ᠰᠠᠭᠠᠩ ᠰᠡᠴᠡᠨ ᠬᠢᠬᠡᠳ  ︽ᠡᠷᠳᠡᠨᠢ ᠶᠢᠨ ᠳᠣᠪᠴᠢ ︾ ︵ᠨᠢᠬᠡ ︶
ᠨᠡᠶᠢᠲᠡᠯᠡᠭᠰᠡᠨ ᠴᠠᠭ᠄
2020/11/19
ᠬᠠᠶᠢᠷᠠᠳᠣ ᠰᠦᠯᠵᠢᠶᠡᠴᠢᠳ ᠮᠢᠨᠢ ᠠ᠋︕
    ᠲᠠ ᠪᠦᠬᠦᠳᠡ ᠶᠢᠨ ᠰᠢᠨ᠎ᠡ ᠵᠢᠯ ᠤᠨ ᠠᠮᠤᠷ ᠢ ᠡᠷᠢᠶ᠎ᠡ︕
   
2012 ᠣᠨ ᠳᠤ ᠮᠡᠬᠦᠰ ᠮᠢᠨᠦ ᠪᠡᠶ᠎ᠡ ᠰᠠᠭᠠᠩ ᠰᠡᠴᠡᠨ ᠬᠢᠬᠡᠳ ︽ᠡᠷᠳᠡᠨᠢ ᠶᠢᠨ ᠳᠣᠪᠴᠢ︾ ᠰᠡᠳᠣᠪ ᠢᠶᠠᠷ ᠮᠡᠷᠭᠡᠳ ᠤᠨ ᠴᠢᠭᠤᠯᠭᠠᠨ ᠳᠤ ᠳᠠᠶᠢᠯᠦᠮᠵᠢ ᠬᠢᠵᠣ ᠦᠩᠭᠡᠷᠡᠭᠰᠡᠨ ᠪᠢᠯᠡ᠃ ᠳᠡᠭᠦᠨ ᠤ ᠳᠠᠷᠠᠭ᠎ᠠ ᠳᠣᠰ ᠰᠡᠳᠣᠪ ᠲᠤ ᠰᠣᠨᠢᠷᠬᠠᠯ ᠲᠠᠢ ᠨᠠᠶᠢᠵᠠ ᠨᠡᠷ ᠰᠦᠯᠵᠢᠶ᠎ᠡ ᠪᠠᠷ ᠣᠩᠰᠢᠬᠤ ᠬᠦᠰᠡᠯ ᠢᠶᠠᠨ ᠶᠡᠷᠢᠵᠣ ᠪᠠᠶᠢᠭᠰᠠᠨ᠂ ᠭᠡᠳᠡᠯ᠎ᠡ ᠠᠵᠢᠯ ᠤᠨ ᠶᠠᠭᠠᠷᠠᠣ ᠠᠴᠠ ᠪᠣᠯᠵᠣ᠂ ᠡᠬᠡ ᠨᠤᠤᠷᠠᠭ ᠢᠶᠠᠨ ᠡᠮᠬᠢᠯᠡᠵᠣ ᠠᠮᠵᠢᠬᠤ ᠦᠬᠡᠢ ᠪᠠᠶᠢᠭᠰᠠᠭᠠᠷ ᠣᠳᠣ ᠪᠣᠯᠣᠯ᠎ᠠ᠃ ᠡᠨᠡ ᠣᠳᠠᠭ᠎ᠠ ᠪᠢ ᠬᠠᠶᠢᠨᠠᠨ ᠭᠠᠵᠠᠷ ᠤᠨ ᠰᠠᠨ ᠶᠠ ᠳᠤ ᠰᠠᠷ᠎ᠠ ᠰᠠᠭᠤᠬᠤ ᠳᠠᠭᠠᠨ ᠳᠣᠰ ᠡᠬᠡ ᠨᠤᠤᠷᠠᠭ ᠢᠶᠠᠨ ᠠᠩᠬ᠎ᠠ ᠠᠯᠬᠤᠮ‌ᠡᠮᠬᠢᠯᠡᠭᠰᠡᠨ ᠢᠶᠠᠨ ᠡᠳᠣᠬᠡ ᠲᠠ ᠪᠦᠬᠦᠨ ᠤ ᠬᠡᠬᠡᠨ ᠮᠡᠯᠮᠡᠢ ᠳᠤ ᠳᠣᠯᠢᠯᠠᠭᠤᠯᠬᠤ ᠪᠠᠷ ᠪᠠᠶᠢᠨ᠎ᠠ᠃  ᠳᠠᠷᠠᠭ᠎ᠠ ᠠᠯᠬᠤᠮ ᠳᠤ ᠨᠣᠮ ᠪᠣᠯᠭᠠᠬᠤ ᠰᠠᠨᠠᠭ᠎ᠠ ᠲᠠᠢ ᠪᠣᠯᠬᠤᠷ ᠠᠯᠳᠠᠵᠣ ᠪᠣᠷᠣᠭᠤᠳᠠᠭᠰᠠᠨ ᠵᠦᠶᠢᠯ ᠪᠠᠶᠢᠪᠠᠯ ᠵᠠᠯᠠᠷᠠᠭᠤᠯᠵᠣ ᠦᠭᠭᠦ ᠶᠢ ᠬᠦᠰᠡᠨ᠎ᠡ᠂ ᠲᠠ ᠨᠡᠷ ᠤᠨ ᠰᠠᠨᠠᠯ ᠰᠢᠬᠦᠮᠵᠢᠯᠡᠯ ᠨᠠᠳᠠ ᠳᠣᠩ ᠭᠡᠷᠡᠭᠳᠡᠢ ᠪᠠᠶᠢᠨ᠎ᠠ᠃ ᠣᠩᠰᠢᠭᠰᠠᠨ ᠪᠣᠯᠣᠨ ᠰᠠᠨᠠᠯ ᠰᠢᠬᠦᠮᠵᠯᠡᠯ ᠢᠶᠠᠨ ᠢᠪᠡᠬᠡᠨ ᠬᠠᠶᠢᠷᠠᠯᠠᠭᠰᠠᠨ ᠲᠠ ᠨᠢᠬᠡᠪᠣᠷᠢ ᠳᠤ ᠴᠢᠩ ᠰᠡᠳᠬᠢᠯ ᠤᠨ ᠬᠠᠯᠠᠭᠤᠨ ᠳᠠᠯᠠᠷᠬᠠᠯ ᠢᠶᠠᠨ ᠣᠷᠢᠳᠴᠢᠯᠠᠨ ᠳᠡᠪᠰᠢᠬᠦᠯᠵᠣ ᠪᠠᠶᠢᠨ᠎ᠠ︕ ᠨᠣᠮ ᠤᠨ ᠴᠠᠭᠠᠨ ᠪᠣᠶᠠᠨ ᠲᠡᠯᠭᠡᠷᠡᠬᠦ ᠪᠣᠯᠳᠣᠭᠠᠢ︕
     
          —《 ᠮᠡᠷᠭᠡᠳ ᠤᠨ ᠴᠢᠭᠤᠯᠭᠠᠨ》 ᠳᠡᠯᠭᠡᠴᠡ ᠳᠤ ᠬᠢᠭᠰᠡᠨ ᠳᠠᠶᠢᠯᠣᠮᠵᠢ ᠶᠢᠨ ᠡᠬᠡ ᠨᠤᠤᠷᠠᠭ

   
ᠳᠠᠶᠢᠯᠦᠮᠵᠢ ᠨᠢᠬᠡ —
    ᠰᠠᠭᠠᠩ ᠰᠡᠴᠡᠨ ᠤ ᠮᠡᠡᠳᠦᠯᠡᠭᠰᠡᠨ ᠳᠣᠬᠠᠢ ᠶᠢᠨ ᠦᠶ᠎ᠡ ᠶᠢᠨ
ᠮᠣᠩᠭᠤᠯ ᠤᠨ ᠳᠡᠣᠬᠡ ᠶᠢᠨ ᠨᠦᠬᠦᠴᠡᠯ ᠰᠢᠯᠳᠠᠭᠠᠨ
    ᠦᠪᠦᠷ ᠮᠣᠩᠭᠤᠯ ᠤᠨ ᠮᠣᠩᠭᠤᠯ ᠣᠳᠣᠨ
ᠲᠧᠯᠸᠢᠰ ᠤᠨ ︽ᠮᠡᠷᠭᠡᠳ ᠤᠨ ᠴᠢᠭᠤᠯᠭᠠᠨ︾ ᠳᠡᠯᠭᠡᠴᠡ ᠶᠢᠨ ᠳᠣᠬᠢᠷᠠᠭᠤᠯᠭ᠎ᠠ ᠪᠠᠷ᠂ ᠦᠨᠦᠳᠣᠷ ᠠᠴᠠ ᠡᠬᠢᠯᠡᠵᠣ ᠪᠢᠳᠡ ᠮᠣᠩᠭᠤᠯ ᠦᠨᠳᠣᠰᠣᠳᠠᠨ ᠤ ᠠᠯᠳᠠᠷᠳᠣ ᠣᠳᠬ᠎ᠠ ᠵᠣᠬᠢᠶᠠᠯᠴᠢ᠂ ᠠᠯᠳᠠᠷᠳᠣ ᠳᠡᠣᠬᠡᠴᠢ᠂ ᠠᠯᠳᠠᠷᠳᠣ ᠣᠯᠣᠰ ᠳᠦᠷᠦ ᠶᠢᠨ ᠵᠢᠳᠭᠦᠯᠳᠡᠨ ᠰᠠᠭᠠᠩ ᠰᠡᠴᠡᠨ ᠬᠤᠩ ᠳᠠᠶᠢᠵᠢ ᠯᠤᠭ᠎ᠠ ᠳᠠᠨᠢᠯᠴᠠᠵᠣ᠂ ᠳᠡᠬᠦᠨ ᠤ ᠳᠣᠰ ᠪᠡᠶ᠎ᠡ᠂ ᠳᠡᠬᠦᠨ ᠤ ᠨᠢᠬᠡ ᠨᠠᠰᠣᠨ ᠤ ᠦᠢᠯᠡ ᠠᠵᠢᠯᠯᠠᠭ᠎ᠠ᠂ ᠳᠡᠬᠦᠨ ᠤ ᠠᠭᠤᠣ ᠶᠡᠭᠡ ᠪᠦᠳᠦᠭᠡᠯ ︽ᠡᠷᠳᠡᠨᠢ ᠶᠢᠨ ᠳᠣᠪᠴᠢ︾᠂ ᠵᠢᠴᠢ ᠳᠡᠬᠦᠨ ᠯᠦᠭᠡ ᠬᠤᠯᠪᠣᠭᠳᠠᠬᠤ ᠠᠯᠢ ᠣᠯᠠᠨ ᠳᠡᠣᠬᠡ ᠶᠢᠨ ᠬᠦᠮᠦᠨ ᠪᠣᠯᠣᠨ ᠭᠡᠷᠡᠭ ᠣᠴᠢᠷ ᠤᠳ ᠲᠤ ᠳᠠᠶᠢᠯᠦᠮᠵᠢ ᠬᠢᠬᠦ  ᠪᠠᠷ ᠪᠠᠶᠢᠨ᠎ᠠ᠃
    ᠰᠠᠭᠠᠩ ᠰᠡᠴᠡᠨ᠂ ᠬᠢᠶᠠᠨ ᠶᠠᠰᠣᠳᠠᠨ᠂ ᠪᠣᠷᠵᠢᠬᠢᠨ ᠣᠪᠣᠭ ᠲᠠᠢ᠂ ᠠᠷᠪᠠᠳᠣᠭᠠᠷ
