​ᠰᠠᠭᠠᠩ ᠰᠡᠴᠡᠨ ᠬᠢᠭᠡᠳ ︽ᠡᠷᠳᠡᠨᠢ ᠶᠢᠨ ᠳᠣᠪᠴᠢ︾  ︵ᠬᠤᠶᠠᠷ︶
ᠨᠡᠶᠢᠲᠡᠯᠡᠭᠰᠡᠨ ᠴᠠᠭ᠄
2020/11/19
ᠣᠮᠠᠷᠳᠣ ᠦᠨ ᠬᠡᠮᠡᠬᠦ ᠶᠢᠨ ᠣᠴᠢᠷ ᠣᠳᠣ ᠣᠮᠠᠷᠠᠳᠣ ᠦᠨ ᠳᠤ ᠣᠷᠣᠶ᠎ᠠ᠃
    ᠰᠠᠭᠠᠩ ᠰᠡᠴᠡᠨ ᠤ ᠳᠣᠬᠠᠢ
ᠶᠠᠷᠢᠬᠤ ᠳᠤ ᠵᠠᠪᠠᠯ ᠦᠨ ᠪᠣᠶᠣ ᠣᠮᠠᠷᠠᠳᠣ ᠦᠨ ᠢ ᠶᠠᠷᠢᠬᠤ ᠬᠡᠷᠡᠭᠳᠡᠢ᠃ ᠡᠷᠳᠡᠮᠳᠡᠳ ᠤᠨ ᠰᠣᠳᠣᠯᠣᠭᠰᠠᠨ ᠢ ᠦᠨᠳᠣᠰᠣᠯᠡᠪᠡᠯ᠂ 1368 ᠣᠨ ᠳᠤ ᠵᠣ᠋ ᠶᠣᠸᠠᠨ ᠵᠠᠩ ᠤᠨ ᠪᠣᠰᠣᠯᠭ᠎ᠠ ᠶᠢᠨ ᠴᠡᠷᠢᠭ ᠪᠡᠬᠡᠵᠢᠩ ︵ᠳ᠋ᠠᠶᠢᠳᠣ︶  ᠢ ᠡᠵᠡᠯᠡᠬᠦ ᠳᠤ᠂ ᠳᠣᠭᠤᠨᠳᠡᠮᠣᠷ ᠬᠠᠭᠠᠨ ᠪᠡᠬᠡᠵᠢᠩ ᠠᠴᠠ ᠳᠣᠳᠠᠭᠠᠵᠣ ᠭᠠᠷᠣᠭᠠᠳ ᠦᠨ  ᠤ ᠳᠡᠭᠡᠳᠣ ᠨᠠᠶᠢᠰᠯᠠᠯ ᠺᠠᠶᠢᠫᠦᠩ ᠬᠤᠳᠠ ᠳᠤ ᠬᠦᠷᠦᠭᠰᠡᠨ ᠢᠶᠠᠷ ᠣᠮᠠᠷᠠᠳᠣ ᠦᠨ ᠤ ᠳᠡᠣᠬᠡ ᠡᠬᠢᠯᠡᠳᠡᠭ ᠠᠵᠢ᠃
    ᠢᠩᠬᠢᠵᠣ ᠨᠢᠬᠡ
ᠲᠦᠷᠦ ᠶᠢ ᠡᠮᠣᠨ᠎ᠡ ᠬᠤᠶᠢᠨ᠎ᠡ ᠢᠯᠭᠠᠵᠣ ᠶᠠᠷᠢᠳᠠᠭ ᠪᠣᠯ ᠳᠣᠮᠳᠠᠳᠣ ᠣᠯᠣᠰ ᠤᠨ ᠳᠡᠣᠬᠡᠨ ᠳᠡᠭᠡᠷᠡᠬᠢ ᠨᠢᠬᠡᠨ ᠣᠨᠴᠠᠭᠠᠢ ᠦᠵᠡᠭᠳᠡᠯ ᠭᠡᠯᠳᠡᠢ᠃ ᠠᠯᠢ ᠨᠢᠬᠡ ᠨᠢᠬᠡᠨ ᠦᠶ᠎ᠡ ᠳᠣᠭᠳᠠᠪᠣᠷᠢᠵᠢᠵᠣ ᠦᠩᠭᠡᠷᠡᠭᠰᠡᠨ ᠲᠦᠷᠦ ᠨᠢᠬᠡ ᠨᠣᠷᠠᠭᠠᠳ ᠳᠠᠬᠢᠵᠣ ᠪᠣᠰᠬᠤ᠂ ᠠᠷᠭ᠎ᠠ ᠦᠬᠡᠢ ᠪᠠᠶᠢᠳᠠᠯ ᠳᠤ ᠨᠡᠶᠢᠰᠯᠡᠯ ᠢᠶᠠᠨ ᠰᠢᠯᠵᠢᠬᠦᠯᠬᠦ᠂ ᠡᠰᠡᠪᠡᠯ ᠦᠯᠡᠳᠡᠭᠳᠡᠯ ᠬᠦᠴᠦᠨ ᠭᠠᠵᠠᠷ ᠰᠢᠯᠵᠢᠨ ᠬᠠᠭᠤᠴᠢᠨ ᠲᠦᠷᠦ ᠶᠢᠨ ᠢᠶᠠᠨ ᠨᠡᠷ᠎ᠡ ᠪᠠᠷ ᠦᠷᠬᠦᠯᠵᠢᠯᠡᠨ ᠳᠤᠭ ᠪᠣᠰᠬᠠᠨ ᠳᠡᠮᠡᠴᠡᠭᠰᠡᠨ ᠢ ᠴᠠᠭ ᠢᠶᠠᠷ ᠨᠢ ᠬᠤᠶᠢᠳᠣ ᠡᠮᠣᠨᠡᠳᠣ ᠲᠦᠷᠦ᠂ ᠭᠠᠵᠠᠷ ᠣᠷᠣᠨ ᠢᠶᠠᠷ ᠨᠢ ᠵᠡᠬᠦᠨ ᠪᠠᠷᠠᠭᠤᠨ ᠲᠦᠷᠦ ᠪᠣᠯᠳᠠᠭ ᠠᠵᠢ᠃ ᠭᠡᠳᠡᠯ᠎ᠡ ᠡᠨᠡ ᠬᠤᠶᠢᠳᠣ᠂ ᠡᠮᠣᠨᠡᠳᠣ ᠪᠣᠶᠣ ᠣᠮᠠᠷᠠᠳᠣ ᠭᠡᠳᠡᠭ ᠢ ᠲᠡᠷᠡ ᠲᠦᠷᠦ ᠶᠢᠨ ᠬᠢᠨ ᠦᠪᠡᠷ ᠢᠶᠠᠨ ᠨᠡᠷᠡᠯᠡᠳᠡᠭ ᠪᠢᠰᠢ᠂ ᠰᠡᠭᠦᠯ ᠤᠨ ᠦᠶ᠎ᠡ ᠶᠢᠨ ᠳᠡᠣᠬᠡᠴᠢᠨ ᠳᠡᠭᠡᠵᠣ ᠨᠡᠷᠡᠯᠡᠳᠡᠭ ᠪᠠᠶᠢᠨ᠎ᠠ᠃ ᠬᠠᠷᠢᠨ ᠳᠡᠳᠡ ᠦᠪᠡᠷ ᠢᠶᠠᠨ ᠪᠣᠯ ᠬᠠᠰᠢ ᠯᠠ ᠣᠣᠯ ᠤᠨ ᠲᠦᠷᠦ ᠶᠢᠨ ᠢᠶᠠᠨ ᠨᠡᠷ᠎ᠡ ᠶᠢ ᠵᠠᠯᠭᠠᠵᠣ ᠬᠡᠷᠡᠭᠯᠡᠳᠡᠭ ᠪᠠᠶᠢᠨ᠎ᠠ᠃ ᠵᠢᠱᠢᠶᠡᠯᠡᠪᠡᠯ᠂ ᠬᠠᠨ ᠣᠯᠣᠰ ᠳᠣᠮᠳᠠ ᠪᠠᠨ ᠣᠯᠣᠰ ᠤᠨ ᠡᠷᠬᠡ ᠪᠠᠨ ᠸᠠᠩ ᠮᠠᠩ ᠳᠤ  ᠠᠯᠳᠠᠭᠠᠳ ᠲᠦᠴᠢᠨ ᠬᠡᠳᠣᠨ ᠵᠢᠯ ᠪᠣᠯᠵᠣ ᠳᠠᠬᠢᠨ ᠰᠡᠷᠭᠦᠭᠡᠭᠡᠳ ᠮᠦᠨ ᠬᠠᠨ ᠣᠯᠣᠰ ᠬᠡᠮᠡᠨ ᠨᠡᠷᠡᠯᠡᠭᠰᠡᠭᠡᠷ ᠢᠷᠡᠵᠡᠢ᠃ ᠭᠡᠳᠡᠯ᠎ᠡ ᠰᠡᠬᠦᠯᠴᠢ ᠶᠢᠨ ᠳᠡᠣᠬᠡᠴᠢᠨ ᠸᠠᠩ ᠮᠠᠩ ᠠᠴᠠ ᠡᠮᠣᠨ᠎ᠡ ᠦᠶ᠎ᠡ ᠶᠢ ᠪᠠᠷᠠᠭᠤᠨ ᠬᠠᠨ ᠣᠯᠣᠰ ᠬᠡᠮᠡᠨ ᠸᠠᠩ ᠮᠠᠩ ᠠᠴᠠ ᠰᠡᠬᠦᠯᠡᠷ ᠬᠢ ᠶᠢ ᠵᠡᠬᠦᠨ ᠬᠠᠨ ᠣᠯᠣᠰ ᠬᠡᠬᠦ ᠪᠣᠯᠵᠠᠢ᠃ ︵ᠸᠠᠩ ᠮᠠᠩ ᠠᠴᠠ ᠡᠷᠬᠡ ᠪᠠᠨ ᠪᠣᠯᠢᠶᠠᠵᠣ ᠠᠪᠣᠭᠰᠠᠨ ᠡᠬᠢᠨ ᠤ 23 ᠵᠢᠯ ᠢ ᠪᠠᠰᠠ ᠪᠠᠷᠠᠭᠤᠨ ᠬᠠᠨ ᠳᠤ ᠣᠷᠣᠭᠤᠯᠵᠣ ᠪᠣᠢ︶ ᠭᠤᠷᠪᠠᠨ ᠣᠯᠣᠰ ᠤᠨ ᠦᠶ᠎ᠡ ᠳᠤ ᠸᠧᠢ ᠣᠯᠣᠰ ᠬᠡᠵᠣ ᠪᠠᠶᠢᠵᠠᠢ᠃ ᠨᠡᠶᠢᠳᠡ ᠶᠢᠨ ᠣᠨ ᠳᠣᠭᠠᠯᠠᠯ ᠤᠨ 265 ᠣᠨ ᠳᠤ᠂ ᠼᠤᠤ ᠼᠤᠤ ᠶᠢᠨ ᠳᠣᠣᠷ᠎ᠠ ᠪᠠᠶᠢᠭᠰᠠᠨ ᠰᠧ ᠮᠠ ᠶᠢ ᠶᠢᠨ ᠬᠤᠶᠢᠴᠢ ᠰᠧ ᠮᠠ ᠶᠠᠨ ᠬᠡᠰᠡᠨ ᠬᠦᠮᠦᠨ ᠼᠤᠤ ᠼᠤᠤ ᠶᠢᠨ ᠪᠠᠶᠢᠭᠤᠯᠣᠭᠰᠠᠨ ᠸᠧᠢ ᠣᠯᠣᠰ ᠤᠨ ᠡᠷᠬᠡ ᠶᠢ ᠪᠣᠯᠢᠶᠠᠨ ᠶᠢᠨ ᠣᠯᠣᠰ ᠢ ᠪᠠᠶᠢᠭᠤᠯᠵᠠᠢ᠃ ᠳᠡᠭᠡᠭᠡᠳ 311 ᠣᠨ ᠪᠣᠯᠬᠤ ᠳᠤ᠂ ᠯᠢᠦ ᠼᠦᠩ ᠭᠡᠰᠡᠨ ᠬᠦᠮᠦᠨᠨᠣ ︵ᠡᠾᠦ᠋ᠩᠨᠣ︶ ᠬᠦᠮᠦᠨ ᠶᠢᠨ ᠣᠯᠣᠰ ᠤᠨ ᠨᠠᠶᠢᠰᠯᠠᠯ ᠯᠦᠸᠧ ᠶᠠᠩ ᠢ ᠡᠵᠡᠯᠡᠨ ᠬᠠᠭᠠᠨ ᠢ ᠨᠢ ᠣᠯᠵᠠᠯᠠᠪᠠ᠃ ᠢᠩᠬᠢᠭᠰᠡᠨ ᠳᠤ ᠶᠢᠨ ᠣᠯᠣᠰ ᠤᠨ ᠴᠡᠷᠢᠭ ᠴᠠᠩ ᠠᠨ ᠳᠤ ᠦᠬᠡᠷ᠎ᠡ ᠨᠢᠬᠡ ᠬᠠᠭᠠᠨ ᠳᠠᠯᠪᠢᠭᠠᠳ ᠳᠠᠪᠣᠨ ᠵᠢᠯ ᠪᠣᠯᠬᠤ ᠳᠤ ︵316 ᠣᠨ︶ ᠯᠢᠦ ᠶᠣᠣ ᠬᠡᠰᠡᠨ ᠬᠦᠮᠦᠨᠣ ᠬᠦᠮᠦᠨ ᠴᠠᠩ ᠠᠨ ᠢ ᠡᠵᠡᠯᠡᠬᠦ ᠳᠤ ᠲᠡᠷᠡ ᠬᠠᠭᠠᠨ ᠪᠠᠭᠤᠵᠣ ᠦᠭᠭᠦᠪᠡ᠃ ᠳᠠᠷᠠᠭ᠎ᠠ ᠵᠢᠯ ᠨᠢ ᠰᠧ ᠮᠠ ᠿᠦᠢ ᠵᠢᠶᠠᠨ ᠺᠠᠩ ︵ᠨᠠᠠᠵᠢᠩ︶ ᠬᠤᠳᠠ  ᠳᠤ ᠣᠯᠣᠰ ᠢᠶᠠᠨ ᠰᠡᠷᠭᠦᠭᠡᠪᠡ᠃ ᠡᠮᠣᠨ᠎ᠡ ᠬᠤᠶᠢᠨ᠎ᠡ ᠴᠦᠮ ᠶᠢᠨ ᠣᠯᠣᠰ ᠬᠡᠵᠣ ᠪᠠᠶᠢᠪᠠ᠃ ᠭᠡᠳᠡᠯ᠎ᠡ ᠣᠳᠣ ᠳᠡᠣᠬᠡᠴᠢᠨ ᠡᠬᠢᠨ ᠤ ᠦᠶ᠎ᠡ ᠶᠢᠨ ᠬᠢ ᠶᠢ ᠪᠠᠷᠠᠭᠤᠨ ᠶᠢᠨ ᠣᠯᠣᠰ ᠬᠡᠵᠣ᠂ ᠰᠡᠬᠦᠯ ᠤᠨ ᠬᠢ ᠶᠢ ᠵᠡᠬᠦᠨ ᠶᠢᠨ ᠣᠯᠣᠰ ᠭᠡᠳᠡᠭ ᠪᠠᠶᠢᠨ᠎ᠠ᠃ ᠡᠨᠡ ᠪᠣᠯ ᠨᠠᠶᠢᠰᠯᠠᠯ ᠢᠶᠠᠷ ᠨᠢ ᠢᠯᠭᠠᠵᠣ ᠪᠠᠶᠢᠨ᠎ᠠ᠃ 220 ᠣᠨ ᠳᠤ ᠰᠢᠶᠡᠡᠪᠢ ᠬᠦᠮᠦᠨ ᠲᠣᠪᠠ ᠣᠪᠣᠭᠳᠣ ᠯᠢ ᠸᠧᠢ ᠬᠡᠰᠡᠨ ᠬᠦᠮᠦᠨ ︵ᠳᠡᠭᠡᠳᠣ ᠨᠢ 秃发匹孤 ᠬᠡᠰᠡᠨ ᠬᠦᠮᠦᠨ ᠪᠠᠶᠢᠵᠠᠢ︶ ᠪᠠᠷᠠᠭᠤᠨ ᠭᠠᠵᠠᠷ ᠤᠨ ᠳᠣᠪᠠ ᠬᠦᠮᠦᠨ ᠢ ᠨᠢᠭᠡᠳᠭᠡᠭᠡᠳ ᠣᠳᠣ ᠶᠢᠨ ᠬᠦᠬᠡᠬᠤᠳᠠ ᠶᠢᠨ ᠡᠮᠣᠨ᠎ᠡ ᠪᠠᠶᠢᠭ᠎ᠠ ᠬᠤᠷᠢᠨᠭᠡᠷ ᠳᠡᠭᠡᠷ᠎ᠡ ᠳᠡᠭᠷᠢ ᠳᠠᠬᠢᠵᠣ ︵盛乐祭天︶ ᠰᠢᠶᠡᠡᠪᠢ ᠶᠢᠨ ᠬᠠᠭᠠᠨ ᠰᠠᠭᠤᠪᠠ᠃ ᠰᠡᠬᠦᠯ ᠳᠤ 386 ᠣᠨ ᠳᠤ ᠳᠡᠬᠦᠨ ᠤ ᠬᠤᠶᠢᠴᠢ ᠲᠣᠪᠠ ᠭᠦᠢ ᠬᠡᠰᠡᠨ ᠬᠦᠮᠦᠨ ᠣᠯᠣᠰ ᠤᠨ ᠨᠡᠷ᠎ᠡ ᠪᠠᠨ ᠳ᠋ᠠᠢ ᠣᠯᠣᠰ ᠭᠡᠪᠡ᠂ ᠲᠦᠷᠪᠡᠨ ᠰᠠᠷ᠎ᠠ ᠶᠢᠨ ᠳᠠᠷᠠᠭ᠎ᠠ ᠸᠧᠢ ᠣᠯᠣᠰ ᠬᠡᠵᠣ ᠬᠠᠯᠠᠪᠠ᠃ ᠡᠬᠦᠨ ᠢ ᠭᠤᠷᠪᠠᠨ ᠣᠯᠣᠰ ᠤᠨ ᠦᠶ᠎ᠡ ᠳᠤ ᠼᠣᠣ ᠼᠣᠣ ᠶᠢᠨ ᠪᠠᠶᠢᠭᠤᠯᠣᠭᠰᠠᠨ ᠸᠧᠢ ᠣᠯᠣᠰ ᠠᠴᠠ ᠢᠯᠭᠠᠬᠤ ᠶᠢᠨ ᠲᠦᠯᠦᠬᠡ ᠳᠡᠣᠬᠡᠴᠢᠨ ᠣᠮᠠᠷᠠᠳᠣ ᠸᠧᠢ ᠣᠯᠣᠰ ᠬᠡᠳᠡᠭ ᠪᠠᠶᠢᠨ᠎ᠠ᠃ 471 ᠣᠨ ᠳᠤ ᠳᠣᠪᠠ ᠾᠦᠩ ᠬᠠᠭᠠᠨ ᠰᠠᠭᠤᠭᠠᠳ ᠶᠡᠭᠡ ᠬᠡᠮᠵᠢᠶᠡᠨ ᠤ ᠦᠭᠡᠷᠡᠴᠢᠯᠡᠯᠳᠡ ᠬᠢᠵᠣ ᠨᠠᠶᠢᠰᠯᠠᠯ ᠢᠶᠠᠨ ᠣᠳᠣ ᠶᠢᠨ ᠳ᠋ᠠᠲ᠋ᠦᠩ ᠠᠴᠠ ᠯᠦᠸᠧ ᠶᠠᠩ ᠳᠤ ᠨᠡᠬᠦᠯᠬᠡᠵᠣ ᠪᠦᠬᠦ ᠳᠠᠯ᠎ᠠ ᠪᠠᠷ ᠬᠢᠳᠡᠳᠴᠢᠯᠠᠬᠤ ᠵᠠᠷᠯᠢᠭ ᠭᠠᠷᠭᠠᠵᠣ ᠦᠪᠡᠷ ᠤᠨ ᠣᠪᠣᠭ ᠳᠣᠪᠠ ᠪᠠᠨ ᠦᠨ ᠬᠡᠵᠣ ᠬᠠᠯᠠᠵᠠᠢ᠃ ᠲᠡᠷᠡ ᠵᠠᠷᠯᠢᠭ ᠳᠠᠭᠠᠨ ᠡᠬᠦᠨ ᠠᠴᠠ ᠬᠤᠶᠢᠰᠢ ᠰᠢᠶᠠᠠᠪᠢᠴᠣᠳ ᠬᠢᠳᠡᠳ ᠬᠤᠪᠴᠠᠰᠣ ᠡᠮᠣᠰᠣᠨ ᠬᠢᠳᠡᠳ ᠨᠡᠷ᠎ᠡ ᠣᠪᠣᠭ ᠭᠡᠷᠡᠭᠯᠡᠨ ᠬᠢᠳᠡᠳ ᠢᠶᠠᠷ ᠶᠠᠷᠢᠬᠤ ᠬᠡᠷᠡᠭᠳᠡᠢ᠂ ᠭᠡᠷᠪᠡ ᠭᠤᠴᠢᠨ ᠨᠠᠰᠣᠨ ᠠᠴᠠ ᠳᠡᠭᠡᠭᠰᠢ ᠬᠦᠮᠦᠨ ᠨᠢᠬᠡ ᠯᠡ ᠳᠣᠣᠷ᠎ᠠ ᠬᠢᠳᠡᠳ ᠢᠶᠠᠷ ᠶᠠᠷᠢᠵᠣ ᠴᠢᠳᠠᠬᠤ ᠦᠬᠡᠢ ᠪᠣᠯ ᠠᠭᠠᠵᠢᠮ ᠢᠶᠠᠷ ᠰᠣᠷᠴᠣ ᠪᠣᠯᠣᠨ᠎ᠠ᠂ ᠭᠡᠳᠡᠯ᠎ᠡ ᠭᠤᠴᠢᠨ ᠨᠠᠰᠣᠨ ᠠᠴᠠ ᠳᠣᠭᠤᠭᠰᠢ ᠬᠦᠮᠣᠰ ᠵᠠᠪᠠᠯ ᠶᠠᠷᠢᠬᠤ ᠭᠡᠷᠡᠭᠳᠡᠢ᠂ ᠭᠡᠷᠪᠡ ᠶᠠᠷᠢᠬᠤ ᠦᠬᠡᠢ ᠪᠣᠯ ᠣᠶᠠᠨ ᠵᠡᠷᠭᠡ ᠲᠠᠢ ᠪᠣᠯ ᠨᠣᠶᠠᠨ ᠵᠡᠷᠬᠡ ᠶᠢ ᠨᠢ ᠬᠠᠰᠣᠨ᠎ᠠ ᠬᠡᠰᠡᠨ ᠪᠠᠶᠢᠨ᠎ᠠ᠃ ᠢᠩᠬᠢᠬᠡᠳ 60 ᠵᠢᠯ ᠤᠨ ᠳᠠᠷᠠᠭ᠎ᠠ ︵634 ᠣᠨ ᠤ ᠦᠶ᠎ᠡ︶ ᠣᠨ ᠳᠤ ᠡᠨᠡ ᠣᠯᠣᠰ ᠮᠦᠬᠦᠪᠡ᠃ ᠳᠡᠭᠦᠨ ᠤ ᠳᠠᠷᠠᠭ᠎ᠠ᠂ 534 ᠣᠨ ᠳᠤ ᠬᠠᠭᠠᠨ ᠤ ᠣᠳᠣᠮ ᠪᠣᠯᠬᠤ ᠶᠣᠸᠠᠨ ᠱᠠᠨ ᠵᠢᠶᠧ ᠬᠡᠰᠡᠨ ᠦᠬᠡᠷ᠎ᠡ ᠭᠠᠵᠠᠷ ᠸᠧᠢ ᠣᠯᠣᠰ ᠢᠶᠠᠨ ᠰᠡᠷᠭᠦᠭᠡᠳ ᠠᠷᠪᠠᠨ ᠵᠢᠯ ᠪᠣᠯᠣᠭᠰᠠᠨ ᠦᠬᠡᠢ ᠮᠦᠬᠦᠪᠡ ᠡᠬᠦᠨ ᠢ ᠵᠡᠬᠦᠨ ᠸᠧᠢ ᠣᠯᠣᠰ ᠬᠡᠮᠡᠮᠣᠢ᠃ 535 ᠣᠨ ᠳᠤ ᠪᠠᠰᠠ ᠨᠢᠬᠡ ᠬᠠᠭᠠᠨ ᠤ ᠣᠳᠣᠮ ᠶᠣᠸᠠᠨ ᠪᠣᠣ ᠵᠢᠣᠢ ᠪᠠᠰᠠ ᠸᠧᠢ ᠣᠯᠣᠰ ᠢ ᠰᠡᠷᠬᠦᠬᠡᠵᠣ ᠬᠤᠷᠢᠨ ᠵᠢᠯ ᠪᠣᠯᠣᠭᠠᠳ ᠮᠦᠬᠦᠪᠡ᠃ ᠡᠬᠦᠨ ᠢ ᠪᠠᠷᠠᠭᠤᠨ ᠸᠧᠢ ᠣᠯᠣᠰ ᠬᠡᠨ᠎ᠡ᠃ ᠳᠡᠬᠦᠨ ᠤ ᠳᠠᠷᠠᠭ᠎ᠠ 550 ᠣᠨ ᠳᠤ ᠭᠤᠣ ᠶᠠᠩ ᠬᠡᠰᠡᠨ ᠬᠢᠳᠡᠳ ᠬᠦᠮᠦᠨ ᠴᠢ ᠣᠯᠣᠰ ᠬᠡᠮᠡᠨ ᠪᠠᠶᠢᠭᠤᠯᠵᠣ ᠰᠢᠶᠡᠡᠪᠢ ᠶᠢᠨ ᠰᠣᠶᠣᠯ ᠢ ᠰᠡᠷᠬᠦᠬᠡᠬᠦ ᠪᠠᠷ ᠴᠢᠷᠮᠠᠶᠢᠭᠰᠠᠨ ᠪᠦᠬᠡᠳ 557 ᠣᠨ ᠳᠤ ᠦᠬᠡᠷ᠎ᠡ ᠨᠢᠬᠡ ᠰᠢᠶᠡᠡᠪᠢ ᠬᠠᠭᠠᠨ ᠤ ᠣᠭᠰᠠᠭ᠎ᠠ ᠢᠣᠢ ᠸᠧᠨ ᠣᠪᠣᠭᠳᠠᠨ ︵ᠢᠦᠢ ᠸᠧᠨ ᠵᠦᠸᠠᠢ᠂ ᠢᠦᠢ ᠸᠧᠨ ᠲᠠᠢ᠃ ᠢᠦᠢ ᠸᠧᠨ ᠪᠣᠶᠣ ᠶᠣᠸᠠᠨ ᠬᠡᠵᠣ ᠴᠦᠮ ᠦᠨ ᠤ ᠬᠢᠳᠡᠳ ᠠᠪᠢᠶᠠᠯᠠᠭ᠎ᠠ ᠪᠠᠶᠢᠵᠣ ᠳᠠᠭᠠᠷᠠᠨ᠎ᠠ︶ ᠵᠸᠣ ᠣᠯᠣᠰ ᠬᠡᠮᠡᠨ ᠪᠠᠶᠢᠭᠤᠯᠵᠣ ᠪᠠᠰᠠ ᠰᠢᠶᠠᠠᠪᠢ ᠰᠣᠶᠣᠯ ᠢ ᠰᠡᠷᠬᠦᠬᠡᠬᠦ ᠪᠠᠷ ᠴᠢᠷᠮᠠᠶᠢᠵᠠᠢ᠃ ᠳᠡᠣᠬᠡᠨ ᠳᠡᠭᠡᠷ᠎ᠡ ᠦᠬᠡᠷ᠎ᠡ ᠪᠠᠰᠠ ᠴᠢ ᠣᠯᠣᠰ ᠬᠡᠵᠣ ᠪᠠᠶᠢᠭᠰᠠᠨ ᠪᠣᠯᠬᠤᠷ ᠡᠨᠡ ᠴᠢ ᠣᠯᠣᠰ ᠢ ᠣᠮᠠᠷᠠᠳᠣ ᠴᠢ ᠬᠡᠮᠡᠮᠣᠢ᠃ ᠡᠬᠦᠨ ᠤ ᠳ᠋ᠦᠩ ᠳᠤ ᠡᠨᠡ ᠬᠤᠶᠠᠷ ᠣᠯᠣᠰ ︵ᠪᠠᠷᠠᠭᠤᠨ ᠸᠧᠢ ᠪᠣᠯᠣᠨ ᠣᠮᠠᠷᠠᠳᠣ ᠴᠢ ᠣᠯᠣᠰ︶ ᠠᠶᠠᠠᠳᠠᠭᠠᠨ ᠨᠢᠬᠡ ᠣᠯᠣᠰ ᠪᠣᠯᠵᠣ ᠨᠡᠶᠢᠯᠡᠵᠡᠢ᠃ ᠭᠡᠪᠡᠴᠣ ᠣᠯᠣᠰ ᠤᠨ ᠬᠠᠭᠠᠨ ᠨᠠᠰᠣ ᠪᠠᠭ᠎ᠠ ᠴᠢᠳᠠᠯ ᠳᠣᠷᠣᠢ ᠠᠴᠠ ᠪᠣᠯᠵᠣ 581 ᠣᠨ ᠳ᠋᠊ ᠪᠣᠯᠬᠤ ᠳᠤ ᠣᠯᠣᠰ ᠤᠨ ᠡᠷᠬᠡ ᠪᠠᠨ ᠶᠡᠭᠡ ᠲᠦᠰᠢᠮᠡᠯ ᠶᠠᠩ ᠵᠢᠶᠠᠨ ᠳᠤ ᠪᠣᠯᠢᠶᠠᠭᠳᠠᠵᠠᠣ ᠰᠦᠢ ᠣᠯᠣᠰ ᠮᠠᠠᠳᠣᠯᠠᠵᠠᠢ ︵ᠡᠶᠢᠮᠦ ᠠᠴᠠ ᠰᠦᠢ ᠣᠯᠣᠰ ᠪᠣᠯ ᠰᠢᠶᠡᠡᠪᠢ ᠬᠦᠮᠦᠨ ᠤ ᠪᠠᠶᠢᠭᠤᠯᠣᠭᠰᠠᠨ ᠣᠯᠣᠰ ᠤᠨ ᠰᠠᠭᠤᠷᠢᠨ ᠳᠡᠭᠡᠷ᠎ᠡ ᠪᠠᠶᠢᠭᠤᠯᠣᠭᠳᠠᠵᠠᠢ︶᠃ ᠡᠨᠡ ᠪᠣᠯ ᠳᠣᠮᠳᠠᠳᠣ ᠣᠯᠣᠰ ᠤᠨ ᠳᠡᠣᠬᠡᠨ ᠳᠡᠭᠡᠷ᠎ᠡ ᠨᠢᠬᠡ ᠪᠠᠭ᠋ᠠᠨ ᠸᠧᠢ ᠣᠯᠣᠰ ᠪᠠᠶᠢᠳᠠᠭ ᠤᠨ ᠢᠷᠡᠯᠳᠡ ᠪᠣᠯᠣᠨ᠎ᠠ᠃ ᠰᠦᠩ ᠣᠯᠣᠰ ᠴᠣ᠋ ᠠᠳᠠᠯᠢ᠃ 907 ᠣᠨ ᠳᠤ ᠳᠠᠩ ᠣᠯᠣᠰ ᠮᠦᠬᠦᠭᠰᠡᠨ ᠤ    ᠳᠠᠷᠠᠭ᠎ᠠ᠂ 60 ᠵᠢᠯ ᠰᠠᠮᠠᠭᠤᠷᠠᠵᠠᠢ᠃ ᠢᠩᠬᠢᠬᠡᠳ 960 ᠣᠨ ᠳᠤ ᠬᠤᠶᠢᠳᠣ ᠵᠸᠣ ᠣᠯᠣᠰ ᠤᠨ ᠭᠤᠣᠯ ᠡᠷᠬᠡ ᠶᠢ ᠠᠳᠬᠤᠵᠣ ᠪᠠᠶᠢᠭᠰᠠᠨ ᠵᠠᠩᠵᠣᠨ ᠵᠣᠣ ᠺᠣᠸᠠᠩ ᠶᠢᠩ ᠬᠠᠭᠠᠨ ᠤ ᠰᠢᠷ᠎ᠡ ᠳᠡᠪᠡᠯ ᠢ ᠡᠮᠦᠰᠦᠭᠰᠡᠨ ᠢᠶᠠᠷ ᠬᠠᠭᠠᠨ ᠪᠣᠯᠵᠣ ᠰᠦᠩ ᠣᠯᠣᠰ ᠢ    ᠪᠠᠶᠢᠭᠤᠯᠪᠠ᠃ 1126 ᠣᠨ ᠳᠤ ᠠᠯᠳᠠᠨ ᠣᠯᠣᠰ᠂ ᠰᠦᠩ ᠣᠯᠣᠰ ᠤᠨ ᠨᠠᠶᠢᠰᠯᠠᠯ ᠢ ᠡᠵᠡᠯᠡᠵᠣ ᠬᠠᠭᠠᠨ ᠢ ᠨᠢ ᠣᠯᠵᠠᠯᠠᠭᠠᠳ ᠣᠯᠣᠰ ᠢ ᠨᠢ ᠮᠦᠬᠦᠬᠡᠵᠣ ᠴᠦ᠋ ᠣᠯᠣᠰ ᠬᠡᠮᠡᠨ ᠪᠠᠶᠢᠭᠤᠯᠣᠭᠠᠳ ᠵᠠᠩ ᠪᠠᠩ ᠴᠠᠩ ᠬᠡᠰᠡᠨ ᠨᠢᠬᠡ ᠬᠦᠮᠦᠨ ᠢ ᠬᠠᠭᠠᠨ ᠪᠣᠯᠭᠠᠭᠠᠳ ᠪᠣᠴᠠᠵᠠᠢ᠃ ᠭᠡᠳᠡᠯ᠎ᠡ ᠡᠨᠡ ᠵᠠᠩ ᠣᠪᠣᠭᠳᠣ ᠣᠷᠴᠢᠨ ᠳᠣᠭᠤᠷᠢᠨ ᠤ ᠳᠠᠷᠣᠯᠳᠠ ᠶᠢᠨ ᠳᠣᠣᠷ᠎ᠠ ᠦᠪᠡᠷ ᠤᠨ ᠬᠠᠭᠠᠨ ᠤ ᠣᠷᠣ ᠪᠠᠨ ᠵᠣᠣ ᠭᠦᠸᠣ ᠬᠡᠰᠡᠨ ᠬᠠᠭᠠᠨ ᠤ ᠣᠭᠰᠠᠭ᠎ᠠ ᠳᠤ ᠦᠭᠴᠡᠢ᠂ ᠢᠩᠬᠢᠬᠡᠳ ᠴᠦ᠋ ᠣᠯᠣᠰ ᠨᠢ ᠡᠷᠬᠢᠬᠡᠳ ᠰᠦᠩ ᠪᠣᠯᠣᠭᠰᠠᠨ ᠪᠠᠶᠢᠨ᠎ᠠ᠃ ᠡᠶᠢᠨ ᠬᠦ ᠵᠣᠣ ᠺᠣᠸᠠᠩ ᠶᠢᠩ ᠤᠨ ᠪᠠᠶᠢᠭᠤᠯᠣᠭᠰᠠᠨ ᠰᠦᠩ ᠣᠯᠣᠰ ᠢ ᠣᠮᠠᠷᠠᠳᠣ ᠰᠦᠩ ᠬᠡᠵᠣ᠂ ᠵᠣᠣ ᠭᠦᠸᠣ ᠶᠢᠨ ᠰᠡᠷᠭᠦᠭᠡᠭᠰᠡᠨ ᠰᠦᠩ ᠣᠯᠣᠰ ᠢ ᠡᠮᠣᠨᠡᠳᠣ ᠰᠦᠩ ᠭᠡᠳᠡᠭ ᠪᠣᠯᠵᠠᠢ᠃
    ᠵᠠ᠂ ᠣᠳᠣ ᠡᠷᠬᠢᠵᠣ ᠣᠮᠠᠷᠠᠳᠣ ᠦᠨ ᠳᠡᠭᠡᠨ ᠪᠣᠴᠠᠵᠣ ᠢᠷᠡᠶ᠎ᠡ᠃ ᠣᠮᠠᠷᠠᠳᠣ ᠦᠨ ᠪᠣᠯ
