠨᠢ ᠮᠡᠲᠡᠭᠡᠵᠢ ᠶᠢᠨ ᠬᠡᠷᠡᠭ︕

    ᠬᠤᠶᠡᠷ᠂ ᠤᠷᠲᠤᠰ ᠮᠤᠩᠭᠤᠯ ᠤᠨ ᠠᠨᠲᠠᠯᠠᠬᠤ ᠶᠤᠰᠤᠨ

    ︵ᠨᠢᠭᠡ︶᠂ ᠠᠨᠲᠠ ᠬᠡᠲᠡᠭ ᠦᠬᠡ ᠶᠢᠨ ᠤᠬᠠᠭᠲᠠᠬᠤᠨ

    ᠠᠨᠲᠠ ᠬᠡᠲᠡᠭ ᠦᠬᠡ ᠪᠤᠯ ︽ᠠᠨᠲᠠᠭᠠᠢ︾ ᠬᠡᠲᠡᠭ ᠦᠬᠡ ᠶᠢᠨ ᠢᠵᠠᠭᠤᠷ ᠪᠤᠯᠬᠤ ᠠᠨᠲᠠ + ‍ᠭᠠᠢ + ᠯᠠ

 + ‍ᠬᠤ = ᠠᠨᠲᠠᠭᠠᠶᠢᠯᠠᠬᠤ ᠵᠡᠷᠭᠡ ᠪᠤᠯᠤᠨ᠎ᠠ᠃ ᠦᠬᠡᠷ᠎ᠡ ᠪᠠᠷ ᠬᠡᠯᠡᠪᠡᠯ ᠲᠠᠩᠭᠠᠷᠢᠭᠯᠠᠬᠤ ᠬᠡᠰᠡᠨ ᠰᠠᠨᠠᠭ᠎ᠠ ᠲᠠᠢ

ᠦᠬᠡ  ᠮᠦᠨ᠃ ᠡᠶᠢᠮᠦ ᠠᠴᠠ ︽ᠠᠨᠲᠠ ᠠᠬ᠎ᠠ ᠲᠠᠬᠦᠤ︾ ᠬᠡᠲᠡᠭ ᠨᠢ ᠲᠡᠭᠷᠢ ᠳᠤ ᠮᠦᠷᠬᠦᠵᠤ ᠲᠡᠩᠭᠠᠷᠢᠭᠯᠠᠭᠰᠠᠨ

ᠠᠬ᠎ᠠ ᠲᠡᠬᠦᠤ ᠬᠡᠰᠡᠨ ᠨᠡᠷ᠎ᠡ ᠪᠤᠯᠤᠨ᠎ᠠ᠃

    ︵ᠬᠤᠶᠠᠷ︶ ᠠᠨᠲᠠ ᠠᠬ᠎ᠠ ᠲᠡᠬᠦᠤ ᠪᠠᠷᠢᠯᠲᠤᠬᠤ ᠶᠢ ᠬᠡᠷᠡᠴᠢᠯᠡᠬᠦ ᠤᠩᠭᠤᠳ ᠰᠢᠲᠦᠬᠡᠨ ᠪᠠᠶᠢᠲᠠᠭ

    1. ᠬᠦᠬᠡ ᠮᠦᠩᠬᠡ ᠲᠡᠭᠷᠢ᠂ ᠬᠦᠷᠦᠰᠦᠲᠤ ᠠᠯᠲᠠᠨ ᠲᠡᠯᠡᠬᠡᠢ ᠳᠤ ᠲᠠᠭᠠᠳᠬᠠᠵᠤ ᠬᠡᠷᠡᠴᠢᠯᠡᠬᠦᠯᠤᠨ ᠲᠡᠭᠷᠢ ᠳᠤ  

ᠠᠮᠠᠯᠲᠤᠵᠤ ᠠᠨᠲᠠ ᠪᠠᠷᠢᠯᠲᠤᠨ᠎ᠠ᠃

    2. ᠤᠪᠤᠭ᠎ᠠ ᠤᠷᠤᠳ᠂ ᠤᠩᠭᠤᠳ ᠪᠠᠭᠤᠮᠠᠯ ᠰᠢᠲᠤᠭᠡᠨ ᠢᠶᠠᠷ ᠭᠡᠷᠡᠴᠢᠯᠡᠬᠦᠯᠦᠨ ᠲᠠᠩᠭᠠᠷᠢᠭᠯᠠᠨ ᠠᠮᠠᠯᠲᠤᠵᠤ ᠠᠨᠲᠠ

ᠪᠠᠷᠢᠯᠲᠤᠨ᠎ᠠ᠃

    3. ᠰᠠᠭᠯᠠᠭᠠᠷ ᠮᠤᠲᠤᠨ ᠤᠩᠭᠤᠳ ᠢᠶᠠᠷ ᠬᠡᠷᠡᠴᠢᠯᠡᠬᠦᠯᠦᠨ ᠲᠠᠩᠭᠠᠷᠢᠭᠯᠠᠵᠤ ᠠᠮᠠᠯᠲᠤᠭᠠᠳ ᠠᠨᠲᠠ  ᠪᠠᠷᠢᠯᠲᠤᠨ᠎ᠠ᠃

ᠲᠡᠭᠡᠷᠡᠬᠢ ᠭᠤᠷᠪᠠᠨ ᠵᠦᠢᠯ ᠠᠴᠠ ᠠᠯᠢ ᠨᠢᠬᠡ ᠶᠢ ᠨᠢ ᠰᠤᠩᠭᠤᠵᠤ᠂ ᠲᠤᠬᠠᠢ ᠶᠢᠨ ᠭᠠᠵᠠᠷ ᠲᠤ ᠨᠢ ᠤᠴᠢᠵᠤ ᠲᠡᠭᠷᠢ ᠳᠤ

ᠮᠦᠷᠬᠦᠵᠤ ᠲᠠᠩᠭᠠᠷᠢᠭᠯᠠᠨ ᠠᠬ᠎ᠠ ᠲᠠᠬᠦᠤ ᠪᠠᠷᠢᠯᠲᠤᠨ᠎ᠠ᠃

    ︵ᠭᠤᠷᠪᠠ︶ ᠲᠠᠩᠭᠠᠷᠢᠭ ᠤᠨ ᠦᠴᠢᠭ ᠪᠠ ᠠᠭᠤᠯᠭ᠎ᠠ

    1. ᠴᠢᠰᠤᠨ ᠲᠠᠩᠭᠠᠷᠢᠭ ᠬᠢᠨ᠎ᠠ᠃ ᠴᠢᠰᠤᠨ ᠲᠠᠩᠭᠠᠷᠢᠭ ᠬᠡᠲᠡᠭ ᠨᠢ ᠲᠠᠷᠤᠢ ᠠᠨᠲᠠ ᠠᠬ᠎ᠠ ᠲᠡᠬᠦᠤ  ᠪᠤᠯᠤᠯᠴᠠᠬᠤ

ᠬᠦᠮᠦᠰ ᠨᠢ ᠵᠡᠬᠦᠨ ᠭᠠᠷ ᠤᠨ ᠡᠷᠡᠬᠡᠢ ᠬᠤᠷᠤᠭᠤ ᠪᠠᠨ ᠵᠡᠬᠦᠤ ᠪᠠᠷ ᠰᠢᠪᠡᠵᠤ ᠴᠢᠰᠤ ᠭᠠᠷᠭᠠᠭᠠᠳ ᠨᠢᠬᠡ

ᠠᠶᠠᠭ᠎ᠠ ᠠᠷᠢᠬᠢᠨ ᠳᠤ ᠲᠤᠰᠬᠠᠵᠤ᠂ ᠪᠦᠬᠦᠲᠠ ᠪᠠᠷ ᠢᠶᠠᠨ ᠬᠤᠪᠢᠶᠠᠯᠴᠠᠨ ᠤᠤᠭᠤᠭᠠᠳ᠄ ︽ᠪᠢᠲᠠ ᠡᠴᠢᠬᠡ  

ᠲᠡᠭᠷᠢ ᠳᠤ ᠮᠦᠷᠬᠦᠵᠤ᠂ ᠬᠦᠬᠡ ᠮᠦᠩᠬᠡ ᠲᠡᠭᠷᠢ ᠪᠠᠷ ᠡᠴᠢᠬᠡ ᠬᠢᠵᠤ᠂ ᠬᠦᠷᠦᠰᠤᠲᠤ ᠠᠯᠲᠠᠨ

ᠲᠡᠯᠡᠬᠡᠢ ᠪᠠᠷ ᠡᠬᠡ  ᠪᠤᠯᠭᠠᠵᠤ᠂ ᠠᠬ᠎ᠠ ᠲᠡᠬᠦᠤ ᠪᠠᠷᠢᠯᠲᠤᠵᠤ ᠪᠠᠶᠢᠨ᠎ᠠ᠃ ᠡᠨᠡ ᠡᠲᠦᠷ ᠤᠨ

ᠡᠨᠡ ᠴᠠᠭ ᠠᠴᠠ ᠡᠬᠢᠯᠡᠨ ᠪᠢᠲᠠ ᠵᠢᠷᠭᠠᠯ  ᠵᠤᠪᠠᠯ ᠢᠶᠠᠨ ᠬᠠᠮᠲᠤᠳᠬᠠᠵᠤ᠂ ᠬᠠᠷᠢᠯᠴᠠᠨ ᠨᠢᠬᠡ ᠨᠢᠬᠡᠨ ᠢᠶᠠᠨ ᠲᠡᠮᠵᠢᠵᠤ᠂

ᠡᠯᠢᠬᠡᠴᠢᠯᠡᠨ ᠶᠠᠪᠤᠬᠤ ᠪᠠᠷ  ᠲᠠᠩᠭᠠᠷᠢᠭᠯᠠᠵᠤ ᠪᠠᠶᠢᠨ᠎ᠠ᠃ ᠬᠡᠷᠪᠡ ᠬᠡᠯᠡᠭᠰᠡᠨ ᠢᠶᠠᠨ ᠵᠠᠯᠬᠢᠵᠤ᠂ ᠬᠡᠬᠡᠷᠡᠭᠰᠡᠨ ᠢᠶᠠᠨ ᠢᠲᠡᠪᠡᠯ᠂

ᠡᠴᠢᠬᠡ ᠲᠡᠭᠷᠢ  ᠨᠢᠷᠭᠡᠲᠦᠭᠡᠢ︕︾ ᠬᠡᠵᠤ ᠲᠠᠩᠭᠠᠷᠢᠭᠯᠠᠭᠠᠳ ᠲᠡᠭᠷᠢ ᠳᠤ ᠭᠤᠷᠪᠠᠨ ᠲᠤᠯᠤᠭᠠᠢ ᠮᠦᠷᠬᠦᠨ᠎ᠡ᠃ ᠡᠬᠦᠨ ᠢ