ᠵᠢᠷᠡᠨ ᠤ ᠬᠦᠬᠡ ᠯᠣᠣ ᠵᠢᠯ᠂ ᠨᠡᠶᠢᠳᠡ ᠶᠢᠨ ᠣᠨ ᠳᠣᠭᠠᠯᠠᠯ ᠤᠨ 1604 ᠣᠨ ᠳᠤ᠂ ᠣᠳᠣ ᠶᠢᠨ ᠣᠷᠳᠣᠰ ᠤᠨ ᠦᠣᠰᠢᠨ ᠬᠤᠰᠢᠭᠤᠨ ᠤ ᠰᠢᠷᠬᠤᠰᠣᠨ ᠭᠤᠣᠯ ᠤᠨ ᠡᠮᠣᠨ᠎ᠡ ᠡᠷᠬᠢ ᠳᠠᠬᠢ ᠶᠡᠭᠡ ᠰᠢᠪᠡᠷ ᠬᠡᠰᠡᠨ ᠭᠠᠵᠠᠷ ᠤᠨ ᠮᠠᠩᠷᠤᠭ ᠪᠣᠯᠠᠭ ᠤᠨ ᠬᠦᠪᠡᠬᠡᠨ ᠳᠤ ᠬᠤᠳᠣᠭᠳᠠᠢ ᠰᠡᠴᠡᠨ ᠬᠤᠩ ᠳᠠᠶᠢᠵᠢ ᠶᠢᠨ ᠠᠴᠢ ᠬᠦᠣ ᠪᠠᠳᠣ ᠳᠠᠷᠬᠠᠨ ᠪᠠᠭᠠᠳᠣᠷ ᠰᠡᠴᠡᠨ ᠬᠤᠩ ᠳᠠᠶᠢᠵᠢ ᠶᠢᠨ ᠬᠦᠪᠡᠬᠦᠨ ᠪᠣᠯᠣᠨ ᠵᠠᠶᠠᠭᠠᠵᠠᠢ᠃ ᠪᠠᠳᠣ ᠳᠠᠷᠬᠠᠨ ᠪᠠᠭᠠᠳᠣᠷ ᠰᠡᠴᠡᠨ ᠬᠤᠩ ᠳᠠᠶᠢᠵᠢ ᠪᠣᠯ ᠡᠵᠡᠨ ᠪᠣᠭᠳᠠ ᠴᠢᠩᠬᠢᠰ ᠬᠠᠭᠠᠨ ᠤ 21 ᠳ᠋ᠣᠬᠡᠷ ᠦᠶ᠎ᠡ ᠶᠢᠨ ᠬᠤᠶᠢᠴᠢ ᠪᠣᠯᠣᠨ᠎ᠠ᠃ ᠦᠬᠡᠷ᠎ᠡ ᠪᠠᠷ ᠬᠡᠯᠪᠡᠯ ᠡᠵᠡᠨ ᠪᠣᠭᠳᠠ ᠴᠢᠩᠭᠢᠰ ᠬᠠᠭᠠᠨ ᠤ 15 ᠳ᠋ᠣᠭᠠᠷ ᠦᠶ᠎ᠡ ᠶᠢᠨ ᠬᠤᠶᠢᠴᠢ᠂ ᠣᠮᠠᠷᠠᠳᠣ ᠦᠨ ᠣᠯᠣᠰ ᠤᠨ ᠶᠡᠭᠡ ᠬᠠᠭᠠᠨ ᠪᠠᠳᠣᠮᠦ᠋ᠩᠭᠡ ᠲᠠᠶᠠᠨ ᠬᠠᠭᠠᠨ ᠤ 6 ᠳ᠋ᠣᠭᠠᠷ ᠦᠶ᠎ᠡ ᠶᠢᠨ ᠬᠤᠶᠢᠴᠢ ᠪᠣᠯᠣᠨ᠎ᠠ᠃
    ᠳᠡᠭᠡᠷ᠎ᠡ ᠪᠢᠳᠡ ᠰᠠᠭᠠᠩ ᠰᠡᠴᠡᠨ ᠤ ᠮᠡᠡᠳᠦᠯᠡᠭᠰᠡᠨ ᠳᠣᠬᠠᠢ ᠶᠡᠷᠢᠬᠤ  ᠳᠤ ᠡᠶᠢᠮᠦ ᠬᠡᠳᠣᠨ ᠨᠡᠷ᠎ᠡ ᠳᠣᠷᠠᠳᠣᠭᠳᠠᠯ᠎ᠠ᠄
︵1︶ ᠣᠮᠠᠷᠠᠳᠣ ᠦᠨ︔ ︵2︶ ᠪᠠᠳᠣᠮᠦ᠋ᠩᠬᠡ ᠲᠠᠶᠠᠨ ᠬᠠᠭᠠᠨ︔ ︵3︶  ᠬᠤᠳᠣᠭᠳᠠᠢ ᠰᠡᠴᠡᠨ ᠬᠤᠩ ᠳᠠᠶᠢᠵᠢ ᠪᠣᠯᠣᠨ ᠪᠠᠳᠣ ᠳᠠᠷᠬᠠᠨ ᠪᠠᠭᠠᠳᠣᠷ ᠰᠡᠴᠡᠨ ᠬᠤᠩ ᠳᠠᠶᠢᠵᠢ︔ ︵4︶ ᠣᠷᠳᠣᠰ ᠤᠨ ᠦᠣᠰᠢᠨ ᠬᠤᠰᠢᠭᠤ︔ ︵5︶ ᠰᠢᠷᠬᠤᠰᠣᠨ ᠭᠤᠣᠯ︔ ︵6︶ ᠶᠡᠭᠡ ᠰᠢᠪᠡᠷ ᠪᠠ ᠮᠠᠩᠷᠤᠭ ᠪᠣᠯᠠᠭ ᠬᠡᠬᠦ ᠮᠡᠳᠣ᠃
   
ᠣᠳᠣ ᠪᠢᠳᠡ ᠣᠷᠢᠳᠠᠪᠠᠷ ᠡᠨᠡ ᠬᠡᠳᠣᠨ ᠨᠡᠷ᠎ᠡ ᠦᠬᠡ ᠲᠠᠢ ᠳᠠᠨᠢᠯᠴᠠᠶ᠎ᠠ᠃  
    ᠰᠠᠭᠠᠩ ᠰᠡᠴᠡᠨ ᠪᠣᠯ ᠣᠮᠠᠷᠠᠳᠣ ᠦᠨ
ᠣᠯᠣᠰ ᠤᠨ ᠢᠷᠬᠡᠨ᠂ ᠣᠮᠠᠷᠠᠳᠣ ᠦᠨ  ᠤ ᠬᠠᠮᠤᠭ ᠰᠡᠭᠦᠯᠴᠢ ᠶᠢᠨ ᠳᠣᠷᠣᠶᠢᠳᠠᠯ ᠪᠣᠯᠣᠨ ᠮᠦᠬᠦᠯ ᠢ ᠨᠢᠳᠣ ᠪᠠᠷ ᠢᠶᠠᠨ ᠦᠵᠡᠵᠣ ᠪᠡᠶ᠎ᠡ ᠪᠠᠷ ᠢᠶᠠᠨ ᠦᠩᠭᠡᠷᠡᠭᠰᠡᠨ ᠬᠦᠮᠦᠨ᠂ ᠮᠦᠨᠴᠣ ᠭᠤᠣᠯᠳᠠᠭᠤ ᠶᠡᠭᠡ ᠦᠨ ᠣᠯᠣᠰ ᠪᠣᠯᠣᠨ ᠣᠮᠠᠷᠠᠳᠣ ᠦᠨ  ᠤ ᠮᠠᠷᠳᠠᠭᠳᠠᠰᠢ ᠦᠬᠡᠢ ᠳᠡᠣᠬᠡ ᠶᠢᠨ ᠦᠩᠬᠡᠷᠡᠯᠳᠡ ᠶᠢ ᠬᠤᠶᠢᠴᠢ ᠶᠢᠨ ᠬᠦᠮᠦᠨ ᠳᠤ ᠮᠡᠳᠡᠬᠦᠯᠵᠣ᠂ ᠡᠨᠡ ᠳᠣᠮᠳᠠᠬᠢ ᠴᠢᠰᠦᠳᠣ ᠰᠣᠷᠭᠠᠮᠵᠢ ᠶᠢ ᠦᠶ᠎ᠡ ᠶᠢᠨ ᠦᠶ᠎ᠡ ᠬᠤᠶᠢᠴᠢ ᠶᠢᠨ ᠬᠤᠶᠢᠴᠢ ᠳᠤ ᠰᠡᠷᠡᠮᠵᠢᠯᠡᠬᠦᠯᠦᠨ ᠰᠠᠨᠠᠭᠤᠯᠬᠤ ᠶᠢᠨ ᠲᠦᠯᠦᠬᠡ ᠨᠢᠬᠡ ᠠᠵᠢᠯ ᠬᠢᠵᠡᠢ᠃ ᠡᠨᠡ ᠨᠢ ᠳᠠᠷᠦᠢ ︽ᠡᠷᠳᠡᠨᠢ ᠶᠢᠨ ᠳᠣᠪᠴᠢ︾ ᠶᠢ ᠪᠢᠴᠢᠭᠰᠡᠨ ᠶᠠᠪᠣᠳᠠᠯ ᠪᠣᠯᠣᠨ᠎ᠠ᠃ ᠡᠶᠢᠮᠦ ᠠᠴᠠ ᠰᠠᠭᠠᠩ ᠰᠡᠴᠡᠨ ᠤ ᠦᠵᠡᠯ ᠰᠠᠨᠠᠭ᠎ᠠ ᠪᠣᠯᠣᠨ ︽ᠡᠷᠳᠡᠨᠢ ᠶᠢᠨ ᠳᠣᠪᠴᠢ  ︾ ᠶᠢ ᠨᠡᠩ ᠨᠢᠬᠡ ᠠᠯᠬᠤᠮ ᠦᠢᠯᠠᠭᠠᠬᠤ ᠶᠢᠨ ᠳᠣᠰᠠᠳᠠ᠂ ᠪᠢᠳᠡ ᠣᠮᠠᠷᠠᠳᠣ ᠦᠨ ᠤ ᠳᠡᠭᠡᠷ᠎ᠡ ᠦᠶ᠎ᠡ ᠶᠢᠨ ᠲᠦᠷᠦ ᠪᠣᠯᠬᠤ ᠶᠡᠭᠡ ᠦᠨ ᠣᠯᠣᠰ ᠤᠨ ᠮᠦᠭᠦᠭᠰᠡᠨ ᠰᠢᠯᠳᠠᠭᠠᠨ ᠪᠠ ᠣᠮᠠᠷᠠᠳᠣ ᠶᠣᠸᠠᠨ ᠤ ᠳᠡᠣᠬᠡ ᠶᠢᠨ ᠳᠣᠬᠠᠢ ᠶᠡᠭᠡ ᠲᠦᠯᠦᠪ ᠣᠶᠢᠯᠠᠭᠠᠬᠤ ᠭᠡᠷᠡᠭᠳᠡᠢ ᠪᠠᠶᠢᠨ᠎ᠠ᠃
    ᠣᠷᠢᠳᠠᠪᠠᠷ
