ᠪᠠᠳᠺᠡᠷ ᠵᠤᠤ ᠶᠢᠨ 200 ᠵᠢᠯ ᠤᠨ ᠪᠦᠷᠢᠨ ᠲᠡᠮᠳᠡᠭᠯᠡᠯ ᠴᠣ ᠰᠢᠨ᠎ᠡ ᠪᠠᠷ ᠠᠮᠢᠯᠠᠯ᠎ᠠ
ᠨᠡᠶᠢᠲᠡᠯᠡᠭᠰᠡᠨ ᠴᠠᠭ᠄
2020/7/7

︽ᠲᠠᠶᠢᠴᠢᠩ ᠬᠦᠷᠦᠨ ᠤ ᠦᠶ᠎ᠠ ᠶᠢᠨ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠤᠨ ᠪᠠᠷᠢᠮᠳᠠ ᠨᠤᠭᠤᠳ ᠤᠨ ᠪᠦᠷᠢᠨ ᠡᠮᠬᠢᠳᠬᠡᠯ︾

ᠬᠡᠪᠯᠡᠭᠳᠡᠯ᠎ᠠ ᠬᠡᠰᠡᠨ ᠬᠠᠯᠠᠭᠤᠬᠠᠨ ᠰᠤᠷᠠᠭ ᠢᠶᠠᠷ ᠤᠷᠴᠢᠮ ᠰᠤᠷᠪᠤᠯᠵᠢᠯᠠᠬᠴᠢ ᠪᠤᠭᠤᠲᠤ ᠬᠤᠳᠠ ᠶᠢᠨ ᠲᠠᠩᠰᠠ ᠡᠪᠬᠡᠮᠡᠯ ᠤᠨ ᠭᠠᠵᠠᠷ ᠲᠤ ᠬᠦᠷᠴᠦ

ᠰᠤᠷᠪᠤᠯᠵᠢᠯᠠᠭ᠎ᠠ ᠠᠪᠤᠪᠠ᠃ ᠰᠢᠷ᠎ᠠ ᠬᠦᠷᠡᠩ ᠦᠩᠬᠡ ᠪᠠᠷ ᠭᠠᠳᠠᠷᠯᠠᠬᠳᠠᠭᠰᠠᠨ ᠨᠠᠶᠢᠳᠠ 17

ᠪᠤᠳᠢ ᠬᠠᠳᠠᠭᠤ ᠬᠠᠪᠢᠰᠤᠳᠠᠢ ᠠᠷᠪᠠᠨ ᠵᠢᠷᠭᠤᠭᠠᠨ ᠵᠦᠰᠤᠮ ᠤᠨ ᠨᠤᠮ ᠰᠤᠷᠪᠤᠯᠵᠢᠯᠠᠬᠴᠢ ᠶᠢᠨ ᠬᠠᠷᠠᠭᠠᠨ ᠳᠤ ᠢᠯᠴᠢ ᠲᠦᠭᠡᠭᠡᠨ ᠲᠤᠳᠤᠷᠠᠯ᠎ᠠ᠃

ᠪᠠᠳᠺᠡᠷ ᠵᠤᠤ ᠶᠢᠨ 200 ᠵᠢᠯ ᠤᠨ ᠲᠡᠤᠬᠡᠨ ᠲᠡᠮᠳᠡᠭᠯᠡᠯ ᠦᠨᠤᠳᠤᠷ ᠢᠩᠬᠢᠵᠦ ᠤᠳᠤᠬᠢ ᠬᠡᠪᠯᠡᠯ ᠤᠨ ᠮᠡᠷᠭᠡᠵᠢᠯ ᠢᠶᠠᠷ ᠪᠦᠷᠢᠨ

ᠪᠦᠳᠦᠨ ᠢᠶᠠᠷ ᠢᠶᠠᠨ ᠤᠩᠰᠢᠬᠴᠢᠳ ᠲᠠᠢ ᠵᠤᠯᠭᠠᠯ᠎ᠠ᠂ ᠦᠩᠬᠡᠷᠡᠭᠰᠡᠨ ᠳᠤ ᠲᠤᠰ ᠰᠦᠮ᠎ᠠ ᠶᠢᠨ

ᠯᠠᠮᠠ ᠨᠠᠷ ᠤᠨ ᠦᠰᠦᠨ ᠪᠢᠷ ᠢᠶᠠᠷ ᠲᠡᠮᠳᠡᠭᠯᠡᠨ ᠦᠯᠡᠳᠡᠭᠡᠭᠰᠡᠨ ᠰᠦᠮ᠎ᠠ ᠶᠢᠨ ᠦᠢᠯᠡ ᠬᠡᠷᠡᠭ᠂ ᠲᠤᠮᠤ ᠲᠤᠮᠤ ᠬᠡᠷᠡᠭ ᠶᠠᠪᠤᠳᠠᠯ ᠤᠨ ᠲᠡᠮᠳᠡᠭᠯᠡᠯ