ᠪᠠᠰᠠ ︽ ᠰᠠᠪᠠ︾ ᠲᠠᠩᠭᠠᠷᠢᠭ ᠬᠡᠲᠡᠭ᠃ ᠡᠨᠡ ᠨᠢ ᠴᠢᠰᠤᠨ ᠤᠲᠤᠮ ᠢᠶᠠᠨ ᠨᠢᠬᠡᠳᠬᠡᠭᠰᠡᠨ ᠬᠡᠷᠡᠴᠢ

ᠪᠠᠲᠤᠯᠠᠪᠤᠷᠢ ᠪᠤᠯᠲᠠᠭ᠃ ︵ᠡᠨᠡ ᠴᠢᠰᠤ ᠶᠢ ᠬᠠᠷ᠎ᠠ ᠢᠮᠠᠭ᠎ᠠ ᠪᠤᠶᠤ ᠬᠦᠬᠡ ᠢᠮᠠᠭᠠᠨ ᠠᠮᠢᠲᠤ

ᠴᠢᠰᠤ ᠪᠠᠷ ᠤᠷᠤᠯᠠᠭᠤᠯᠵᠤ ᠪᠤᠯᠲᠠᠭ ᠬᠡᠨ᠎ᠡ᠃  ᠬᠡᠷᠪᠡ ᠢᠮᠠᠭ᠎ᠠ ᠠᠯᠠᠵᠤ ᠲᠠᠩᠭᠠᠷᠢᠭᠯᠠᠪᠠᠯ᠂

ᠢᠮᠠᠭᠠᠨ ᠤ ᠮᠢᠬ᠎ᠠ ᠪᠠᠨ ᠠᠨᠲᠠ ᠶᠢᠨ ᠨᠠᠶᠢᠷ ᠲᠤ ᠬᠡᠷᠡᠭᠯᠡᠵᠤ ᠲᠠᠶᠠᠭᠠᠷ  ᠬᠤᠪᠢᠶᠠᠯᠴᠠᠨ ᠢᠲᠡᠨ᠎ᠡ᠃︶

    2. ᠡᠵᠢ ᠶᠢᠨ ᠰᠦᠨ ᠤ ᠲᠠᠩᠭᠠᠷᠢᠭ

     ︽ᠡᠵᠢ ᠶᠢᠨ ᠰᠦᠨ ᠤ ᠲᠠᠩᠭᠠᠷᠢᠭ︾ ᠬᠡᠲᠡᠭ ᠨᠢ ᠨᠢᠬᠡ ᠭᠠᠲᠤᠷ᠎ᠠ ᠤᠰᠤᠨ ᠳᠤ ᠰᠦ ᠲᠤᠰᠬᠠᠵᠤ᠂ ᠠᠨᠲᠠ  

ᠠᠬ᠎ᠠ ᠲᠡᠬᠦᠤ ᠪᠠᠷᠢᠯᠲᠤᠬᠤ ᠬᠦᠮᠦᠰ ᠨᠢ ᠨᠢᠭᠤᠷ ᠭᠠᠷ ᠢᠶᠠᠨ ᠤᠬᠢᠶᠠᠭᠠᠳ ᠬᠠᠮᠤᠭ ᠪᠠᠭ᠎ᠠ ᠲᠡᠬᠦᠤ ᠨᠢ ᠵᠢᠯ ᠤᠨ