ᠶᠡᠭᠡ ᠦᠨ ᠣᠯᠣᠰ ᠤᠨ ᠳᠣᠬᠠᠢ ᠲᠦᠬᠦᠮ ᠣᠶᠢᠯᠠᠭᠠᠶ᠎ᠠ᠃ ᠦᠨ ᠬᠡᠵᠣ ᠬᠢᠳᠡᠳ ᠤᠨ 元  ᠬᠡᠰᠡᠨ ᠦᠬᠡ ᠶᠢᠨ ᠮᠣᠩᠭᠤᠯ ᠠᠪᠢᠶᠠᠯᠠᠭ᠎ᠠ ᠪᠣᠯᠣᠨ᠎ᠠ ᠪᠦᠭᠡᠳ ᠦᠨ ᠬᠡᠰᠡᠨ ᠮᠣᠩᠭᠤᠯ ᠦᠬᠡ ᠶᠢ ᠬᠢᠳᠡᠳ ᠢᠶᠠᠷ ᠠᠪᠢᠶᠠᠯᠠᠪᠠᠯ ᠮᠦᠨ ᠴᠣ᠋ 元 ᠬᠡᠵᠣ ᠪᠢᠴᠢᠨ᠎ᠡ᠃ ᠣᠮᠠᠷᠠᠳᠣ ᠸᠧᠢ ᠣᠯᠣᠰ ᠤᠨ ᠰᠢᠶᠣᠣ ᠸᠧᠨ ᠳ᠋ᠢ ᠬᠠᠭᠠᠨ ᠨᠢᠬᠡᠯᠡ ᠬᠤᠨᠤᠭ ᠲᠤ ᠰᠢᠶᠠᠠᠪᠢ ᠣᠭᠰᠠᠭ᠎ᠠ ᠪᠠᠨ ᠬᠢᠳᠡᠳ ᠪᠣᠯᠭᠠᠨ᠎ᠠ ᠬᠡᠮᠡᠨ ᠳᠣᠩᠬᠠᠭᠯᠠᠬᠤ ᠳᠠᠭᠠᠨ ᠬᠠᠭᠠᠨ ᠤ ᠣᠪᠣᠭ ᠳᠣᠪᠠ ᠪᠠᠨ 元 ᠬᠡᠵᠣ ᠰᠣᠯᠢᠵᠠᠢ ︵ᠬᠤᠪᠢᠯᠠᠢ ᠪᠠᠰᠠ ᠡᠬᠦᠨ ᠢ ᠨᠢ ᠳᠠᠭᠤᠷᠢᠶᠠᠵᠣ ᠣᠯᠣᠰ ᠢᠶᠠᠨ 元 ᠬᠡᠰᠡᠨ ᠴᠣ᠋ ᠶᠣᠮ ᠤᠤ︖ ᠶᠡᠷᠦᠨᠢ ᠳᠣᠪᠠ ᠰᠢᠶᠠᠠᠪᠢ ᠣᠭᠰᠠᠭ᠎ᠠ ᠪᠠᠨ ᠰᠣᠯᠢᠬᠤ ᠳᠠᠭᠠᠨ 元 ᠢᠶᠠᠷ ᠣᠪᠣᠭ ᠬᠢᠵᠣ᠂ ᠬᠤᠪᠢᠯᠠᠢ ᠣᠯᠣᠰ ᠢᠶᠠᠨ ᠰᠣᠯᠢᠬᠤ ᠳᠠᠭᠠᠨ 元 ᠢᠶᠠᠷ ᠣᠯᠣᠰ ᠤᠨ ᠨᠡᠷ᠎ᠡ ᠪᠣᠯᠭᠠᠭᠰᠠᠨ ᠨᠢ ᠪᠠᠰᠠ ᠴᠣ᠋ ᠰᠣᠨᠢᠷᠬᠠᠯᠳᠠᠢ ᠰᠠᠨᠠᠭᠳᠠᠨ᠎ᠠ︶᠃ ᠡᠨᠡ ᠦᠨ ᠢᠶᠠᠨ ᠲᠡᠷᠡ ᠦᠪᠡᠷ ᠢᠶᠠᠨ ᠪᠢᠴᠢᠬᠦ ᠳᠡᠭᠡᠨ 元 ᠭᠡᠳᠡᠭ ᠪᠣᠯᠪᠠᠴᠣ᠂ ᠵᠠᠷᠢᠮ ᠨᠢ ᠬᠠᠷᠢᠨ 宇文 ᠬᠡᠵᠣ ᠪᠢᠴᠢᠭᠰᠡᠨ ᠪᠠᠶᠢᠨ᠎ᠠ᠃ ᠡᠨᠡ ᠨᠢ ᠣᠳᠣ ᠶᠢᠨ ᠮᠠᠨ ᠤ ᠰᠠᠶᠢᠨ ᠬᠡᠰᠡᠨ ᠢ 赛音 ᠬᠡᠬᠦ᠂ ᠦᠨᠡᠨ ᠬᠡᠰᠡᠨ ᠢ乌恩 ᠬᠡᠬᠦ᠂ ᠣᠷᠳᠣ ᠶᠢᠨ ᠳᠠᠭᠤᠣ ᠶᠢ乌尔图音都 ᠬᠡᠬᠦ ᠯᠦᠭᠡ ᠠᠳᠠᠯᠢᠪᠳᠣᠷ ᠶᠣᠮ᠃
    ᠶᠡᠭᠡ ᠦᠨ ᠣᠯᠣᠰ
1271 ᠣᠨ ᠳᠤ ᠪᠠᠶᠢᠭᠤᠯᠣᠭᠳᠠᠭᠠᠳ ᠨᠢᠬᠡᠳᠣᠭᠡᠷ ᠬᠠᠭᠠᠨ ᠬᠤᠪᠢᠯᠠᠢ 34 ᠵᠢᠯ ᠰᠠᠭᠤᠷᠢᠨ ᠳᠤ ᠰᠠᠭᠤᠵᠣ 1294 ᠣᠨ ᠳᠤ ᠳᠡᠭᠷᠢ ᠳᠤ ᠬᠠᠯᠢᠵᠠᠢ᠃ ᠬᠤᠶᠠᠳᠣᠭᠠᠷ ᠬᠠᠭᠠᠨ ᠦᠯᠵᠡᠶᠢᠳᠡᠮᠣᠷ 1295 ᠣᠨ ᠠᠴᠠ 1307 ᠣᠨ ᠪᠣᠯᠳᠠᠯ᠎ᠠ 12 ᠵᠢᠯ ᠰᠠᠭᠤᠷᠢᠨ ᠳᠤ ᠰᠠᠭᠤᠭᠠᠳ 43 ᠨᠠᠰᠣ ᠲᠠᠢ ᠳᠠᠭᠠᠯᠠᠯ ᠳᠡᠭᠦᠰᠴᠠᠢ᠃ ᠳᠡᠬᠦᠨ ᠤ ᠳᠠᠷᠠᠭᠠᠬᠢ ᠬᠠᠭᠠᠨ  ᠤ ᠳᠣᠳᠣᠷ᠎ᠠ ᠭᠠᠭᠴᠠ ᠳᠣᠭᠤᠠᠳᠡᠮᠣᠷ ᠢ ᠭᠠᠷᠭᠠᠪᠠᠯ ᠠᠯᠢ ᠨᠢ ᠴᠣ᠋ ᠬᠠᠭᠠᠨ ᠰᠠᠭᠤᠷᠢᠨ ᠳᠠᠭᠠᠨ ᠣᠳᠠᠭᠠᠨ ᠰᠠᠭᠤᠵᠣ ᠴᠢᠳᠠᠭᠰᠠᠨ ᠦᠬᠡᠢ᠂ ᠬᠠᠮᠤᠭ ᠤᠨ ᠣᠳᠠᠭᠠᠨ ᠨᠢ 9 ᠵᠢᠯ᠂ ᠬᠠᠮᠤᠭ ᠤᠨ ᠪᠣᠭᠤᠨᠢ ᠨᠢ 1 ᠰᠠᠷ᠎ᠠ᠂ ᠨᠠᠰᠣᠨ ᠬᠤᠳᠤᠭ ᠴᠣ᠋ 36 ᠨᠠᠰᠣ ᠶᠢ ᠳᠠᠪᠠᠭᠰᠠᠨ ᠬᠦᠮᠦᠨ ᠭᠠᠷᠣᠭᠰᠠᠨ ᠦᠬᠡᠢ᠃ ᠪᠣᠳᠠᠳᠠᠢ ᠪᠠᠷ ᠬᠡᠯᠡᠪᠡᠯ᠂ ᠭᠤᠷᠪᠠᠳᠣᠭᠠᠷ ᠬᠠᠭᠠᠨ ᠬᠠᠶᠢᠰᠠᠩ 1308 — 1311 ᠣᠨ ᠳᠤ ᠰᠠᠭᠤᠷᠢᠨ ᠳᠤ ᠰᠠᠭᠤᠵᠣ᠂ 31 ᠨᠠᠰᠣᠨ ᠳᠡᠭᠡᠷ᠎ᠡ ᠪᠠᠨ ᠳᠠᠭᠠᠯᠠᠯ ᠳᠡᠭᠦᠰᠪᠡ᠃ 3 ᠵᠢᠯ ︵ᠪᠦᠬᠦᠯᠢ ᠵᠢᠯ ᠢᠶᠠᠷ ᠳᠣᠭᠠᠴᠠᠪᠠ᠂ ᠳᠣᠷᠣᠭᠰᠠ ᠠᠳᠠᠯᠢ︶᠃ ᠲᠦᠷᠪᠡᠳᠣᠭᠡᠷ ᠬᠠᠭᠠᠨ ᠠᠶᠣᠷᠪᠠᠷᠪᠠᠳᠠ 1312 — 1320 ᠣᠨ ᠳᠤ ᠰᠠᠭᠤᠷᠢᠨ ᠳᠤ ᠰᠠᠭᠤᠵᠣ 36 ᠨᠠᠰᠣᠨ ᠳᠡᠭᠡᠷ᠎ᠡ ᠪᠠᠨ ᠳᠠᠭᠠᠯᠠᠯ ᠳᠡᠭᠦᠰᠪᠡ᠃ 8 ᠵᠢᠯ᠃ ᠳᠠᠪᠣᠳᠣᠭᠠᠷ ᠬᠠᠭᠠᠨ ᠰᠣᠳᠪᠠᠯᠠ ︵ᠰᠢᠳᠢᠪᠠᠯᠠ︶ 1321 — 1323 ᠣᠨ ᠳᠤ ᠰᠠᠭᠤᠷᠢᠨ ᠳᠤ ᠰᠠᠭᠤᠵᠣ᠂ 21 ᠨᠠᠰᠣᠨ ᠳᠡᠭᠡᠷ᠎ᠡ ᠪᠠᠨ ᠬᠤᠣᠷᠯᠠᠭᠳᠠᠪᠠ᠃ 2 ᠵᠢᠯ᠃ ᠵᠢᠷᠭᠤᠳᠣᠭᠠᠷ ᠬᠠᠭᠠᠨ ᠡᠰᠡᠡᠳᠡᠮᠣᠷ ︵ᠶᠢᠰᠣᠡᠳᠡᠮᠣᠷ︶ 1324 —1328 ᠣᠨ ᠳᠤ ᠰᠠᠭᠤᠷᠢᠨ ᠳᠤ ᠰᠠᠭᠤᠵᠣ᠂ 36 ᠨᠠᠰᠣᠨ ᠳᠡᠭᠡᠷ᠎ᠡ ᠪᠠᠨ ᠳᠠᠭᠠᠯᠠᠯ ᠳᠡᠭᠦᠰᠪᠠ᠃ 4 ᠵᠢᠯ᠃ ᠳᠣᠯᠣᠳᠣᠭᠠᠷ ᠬᠠᠭᠠᠨ ᠷᠠᠳᠢᠪᠠᠯᠠ ︵ᠠᠷᠠᠭᠢᠪᠠᠭ︶ 1328.8 —1328.9 ᠣᠨ ᠳᠤ ᠰᠠᠭᠤᠷᠢᠨ ᠳᠤ ᠰᠠᠭᠤᠵᠣ᠂ 9 ᠨᠠᠰᠣᠨ ᠳᠡᠭᠡᠷ᠎ᠡ ᠪᠠᠨ ᠳᠠᠭᠠᠯᠠᠯ ᠳᠡᠬᠦᠰᠪᠠ᠃ 40 ᠡᠳᠣᠷ᠃ ᠨᠠᠢᠮᠠᠳᠣᠭᠠᠷ ᠬᠠᠭᠠᠨ ᠳᠣᠭᠳᠡᠮᠣᠷ ︵ᠲᠦᠪᠳᠡᠮᠣᠷ︶ 1328 —1329 ᠣᠨ ᠳᠤ ᠰᠠᠭᠤᠷᠢᠨ ᠳᠤ ᠰᠠᠭᠤᠵᠣ᠂ 29 ᠨᠠᠰᠣᠨ ᠳᠡᠭᠡᠷ᠎ᠡ ᠪᠠᠨ ᠳᠠᠭᠠᠯᠠᠯ ᠳᠡᠬᠦᠰᠪᠡ᠃ 1 ᠵᠢᠯ᠃ ᠶᠢᠰᠣᠳᠣᠭᠡᠷ ᠬᠠᠭᠠᠨ ᠬᠤᠱᠢᠯᠠ 1329.1 —1329.8 ᠣᠨ ᠳᠤ ᠰᠠᠭᠤᠷᠢᠨ ᠳᠤ ᠰᠠᠭᠤᠵᠣ᠂ 30 ᠨᠠᠰᠣᠨ ᠳᠡᠭᠡᠷ᠎ᠡ ᠪᠠᠨ ᠭᠡᠨᠡᠳᠳᠡ ᠨᠠᠰᠣ ᠪᠠᠷᠠᠪᠠ ︵ᠬᠤᠣᠷᠯᠠᠭᠳᠠᠪᠠ︖︶᠃ 7 ᠰᠠᠷ᠎ᠠ᠃ ᠠᠷᠪᠠᠳᠣᠭᠠᠷ ᠬᠠᠭᠠᠨ ᠳᠣᠭᠳᠡᠮᠣᠷ ︵ᠲᠦᠪᠳᠡᠮᠣᠷ︶ 1329.8 — 1332.8 ᠣᠨ ᠳᠤ ᠰᠠᠭᠤᠷᠢᠨ ᠳᠤ ᠰᠠᠭᠤᠵᠣ᠂ 29 ᠨᠠᠰᠣᠨ ᠳᠡᠭᠡᠷ᠎ᠡ ᠪᠠᠨ ᠳᠠᠭᠠᠯᠠᠯ ᠳᠡᠬᠦᠰᠪᠡ᠃ 3 ᠵᠢᠯ᠃ ᠠᠷᠪᠠᠨ ᠨᠢᠬᠡᠳᠣᠭᠡᠷ ᠬᠠᠭᠠᠨ ᠷᠢᠨᠴᠢᠨᠪᠠᠯ 1332.10 —1332.11 ᠣᠨ ᠳᠤ ᠰᠠᠭᠤᠷᠢᠨ ᠳᠤ ᠰᠠᠭᠤᠵᠣ 6 ᠨᠠᠰᠣᠨ ᠳᠡᠭᠡᠷ᠎ᠡ ᠪᠠᠨ ᠳᠠᠭᠠᠯᠠᠯ ᠳᠡᠬᠦᠰᠪᠡ᠃ 53 ᠡᠳᠣᠷ᠃ ᠠᠷᠪᠠᠨ ᠬᠤᠶᠠᠳᠣᠭᠠᠷ ᠬᠠᠭᠠᠨ ᠳᠣᠭᠤᠡᠳᠡᠮᠣᠷ 1333 —1368 ︵+ 1370︶ ᠣᠨ ᠳᠤ ᠰᠠᠭᠤᠷᠢᠨ ᠳᠤ ᠰᠠᠭᠤᠵᠣ᠂ 48 ᠨᠠᠰᠣᠨ ᠳᠡᠭᠡᠷ᠎ᠡ ᠪᠠᠨ ᠶᠡᠭᠡ ᠦᠨ ᠣᠯᠣᠰ ᠴᠣᠴᠠᠷᠠᠪᠠ᠃ 35 ᠵᠢᠯ᠃ 1368 ᠣᠨ ᠳᠤ ᠣᠮᠠᠷᠠᠳᠣ ᠦᠨ ᠤ ᠳᠡᠣᠬᠡ ᠶᠢ ᠡᠬᠢᠯᠡᠬᠦᠯᠦᠭᠡᠳ 1370 ᠣᠨ ᠳᠤ ᠪᠠᠷᠰ ᠬᠤᠳᠠ ᠳᠤ 50 ᠨᠠᠰᠣᠨ ᠳᠡᠭᠡᠷ᠎ᠡ ᠪᠠᠨ ᠳᠠᠭᠠᠯᠠᠯ ᠳᠡᠭᠦᠰᠴᠠᠢ᠃ ᠨᠡᠶᠢᠳᠡ 37 ᠵᠢᠯ ᠰᠠᠭᠤᠷᠢᠨ ᠳᠤ ᠰᠠᠭᠤᠵᠠᠢ᠃
   
ᠰᠠᠭᠤᠷᠢᠨ ᠳᠤ ᠰᠠᠭᠤᠭᠰᠠᠨ ᠢᠶᠠᠷ ᠢᠶᠠᠨ ᠠᠷᠪᠠᠨ ᠬᠤᠶᠠᠷ ᠬᠠᠭᠠᠨ᠂ ᠳᠣᠭᠳᠡᠮᠣᠷ ᠨᠢᠬᠡ ᠬᠦᠮᠦᠨ ᠬᠤᠶᠠᠷ ᠣᠳᠠᠭ᠎ᠠ ᠰᠠᠭᠤᠭᠰᠠᠨ ᠢᠶᠠᠷ ᠢᠶᠠᠨ ᠠᠷᠪᠠᠨ ᠨᠢᠬᠡᠨ ᠬᠦᠮᠦᠨ ᠬᠠᠭᠠᠨ ᠰᠠᠭᠤᠵᠣ ᠦᠩᠬᠡᠷᠡᠵᠡᠢ᠃ ᠡᠨᠡ ᠳᠣᠳᠣᠷ᠎ᠠ ᠬᠡᠣᠬᠡᠳ ᠢᠶᠠᠷ ᠢᠶᠠᠨ ᠳᠣᠷᠭᠤᠨ ᠨᠠᠰᠣᠯᠠᠭᠰᠠᠨ ᠬᠠᠭᠠᠨ 2 ︵ᠷᠠᠳᠢᠪᠠᠯᠠ᠂ ᠷᠢᠨᠴᠢᠨᠪᠠᠯ︶᠂ ᠬᠤᠣᠷᠯᠠᠭᠳᠠᠭᠰᠠᠨ ᠬᠠᠭᠠᠨ 1 ︵ᠰᠣᠳᠪᠠᠯᠠ︶᠂ ᠬᠤᠣᠷᠯᠠᠭᠳᠠᠭᠰᠠᠨ ᠰᠡᠵᠢᠭᠳᠡᠢ 1 ︵ᠷᠢᠨᠴᠢᠨᠪᠠᠯ︶ ᠪᠣᠢ᠃
    ᠶᠡᠭᠡ ᠦᠨ ᠣᠯᠣᠰ ᠠᠷᠠᠢ 100 ᠵᠢᠯ ᠪᠣᠯᠤᠭ᠎ᠠ ᠦᠬᠡᠢ ᠪᠠᠷ ᠮᠦᠬᠦᠪᠠ᠃
ᠳᠣᠮᠳᠠᠳᠣ ᠶᠢᠨ ᠳᠡᠣᠬᠡᠨ ᠳᠡᠭᠡᠷ᠎ᠡ ᠬᠠᠨ ᠣᠯᠣᠰ ᠪᠠᠷᠠᠭᠤᠨ ᠵᠡᠬᠦᠨ ᠨᠡᠶᠢᠯᠡᠭᠡᠳ 400 ᠭᠠᠷᠦᠢ ᠵᠢᠯ᠂ ᠶᠢᠨ ᠣᠯᠣᠰ ᠵᠡᠬᠦᠨ ᠪᠠᠷᠠᠭᠤᠨ ᠨᠡᠶᠢᠯᠡᠭᠡᠳ 150 ᠭᠠᠷᠦᠢ ᠵᠢᠯ᠂ ᠣᠮᠠᠷᠠᠳᠣ ᠸᠧᠢ ᠣᠯᠣᠰ 170 ᠭᠠᠷᠦᠢ ᠵᠢᠯ᠂ ᠳᠠᠩ ᠣᠯᠣᠰ 300 ᠵᠢᠯ᠂ ᠰᠦᠩ ᠣᠯᠣᠰ 160 ᠭᠠᠷᠦᠢ ᠵᠢᠯ᠂ ᠮᠢᠩ ᠣᠯᠣᠰ 270 ᠭᠠᠷᠦᠢ ᠵᠢᠯ ᠪᠣᠯᠵᠠᠢ᠃ ᠲᠡᠷᠡᠴᠢᠯᠡᠨ ᠳᠣᠬᠠᠢ ᠶᠢᠨ ᠦᠶ᠎ᠡ ᠶᠢᠨ ᠬᠡᠳᠣᠨ ᠣᠮᠠᠷᠠᠳᠣ ᠶᠢᠨ ᠦᠨᠳᠣᠰᠣᠳᠠᠨ ᠤ ᠪᠠᠶᠢᠭᠤᠯᠣᠭᠰᠠᠨ ᠣᠯᠣᠰ ᠬᠦᠷᠳᠡᠯ᠎ᠡ ᠬᠢᠳᠡᠨ ᠤ ᠯᠢᠶᠣᠣ ᠣᠯᠣᠰ 200 ᠭᠠᠷᠦᠢ ᠵᠢᠯ᠂ ᠵᠦᠷᠴᠢᠳ ᠤᠨ ᠠᠯᠳᠠᠨ ᠣᠯᠣᠰ 120 ᠰᠢᠬᠠᠮ ᠵᠢᠯ᠂ ᠮᠠᠠᠵᠣ ᠴᠢᠩ ᠣᠯᠣᠰ 300 ᠭᠠᠷᠦᠢ ᠵᠢᠯ ᠪᠣᠯᠵᠠᠢ᠃ ᠭᠡᠳᠡᠯ᠎ᠡ ᠶᠡᠭᠡ ᠦᠨ ᠣᠯᠣᠰ ᠬᠠᠷᠢᠨ  ᠵᠠᠭᠤᠨ ᠵᠢᠯ ᠪᠠᠰᠠ ᠠᠷᠠᠢ ᠬᠦᠷᠦᠬᠡ ᠦᠬᠡᠢ ᠶᠣᠮ ᠪᠠᠶᠢᠨ᠎ᠠ᠃ ᠡᠬᠦᠨ ᠤ ᠰᠢᠯᠳᠠᠭᠠᠨ ᠢ ᠮᠦᠷᠳᠡᠪᠡᠯ ᠡᠶᠢᠮᠦ ᠬᠡᠳᠣᠨ ᠳᠠᠯ᠎ᠠ ᠶᠢᠨ ᠪᠠᠶᠢᠳᠠᠯ ᠠᠩᠬᠠᠷᠣᠭᠳᠠᠨ᠎ᠠ᠃
    ᠨᠢᠬᠡ ᠳᠤ᠂ ᠶᠡᠭᠡ ᠮᠣᠩᠭᠤᠯ ᠣᠯᠣᠰ ᠤᠨ ᠬᠠᠭᠠᠨ