ᠶᠠᠭ ᠡᠶᠢᠨ ᠬᠦ ᠶᠡᠭᠡ ᠦᠨ ᠣᠯᠣᠰ ᠮᠦᠭᠦᠭᠰᠡᠨ ᠤ ᠳᠠᠷᠠᠭ᠎ᠠ᠂ ᠶᠡᠭᠡ ᠦᠨ ᠣᠯᠣᠰ ᠤᠨ ᠡᠴᠣᠰ ᠤᠨ ᠬᠠᠭᠠᠨ ᠶᠡᠷᠢᠨ ᠳᠣᠯᠣᠭᠠᠨ ᠵᠢᠯ ᠨᠣᠶᠠᠷᠬᠠᠭᠰᠠᠨ ᠵᠦᠩᠶᠦᠸᠠᠨ ᠣᠷᠣᠨ ᠠᠴᠠ ᠣᠬᠤᠷᠢᠨ ᠭᠠᠷᠴᠣ ᠣᠣᠯ ᠤᠨ ᠶᠡᠭᠡ ᠦᠨ ᠣᠯᠣᠰ ᠤᠨ ᠳᠡᠭᠡᠳᠣ ᠨᠠᠶᠢᠰᠯᠠᠯ ᠪᠣᠶᠣ ᠵᠣᠨ ᠤ ᠨᠠᠶᠢᠰᠯᠠᠯ ᠪᠣᠯᠬᠤ ᠺᠠᠶᠢᠫᠣᠩ ᠭᠦᠷᠳᠣ ᠪᠠᠯᠭᠠᠰᠣᠨ ᠳᠤ ᠲᠦᠪᠯᠡᠨ ᠳᠣᠭᠳᠠᠨᠢᠭᠰᠠᠨ ᠠᠴᠠ ᠡᠬᠢᠯᠡᠵᠣ ᠣᠮᠠᠷᠠᠳᠣ ᠦᠨ ᠡᠬᠢᠯᠡᠭᠰᠡᠨ ᠪᠠᠶᠢᠨ᠎ᠠ᠃
   
ᠣᠮᠠᠷᠠᠳᠣ ᠦᠨ ᠣᠯᠣᠰ ᠪᠣᠯ ᠳᠡᠯᠡᠬᠡᠢ ᠶᠢᠨ ᠳᠡᠣᠬᠡᠨ ᠳᠡᠭᠡᠷᠡᠬᠢ ᠮᠣᠩᠭᠤᠯ ᠳᠣᠭᠤᠷᠭᠠᠳᠠᠨ ᠤ ᠪᠠᠶᠢᠭᠤᠯᠣᠭᠰᠠᠨ ᠪᠠᠰᠠ ᠨᠢᠬᠡ ᠲᠦᠷᠦ ᠮᠦᠨ᠃ ᠬᠡᠷᠪᠡ ᠳᠡᠭᠡᠷ᠎ᠡ ᠵᠢᠱᠢᠶ᠎ᠡ ᠳᠣᠷᠠᠳᠣᠭᠰᠠᠨ ᠳᠣᠮᠳᠠᠳᠣ ᠶᠢᠨ ᠳᠡᠣᠬᠡᠨ ᠳᠡᠬᠡᠷᠡᠬᠢ ᠡᠨᠡ ᠣᠯᠣᠰ ᠳᠡᠷᠡ ᠣᠯᠣᠰ ᠤᠨ ᠠᠳᠠᠯᠢ ᠵᠢᠭᠰᠠᠭᠠᠳᠠᠭ ᠪᠣᠯ᠂ ᠣᠮᠠᠷᠠᠳᠣ ᠦᠨ ᠣᠯᠣᠰ ᠪᠣᠯ ᠳᠡᠣᠬᠡᠨ ᠳᠡᠭᠡᠷᠡᠬᠢ ᠮᠣᠩᠭᠤᠯᠴᠣᠳ ᠤᠨ ᠪᠠᠶᠢᠭᠤᠯᠣᠭᠰᠠᠨ ᠳᠠᠪᠣᠳᠣᠭᠠᠷ ᠶᠡᠭᠡ ᠲᠦᠷᠦ ᠪᠣᠯᠣᠨ᠎ᠠ᠃ ᠨᠢᠬᠡᠳᠣᠭᠡᠷ ᠶᠡᠭᠡ ᠳᠦᠷᠦ ᠪᠣᠯ ᠮᠣᠩᠭᠤᠯ ᠣᠯᠣᠰ᠃ ︽ᠯᠢᠶᠣᠣ ᠣᠯᠣᠰ ᠤᠨ ᠳᠡᠣᠬᠡ︾ ᠳᠤ᠂ ᠳ᠋ᠠ ᠺᠠᠩ ᠤᠨ ᠠᠷᠪᠠᠳᠣᠭᠠᠷ ᠣᠨ ︵1084 ᠣᠨ︶  ᠤ ᠬᠤᠶᠠᠳᠣᠭᠠᠷ ᠰᠠᠷ᠎ᠠ ᠳᠤ ︽ᠮᠣᠩᠭᠤᠯ ᠣᠯᠣᠰ ᠤᠨ ᠡᠯᠴᠢᠨ ᠢᠷᠡᠵᠣ ᠪᠠᠷᠠᠭᠠᠯᠠᠪᠠ︾  ︵1︶ ︵1︶  ︽ᠯᠢᠶᠣᠣ ᠣᠯᠣᠰ ᠤᠨ ᠳᠡᠣᠬᠡ︾ ᠬᠡᠵᠣ ᠳᠡᠮᠳᠡᠭᠯᠡᠵᠣ ᠪᠣᠢ᠂ ᠡᠨᠡ ᠨᠢ ︽ᠦᠨ ᠣᠯᠣᠰ ᠤᠨ ᠳᠡᠣᠬᠡ︾  ᠳᠤ ᠳᠡᠮᠳᠡᠭᠯᠡᠭᠰᠡᠨ ︽ᠬᠠᠶᠢᠳᠣ ᠶᠢ ᠡᠵᠡᠨ ᠡᠷᠬᠦᠮᠵᠢᠯᠡᠵᠣ︾ ︵2︶ ︵2︶  ︽ᠦᠨ ᠣᠯᠣᠰ ᠤᠨ ᠳᠡᠣᠬᠡ︾ ᠬᠡᠰᠡᠨ ᠯᠦᠭᠡ ᠳ᠋ᠦᠢᠵᠣ ᠢᠷᠡᠵᠣ ᠪᠣᠢ᠃ ᠡᠶᠢᠮᠦ ᠠᠴᠠ ᠮᠣᠩᠭᠤᠯ ᠣᠯᠣᠰ ᠬᠠᠮᠤᠭ ᠣᠷᠣᠢ ᠳᠠᠭᠠᠨ 1084 ᠣᠨ  ᠳᠤ ᠨᠢᠬᠡᠨᠳᠡ ᠪᠠᠶᠢᠭᠤᠯᠣᠭᠳᠠᠭᠰᠠᠨ ᠪᠠᠶᠢᠵᠠᠢ᠂ ᠠᠩᠬᠠᠨ ᠤ ᠬᠠᠭᠠᠨ ᠪᠣᠯ ᠬᠠᠶᠢᠳᠣ ᠪᠣᠯᠣᠨ᠎ᠠ᠃ ᠬᠤᠶᠠᠳᠣᠭᠠᠷ ᠲᠦᠷᠦ ᠪᠣᠯ ᠬᠠᠮᠤᠭ ᠮᠣᠩᠭᠤᠯ ᠣᠯᠣᠰ᠃ ︽ᠮᠣᠩᠭᠤᠯ ᠤᠨ ᠨᠢᠭᠤᠴᠠ ᠳᠣᠪᠴᠢᠶᠠᠨ︾ ᠳᠤ ︽ᠬᠠᠮᠤᠭ ᠮᠣᠩᠭᠤᠯ ᠣᠯᠣᠰ ᠢ ᠬᠠᠪᠣᠯ ᠬᠠᠭᠠᠨ ᠮᠡᠳᠡᠵᠣ ᠪᠠᠶᠢᠪᠠ︾  ︵3︶ ︵3︶  ︽ᠮᠣᠩᠭᠤᠯ ᠤᠨ ᠨᠢᠭᠤᠴᠠ ᠳᠣᠪᠴᠢᠶᠠᠨ︾ ᠬᠡᠰᠡᠨ ᠦᠬᠡ ᠪᠠᠶᠢᠳᠠᠭ᠃ ᠡᠶᠢᠮᠦ ᠠᠴᠠ ᠬᠠᠶᠢᠳᠣ ᠶᠢᠨ ᠪᠠᠶᠢᠭᠤᠯᠣᠭᠰᠠᠨ ᠮᠣᠩᠭᠤᠯ ᠣᠯᠣᠰ ᠦᠷᠬᠡᠵᠢᠵᠣ ᠬᠦᠴᠦᠷᠭᠡᠭᠵᠢᠭᠡᠳ ᠬᠠᠪᠣᠯ ᠬᠠᠭᠠᠨ ᠤ ᠦᠶ᠎ᠡ ᠳᠤ ᠬᠦᠷᠴᠣ ᠢᠷᠡᠭᠡᠳ ᠬᠠᠮᠤᠭ ᠮᠣᠩᠭᠤᠯ ᠣᠯᠣᠰ ᠬᠡᠬᠦ ᠪᠣᠯᠵᠠᠢ᠃ ᠳᠡᠭᠡᠭᠡᠳ ᠰᠢᠷᠠᠭᠴᠢᠨ ᠳᠠᠬᠢᠶ᠎ᠠ ᠵᠢᠯ ᠪᠣᠶᠣ 1189 ᠣᠨ ᠪᠣᠯᠬᠤ ᠳᠤ ᠬᠡᠨᠳᠡᠢ ᠠᠭᠤᠯᠠ ᠶᠢᠨ ᠦᠪᠦᠷ ᠭᠡᠷᠣᠯᠣᠨ ᠭᠤᠣᠯ ᠤᠨ ᠡᠬᠢᠨ ᠳᠠᠬᠢ ᠰᠠᠩᠭᠦᠷ ᠭᠤᠷᠣᠬᠠᠨ ᠤ ᠬᠠᠷ᠎ᠠ ᠵᠢᠷᠦᠬᠡᠨ ᠤ ᠬᠦᠬᠡ ᠨᠠᠭᠤᠷ ᠬᠡᠳᠡᠭ ᠭᠠᠵᠠᠷ ᠨᠣᠳᠣᠭᠯᠠᠵᠣ ᠪᠠᠶᠢᠬᠤ ᠳᠠᠭᠠᠨ ᠬᠤᠳᠠᠯᠠ ᠬᠠᠭᠠᠨ ᠤ ᠭᠤᠷᠪᠠᠳᠣᠭᠠᠷ ᠭᠦᠪᠡᠭᠦᠨ ᠠᠯᠳᠠᠨ ᠣᠳᠴᠢᠬᠢᠨ᠂ ᠶᠢᠰᠦᠬᠡᠢ ᠪᠠᠭᠠᠳᠣᠷ ᠤᠨ ᠠᠬ᠎ᠠ ᠨᠡᠬᠦᠨ ᠳᠠᠶᠢᠵᠢ ᠶᠢᠨ ᠬᠦᠪᠡᠬᠦᠨ ᠬᠤᠴᠠᠷ ᠪᠠᠬᠢ᠂ ᠪᠠᠷᠳᠠᠨ ᠪᠠᠭᠠᠳᠣᠷ ᠤᠨ ᠠᠬ᠎ᠠ ᠦᠬᠢᠨ ᠪᠠᠷᠬᠠᠭ ᠤᠨ ᠠᠴᠢ ᠬᠦᠪᠡᠬᠦᠨ ᠰᠡᠴᠡᠨ ᠪᠠᠬᠢ ᠨᠡᠷ ᠬᠡᠯᠡᠯᠴᠡᠨ ᠳᠡᠮᠣᠵᠢᠨ ᠢ ᠬᠠᠮᠤᠭ ᠮᠣᠩᠭᠤᠯ ᠣᠯᠣᠰ ᠤᠨ ᠬᠠᠭᠠᠨ ᠪᠣᠯᠭᠠᠵᠣ ᠴᠢᠩᠬᠢᠰ ᠬᠠᠭᠠᠨ ᠴᠣᠯᠠ ᠡᠷᠭᠦᠮᠵᠢᠯᠡᠵᠡᠢ᠃ ᠴᠢᠩᠬᠢᠰ ᠬᠠᠭᠠᠨ ᠠᠴᠠ ᠡᠮᠣᠨ᠎ᠡ ᠬᠠᠪᠣᠯ ᠬᠠᠭᠠᠨ᠂ ᠠᠮᠪᠠᠭᠠᠢ ᠬᠠᠭᠠᠨ᠂ ᠬᠤᠳᠠᠯᠠ ᠬᠠᠭᠠᠨ ᠴᠦᠮ ᠬᠠᠮᠤᠭ ᠮᠣᠩᠭᠤᠯ ᠤᠨ ᠬᠠᠭᠠᠨ ᠪᠣᠯᠵᠣ ᠦᠩᠭᠡᠷᠡᠵᠡᠢ᠃ ᠭᠡᠪᠡᠴᠣ ᠳᠡᠣᠬᠡᠴᠢᠳ ᠶᠡᠬᠡᠩᠬᠡᠢ ᠳᠡᠭᠡᠨ ᠡᠬᠦᠨ ᠢ ᠣᠯᠣᠰ ᠬᠡᠵᠣ ᠦᠵᠡᠳᠡᠭ ᠦᠬᠡᠢ᠂ ᠬᠠᠷᠢᠨ ᠨᠢᠬᠡ ᠠᠶᠢᠮᠠᠭ ᠤᠨ ᠠᠬᠠᠯᠠᠭᠴᠢ ᠳᠡᠳᠣᠢ ᠪᠠᠷ ᠦᠵᠡᠳᠡᠭ ᠪᠢᠯᠡ᠃ ᠮᠢᠨᠦ ᠪᠣᠳᠣᠬᠤ ᠪᠠᠷ᠂ ᠨᠢᠬᠡ ᠣᠯᠣᠰ ᠤᠨ ᠭᠡᠪᠴᠢᠶᠡᠨ ᠳᠤ ᠣᠯᠣᠰ ᠬᠡᠵᠣ ᠡᠰᠡ ᠦᠵᠡᠭᠰᠡᠨ ᠴᠣ᠋ ᠨᠢᠬᠡ ᠦᠨᠳᠣᠰᠣᠳᠠᠨ ᠤ ᠬᠤᠪᠢ ᠳᠤ ᠵᠠᠶᠢᠯᠠᠰᠢ ᠦᠬᠡᠢ ᠣᠯᠣᠰ ᠪᠠᠶᠢᠵᠣ ᠳᠠᠭᠠᠷᠠᠨ᠎ᠠ᠃ ᠴᠢᠩᠬᠢᠰ ᠬᠠᠭᠠᠨ ᠤ ᠴᠢᠩᠬᠢᠰ ᠬᠡᠰᠡᠨ ᠴᠣᠯᠠ ᠴᠣ᠋ 1189 ᠣᠨ ᠳᠤ ᠪᠣᠢ ᠪᠣᠯᠵᠣ ᠳᠡᠬᠦᠨ ᠠᠴᠠ ᠬᠤᠶᠢᠰᠢ ᠵᠠᠯᠭᠠᠵᠣ ᠳᠠᠭᠤᠳᠠᠭᠳᠠᠭᠰᠠᠭᠠᠷ ᠢᠷᠡᠭᠰᠡᠨ ᠶᠣᠮ᠃ ᠭᠤᠷᠪᠠᠳᠣᠭᠠᠷ ᠲᠦᠷᠦ ᠪᠣᠯ ᠶᠡᠭᠡ ᠮᠣᠩᠭᠤᠯ ᠣᠯᠣᠰ᠃ 1206 ᠣᠨ ᠳᠤ ᠣᠨᠣᠨ ᠮᠦᠷᠡᠨ ᠤ ᠳᠡᠷᠢᠬᠦᠨ ᠳᠠᠬᠢ ᠳᠡᠯᠢᠬᠦᠨ ᠪᠣᠯᠳᠠᠭ ᠬᠡᠰᠡᠨ ᠭᠠᠵᠠᠷ ᠪᠠᠶᠢᠭᠤᠯᠵᠠᠢ᠃ ᠳᠣᠬᠠᠢ ᠶᠢᠨ ᠦᠶ᠎ᠡ ᠶᠡᠭᠡ ᠮᠣᠩᠭᠤᠯ ᠣᠯᠣᠰ ᠤᠨ ᠨᠣᠳᠤᠭ ᠳᠡᠪᠢᠰᠭᠡᠷ ᠵᠡᠬᠦᠨ ᠳᠠᠯ᠎ᠠ ᠠᠴᠠ ᠪᠠᠨ ᠬᠢᠩᠭᠠᠨ ᠳᠠᠪᠠᠭᠠᠨ ᠠᠴᠠ ᠡᠬᠢᠯᠡᠨ ᠪᠠᠷᠠᠭᠤᠨ ᠳᠠᠯ᠎ᠠ ᠳᠠᠭᠠᠨ ᠠᠯᠳᠠᠢ ᠨᠢᠷᠦᠭᠤᠨ ᠳᠤ ᠬᠦᠷᠴᠣ᠂ ᠬᠤᠶᠢᠳᠣ ᠳᠠᠯ᠎ᠠ ᠳᠠᠭᠠᠨ ᠪᠠᠶᠢᠭᠠᠯ ᠨᠠᠭᠤᠷ ᠦᠩᠬᠡᠷᠡᠨ ᠡᠮᠣᠨ᠎ᠡ ᠳᠠᠯ᠎ᠠ ᠳᠠᠭᠠᠨ ᠣᠷᠳᠣ ᠴᠠᠭᠠᠨ ᠭᠡᠷᠡᠮ ︵ᠬᠠᠭᠤᠴᠢᠨ ᠬᠡᠷᠡᠮ︶ ᠳᠣᠯᠳᠠᠭ ᠪᠠᠶᠢᠯ᠎ᠠ᠃ ᠶᠡᠷᠦᠩᠬᠡᠢ ᠳᠠᠯᠠᠪᠠᠢ ᠪᠠᠷᠤᠭ 1500 ᠲᠦᠮᠡᠨ ᠳᠡᠭᠰᠢ ᠲᠦᠷᠪᠡᠯᠵᠢᠨ ᠺᠢᠯᠣᠮᠧᠲᠷ ᠪᠠᠶᠢᠵᠠᠢ᠃ ᠳᠡᠬᠦᠨ ᠤ ᠳᠠᠷᠠᠭ᠎ᠠ ᠮᠣᠩᠭᠤᠯ ᠤᠨ ᠳᠡᠮᠣᠷ ᠮᠣᠷᠢᠳᠣ ᠴᠡᠷᠢᠭ ᠦᠷᠬᠦᠯᠵᠢᠯᠡᠨ ᠣᠷᠳᠣ ᠵᠠᠮ ᠤᠨ ᠠᠶᠠᠨ ᠳᠠᠶᠢᠨ ᠬᠢᠵᠣ ᠪᠠᠷᠠᠭᠤᠨ ᠰᠢᠶᠠ ᠣᠯᠣᠰ ᠢ ᠡᠪᠳᠡᠵᠣ᠂ ᠠᠯᠳᠠᠨ ᠣᠯᠣᠰ ᠢ ᠮᠦᠬᠦᠬᠡᠨ᠂ ᠰᠣᠯᠣᠩᠭᠤᠰ ᠢ ᠳᠠᠭᠠᠭᠤᠯᠵᠣ᠂ ᠰᠦᠩ ᠣᠯᠣᠰ ᠢ ᠰᠢᠬᠠᠵᠣ᠂ ᠲᠦᠷᠪᠡᠨ ᠶᠡᠭᠡ ᠬᠠᠭᠠᠠᠳᠣ ᠣᠯᠣᠰ ︵ᠦᠬᠡᠳᠡᠢ ᠬᠠᠭᠠᠠᠳᠣ ᠣᠯᠣᠰ᠂ ᠴᠠᠭᠠᠳᠠᠢ ᠬᠠᠭᠠᠠᠳᠣ ᠣᠯᠣᠰ᠂ ᠢᠯ ᠬᠠᠭᠠᠠᠳᠣ ᠣᠯᠣᠰ᠂ ᠬᠢᠪᠴᠠᠭ ᠬᠠᠭᠠᠠᠳᠣ ᠣᠯᠣᠰ — ᠠᠯᠳᠠᠨ ᠣᠷᠳᠣᠳᠣ ᠬᠠᠭᠠᠳᠣ ᠣᠯᠣᠰ︶ ᠢ ᠪᠠᠭᠳᠠᠭᠠᠰᠠᠨ  ᠳᠣᠬᠠᠢ ᠶᠢᠨ ᠦᠶ᠎ᠡ ᠶᠢᠨ ᠠᠽᠢᠶ᠎ᠠ ᠡᠸᠣᠷᠣᠫᠠ ᠶᠢᠨ ᠶᠡᠬᠡᠩᠬᠡᠢ ᠭᠠᠵᠠᠷ ᠨᠣᠳᠤᠭ ᠢ ᠪᠠᠶᠢᠯᠳᠣᠨ ᠳᠠᠭᠠᠭᠤᠯᠵᠠᠢ᠃ ᠡᠬᠦᠨ ᠳᠤ ᠬᠠᠷ᠎ᠠ ᠬᠤᠷᠣᠮ ᠢᠶᠠᠷ ᠨᠡᠶᠢᠰᠯᠠᠯ ᠪᠣᠯᠭᠠᠭᠰᠠᠨ᠂ ᠣᠳᠣ ᠶᠢᠨ ᠣᠷᠣᠰ ᠢ ᠪᠠᠭᠳᠠᠭᠠᠭᠰᠠᠨ ᠣᠣᠯ ᠤᠨ ᠵᠦᠪᠯᠡᠯᠳᠣ ᠬᠤᠯᠪᠣᠭᠠᠳᠣ ᠣᠯᠣᠰ᠂ ᠵᠢᠴᠢ ᠪᠠᠷᠠᠭᠤᠨ ᠠᠽᠢᠶ᠎ᠠ᠂ ᠡᠮᠣᠨᠡᠳᠣ ᠠᠽᠢᠶ᠎ᠠ᠂ ᠣᠮᠠᠷᠠᠳᠣ ᠠᠽᠢᠶ᠎ᠠ ᠪᠣᠯᠣᠨ ᠵᠡᠬᠦᠨ ᠡᠸᠣᠷᠣᠫᠠ ᠶᠢᠨ ᠣᠯᠠᠨ ᠣᠯᠣᠰ ᠪᠠᠭᠳᠠᠬᠤ ᠪᠦᠭᠡᠳ ᠵᠡᠬᠦᠨᠰᠢ ᠪᠧᠷᠢᠩ ᠳᠠᠩᠬᠢᠰ᠂ ᠬᠤᠶᠢᠰᠢ ᠮᠦᠰᠦᠨ ᠳᠠᠯᠠᠢ᠂ ᠪᠠᠷᠠᠭᠤᠨᠰᠢ ᠬᠠᠷ᠎ᠠ ᠳᠠᠩᠬᠢᠰ ᠢ ᠦᠩᠭᠡᠷᠡᠨ ᠴᠠᠰᠢᠯᠠᠨ ᠣᠳᠣ ᠶᠢᠨ ᠭᠷᠮᠠᠨ ᠤ ᠳ᠋ᠣᠨᠨᠦ᠋ ᠮᠦᠷᠡᠨ ᠬᠦᠷᠳᠡᠯ᠎ᠡ ᠬᠢ ᠦᠷᠭᠡᠨ ᠠᠭᠤᠳᠠᠮ ᠨᠣᠳᠤᠭ ᠳᠡᠪᠢᠰᠭᠡᠷ ᠪᠠᠭᠳᠠᠨ᠎ᠠ᠃ ᠪᠦᠬᠦ ᠳᠠᠯᠠᠪᠠᠢ ᠬᠠᠮᠤᠭ ᠤᠨ ᠶᠡᠭᠡ ᠳᠡᠭᠡᠨ 4000 ᠢᠯᠡᠬᠦᠣ ᠲᠦᠮᠡᠨ ᠳᠡᠭᠰᠢ ᠲᠦᠷᠪᠡᠯᠵᠢᠨ ᠺᠢᠯᠦᠮᠧᠲᠷ ᠪᠠᠶᠢᠵᠠᠢ᠃ ᠣᠯᠠᠩᠬᠢ ᠬᠦᠮᠦᠰ ᠬᠡᠯᠡᠬᠦ ᠳᠡᠭᠡᠨ 3300 ᠲᠦᠮᠡᠨ ᠳᠡᠭᠰᠢ ᠳᠦᠷᠪᠡᠯᠵᠢᠨ ᠺᠢᠯᠣᠮᠧᠲᠷ ᠬᠡᠵᠡᠬᠡᠨ᠂ ᠡᠨᠡ ᠨᠢ ᠭᠠᠵᠠᠷ ᠤᠨ ᠪᠦᠮᠪᠦᠷᠴᠡᠭ ᠤᠨ ᠡᠬᠡ ᠬᠠᠭᠤᠷᠠᠢ ᠶᠢᠨ 22%  ᠢ ᠡᠵᠡᠯᠡᠨ᠎ᠡ ᠬᠡᠵᠣ ᠪᠣᠢ᠃ ᠲᠦᠷᠪᠡᠳᠦᠭᠡᠷ ᠶᠡᠭᠡ ᠲᠦᠷᠦ ᠪᠣᠯ ᠶᠡᠭᠡ ᠦᠨ ᠣᠯᠣᠰ᠃ ᠶᠡᠭᠡ ᠦᠨ ᠣᠯᠣᠰ ᠪᠣᠯ ᠴᠢᠩᠬᠢᠰ ᠬᠠᠭᠠᠨ ᠤ ᠠᠴᠢ ᠬᠦᠪᠡᠬᠦᠨ ︵ᠴᠢᠩᠬᠢᠰ ᠬᠠᠭᠠᠨ ᠤ ᠪᠠᠭ᠎ᠠ ᠬᠦᠪᠡᠭᠦᠨ ᠳᠣᠯᠣᠢ ᠶᠢᠨ ᠲᠦᠷᠪᠡᠳᠣᠭᠡᠷ ᠬᠦᠪᠡᠬᠦᠨ︶ ᠬᠤᠪᠢᠯᠠᠢ ᠶᠢᠨ ᠪᠠᠶᠢᠭᠤᠯᠣᠭᠰᠠᠨ ᠣᠯᠣᠰ ᠪᠣᠯᠣᠨ᠎ᠠ᠃ ᠬᠤᠪᠢᠯᠠᠢ 1260 ᠣᠨ ᠳᠤ ᠪᠡᠶ᠎ᠡ ᠪᠠᠨ ᠬᠠᠭᠠᠨ ᠡᠷᠬᠦᠮᠵᠢᠯᠡᠭᠡᠳ 1267 ᠣᠨ ᠳᠤ ᠬᠠᠭᠠᠨ ᠪᠠᠶᠢᠷᠢ ︵ᠲᠦᠷᠺ ᠪᠠᠷ ᠬᠠᠭᠠᠨ ᠪᠠᠯᠢᠭ᠂ ᠬᠢᠳᠡᠳ ᠢᠶᠠᠷ ᠳ᠋ᠠᠶᠢᠳᠣ︶ ᠪᠠᠨ ᠶᠡᠡᠵᠢᠩ ︵ᠪᠡᠭᠡᠵᠢᠩ ︶ ᠳᠤ ᠰᠢᠯᠵᠢᠬᠦᠯᠦᠨ᠂ 1271 ᠣᠨ ᠳᠤ ᠶᠡᠭᠡ ᠮᠣᠩᠭᠤᠯ ᠣᠯᠣᠰ ᠬᠡᠰᠡᠨ ᠨᠡᠷ᠎ᠡ ᠪᠠᠨ ᠶᠡᠭᠡ ᠶᠣᠸᠠᠨ ᠣᠯᠣᠰ ᠪᠣᠯᠭᠠᠨ ᠬᠠᠯᠠᠪᠠ᠃ 1279 ᠣᠨ ᠳᠤ ᠡᠮᠣᠨᠡᠳᠣ ᠰᠦᠩ ᠣᠯᠣᠰ ᠢ ᠮᠦᠬᠦᠬᠡᠵᠣ ᠵᠦᠩᠶᠦᠸᠠᠨ ᠣᠷᠣᠨ ᠢ ᠡᠷᠭᠡᠰᠢᠶᠡᠯ ᠳᠡᠭᠡᠨ ᠣᠷᠣᠭᠤᠯᠵᠠᠢ᠃ ᠢᠩᠬᠢᠬᠡᠳ 1268 ᠣᠨ ᠳᠤ ᠵᠣ᠋ ᠶᠣᠸᠠᠨ ᠵᠠᠩ ᠳᠤ ᠢᠯᠠᠭᠳᠠᠳᠠᠯ᠎ᠠ ᠵᠦᠩᠶᠦᠸᠠᠨ ᠣᠷᠣᠨ ᠢ 97 ᠵᠢᠯ ᠨᠣᠶᠠᠷᠬᠠᠵᠠᠢ᠃ ᠣᠮᠠᠷᠠᠳᠣ ᠦᠨ ᠪᠣᠯ ᠮᠣᠩᠭᠤᠯ ᠤᠨ ᠳᠠᠪᠣᠳᠣᠭᠠᠷ ᠶᠡᠭᠡ ᠲᠦᠷᠦ ᠪᠣᠯᠵᠣ ᠪᠣᠢ᠃ ᠳᠣᠭᠤᠨᠳᠡᠮᠣᠷ ᠪᠣᠯ ᠶᠡᠭᠡ ᠦᠨ ᠣᠯᠣᠰ ᠤᠨ ᠬᠠᠮᠤᠭ ᠰᠡᠭᠦᠯᠴᠢ ᠶᠢᠨ ᠬᠠᠭᠠᠨ᠂ ᠮᠦᠨ ᠴᠣ᠋ ᠣᠮᠠᠷᠠᠳᠣ ᠦᠨ ᠣᠯᠣᠰ ᠤᠨ ᠨᠢᠬᠡᠳᠣᠭᠡᠷ ᠬᠠᠭᠠᠨ ᠪᠣᠯᠣᠨ᠎ᠠ᠃ ᠣᠮᠠᠷᠠᠳᠣ ᠦᠨ 1368 ᠣᠨ ᠳᠤ ᠡᠬᠢᠯᠡᠵᠣ ᠪᠠᠶᠢᠭᠤᠯᠣᠭᠳᠠᠭᠠᠳ ︵ᠳᠣᠭᠤᠨᠳᠡᠮᠣᠷ ᠬᠠᠭᠠᠨ ᠪᠣᠯ ᠡᠬᠢᠯᠡᠵᠣ ᠪᠠᠶᠢᠭᠤᠯᠣᠭᠰᠠᠨ ᠪᠢᠰᠢ᠂ ᠶᠡᠭᠡ ᠦᠨ ᠤ ᠲᠦᠷᠦ ᠪᠠᠨ ᠵᠠᠯᠭᠠᠵᠣ ᠪᠠᠶᠢᠨ᠎ᠠ ᠬᠡᠵᠣ ᠪᠣᠳᠣᠵᠣ ᠪᠠᠶᠢᠭᠰᠠᠨ ᠪᠠᠶᠢᠬᠤ ᠶᠣᠰᠣᠳᠠᠢ︶᠂ 1635 ᠣᠨ ᠳᠤ ᠬᠤᠶᠢᠳᠣ ᠠᠯᠳᠠᠨ ᠣᠯᠣᠰ ᠲᠤ ᠣᠷᠣᠵᠣ ᠦᠭᠭᠦ ᠪᠣᠯᠳᠠᠯ᠎ᠠ ᠳᠡᠣᠬᠡ ᠶᠢᠨ ᠳᠠᠪᠴᠠᠩ ᠳᠤ 267 ᠵᠢᠯ ᠳᠣᠰᠭᠠᠷ ᠣᠷᠣᠰᠢᠨ ᠳᠣᠭᠳᠠᠨᠢᠵᠠᠢ᠃ ᠳᠡᠭᠡᠷᠡᠬᠢ ᠬᠡᠳᠣᠨ ᠲᠦᠷᠦ ᠶᠢᠨ ᠦᠩᠭᠡᠷᠡᠭᠦᠯᠦᠭᠰᠡᠨ ᠣᠨ ᠵᠢᠯ ᠢ ᠨᠡᠶᠢᠯᠡᠬᠦᠯᠵᠣ ᠪᠣᠳᠣᠪᠠᠯ᠂ ᠮᠣᠩᠭᠤᠯᠴᠣᠳ  ᠤᠨ ᠪᠠᠶᠢᠭᠤᠯᠣᠭᠰᠠᠨ ᠲᠦᠷᠦ ᠣᠯᠣᠰ ᠲᠡᠣᠭᠡ  ᠶᠢᠨ ᠳᠠᠪᠴᠠᠩ ᠳᠡᠭᠡᠷ᠎ᠡ ᠣᠷᠣᠰᠢᠨ ᠳᠣᠭᠳᠠᠨᠢᠭᠰᠠᠨ ᠴᠠᠭ ᠢ ᠭᠡᠷᠪᠡ 1084 ᠣᠨ ᠠᠴᠠ ᠡᠬᠢᠯᠡᠵᠣ ᠪᠣᠳᠣᠪᠠᠯ 1635 ᠣᠨ  ᠳᠤ ᠣᠮᠠᠷᠠᠳᠣ ᠦᠨ ᠣᠯᠣᠰ ᠮᠦᠬᠦᠬᠦ ᠪᠣᠯᠳᠠᠯ᠎ᠠ 551 ᠵᠢᠯ ᠪᠣᠯᠵᠣ᠂ ᠭᠡᠷᠪᠡ 1189 ᠣᠨ ᠠᠴᠠ ᠡᠬᠢᠯᠡᠵᠣ ᠪᠣᠳᠣᠪᠠᠯ 1635 ᠣᠨ  ᠳᠤ ᠪᠣᠯᠳᠠᠯ᠎ᠠ 446 ᠵᠢᠯ ᠪᠣᠯᠵᠣ᠂ ᠭᠡᠷᠪᠡ 1206 ᠣᠨ  ᠳᠤ ᠮᠣᠩᠭᠤᠯ ᠬᠠᠭᠠᠠᠳᠣ ᠣᠯᠣᠰ  ᠢ ᠪᠠᠶᠢᠭᠤᠯᠣᠭᠰᠠᠨ  ᠠᠴᠠ ᠡᠬᠢᠯᠡᠵᠣ ᠪᠣᠳᠣᠪᠠᠯ 1635 ᠬᠦᠷᠳᠡᠯ᠎ᠡ 429 ᠵᠢᠯ ᠳᠣᠭᠳᠠᠨᠢᠵᠣ᠂ ᠳᠣᠮᠳᠠ  ᠪᠠᠨ ᠪᠠᠰᠠ ᠵᠦᠩᠶᠣᠸᠠᠨ ᠣᠷᠣᠨ  ᠳᠤ ᠶᠡᠭᠡ ᠦᠨ ᠤᠯᠤᠰ ᠬᠡᠮᠡᠭᠴᠢ ᠶᠢ ᠪᠠᠶᠢᠭᠤᠯᠣᠨ ᠵᠣᠩᠶᠦᠸᠠᠨ ᠣᠷᠣᠨ ᠢ 97 ᠵᠢᠯ ᠨᠣᠶᠠᠷᠬᠠᠭᠰᠠᠨ ᠪᠠᠶᠢᠨ᠎ᠠ᠃      
    ᠵᠠ᠂
ᠦᠨᠦᠳᠣᠷ ᠠᠳᠡ ᠬᠦᠷᠳᠡᠯ᠎ᠡ ᠶᠠᠷᠢᠶ᠎ᠠ᠃ ᠳᠠᠷᠠᠭ᠎ᠠ ᠣᠳᠠᠭ᠎ᠠ ᠰᠠᠭᠠᠩ ᠰᠡᠴᠡᠨ ᠤ ᠠᠮᠢᠳᠣᠷᠠᠵᠣ ᠪᠠᠶᠢᠭᠰᠠᠨ ᠣᠮᠠᠷᠠᠳᠣ ᠦᠨ ᠤ ᠳᠡᠣᠬᠡ ᠶᠢᠨ ᠳᠣᠬᠠᠢ ᠳᠠᠨᠢᠯᠴᠠᠬᠤ ᠪᠣᠯᠣᠨ᠎ᠠ᠃ ︵ᠦᠷᠬᠦᠯᠵᠢᠯᠡᠯ ᠪᠣᠢ︶
 
ᠢᠷᠡᠯᠲᠡ᠄ ᠲᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号