ᠰᠠᠶᠢᠨ ᠵᠦᠭ ᠲᠤ ᠠᠰᠭᠠᠭᠠᠳ ᠬᠡᠷ ᠲᠤ ᠤᠷᠤᠵᠤ ᠢᠷᠡᠭᠡᠳ ᠤᠯᠠᠨ ᠠᠬ᠎ᠠ ᠲᠡᠬᠦᠤ ᠨᠠᠷ ᠲᠤ ᠪᠠᠨ

︽ᠶᠤᠰᠤᠴᠢᠯᠠᠨ ᠶᠠᠪᠤᠬᠤ  ᠪᠤᠯᠲᠤᠭᠠᠢ︾ ᠬᠡᠵᠤ ᠨᠢᠬᠡ ᠲᠤᠯᠤᠭᠠᠢ ᠮᠦᠷᠬᠦᠬᠦ ᠳᠤ ᠲᠠᠶᠠᠭᠠᠷ ᠢᠶᠠᠨ

︽ᠲᠡᠷᠡ ᠪᠡᠯᠭᠡ ᠪᠠᠷ ᠪᠤᠯᠲᠤᠭᠠᠢ︾ ᠬᠡᠵᠤ  ᠬᠡᠯᠡᠬᠡᠳ ᠠᠨᠲᠠ ᠲᠡᠬᠦᠤ ᠶᠢᠨ ᠢᠶᠠᠨ ᠭᠠᠲᠤᠷ᠎ᠠ ᠳᠤ ᠬᠡᠰᠢᠭ

ᠰᠤᠶᠤᠷᠬᠠᠯ ᠬᠢᠵᠤ ᠦᠭᠲᠡᠭ᠃

    3. ᠭᠠᠯ ᠭᠤᠯᠤᠮᠲᠠ ᠨᠢᠬᠡᠳᠬᠡᠬᠦ ᠲᠠᠩᠭᠠᠷᠢᠭ

    ︽ᠭᠠᠯ ᠭᠤᠯᠤᠮᠲᠠ ᠨᠢᠬᠡᠳᠬᠡᠬᠦ ᠲᠠᠩᠭᠠᠷᠢᠭ︾ ᠬᠡᠲᠡᠭ ᠨᠢ ᠶᠡᠭᠡ ᠠᠬ᠎ᠠ ᠶᠢᠨ ᠢᠶᠠᠨ ᠭᠤᠯᠤᠮᠲᠠ ᠶᠢ ᠲᠠᠬᠢᠵᠤ᠂

ᠭᠠᠯ ᠳᠤ ᠮᠦᠷᠬᠦᠬᠡᠳ ᠨᠢᠬᠡ ᠠᠶᠢᠯ ︵ᠨᠢᠬᠡ ᠬᠡᠷ︶ ᠤᠨ ᠬᠦᠮᠦᠨ ᠪᠤᠯᠤᠭᠰᠠᠨ ᠢᠶᠠᠨ ᠮᠡᠲᠡᠷᠡᠲᠡᠭ᠃

    4. ᠠᠨᠲᠠ ᠶᠢᠨ ᠠᠪᠤ ᠡᠵᠢ ᠳᠤ ᠮᠦᠷᠬᠦᠵᠤ ᠲᠠᠩᠭᠠᠷᠢᠭᠯᠠᠬᠤ

    ︽ᠠᠨᠲᠠ ᠶᠢᠨ ᠠᠪᠤ ᠡᠵᠢ ᠳᠤ ᠪᠠᠨ ᠮᠦᠷᠬᠦᠵᠤ ᠲᠠᠩᠭᠠᠷᠢᠭᠯᠠᠬᠤ︾ ᠬᠡᠲᠡᠭ ᠨᠢ ᠲᠡᠭᠡᠷᠡᠬᠢ ᠭᠤᠷᠪᠠᠨ ᠵᠦᠢᠯ ᠤᠨ

ᠲᠠᠩᠭᠠᠷᠢᠭ ᠢ ᠬᠢᠵᠤ ᠪᠠᠷᠠᠭᠰᠠᠨ ᠤ ᠲᠠᠷᠠᠭ᠎ᠠ ᠠᠨᠲᠠ ᠶᠢᠨ ᠠᠪᠤ ᠡᠵᠢ ᠳᠤ ᠪᠠᠨ ᠮᠦᠷᠬᠦᠵᠤ

︽ᠪᠢᠲᠠ ᠲᠡᠭᠷᠢ ᠳᠤ ᠮᠦᠷᠬᠦᠵᠤ ᠠᠬ᠎ᠠ ᠲᠡᠬᠦᠤ

ᠪᠠᠷᠢᠯᠲᠤᠯ᠎ᠠ᠂ ᠠᠴᠢᠲᠤ ᠪᠤᠭᠤᠷᠤᠯ ᠨᠠᠰᠤᠲᠠᠳ ᠪᠢᠲᠠᠨ ᠢ ᠲᠦᠷᠦᠭᠰᠡᠨ ᠠᠬ᠎ᠠ ᠲᠡᠬᠦᠤ ᠮᠡᠲᠦ ᠠᠳᠠᠯᠢᠬᠠᠨ ᠡᠨᠡᠷᠢᠵᠤ ᠶᠠᠪᠤᠬᠤ