ᠰᠠᠭᠤᠷᠢᠨ ᠢ ᠵᠠᠯᠭᠠᠮᠵᠢᠯᠠᠬᠤ ᠬᠠᠭᠤᠴᠢᠨ ᠳᠢᠭᠯᠡᠮ ᠡᠪᠳᠡᠭᠳᠡᠵᠣ᠂ ᠬᠠᠭᠠᠨ ᠣᠷᠳᠣᠨ ᠤ ᠡᠷᠬᠡ ᠪᠣᠯᠢᠶᠠᠯᠳᠣᠬᠤ ᠳᠡᠮᠡᠴᠡᠯ ᠡᠳᠣᠷ ᠢᠷᠡᠬᠦᠶ᠎ᠡ ᠬᠤᠷᠴᠠᠳᠣᠵᠣ ᠲᠦᠷᠦ ᠶᠢᠨ ᠪᠠᠭᠠᠨ᠎ᠠ ᠬᠠᠵᠠᠶᠢᠭᠰᠠᠨ ᠪᠠᠶᠢᠨ᠎ᠠ᠃ 1260 ᠣᠨ ᠳᠤ ᠮᠦᠩᠭᠡ ᠬᠠᠭᠠᠨ ᠳᠡᠭᠷᠢ ᠳᠤ ᠬᠠᠯᠢᠭᠰᠠᠨ ᠤ ᠳᠠᠷᠠᠭ᠎ᠠ᠂ ᠬᠠᠷ᠎ᠠ ᠬᠤᠷᠣᠮ ᠳᠤ ᠪᠠᠶᠢᠭᠰᠠᠨ ᠮᠣᠩᠭᠤᠯ ᠤᠨ ᠢᠵᠠᠭᠤᠷᠳᠠᠳ ᠴᠢᠩᠬᠢᠰ ᠬᠠᠭᠠᠨ ᠠᠴᠠ ᠨᠠᠰᠢ ᠬᠡᠷᠡᠭᠵᠢᠬᠦᠯᠦᠭᠰᠡᠭᠡᠷ ᠢᠷᠡᠭᠰᠡᠨ ᠵᠠᠩ ᠵᠢᠷᠦᠮ ᠢᠶᠠᠷ ᠶᠡᠭᠡ ᠬᠤᠷᠠᠯᠳᠠᠢ ᠶᠢᠨ ᠰᠣᠩᠭᠤᠭᠤᠯᠢ ᠪᠠᠷ ᠳᠠᠮᠵᠢᠨ ᠮᠦᠩᠭᠡ ᠶᠢᠨ ᠪᠠᠭ᠎ᠠ ᠬᠦᠣ ︵ᠵᠢᠷᠭᠤᠳᠣᠭᠠᠷ ᠬᠦᠤ︶ ᠠᠷᠢᠭᠪᠦ᠋ᠭᠡ ᠶᠢ ᠬᠠᠭᠠᠨ ᠪᠣᠯᠭᠠᠵᠠᠢ᠃ ᠳᠡᠭᠡᠭᠡᠳ ᠠᠷᠢᠭᠪᠦ᠋ᠭᠡ ᠶᠡᠭᠡ ᠮᠣᠩᠭᠤᠯ ᠣᠯᠣᠰ ᠤᠨ ᠵᠢᠷᠭᠤᠳᠣᠭᠠᠷ ᠬᠠᠭᠠᠨ ᠪᠣᠶᠣ ᠡᠴᠣᠰ ᠤᠨ ᠬᠠᠭᠠᠨ ᠪᠣᠯᠵᠠᠢ᠃ ᠬᠡᠪᠡᠴᠣ ᠵᠦᠩᠶᠦᠸᠠᠨ ᠣᠷᠣᠨ ᠢ ᠬᠠᠮᠢᠶᠠᠷᠴᠣ ᠪᠠᠶᠢᠭᠰᠠᠨ ᠠᠷᠢᠭᠪᠦ᠋ᠭᠡ ᠶᠢᠨ ᠲᠦᠷᠦᠭᠰᠡᠨ ᠠᠬ᠎ᠠ ᠪᠣᠯᠬᠤ ᠬᠤᠪᠢᠯᠠᠢ ᠳᠡᠬᠦᠨ ᠢ ᠳᠠᠭᠠᠵᠣ ᠪᠠᠶᠢᠭᠰᠠᠨ ᠭᠢᠳᠡᠳ ᠳᠦᠰᠢᠮᠡᠳ ᠤᠨ ᠢᠳᠬᠠᠯᠭ᠎ᠠ ᠪᠠᠷ ᠬᠠᠷ᠎ᠠ ᠬᠤᠷᠣᠮ ᠯᠤᠭ᠎ᠠ ᠡᠰᠡᠷᠭᠦᠴᠡᠯᠳᠣᠨ᠂ ᠦᠪᠡᠷ ᠤᠨ ᠴᠡᠷᠢᠭ ᠤᠨ ᠬᠦᠴᠦᠨ ᠳᠡᠭᠡᠨ ᠢᠳᠡᠭᠡᠵᠣ ᠮᠦᠨ ᠳᠣᠰ ᠵᠢᠯ 1260 ᠣᠨ ᠳᠤ ᠠᠷᠢᠭᠪᠦ᠋ᠭᠡ ᠶᠢ ᠬᠠᠭᠠᠨ ᠰᠣᠩᠭᠤᠬᠤ ᠠᠴᠠ ᠠᠷᠠᠢ ᠣᠷᠢᠳᠡᠪᠡᠷ ᠲᠦᠷᠢᠮ ᠶᠣᠰᠣᠨ ᠤ ᠰᠣᠩᠭᠤᠭᠤᠯᠢ ᠶᠢ ᠦᠩᠭᠡᠷᠡᠭᠡᠭᠰᠡᠨ ᠦᠬᠡᠢ ᠪᠠᠷ ᠦᠪᠡᠷ ᠤᠨ ᠪᠡᠶ᠎ᠡ ᠪᠠᠨ ᠶᠡᠭᠡ ᠮᠣᠩᠭᠤᠯ ᠣᠯᠣᠰ ᠤᠨ ᠬᠠᠭᠠᠨ ᠡᠷᠬᠦᠮᠵᠢᠯᠡᠵᠡᠢ᠃ ᠡᠶᠢᠨ ᠬᠦ᠋‍ ᠨᠢᠬᠡ ᠡᠬᠢᠯᠡᠭᠦᠯᠦᠭᠰᠡᠨ ᠠᠴᠠ ᠪᠣᠯᠵᠣ᠂ ᠬᠤᠵᠢᠮ ᠤᠨ ᠶᠡᠭᠡ ᠦᠨ ᠣᠯᠣᠰ ᠴᠣ᠋ ᠪᠣᠯᠤᠭ᠂ ᠣᠮᠠᠷᠠᠳᠣ ᠦᠨ ᠣᠯᠣᠰ ᠴᠣ᠋ ᠪᠣᠯᠤᠭ᠂ ᠬᠡᠳᠣᠨ ᠵᠠᠭᠤᠨ ᠵᠢᠯ ᠤᠨ ᠳᠣᠷᠰᠢᠬᠢ ᠮᠣᠩᠭᠤᠯ ᠢᠵᠠᠭᠤᠷᠳᠠᠳ ᠤᠨ ᠬᠡᠨ ᠬᠦᠴᠦᠳᠡᠢ ᠴᠢᠳᠠᠯ ᠲᠠᠢ ᠪᠣᠯ ᠳᠡᠷᠡ ᠳᠦᠷᠦ ᠶᠢᠨ ᠡᠷᠬᠡ ᠶᠢ ᠪᠣᠯᠢᠶᠠᠨ ᠠᠪᠳᠠᠭ ᠬᠠᠷᠠᠰᠠᠯᠳᠠᠢ ᠭᠡᠷᠡᠭ ᠣᠴᠢᠷ ᠤᠳ ᠤᠨ ᠬᠦᠷᠦᠰᠣ ᠰᠢᠷᠦᠢ ᠶᠢ ᠪᠣᠢ ᠪᠣᠯᠭᠠᠵᠠᠢ᠃
    ᠬᠤᠶᠠᠷ ᠲᠤ᠂ ᠬᠤᠶᠠᠷ ᠨᠠᠶᠢᠰᠯᠠᠯ
︵ᠬᠠᠭᠠᠨ ᠪᠠᠶᠢᠷᠢ — ᠬᠠᠨ ᠪᠠᠯᠢᠭ ᠪᠠ ᠬᠠᠭᠠᠨ ᠤ ᠵᠣᠰᠠᠯᠠᠩ — ᠭᠦᠷᠳᠣ ᠪᠠᠯᠭᠠᠰᠣᠨ ᠪᠣᠶᠣ ᠶᠡᠭᠡ ᠨᠠᠶᠢᠰᠯᠠᠯ — ᠳ᠋ᠠᠶᠢᠳᠣ ᠪᠠ ᠳᠡᠭᠡᠳᠣ ᠨᠠᠶᠢᠰᠯᠠᠯ — ᠱᠠᠩᠳᠣ︶ ᠭᠠᠷᠭᠠᠭᠰᠠᠨ ᠢᠶᠠᠷ ᠨᠢᠬᠡ ᠳᠣᠮᠣ ᠬᠦᠷᠦᠨ ᠳᠤ ᠬᠤᠶᠠᠷ ᠣᠯᠣᠰ ᠲᠦᠷᠦ ᠶᠢᠨ ᠬᠦᠢᠰᠣ ᠪᠦᠷᠢᠯᠳᠣᠵᠣ᠂ ᠪᠦᠬᠦ ᠣᠯᠣᠰ ᠤᠨ ᠨᠣᠶᠠᠳ ᠳᠦᠰᠢᠮᠡᠳ ᠢᠮᠠᠭᠠᠨ ᠤ ᠬᠤᠶᠠᠷ ᠡᠪᠡᠷ ᠰᠢᠭ ᠬᠤᠶᠠᠷ ᠳᠡᠰᠢ ᠪᠠᠨ ᠬᠦᠴᠦᠯᠡᠬᠦ ᠪᠣᠯᠵᠠᠢ᠃ ᠬᠠᠭᠠᠨ ᠡᠵᠡᠨ ᠬᠡᠳᠣᠶᠢᠪᠡᠷ ᠬᠠᠶᠠ ᠬᠠᠭᠠᠨ ᠪᠠᠶᠢᠷᠢ ᠳᠤ᠂ ᠬᠠᠶᠠ ᠬᠠᠭᠠᠨ ᠤ ᠵᠣᠰᠠᠯᠠᠩ ᠳᠤ ᠰᠠᠭᠠᠳᠠᠳᠠᠭ ᠪᠣᠯᠪᠠᠴᠣ᠂ ᠬᠤᠶᠠᠷ ᠭᠠᠵᠠᠷ ᠤᠨ ᠨᠣᠶᠠᠳ ᠳᠦᠰᠢᠮᠡᠳ ᠣᠳᠠᠭ᠎ᠠ ᠪᠦᠷᠢ ᠳᠡᠷᠡ ᠪᠦᠬᠦᠳᠡᠭᠡᠷ ᠢᠶᠠᠨ ᠳᠠᠭᠠᠵᠣ ᠶᠠᠪᠣᠬᠤ ᠪᠢᠰᠢ ᠪᠣᠯᠬᠤᠷ᠂ ᠬᠤᠶᠠᠷ ᠭᠠᠵᠠᠷ ᠤᠨ ᠣᠨᠴᠠᠭᠠᠢ ᠡᠷᠭᠡ ᠠᠰᠢᠭ ᠤᠨ ᠪᠦᠯᠬᠦᠮ ᠳᠣᠰ ᠳᠣᠰ ᠪᠦᠷᠢᠯᠳᠣᠵᠣ᠂ ᠦᠪᠡᠷ ᠦᠪᠡᠷ ᠤᠨ ᠡᠷᠭᠡ ᠠᠰᠢᠭ ᠤᠨ ᠲᠦᠯᠦᠬᠡ ᠬᠤᠷᠴᠠ ᠰᠢᠷᠦᠬᠦᠨ ᠳᠡᠮᠡᠴᠡᠯ ᠬᠢᠵᠡᠬᠡᠨ᠂ ᠵᠠᠷᠢᠮ ᠳᠠᠭᠠᠨ ᠪᠦᠷ ᠦᠬᠦᠵᠣ ᠰᠡᠬᠡᠬᠦ ᠶᠢᠨ ᠳᠡᠮᠡᠴᠡᠯ ᠪᠣᠯᠣᠨ ᠬᠤᠷᠴᠠᠳᠣᠳᠠᠭ ᠪᠠᠶᠢᠨ᠎ᠠ᠃ ᠰᠣᠳᠪᠠᠯᠠ ᠶᠢ ᠠᠯᠠᠭᠰᠠᠨ ᠪᠣᠯ ᠬᠠᠮᠤᠭ ᠤᠨ ᠲᠦᠪᠯᠡᠷᠡᠩᠬᠦᠢ ᠵᠢᠱᠢᠶ᠎ᠡ ᠪᠣᠯᠣᠨ᠎ᠠ᠃
    ᠭᠤᠷᠪᠠ ᠳᠤ᠂ ᠶᠡᠭᠡ ᠮᠣᠩᠭᠤᠯ ᠣᠯᠣᠰ ᠤᠨ ᠬᠠᠭᠤᠴᠢᠨ ᠬᠦᠴᠦᠨ ︵ᠣᠯᠠᠮᠵᠢᠯᠠᠯ ᠤᠨ ᠬᠦᠴᠦᠨ