ᠪᠤᠯᠲᠤᠭᠠᠢ︾᠂ ︽ᠲᠡᠭᠷᠢ ᠶᠢᠨ ᠰᠤᠶᠤᠷᠬᠠᠯ ᠢᠶᠠᠷ ᠪᠢᠲᠠ ᠠᠪᠤ ᠡᠵᠢ ᠲᠠᠨ ᠤ ᠲᠠᠪᠠᠯ ᠲᠠᠢ ᠬᠦᠪᠡᠬᠦᠨ

ᠪᠤᠯᠵᠤ ᠲᠦᠷᠦᠯ᠎ᠠ᠂ ᠬᠤᠵᠢᠮ ᠬᠦᠯ ᠢ ᠴᠢᠨᠢ ᠬᠤᠴᠢᠵᠤ᠂ ᠬᠦᠷᠰᠢ ᠶᠢ ᠴᠢᠨᠢ  ᠠᠰᠠᠷᠠᠨ ᠲᠡᠳᠬᠦᠵᠤ ᠶᠠᠪᠤᠶ᠎ᠠ︕︾

ᠬᠡᠵᠤ ᠲᠠᠩᠭᠠᠷᠢᠭᠯᠠᠭᠠᠳ ᠭᠤᠷᠪᠠᠨ ᠲᠤᠯᠤᠭᠠᠢ ᠮᠦᠷᠬᠦᠨ᠎ᠡ᠃

    ᠭᠤᠷᠪᠡ᠂ ᠠᠨᠲᠠ ᠠᠬ᠎ᠠ ᠲᠡᠬᠦᠤ ᠶᠢ ᠬᠡᠷᠡᠴᠢᠯᠡᠬᠦ ᠪᠠ ᠰᠦᠢ ᠰᠤᠯᠢᠯᠴᠠᠬᠤ ᠶᠤᠰᠤᠨ

    ᠠᠨᠲᠠ ᠠᠬ᠎ᠠ ᠲᠡᠬᠦᠤ ᠪᠠᠷᠢᠯᠲᠤᠭᠰᠠᠨ ᠬᠦᠮᠦᠰ ᠬᠠᠷᠢᠯᠴᠠᠨ ᠠᠨᠲᠠ ᠠᠬ᠎ᠠ ᠲᠡᠬᠦᠤ ᠪᠠᠨ ᠬᠡᠷᠡᠴᠢᠯᠡᠬᠦ ᠪᠡᠯᠡᠭ  

ᠬᠦᠷᠭᠡᠲᠡᠭ ᠶᠤᠰᠤᠨ ᠪᠤᠢ᠃ ᠡᠬᠦᠨ ᠢ ᠠᠨᠲᠠ ᠶᠢᠨ ᠰᠦᠢ ᠰᠤᠯᠢᠯᠴᠠᠬᠤ ᠶᠤᠰᠤᠨ ᠬᠡᠨ᠎ᠡ᠃ ᠪᠡᠯᠡᠭ ᠨᠢ

ᠶᠡᠭᠡ ᠪᠠᠭ᠎ᠠ  ᠪᠠᠶᠢᠭᠰᠠᠨ ᠴᠤ ᠬᠠᠮᠢᠶ᠎ᠠ ᠦᠭᠡᠢ ᠨᠠᠨᠳᠢᠩᠨᠠᠨ ᠬᠦᠷᠭᠡᠵᠤ᠂ ᠡᠷᠬᠢᠮᠨᠠᠨ ᠬᠠᠲᠠᠭᠠᠯᠠᠵᠤ᠂ ᠬᠤᠵᠢᠮ

ᠬᠤᠶᠢᠴᠢ ᠶᠢᠨ ᠦᠶ᠎ᠡ ᠳᠤ ᠠᠨᠲᠠ ᠠᠬ᠎ᠠ ᠲᠡᠬᠦᠤ ᠶᠢᠨ ᠬᠡᠷᠡᠴᠢ ᠪᠤᠯᠭᠠᠲᠠᠭ ᠶᠤᠰᠤᠳᠠᠢ᠃

     ︵ᠨᠢᠭᠡ︶᠂ ᠠᠨᠲᠠ ᠶᠢᠨ ᠬᠠᠷᠢᠴᠠᠭ᠎ᠠ ᠬᠤᠯᠪᠤᠭ᠎ᠠ

    ᠠᠨᠲᠠ ᠠᠬ᠎ᠠ ᠲᠡᠬᠦᠤ ᠶᠢᠨ ᠨᠠᠰᠤ ᠵᠢᠯ ᠨᠢ ᠡᠷᠬᠡᠪᠰᠢ ᠤᠶᠢᠷᠠᠯᠴᠠᠭ᠎ᠠ ᠨᠠᠰᠤᠲᠠᠢ ᠬᠦᠮᠦᠰ ᠢᠶᠠᠷ ᠪᠦᠷᠢᠯᠲᠦᠬᠦ  ᠬᠡᠷᠡᠭᠲᠡᠢ᠃

ᠬᠡᠬᠦ ᠳᠤ ᠪᠠᠨ ᠡᠷᠬᠡᠪᠰᠢ ᠶᠡᠷᠦ ᠪᠤᠰᠤ ᠶᠢᠨ ᠬᠦᠨ ᠵᠤᠵᠠᠭᠠᠨ ᠬᠠᠶᠢᠷ᠎ᠠ ᠰᠡᠳᠬᠢᠯᠬᠡ ᠲᠠᠢ ᠢᠨᠠᠭ ᠲᠤᠲᠤᠨᠤ ᠬᠦᠮᠦᠰ ᠪᠠᠶᠢᠬᠤ ᠬᠡᠷᠡᠭᠲᠡᠢ᠃

ᠠᠳᠡ ᠠᠬ᠎ᠠ ᠲᠡᠬᠦᠤ ᠪᠠᠷᠢᠯᠲᠤᠮᠠᠭᠴᠠ ᠡᠩ ᠤᠨ ᠨᠦᠬᠦᠷ ᠤᠨ ᠬᠠᠷᠢᠴᠠᠭ᠎ᠠ ᠠᠴᠠ ᠲᠠᠪᠠᠵᠤ᠂ ᠲᠦᠷᠦᠭᠰᠡᠨ ᠠᠬ᠎ᠠ

ᠲᠡᠬᠦᠤ ᠶᠢᠨ ᠬᠠᠷᠢᠴᠠᠭ᠎ᠠ ᠪᠤᠯᠵᠤ ᠬᠤᠪᠢᠷᠠᠲᠠᠭ᠃ ᠡᠶᠢᠮᠦ ᠠᠴᠠ ᠠᠨᠲᠠ ᠠᠬ᠎ᠠ ᠲᠡᠬᠦᠤ ᠶᠢᠨ ᠦᠷ᠎ᠡ

ᠬᠤᠶᠢᠴᠢᠰ ᠨᠢ ᠴᠤ ᠡᠴᠢᠬᠡ ᠶᠢᠨ ᠢᠶᠠᠨ ᠠᠨᠲᠠ ᠠᠬ᠎ᠠ ᠲᠡᠬᠦᠤ ᠶᠢ ᠪᠦᠷ ︽ᠠᠨᠲᠠ ᠠᠪᠠᠢ᠂  

ᠠᠨᠲᠠ ᠮᠦᠮᠦ︾ ᠲᠠᠭᠤᠲᠠᠵᠤ ᠬᠠᠷᠢᠯᠴᠠᠨ ᠬᠦᠨᠳᠦᠳᠬᠡᠨ ᠶᠠᠪᠤᠬᠤ ᠬᠠᠷᠢᠴᠠᠭ᠎ᠠ ᠪᠤᠢ ᠪᠤᠯᠲᠠᠭ᠃

    ︵ᠬᠤᠶᠡᠷ︶᠂ ᠠᠨᠲᠠ ᠶᠢᠨ ᠡᠬᠦᠷᠭᠡ ᠬᠠᠷᠢᠭᠤᠴᠠᠯᠭ᠎ᠠ

    1. ᠠᠨᠲᠠᠯᠠᠭᠰᠠᠨ ᠬᠦᠮᠦᠨ ᠵᠠᠪᠠᠯ ᠦᠪᠡᠷ ᠤᠨ ᠢᠶᠠᠨ ᠠᠮᠠᠨ ᠲᠠᠩᠭᠠᠷᠢᠭ ᠢ ᠰᠠᠬᠢᠵᠤ᠂ ᠠᠨᠲᠠ ᠶᠢᠨ ᠵᠢᠷᠤᠮ  

ᠶᠤᠰᠤ ᠶᠢ ᠦᠨᠡᠨᠴᠢ ᠰᠢᠲᠤᠷᠭᠤ ᠪᠠᠷ ᠬᠦᠢᠴᠡᠳᠭᠡᠵᠤ᠂ ᠠᠬ᠎ᠠ ᠲᠡᠬᠦᠤ ᠶᠢᠨ ᠡᠬᠦᠷᠬᠡ ᠬᠠᠷᠢᠭᠤᠴᠠᠯᠭ᠎ᠠ ᠶᠢ  

ᠬᠦᠢᠴᠡᠳᠬᠡᠬᠦ ᠬᠡᠷᠡᠭᠲᠡᠢ᠃ ᠡᠨᠡ ᠪᠤᠯ ᠠᠨᠲᠠ ᠠᠬ᠎ᠠ ᠲᠡᠬᠦᠤ ᠶᠢᠨ ᠬᠠᠮᠤᠭ ᠨᠠᠭᠠᠲᠤ ᠵᠠᠬ᠎ᠠ ᠶᠢᠨ

ᠱᠠᠭᠠᠷᠲᠠᠯᠭ᠎ᠠ ᠮᠦᠨ᠃

    2. ︽ᠠᠨᠲᠠ ᠬᠦᠮᠦᠨ ᠠᠮᠢᠨ ᠨᠢᠬᠡ︾ ᠪᠤᠯᠲᠠᠭ᠂ ᠠᠨᠲᠠ ᠠᠬ᠎ᠠ ᠲᠡᠬᠦᠤ ᠪᠠᠷᠢᠯᠲᠤᠭᠰᠠᠨ ᠤ ᠲᠠᠷᠠᠭ᠎ᠠ ᠵᠤᠯ ᠵᠢᠷᠭᠠᠯ᠂

ᠵᠤᠪᠠᠯᠠᠩ ᠵᠦᠲᠡᠬᠦᠷᠢ ᠪᠠᠨ ᠬᠠᠮᠲᠤᠳᠬᠠᠬᠤ ᠬᠡᠷᠡᠭᠲᠡᠢ᠂ ᠡᠨᠡ ᠪᠤᠯ ᠠᠨᠲᠠᠯᠠᠬᠤ ᠶᠢᠨ ᠬᠠᠮᠤᠭ ᠴᠢᠬᠤᠯᠠ ᠠᠨᠲᠠ ᠶᠢᠨ ᠵᠢᠷᠤᠮ ᠮᠦᠨ᠃

    3. ᠬᠡᠷᠪᠡ ᠠᠨᠲᠠᠯᠠᠭᠰᠠᠳ ᠤᠨ ᠨᠢᠬᠡ ᠨᠢ ᠡᠴᠢᠬᠡ ᠶᠢᠨ ᠭᠠᠭᠴᠠ ᠬᠦᠤ ᠪᠠᠶᠢᠭᠠᠳ ᠡᠷᠲᠡ ᠨᠠᠰᠤ ᠪᠠᠷᠠᠭᠰᠠᠨ  

ᠪᠠᠶᠢᠪᠠᠯ ᠨᠦᠬᠦᠬᠡ ᠨᠢᠬᠡ ᠨᠢ ᠠᠨᠲᠠ ᠶᠢᠨ ᠢᠶᠠᠨ ᠡᠵᠢ ᠠᠪᠤ᠂ ᠦᠷ᠎ᠡ ᠬᠡᠤᠬᠡᠳ ᠢ ᠠᠰᠠᠷᠠᠨ ᠲᠡᠳᠬᠦᠬᠦ  

ᠬᠠᠷᠢᠭᠤᠴᠠᠯᠭ᠎ᠠ ᠶᠢ ᠪᠡᠶᠡᠯᠡᠬᠦᠯᠬᠦ ᠬᠡᠷᠡᠭᠲᠡᠢ᠃

    4. ︽ᠲᠡᠭᠡᠷ᠎ᠡ ᠦᠶ᠎ᠡ ᠶᠢᠨ ᠠᠨᠲᠠ ᠠᠬ᠎ᠠ ᠲᠡᠬᠦᠤ᠂ ᠲᠡᠷᠠᠭ᠎ᠠ ᠦᠶ᠎ᠡ ᠳᠤ ᠲᠦᠷᠦᠭᠰᠡᠨ ᠠᠬ᠎ᠠ ᠲᠡᠬᠦᠤ︾  ᠬᠡᠵᠤ

ᠬᠡᠯᠡᠲᠡᠭ ᠪᠤᠯᠬᠤᠷ ᠬᠠᠮᠤᠭ ᠲᠤᠲᠤᠨᠤ ᠲᠦᠷᠦᠯ ᠰᠠᠲᠤᠨ ᠤ ᠬᠠᠷᠢᠴᠠᠭ᠎ᠠ ᠶᠢᠨ ᠬᠠᠷᠢᠭᠤᠴᠠᠯᠭ᠎ᠠ ᠶᠢ ᠬᠦᠢᠴᠡᠳᠬᠡᠬᠦ  ᠬᠡᠷᠡᠭᠲᠡᠢ᠃

    5. ᠠᠨᠲᠠ ᠶᠢᠨ ᠠᠬ᠎ᠠ ᠲᠡᠬᠦᠤ ᠨᠢ ᠬᠦᠪᠡᠬᠦᠨ ᠦᠭᠡᠢ ᠵᠠᠭᠤᠷᠮᠠᠭ ᠨᠠᠰᠤᠯᠠᠭᠰᠠᠨ ᠪᠤᠯ᠂ ᠠᠨᠲᠠ ᠶᠢᠨ ᠭᠤᠯᠤᠮᠲᠠ ᠶᠢ

ᠵᠠᠯᠭᠠᠮᠵᠢᠯᠠᠭᠤᠯᠲᠠᠭ ᠶᠤᠰᠤ ᠪᠤᠢ᠃ ᠡᠨᠡ ᠬᠦ ᠶᠤᠰᠤ ᠶᠢ ᠠᠨᠲᠠ ᠶᠢᠨ ᠡᠬᠡᠨᠡᠷ

ᠬᠡᠤᠬᠡᠳ ᠨᠢ ᠪᠠᠰᠠ  ᠠᠨᠲᠠ ᠶᠢᠨ ᠲᠠᠩᠭᠠᠷᠢᠭ ᠡᠬᠦᠷᠬᠡ ᠬᠠᠷᠢᠭᠤᠴᠠᠯᠭ᠎ᠠ ᠶᠤᠰᠤᠭᠠᠷ ᠦᠬᠡ ᠲᠠᠭᠤᠨ

ᠦᠭᠡᠢ ᠪᠠᠷ ᠬᠦᠢᠴᠡᠳᠬᠡᠬᠦ ᠬᠡᠷᠡᠭᠲᠡᠢ᠃

    ᠲᠦᠷᠪᠡ᠂ ᠠᠨᠲᠠ ᠶᠢᠨ ᠴᠡᠬᠡᠷ ᠶᠤᠰᠤᠨ

    ︵ᠨᠢᠭᠡ︶᠂ ︽ᠠᠮᠠᠨ ᠲᠠᠩᠭᠠᠷᠢᠭ ᠮᠠᠰᠢ ᠠᠶᠤᠯᠲᠠᠢ ᠪᠠᠶᠢᠲᠠᠭ ᠪᠤᠯᠬᠤᠷ ᠬᠠᠭᠤᠷᠮᠠᠭ ᠢᠶᠠᠷ ᠲᠠᠩᠭᠠᠷᠢᠭᠯᠠᠬᠤ ᠶᠢ ᠴᠡᠬᠡᠷᠯᠡᠵᠤ᠂

ᠨᠢᠬᠡᠨᠲᠡ ᠲᠠᠩᠭᠠᠷᠢᠭᠯᠠᠪᠠᠯ᠂ ᠦᠬᠦᠪᠡᠴᠤ ᠪᠤᠴᠠᠬᠤ ᠦᠭᠡᠢ︾ ᠪᠠᠶᠢᠬᠤ ᠬᠡᠷᠡᠭᠲᠡᠢ᠃

    ︵ᠬᠤᠶᠡᠷ︶᠂ ᠠᠨᠲᠠ ᠠᠬ᠎ᠠ ᠲᠡᠬᠦᠤ ᠶᠢᠨ ᠬᠦᠮᠦᠰ ᠬᠤᠭᠤᠷᠤᠨᠲᠤ ᠪᠠᠨ ᠡᠨᠡᠷᠢᠬᠦ᠂ ᠲᠡᠬᠢᠮᠲᠠᠬᠤ ᠵᠢᠷᠤᠮ ᠢ ᠡᠪᠲᠡᠯᠡᠨ

ᠲᠡᠮᠡᠴᠡᠯᠲᠤᠵᠤ᠂ ᠰᠠᠲᠤᠷ ᠰᠠᠮᠠᠭᠤᠨ ᠶᠠᠪᠤᠯᠴᠠᠭ᠎ᠠ ᠶᠢ ᠴᠡᠭᠡᠷᠯᠡᠬᠦ ᠬᠡᠷᠡᠭᠲᠡᠢ᠃

    ︵ᠭᠤᠷᠪᠠ︶᠂ ᠠᠮᠢᠲᠤᠷᠠᠯ ᠤᠨ ᠶᠠᠪᠤᠴᠠ ᠳᠤ ᠶᠠᠮᠠᠷ ᠨᠢᠬᠡᠨ ᠤᠴᠢᠷ ᠰᠢᠯᠲᠠᠭᠠᠨ ᠠᠴᠠ ᠪᠤᠯᠵᠤ ᠠᠨᠲᠠ ᠠᠬ᠎ᠠ

ᠲᠡᠬᠦᠤ ᠶᠢᠨ ᠬᠠᠷᠢᠴᠠᠭ᠎ᠠ ᠡᠪᠲᠡᠷᠡᠬᠦ ᠳᠤ ᠬᠦᠷᠪᠡᠯ᠂ ᠠᠨᠲᠠ ᠶᠢᠨ ᠠᠬᠠᠯᠠᠭᠴᠢ ᠨᠢ ᠰᠢᠯᠲᠠᠭᠠᠨ ᠢ ᠡᠷᠢᠵᠤ᠂

ᠠᠩᠬ᠎ᠠ  ᠠᠨᠲᠠᠯᠠᠬᠤ ᠦᠶ᠎ᠡ ᠶᠢᠨ ᠲᠠᠩᠭᠠᠷᠢᠭ ᠤᠨ ᠶᠤᠰᠤᠭᠠᠷ ᠰᠢᠳᠬᠡᠬᠦ ᠶᠤᠰᠤᠲᠠᠢ᠃

    ︵ᠲᠦᠷᠪᠡ︶᠂ ᠠᠨᠲᠠ ᠶᠢᠨ ᠲᠠᠩᠭᠠᠷᠢᠭ ᠢ ᠬᠦᠨᠳᠦ ᠨᠤᠴᠢᠲᠠᠢ ᠡᠪᠲᠡᠭᠰᠡᠳ ᠢ ︽ᠡᠵᠡᠨ ᠰᠠᠩ︾ ᠳᠤ

︽ᠲᠠᠩᠭᠠᠷᠢᠭᠯᠠᠨ ᠪᠤᠴᠠᠭᠰᠠᠳ ᠢ ᠬᠦᠯᠢᠨ ᠬᠦᠯᠢᠨ ᠡᠴᠦᠯᠬᠡ︾ ᠬᠡᠲᠡᠭᠴᠢᠯᠡᠨ ᠪᠤᠬ᠎ᠠ ᠶᠢᠨ

ᠠᠷᠠᠰᠤᠨ ᠰᠤᠷ ᠢᠶᠠᠷ  ᠬᠦᠯᠢᠵᠤ᠂ ᠡᠵᠡᠬᠦᠢ ᠴᠦᠯ ᠳᠤ ᠴᠦᠯᠡᠵᠤ ᠬᠠᠶᠠᠲᠠᠭ ᠶᠤᠰᠤᠨ ᠪᠤᠢ᠃

    ︵ᠲᠠᠪᠤ︶᠂ ᠠᠨᠲᠠ ᠠᠬ᠎ᠠ ᠲᠡᠬᠦᠤ ᠬᠤᠭᠤᠷᠤᠨᠲᠤ ᠪᠠᠨ ᠬᠤᠪ ᠱᠤᠪ ᠬᠡᠯᠡᠵᠤ ᠠᠲᠠᠭᠠᠷᠬᠠᠨ ᠲᠡᠮᠡᠴᠡᠯᠲᠤᠬᠦ ᠶᠢ  ᠴᠡᠬᠡᠷᠯᠡᠨ᠎ᠡ᠃

    ᠠᠨᠲᠠ ᠶᠢᠨ ᠵᠦᠩᠨᠡᠯ

    ᠠᠷᠢᠭᠤᠨ ᠴᠠᠭᠠᠨ ᠰᠦ ᠪᠠᠷ ᠡᠵᠢ ᠨᠢᠬᠡᠲᠡᠢ ᠪᠤᠯᠤᠭᠰᠠᠨ

    ᠠᠮᠢᠯᠠᠯ ᠤᠨ ᠤᠯᠠᠭᠠᠨ ᠴᠢᠰᠤ ᠪᠠᠷ ᠠᠪᠦ‍ ᠨᠢᠬᠡ ᠪᠤᠯᠵᠤ

    ᠠᠯᠲᠠᠨ ᠭᠤᠯᠤᠮᠲᠠ ᠳᠤ ᠪᠠᠨ ᠮᠦᠷᠬᠦᠬᠡᠳ

    ᠠᠮᠠᠯᠠᠵᠤ ᠠᠨᠲᠠᠭᠠᠶᠢᠯᠠᠭᠰᠠᠨ ᠲᠠᠩᠭᠠᠷᠢᠭ ᠢᠶᠠᠷ

    ᠠᠬ᠎ᠠ ᠲᠡᠬᠦᠤ ᠪᠤᠯᠤᠭᠰᠠᠨ ᠲᠠᠨᠠᠷ ᠮᠢᠨᠢ

    ᠠᠰ ᠤᠨ ᠪᠡᠶ᠎ᠡ ᠴᠢᠨᠢ ᠮᠡᠨᠲᠤ ᠪᠠᠶᠢᠲᠤᠭᠠᠢ︕

    ᠠᠵᠤ ᠠᠮᠢᠲᠤᠷᠠᠯ ᠴᠢᠨᠢ ᠪᠠᠶᠠᠯᠢᠭ ᠪᠠᠶᠢᠲᠤᠭᠠᠢ︕

                         ᠤᠯᠠᠭᠠᠨ ᠪᠡᠴᠢᠨ ᠵᠢᠯ ᠤᠨ ᠪᠠᠷᠰ ᠰᠠᠷ᠎ᠠ ᠶᠢᠨ ᠬᠤᠷᠢᠨ ᠭᠤᠷᠪᠠᠨ᠎ᠠ ︽ᠨᠠᠷᠠᠲᠤ ᠶᠢᠨ

                         ᠵᠠᠶᠠᠭ᠎ᠠ ᠠᠨᠲᠠ ᠶᠢᠨ ᠬᠤᠯᠪᠤᠭ᠎ᠠ︾ ᠶᠢᠨ ᠬᠤᠶᠠᠷ ᠵᠢᠯ ᠤᠨ ᠤᠢ ᠳᠤ ᠵᠤᠷᠢᠭᠤᠯᠪᠠ᠃

 
ᠢᠷᠡᠯᠲᠡ᠄          
 
 
ᠬᠠᠮᠢᠶ᠎ᠠ ᠪᠥᠬᠦᠢ ᠰᠤᠨᠢᠨ
 
                                   : 010098    蒙ICP备05000248号