ᠪᠣᠶᠣ ᠣᠯᠠᠮᠵᠢᠯᠠᠯᠳᠣ ᠳᠤ ᠳᠣᠯᠭᠠᠭᠤᠷᠢᠯᠠᠭᠰᠠᠨ ᠮᠣᠩᠭᠤᠯ ᠰᠣᠶᠣᠯ ᠤᠨ ᠬᠦᠴᠦᠨ︶ ᠪᠣᠯᠣᠨ ᠶᠡᠭᠡ ᠦᠨ ᠣᠯᠣᠰ ᠤᠨ ᠰᠢᠨ᠎ᠡ ᠬᠦᠴᠦᠨ ︵ᠬᠢᠳᠡᠳ ᠤᠨ ᠳᠦᠰᠢᠮᠡᠯ ᠪᠣᠯᠣᠨ ᠡᠳ᠋ ᠠᠭᠤᠷᠰᠣᠨ ᠳᠤ ᠳᠦᠰᠢᠭᠯᠡᠭᠰᠡᠨ ᠬᠢᠳᠡᠳ ᠰᠣᠶᠣᠯ ᠤᠨ ᠬᠦᠴᠦᠨ︶ ᠬᠤᠶᠠᠷ ᠤᠨ ᠬᠤᠭᠤᠷᠣᠨᠳᠣ ᠶᠢᠨ ᠳᠡᠮᠡᠴᠡᠯ ᠬᠤᠷᠴᠠ ᠰᠢᠷᠦᠬᠦᠨ ᠶᠠᠪᠣᠭᠳᠠᠵᠣ ᠪᠠᠶᠢᠵᠠᠢ᠃ ᠢᠯᠠᠩᠭᠤᠶ᠎ᠠ ᠶᠡᠭᠡ ᠦᠨ ᠣᠯᠣᠰ ᠪᠠᠶᠢᠭᠤᠯᠣᠭᠳᠠᠭᠰᠠᠨ ᠡᠬᠢᠨ ᠤ ᠦᠶ᠎ᠡ ᠳᠤ᠂ ᠳᠡᠳᠡᠨ ᠤ ᠬᠤᠭᠤᠷᠣᠨᠳᠣ ᠣᠯᠠᠨ ᠵᠢᠯ ᠤᠨ ᠳᠠᠶᠢᠨ ᠳᠠᠵᠢᠨ ᠪᠣᠯᠵᠣ ᠦᠩᠭᠡᠷᠡᠭᠡᠵᠡᠢ᠃ 1260 ᠣᠨ ᠳᠤ ᠶᠡᠭᠡ ᠮᠣᠩᠭᠤᠯ ᠣᠯᠣᠰ ᠲᠤ ᠬᠤᠶᠠᠷ ᠬᠠᠭᠠᠨ ᠭᠠᠷᠴᠣ᠂ ᠬᠡᠳᠣᠨ ᠵᠢᠯ ᠳᠠᠶᠢᠳᠣᠭᠠᠳ 1264 ᠣᠨ ᠳᠤ ᠳᠡᠭᠦᠣ ᠠᠷᠢᠭᠪᠦ᠋ᠬᠡ ᠢᠯᠠᠭᠳᠠᠪᠠ᠃ ᠳᠡᠮᠡᠢ ᠣᠳᠠᠭ᠎ᠠ ᠦᠬᠡᠢ ᠪᠠᠷ 1269 ᠣᠨ ᠳᠤ᠂ ᠦᠬᠡᠳᠡᠢ ᠶᠢᠨ ᠬᠤᠶᠢᠴᠢ ᠬᠠᠶᠢᠳᠣ᠂ ᠴᠠᠭᠠᠳᠠᠢ ᠶᠢᠨ ᠬᠤᠶᠢᠴᠢ ᠪᠠᠯᠠ᠂ ᠵᠦᠴᠢ ᠶᠢᠨ ᠬᠤᠶᠢᠴᠢ ᠮᠠᠩᠭᠠᠳᠡᠮᠣᠷ ᠨᠠᠷ ᠳᠠᠷᠠᠰᠣ ︵答剌速︶ ᠭᠤᠣᠯ ᠤᠨ ᠬᠦᠪᠡᠬᠡᠨ ᠳᠡᠭᠡᠷ᠎ᠡ ᠶᠡᠭᠡ ᠬᠤᠷᠠᠯᠳᠠᠢ ᠪᠣᠯᠵᠣ᠂ ᠶᠡᠭᠡ ᠮᠣᠩᠭᠤᠯ ᠤᠨ ᠬᠠᠭᠤᠴᠢᠨ ᠳᠢᠭᠯᠡᠮ ᠢ ᠪᠠᠷᠢᠮᠳᠠᠯᠠᠨ ᠬᠤᠪᠢᠯᠠᠢ ᠶᠢᠨ ᠪᠣᠳᠣᠯᠭ᠎ᠠ ᠶᠢ ᠡᠰᠡᠷᠬᠦᠴᠡᠬᠦ ᠠᠠᠳᠠᠭᠠᠢ ᠳᠠᠩᠭᠠᠷᠢᠭᠯᠠᠵᠣ ᠳᠠᠶᠢᠨ ᠵᠠᠷᠯᠠᠪᠠ᠃ ᠭᠡᠪᠡᠴᠣ ᠡᠨᠡ ᠨᠢ ᠶᠡᠭᠡ ᠦᠨ ᠣᠯᠣᠰ ᠲᠤ ᠡᠳᠣᠢ ᠳᠡᠳᠣᠢ ᠬᠤᠬᠢᠷᠣᠯ ᠣᠴᠠᠷᠠᠭᠤᠯᠣᠭᠰᠠᠨ ᠯᠠ ᠳᠡᠳᠣᠢ᠂ ᠬᠠᠷᠢᠨ ᠣᠯᠣᠰ ᠲᠦᠷᠦ ᠶᠢᠨ ᠳᠠᠯ᠎ᠠ ᠪᠠᠷ ᠶᠠᠮᠠᠷ ᠴᠣ᠋ ᠦᠷ᠎ᠡ ᠳ᠋ᠦᠩ ᠭᠠᠷᠭᠠᠵᠣ ᠴᠢᠳᠠᠭ᠎ᠠ ᠦᠬᠡᠢ᠃ ᠳᠡᠬᠦᠨ ᠤ ᠳᠠᠷᠠᠭ᠎ᠠ ᠨᠠᠶᠠᠨ ᠬᠡᠮᠡᠭᠴᠢ ᠪᠣᠰᠴᠣ ᠶᠡᠭᠡ ᠦᠨ ᠣᠯᠣᠰ ᠯᠤᠭ᠎ᠠ ᠡᠰᠡᠷᠭᠦᠴᠡᠯᠳᠦᠭᠰᠡᠨ ᠪᠣᠯᠪᠠᠴᠣ ᠮᠦᠨ ᠢᠯᠠᠭᠳᠠᠪᠠ᠃ ᠭᠡᠪᠡᠴᠣ ᠮᠣᠩᠭᠤᠯ ᠤᠨ ᠬᠠᠭᠤᠴᠢᠨ ᠬᠦᠴᠦᠨ ᠬᠡᠳᠣᠶᠢᠪᠡᠷ ᠡᠨᠡᠬᠦ ᠳᠡᠮᠡᠴᠡᠯ ᠳᠣᠮᠳᠠ ᠢᠯᠠᠯᠳᠠ ᠣᠯᠵᠣ ᠴᠢᠳᠠᠭᠰᠠᠨ ᠦᠬᠡᠢ ᠪᠣᠯᠪᠠᠴᠣ᠂ ᠡᠳᠡᠨ ᠤ ᠳᠡᠮᠡᠴᠡᠯ ᠤᠨ ᠦᠷ᠎ᠡ ᠨᠦᠯᠦᠬᠡ ᠳᠡᠬᠦᠨ ᠠᠴᠠ ᠬᠤᠶᠢᠨᠠᠬᠢ ᠬᠤᠶᠠᠷ ᠨᠠᠶᠢᠰᠯᠠᠯ ᠤᠨ ᠳᠡᠮᠡᠴᠡᠯ ᠳᠤ ᠠᠭᠤᠰᠣᠨ ᠰᠢᠩᠬᠡᠵᠣ᠂ ᠬᠠᠭᠠᠨ ᠣᠷᠳᠣᠨ ᠤ ᠬᠠᠭᠠᠴᠠᠯ ᠪᠣᠶᠣ ᠢᠯᠡ ᠪᠠ ᠳᠠᠯᠳᠠ ᠵᠢᠭᠤᠷᠠᠯᠳᠣᠭᠠᠨ ᠢ ᠨᠠᠩ ᠡᠪᠯᠡᠷᠡᠰᠢ ᠦᠬᠡᠢ ᠪᠣᠯᠭᠠᠵᠠᠢ᠃
    ᠲᠦᠷᠪᠡ ᠳᠤ᠂ ᠦᠨᠳᠣᠰᠣᠳᠠᠨ ᠤ
ᠵᠦᠷᠢᠴᠡᠯ ᠶᠡᠷᠦ ᠠᠴᠠ ᠨᠠᠮᠳᠠᠭᠰᠠᠨ ᠦᠬᠡᠢ᠃ ᠳᠡᠣᠬᠡᠨ ᠳᠡᠭᠡᠷᠡᠬᠢ ᠨᠢᠬᠡ ᠣᠯᠣᠰ ᠤᠨ ᠲᠦᠷᠦ ᠬᠡᠵᠣ ᠶᠡᠷᠦᠩᠬᠡᠶᠢᠳᠡᠭᠡᠨ ᠨᠢᠬᠡ ᠦᠨᠳᠣᠰᠣᠳᠠᠨ ᠨᠢ ᠨᠦᠬᠦᠬᠡ ᠦᠨᠳᠣᠰᠣᠳᠠᠨ ᠳᠡᠭᠡᠨ ᠳᠠᠷᠣᠩᠭᠤᠶᠢᠯᠠᠯ ᠶᠠᠪᠣᠭᠤᠯᠵᠣ᠂ ᠦᠨᠳᠣᠰᠣᠳᠠᠨ ᠳᠣᠳᠣᠷ᠎ᠠ ᠪᠠᠨ ᠪᠠᠶᠠᠨ ᠨᠢ ᠶᠠᠳᠠᠭᠤ ᠪᠠᠨ᠂ ᠢᠵᠠᠷᠭᠤᠷᠳᠠᠨ ᠨᠢ ᠡᠬᠡᠯ ᠠᠷᠠᠳ ᠢᠶᠠᠨ ᠳᠠᠷᠣᠯᠠᠨ ᠮᠦᠯᠵᠢᠳᠡᠭ ᠪᠢᠯᠡ᠃ ᠡᠶᠢᠮᠦ ᠠᠴᠠ ᠠᠯᠢ ᠦᠨᠳᠣᠰᠣᠳᠠᠨ ᠡᠷᠭᠡ ᠠᠳᠬᠤᠪᠠᠯ ᠳᠡᠷᠡ ᠦᠨᠳᠣᠰᠣᠳᠠᠨ ᠤ ᠪᠠᠨ ᠠᠰᠢᠭ ᠳᠣᠰᠠ ᠳᠤ ᠬᠠᠨᠳᠣᠭᠰᠠᠨ ᠳᠦᠷᠦ ᠶᠢᠨ ᠪᠣᠳᠣᠯᠭ᠎ᠠ ᠶᠠᠪᠣᠭᠤᠯᠣᠨ ᠲᠡᠷᠡ ᠦᠨᠳᠣᠰᠣᠳᠠᠨ ᠨᠢ ᠮᠡᠳᠡᠭᠳᠡᠭᠦᠶᠢᠴᠡ ᠪᠠᠷ ᠭᠦᠭᠵᠢᠨ ᠮᠠᠠᠳᠣᠳᠠᠭ ᠪᠢᠯᠡ᠃  ᠶᠡᠭᠡ ᠦᠨ ᠤ ᠲᠦᠷᠦ ᠴᠣ᠋   ᠠᠳᠠᠯᠢᠬᠠᠨ᠃ ᠬᠡᠳᠣᠶᠢᠪᠡᠷ ᠵᠠᠭᠤᠭᠠᠳ ᠵᠢᠯ ᠤᠨ ᠬᠤᠭᠤᠷᠣᠨᠳᠣ ᠠᠶᠣᠷᠪᠠᠷᠪᠠᠳᠠ ᠬᠠᠭᠠᠨ᠂ ᠰᠣᠳᠪᠠᠯᠠ ᠬᠠᠭᠠᠨ᠂ ᠢᠯᠠᠩᠭᠤᠶ᠎ᠠ ᠳᠣᠭᠳᠡᠮᠣᠷ ᠬᠠᠭᠠᠨ ᠤ ᠵᠠᠰᠠᠭ ᠶᠠᠪᠣᠭᠤᠯᠬᠤ ᠬᠤᠭᠤᠴᠠᠭᠠᠨ ᠳᠤ ᠬᠢᠳᠡᠳ ᠰᠣᠶᠣᠯ ᠢ ᠡᠷᠬᠦᠨ ᠬᠢᠳᠡᠳ ᠦᠨᠳᠣᠰᠣᠳᠠᠨ ᠳᠤ ᠵᠦᠬᠡᠯᠡᠨ ᠲᠦᠷᠦ ᠶᠢᠨ ᠪᠣᠳᠣᠯᠭ᠎ᠠ ᠠᠪᠣᠭᠰᠠᠨ ᠪᠣᠯᠪᠠᠴᠣ᠂ ᠬᠢᠳᠡᠳ ᠦᠨᠳᠣᠰᠣᠳᠠᠨ ᠢ ᠳᠠᠷᠣᠯᠠᠬᠤ ᠶᠡᠭᠡ ᠴᠢᠭᠯᠡᠯ ᠳᠤ ᠬᠤᠪᠢᠷᠠᠯᠳᠠ ᠭᠠᠷᠣᠭᠰᠠᠨ ᠦᠬᠡᠢ᠃ ᠡᠶᠢᠮᠦ ᠠᠴᠠ ᠬᠦᠮᠦᠨ ᠤ ᠬᠠᠷᠢᠴᠠᠯ ᠢᠶᠠᠷ ᠵᠣᠩᠬᠢᠯᠠᠬᠤ ᠳᠤᠭ᠎ᠠ ᠶᠢ ᠡᠵᠡᠯᠡᠬᠦ ᠬᠢᠳᠡᠳ ᠦᠨᠳᠣᠰᠣᠳᠠᠨ ᠬᠦᠨᠳᠣ ᠬᠡᠴᠡᠬᠦᠣ ᠳᠠᠷᠣᠯᠠᠯ ᠮᠦᠯᠵᠢᠯ ᠤᠨ ᠳᠣᠣᠷ᠎ᠠ ᠪᠡᠶ᠎ᠡ ᠡᠷᠬᠢᠨ ᠳᠣᠯᠣᠭᠠᠢ ᠦᠨᠳᠡᠶᠢᠬᠦ ᠬᠦᠰᠡᠯ ᠡᠷᠡᠮᠡᠯᠵᠡᠯᠡᠯ ᠢᠶᠠᠨ ᠨᠢᠬᠡ ᠡᠳᠣᠷ ᠴᠣ᠋ ᠮᠠᠷᠳᠠᠭᠰᠠᠨ ᠦᠬᠡᠢ᠂ ᠴᠠᠭ ᠳᠣᠬᠢᠶᠠᠯ ᠢ ᠬᠦᠯᠢᠶᠡᠨ ᠪᠣᠰᠣᠯᠴᠠᠨ ᠳᠡᠮᠡᠴᠡᠬᠦ ᠳᠤ ᠪᠡᠯᠡᠬᠡᠨ ᠪᠠᠶᠢᠵᠠᠢ᠃
    ᠳᠠᠪᠤ ᠳᠤ᠂ ᠬᠠᠭᠠᠨ ᠨᠣᠶᠠᠳ ᠤᠨ
ᠮᠣᠩᠬᠠᠭ ᠳᠣᠷᠣᠢ ᠪᠣᠯ ᠪᠠᠰᠠ ᠨᠢᠬᠡ ᠭᠤᠣᠯ ᠰᠢᠯᠳᠠᠭᠠᠨ᠃ ᠶᠡᠭᠡ ᠦᠨ ᠣᠯᠣᠰ ᠤᠨ ᠮᠣᠩᠭᠤᠯ ᠬᠠᠭᠠᠳ ᠵᠠᠰᠠᠭ ᠶᠠᠪᠣᠭᠤᠯᠬᠤ ᠳᠠᠭᠠᠨ ᠠᠯᠢᠪᠠ ᠡᠷᠬᠡ ᠶᠢ ᠴᠧᠩᠰᠢᠶᠠᠩ ᠳᠦᠰᠢᠮᠡᠯ ᠳᠡᠭᠡᠨ ᠨᠠᠶᠢᠳᠠᠳᠠᠭ ᠬᠠᠴᠢᠨ ᠵᠣᠷᠰᠢᠯ ᠲᠠᠢ᠂ ᠬᠠᠷᠢᠨ‌ᠦᠪᠡᠷ ᠢᠶᠠᠨ ᠪᠦᠬᠦ ᠣᠴᠢᠷ ᠢ ᠰᠡᠢᠳᠬᠦ ᠪᠢᠰᠢ᠃ ᠡᠨᠡ ᠪᠣᠯ ᠳᠣᠩ ᠭᠡᠨᠡᠨ ᠶᠣᠮ᠄ ᠡᠨᠡ ᠨᠢ ᠬᠠᠭᠠᠨ ᠤ ᠳᠣᠰ ᠪᠡᠶ᠎ᠡ ᠶᠢᠨ ᠬᠢᠨᠢ ᠣᠳᠣᠷᠢᠳᠣᠬᠤ ᠴᠢᠳᠠᠪᠣᠷᠢ ᠳᠡᠭᠡᠭᠰᠢᠯᠡᠵᠣ ᠴᠢᠳᠠᠬᠤ ᠦᠬᠡᠢ︔ ᠪᠦᠬᠦ ᠣᠯᠣᠰ ᠤᠨ ᠴᠠᠭ ᠤᠨ ᠪᠠᠶᠢᠳᠠᠯ ᠳᠤ ᠵᠣᠬᠢᠴᠠᠭᠰᠠᠨ ᠣᠶᠠᠨ ᠬᠠᠳᠠᠨ ᠲᠦᠷᠦ ᠶᠢᠨ ᠪᠣᠳᠣᠯᠭ᠎ᠠ ᠳᠣᠭᠳᠠᠭᠠᠬᠤ ᠪᠣᠯᠣᠮᠵᠢ ᠶᠢ ᠬᠠᠷᠰᠢᠯᠠᠬᠤ︔ ᠬᠠᠭᠠᠨ ᠡᠵᠡᠨ ᠦᠨᠡᠨ ᠪᠠᠶᠢᠳᠠᠯ ᠢ ᠦᠢᠯᠠᠭᠠᠵᠣ ᠴᠢᠳᠠᠬᠤ ᠦᠬᠡᠢ ᠠᠴᠠ ᠪᠣᠯᠵᠣ ᠵᠢᠰᠣᠷ ᠳᠦᠰᠢᠮᠡᠳ ᠤᠨ ᠬᠤᠪ ᠦᠬᠡᠨ ᠳᠤ ᠠᠮᠠᠷᠬᠠᠨ ᠣᠷᠣᠬᠤ ᠵᠡᠷᠭᠡ ᠣᠯᠠᠨ ᠨᠠᠵᠠᠭᠠᠢ‌ᠨᠦ᠋ᠬᠦᠴᠡᠯ ᠢ ᠬᠠᠩᠭᠠᠵᠠᠢ᠃ ᠨᠡᠩ ᠬᠦᠨᠳᠣ ᠨᠣᠴᠢᠳᠠᠢ ᠵᠦᠢᠯ ᠭᠡᠪᠡᠯ᠂ ᠬᠤᠪᠢᠯᠠᠢ ᠶᠢ ᠭᠠᠷᠭᠠᠪᠠᠯ ᠡᠬᠢᠨ ᠤ ᠬᠡᠳᠣᠨ ᠬᠠᠭᠠᠨ ᠪᠠᠷᠤᠭ ᠪᠦᠷ ᠡᠷᠳᠡᠮ ᠴᠢᠳᠠᠪᠣᠷᠢ ᠳᠣᠷᠣᠢ  ᠳᠡᠭᠡᠷ᠎ᠡ ᠪᠠᠨ ᠠᠷᠢᠬᠢ ᠳᠠᠷᠠᠰᠣᠨ ᠳᠤ ᠳᠣᠷᠠᠳᠠᠢ ᠨᠢ ᠭᠡᠷᠡᠭ᠂ ᠡᠶᠢᠮᠦ ᠠᠴᠠ ᠶᠡᠭᠡ ᠦᠢᠯᠡ ᠪᠦᠳᠦᠭᠡᠬᠦ ᠳᠡᠩᠬᠡᠭᠡ ᠳᠣᠳᠠᠭᠰᠠᠨ ᠪᠠᠶᠢᠨ᠎ᠠ᠃
    ᠵᠢᠷᠭᠤᠭ᠎ᠠ ᠳᠤ᠂ ᠣᠯᠠᠩᠬᠢ ᠬᠠᠭᠠᠳ ᠬᠠᠭᠠᠨ
ᠰᠠᠭᠤᠷᠢᠨ ᠳᠡᠭᠡᠷ᠎ᠡ ᠪᠠᠨ ᠣᠳᠠᠭᠠᠨ ᠰᠠᠭᠤᠵᠣ ᠴᠢᠳᠠᠭᠰᠠᠨ ᠦᠬᠡᠢ᠃ ᠭᠤᠷᠪᠠᠳᠣᠭᠠᠷ ᠬᠠᠭᠠᠨ ᠠᠴᠠ ᠡᠬᠢᠯᠡᠭᠡᠳ‌ᠬᠠᠶᠢᠰᠠᠩ 3 ᠵᠢᠯ᠃ ᠲᠦᠷᠪᠡᠳᠣᠭᠡᠷ ᠬᠠᠭᠠᠨ ᠠᠶᠣᠷᠪᠠᠷᠪᠠᠳᠠ 8 ᠵᠢᠯ᠃ ᠳᠠᠪᠣᠳᠣᠭᠠᠷ ᠬᠠᠭᠠᠨ ᠰᠣᠳᠪᠠᠯᠠ 2 ᠵᠢᠯ᠃ ᠵᠢᠷᠭᠤᠳᠣᠭᠠᠷ ᠬᠠᠭᠠᠨ ᠡᠰᠡᠡᠳᠡᠮᠣᠷ 4 ᠵᠢᠯ᠃ ᠳᠣᠯᠣᠳᠣᠭᠠᠷ ᠬᠠᠭᠠᠨ ᠷᠠᠳᠢᠪᠠᠯᠠ 40 ᠡᠳᠣᠷ᠃ ᠨᠠᠢᠮᠠᠳᠣᠭᠠᠷ ᠪᠠ ᠠᠷᠪᠠᠳᠣᠭᠠᠷ ᠬᠠᠭᠠᠨ ᠳᠣᠭᠳᠡᠮᠣᠷ ᠬᠤᠶᠠᠷ ᠣᠳᠠᠭ᠎ᠠ ᠨᠡᠶᠢᠯᠡᠭᠡᠳ ᠰᠠᠶ᠋ᠢ 4 ᠵᠢᠯ᠃ ᠶᠢᠰᠣᠳᠣᠭᠡᠷ ᠬᠠᠭᠠᠨ ᠬᠤᠱᠢᠯᠠ 7 ᠰᠠᠷ᠎ᠠ᠃ ᠠᠷᠪᠠᠨ ᠨᠢᠬᠡᠳᠣᠭᠡᠷ ᠬᠠᠭᠠᠨ ᠷᠢᠨᠴᠢᠨᠪᠠᠯ 53 ᠡᠳᠣᠷ᠃ ᠳᠡᠷᠡᠴᠢᠯᠡᠨ ᠷᠠᠳᠢᠪᠠᠯᠠ᠂ ᠷᠢᠨᠴᠢᠨᠪᠠᠯ ᠰᠣᠳᠪᠠᠯᠠ ︵19 ᠨᠠᠰᠣ ᠲᠠᠢ︶ ᠵᠡᠷᠭᠡ ᠬᠡᠳᠣᠨ ᠬᠠᠭᠠᠨ ᠪᠦᠷ ᠬᠡᠣᠬᠡᠳ ᠢᠶᠠᠷ ᠢᠶᠠᠨ ᠬᠠᠭᠠᠨ ᠰᠠᠭᠤᠷᠢᠨ ᠳᠤ ᠰᠠᠭᠤᠵᠣ ᠵᠢᠭᠦᠷ ᠳᠠᠯᠠᠪᠴᠢ ᠪᠦᠷᠢᠳᠣᠵᠣ ᠠᠮᠵᠢᠭ᠎ᠠ ᠦᠬᠡᠢ ᠪᠠᠷ ᠨᠠᠰᠣ ᠪᠠᠷᠠᠵᠠᠢ᠃ ᠬᠠᠮᠤᠭ ᠰᠡᠬᠦᠯ ᠤᠨ ᠬᠠᠭᠠᠨ ᠳᠣᠭᠤᠨᠳᠡᠮᠣᠷ ᠬᠡᠳᠣᠶᠢᠪᠡᠷ ᠣᠳᠠᠭᠠᠨ ᠰᠠᠭᠤᠵᠣ 35 ᠵᠢᠯ ᠪᠣᠯᠣᠭᠰᠠᠨ ᠪᠣᠯᠪᠠᠴᠣ᠂ ᠬᠠᠷᠢᠨ ᠮᠣᠳᠣᠨ ᠳᠠᠷᠬᠠᠨ ᠤ ᠠᠵᠢᠯ ᠳᠤ ᠰᠢᠨᠣᠬᠠᠶᠢᠷᠠᠭᠠᠳ ᠨᠢᠬᠡᠮᠣᠰᠣᠨ ᠵᠠᠰᠠᠭ ᠤᠨ ᠠᠵᠢᠯ ᠢ ᠬᠠᠶᠢᠬᠤᠷᠳᠠᠭ ᠦᠬᠡᠢ ᠶᠢᠨ ᠨᠢᠬᠡᠨ ᠪᠠᠶᠢᠵᠠᠢ᠃    
    ᠦᠵᠡᠬᠡᠴᠢ︕ ᠡᠶᠢᠮᠦ ᠣᠯᠠᠨ ᠨᠠᠵᠠᠭᠠᠢ ᠳᠠᠯ᠎ᠠ ᠣᠷᠣᠰᠢᠵᠣ ᠪᠠᠶᠢᠭᠰᠠᠨ ᠨᠢᠬᠡ ᠳᠦᠷᠦ ᠨᠣᠷᠠᠬᠤ ᠦᠬᠡᠢ
ᠶᠣᠰᠣ ᠪᠠᠶᠢᠨ᠎ᠠ ᠤᠤ︖ ᠮᠢᠨᠦ ᠦᠵᠡᠬᠦ ᠪᠠᠷ 97 ᠵᠢᠯ ᠳᠣᠭᠳᠠᠵᠣ ᠴᠢᠳᠠᠭᠰᠠᠨ ᠨᠢ ᠪᠠᠰᠠ ᠠᠮᠠᠷ ᠦᠬᠡᠢ᠂ ᠪᠣᠶᠠᠨ ᠢᠶᠠᠷ ᠢᠶᠠᠨ ᠪᠣᠯᠵᠠᠢ᠃
    ᠶᠠᠭ ᠡᠶᠢᠮᠦ ᠠᠴᠠ ᠡᠯ᠎ᠡ ᠵᠦᠢᠯ ᠤᠨ ᠵᠦᠷᠢᠴᠡᠯ
ᠮᠦᠷᠬᠦᠯᠳᠣᠬᠡᠨ ᠰᠢᠷᠦᠬᠦᠰᠴᠣ ᠬᠤᠷᠴᠠᠳᠣᠭᠰᠠᠨ ᠤ ᠳ᠋ᠦᠩ ᠳᠤ᠂ ᠳᠠᠷᠢᠶᠠᠴᠠᠨ ᠤ ᠪᠣᠰᠣᠯᠭ᠎ᠠ ᠭᠠᠵᠠᠷ ᠰᠠᠢ ᠦᠬᠡᠢ ᠦᠷᠨᠢᠬᠦ ᠪᠠᠷ ᠪᠠᠷᠠᠬᠤ ᠦᠬᠡᠢ᠂ ᠮᠣᠩᠭᠤᠯ ᠣᠷᠣᠨ ᠳᠤ ᠪᠠᠰᠠ ᠪᠠᠶᠢᠨ ᠳᠠᠬᠢᠨ ᠪᠣᠰᠣᠯᠭ᠎ᠠ ᠭᠠᠷᠳᠠᠭ ᠪᠠᠶᠢᠪᠠ᠃ ᠵᠠᠩᠬᠢᠯᠬᠭ᠎ᠠ ᠶᠢᠨ ᠦᠶ᠎ᠡ ᠳᠤ ᠮᠣᠩᠭᠤᠯ  ᠢᠵᠠᠭᠤᠷᠳᠠᠳ ᠪᠠᠰᠠ ᠬᠤᠭᠤᠷᠣᠨᠳᠣ ᠪᠠᠨ ᠳᠡᠮᠡᠴᠡᠵᠣ᠂ ᠪᠣᠷᠣᠳᠡᠮᠣᠷ ᠪᠣᠯᠣᠨ ᠴᠠᠭᠠᠠᠳᠡᠮᠣᠷ — ᠬᠦᠬᠡᠳᠡᠮᠣᠷ ᠨᠠᠷ ᠤᠨ ᠳᠣᠮᠳᠠ ᠪᠠᠰᠠ ᠳᠠᠶᠢᠨ ᠪᠣᠯᠣᠭᠰᠠᠨ ᠠᠵᠢ᠃ ᠮᠣᠳᠣᠨ ᠳᠠᠷᠬᠠᠨ ᠠᠪᠢᠶᠠᠰ ᠲᠠᠢ ᠳᠣᠭᠤᠨᠳᠡᠮᠣᠷ ᠬᠠᠭᠠᠨ ᠡᠨᠡ ᠶᠡᠭᠡ ᠬᠡᠴᠡᠬᠦᠣ ᠪᠠᠶᠢᠳᠠᠯ ᠢ ᠵᠦᠭᠰᠢᠷᠡᠬᠦᠯᠬᠦ ᠴᠢᠳᠠᠯ ᠮᠡᠭᠦᠰᠳᠡᠨ ᠴᠢᠨᠠᠭᠰᠢᠯᠠᠨ ᠪᠠᠴᠢᠮ ᠴᠢᠬᠤᠯᠠ ᠦᠶ᠎ᠡ ᠬᠡᠷᠡᠭ ᠢ ᠪᠠᠶᠢᠨ ᠳᠠᠬᠢᠨ ᠪᠣᠷᠣᠭᠤ ᠪᠠᠷ ᠰᠡᠢᠳᠭᠡᠵᠣ᠂ ᠡᠮᠣᠨ᠎ᠡ ᠹᠷᠣᠨᠲ ᠳᠤ ᠳᠠᠷᠢᠶᠠᠴᠢᠨ ᠤ ᠪᠣᠰᠣᠯᠭ᠎ᠠ ᠶᠢ ᠳᠠᠷᠣᠩᠭᠤᠶᠢᠯᠠᠨ ᠢᠯᠠᠯᠳᠠ ᠶᠢᠨ ᠡᠷᠴᠢᠨ ᠳᠡᠭᠡᠷ᠎ᠡ ᠪᠠᠨ ᠪᠠᠶᠢᠭᠰᠠᠨ ᠪᠣᠶᠠᠨ ᠴᠧᠩᠰᠢᠶᠠᠩ ᠢ ᠠᠯᠠᠭᠰᠠᠨ ᠠᠴᠠ ᠬᠤᠪᠢ ᠵᠠᠶᠠᠭ᠎ᠠ ᠨᠢᠬᠡᠮᠣᠰᠣᠨ ᠪᠣᠷᠣᠭᠤ ᠳᠡᠰᠢ ᠪᠠᠨ ᠡᠷᠬᠢᠵᠠᠢ᠃ 1368 ᠣᠨ ᠤ ᠢᠯᠡᠬᠦᠣ ᠳᠣᠯᠣᠭᠠᠨ ᠰᠠᠷ᠎ᠠ ᠶᠢᠨ 26 ᠤ ᠡᠳᠣᠷ᠂ ᠰᠢᠦᠢ ᠳ᠋ᠠ ᠶᠢᠨ ᠴᠡᠷᠢᠭ ᠬᠠᠭᠠᠨ ᠪᠠᠶᠢᠷᠢ ᠶᠢᠨ ᠣᠶᠢᠷ᠎ᠡ ᠬᠢ ᠲᠦᠩᠵᠸᠣ ᠳᠤ ᠦᠢᠷᠡᠳᠣᠵᠣ ᠢᠷᠡᠬᠦ ᠳᠤ᠂ ᠪᠣᠶᠠᠠᠳᠡᠮᠣᠷ ᠵᠠᠩᠵᠣᠨ ᠳᠣᠯᠣᠨ ᠪᠠᠶᠢᠯᠳᠣᠭᠰᠠᠨ ᠪᠣᠯᠪᠠᠴᠣ ᠪᠣᠴᠠᠭᠠᠵᠣ ᠴᠢᠳᠠᠯ ᠦᠬᠡᠢ ᠳᠡᠶᠢᠯᠦᠭᠳᠡᠭᠡᠳ ᠨᠠᠶᠢᠰᠯᠠᠯ ᠬᠤᠳᠠ ᠶᠢᠨ ᠬᠠᠮᠤᠭ ᠡᠴᠣᠰ ᠤᠨ ᠰᠡᠷᠬᠡᠶᠢᠯᠡᠯ ᠤᠨ ᠱᠣᠭᠤᠮ ᠠᠯᠳᠠᠭᠳᠠᠨ ᠲᠦᠷᠦ ᠮᠦᠬᠦᠬᠦ ᠨᠢ ᠵᠠᠶᠢᠯᠠᠰᠢ ᠦᠬᠡᠢ ᠳᠣᠯᠵᠣ ᠢᠷᠡᠪᠡ᠃ ᠢᠩᠬᠢᠬᠡᠳ ᠠᠷᠭ᠎ᠠ ᠪᠣᠶᠣ 28 ᠤ ᠡᠳᠣᠷ ᠳᠣᠭᠤᠨᠳᠡᠮᠣᠷ ᠬᠠᠭᠠᠨ᠂ ᠲᠡᠮᠣᠷᠪᠣᠬ᠎ᠠ ᠪᠠᠷ ᠲᠦᠷᠦ ᠶᠢ ᠵᠠᠬᠢᠷᠠᠭᠤᠯᠣᠨ᠂ ᠴᠢᠩ ᠭᠦᠩ ᠢ ᠪᠠᠷᠠᠭᠤᠨ ᠴᠧᠩᠰᠢᠶᠠᠩ ᠪᠣᠯᠭᠠᠨ ᠦᠯᠡᠳᠡᠭᠡᠭᠡᠳ ᠴᠢᠭᠤᠯᠣᠯᠳᠣ ᠬᠠᠭᠠᠯᠭ᠎ᠠ ᠪᠠᠷ ᠳᠠᠮᠵᠢᠨ ᠬᠤᠶᠢᠰᠢ ᠳᠣᠳᠠᠭᠠᠪᠠ᠃ ᠨᠠᠢᠮᠠᠨ ᠰᠠᠷ᠎ᠠ ᠶᠢᠨ ᠬᠤᠶᠠᠷ ᠤᠨ ᠡᠳᠣᠷ ᠳ᠋ᠠᠶᠢᠳᠣ ᠳᠠᠶᠢᠰᠣᠨ ᠳᠤ ᠡᠵᠡᠯᠡᠭᠳᠡᠪᠡ᠃ ᠡᠶᠢᠨ ᠬᠦ ᠶᠡᠭᠡ ᠶᠣᠸᠠᠨ ᠣᠯᠣᠰ ᠮᠦᠬᠦᠪᠡ᠃
    ᠶᠡᠭᠡ ᠦᠨ ᠣᠯᠣᠰ ᠢᠶᠠᠨ ᠠᠯᠳᠠᠭᠰᠠᠨ ᠤ ᠳᠠᠷᠠᠭ᠎ᠠ᠂ ᠳᠣᠭᠤᠨᠳᠡᠮᠣᠷ ᠬᠠᠭᠠᠨ ᠰᠠᠶ᠋ᠢ ᠣᠬᠠᠭᠠᠷᠠᠵᠣ᠂ ᠠᠯᠳᠠᠷᠳᠣ
ᠰᠢᠯᠦᠭ ︽ᠳᠣᠭᠤᠨᠳᠡᠮᠣᠷ ᠬᠠᠭᠠᠨ ᠤ ᠬᠡᠮᠰᠢᠯ ᠰᠢᠯᠦᠭ  ︾ ᠢᠶᠠᠨ ᠪᠢᠴᠢᠵᠡᠢ᠃( ᠦᠷᠬᠦᠯᠵᠢᠯᠡᠯ ᠪᠣᠢ )
 
ᠢᠷᠡᠯᠲᠡ᠄ ᠲᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号