ᠦᠨᠤᠳᠤᠷ ᠢᠩᠬᠢᠵᠦ ︽ᠲᠦᠪ ᠤᠨ ᠶᠡᠭᠡ ᠲᠡᠭᠡᠳᠤ ᠰᠤᠷᠭᠠᠭᠤᠯᠢ ᠶᠢᠨ ᠲᠡᠯᠡᠭᠡᠢ ᠶᠢᠨ ᠲᠡᠷᠢᠭᠦᠨ ᠤ ᠶᠡᠭᠡ ᠰᠤᠷᠭᠠᠭᠤᠯᠢ

︵ᠰᠢᠨᠵᠢᠯᠡᠭᠡᠨ ᠤ ᠰᠠᠯᠠᠭ᠎ᠠ︶ ᠶᠢ ᠪᠦᠲᠦᠭᠡᠨ ᠪᠠᠶᠢᠭᠤᠯᠬᠤ ᠪᠤᠯᠤᠨ ᠤᠨᠴᠠᠯᠢᠬᠳᠤ ᠬᠦᠭᠵᠢᠯᠳᠡ ᠶᠢ

ᠵᠢᠯᠤᠭᠤᠳᠬᠤ ᠲᠤᠰᠬᠠᠢ ᠲᠦᠷᠦᠯ ᠤᠨ ᠪᠡᠯᠡ ᠮᠦᠩᠬᠦ ᠶᠢᠨ    ᠲᠡᠮᠵᠢᠯᠭᠡ︾ ᠶᠢ ᠬᠦᠷᠳᠡᠵᠦ ᠬᠡᠪᠯᠡᠭᠳᠡᠵᠦ

ᠭᠠᠷᠤᠬᠰᠠᠨ ᠪᠠᠶᠢᠨ᠎ᠠ᠃ ᠮᠤᠩᠭᠤᠯ ᠲᠡᠤᠬᠡ ᠰᠤᠶᠤᠯ ᠤᠨ ᠴᠢᠬᠤᠯᠠ ᠪᠦᠷᠢᠯᠳᠤᠬᠦᠨ ᠪᠤᠯᠬᠤ ᠰᠦᠮ᠎ᠠ ᠬᠡᠶᠢᠳ ᠤᠨ

ᠰᠤᠶᠤᠯ ᠤᠨ ᠰᠢᠳᠦᠭᠡᠨ ᠪᠤᠷᠬᠠᠨ ᠦᠷᠦᠰᠢᠶᠡᠭᠰᠡᠨ ᠤ ᠴᠦ ᠪᠤᠯᠪᠠᠤ︖ ᠡᠰᠡᠭᠦᠯ ᠎ᠠ ᠪᠡᠳᠺᠠᠷ ᠵᠤᠤ ᠶᠢᠨ ᠪᠤᠷᠬᠠᠨ ᠬᠡᠭᠡᠨ

ᠢᠪᠡᠭᠡᠭᠰᠡᠨ ᠤ ᠴᠦ ᠪᠤᠯᠪᠠᠤ︖ ᠲᠡᠤᠬᠡ ᠶᠢᠨ ᠡᠯᠡᠭᠡᠯᠳᠡ ᠳᠤ ᠪᠠᠷᠤᠭ ᠯᠠ ᠰᠦᠢᠳᠬᠦ ᠳᠡᠭᠡᠨ ᠰᠢᠬᠠᠬᠰᠠᠨ ᠡᠳᠡᠭᠡᠷ ᠪᠠᠳᠺᠡᠷ ᠵᠤᠤ ᠶᠢᠨ ᠮᠤᠩᠭᠤᠯ

ᠲᠡᠤᠬᠡᠨ ᠠᠷᠬᠢᠪ ᠤᠨ ᠪᠠᠷᠢᠮᠳᠠ ᠨᠤᠭᠤᠳ᠂ ᠰᠢᠨ᠎ᠠ ᠴᠠᠭ ᠦᠶ᠎ᠠ ᠳᠤ ᠢᠩᠬᠢᠵᠦ ᠴᠤ᠋ ᠰᠢᠨ᠎ᠠ ᠪᠠᠷ ᠮᠡᠨᠳᠤᠯᠡᠯ᠎ᠠ᠂ ᠴᠤᠭ

ᠰᠦᠯᠳᠠ ᠲᠠᠢ ᠪᠠᠷ ᠠᠮᠢᠯᠠᠯ᠎ᠠ᠂ ᠰᠢᠨ᠎ᠠ ᠴᠠᠭ ᠦᠶ᠎ᠠ ᠶᠢᠨ ᠮᠤᠩᠭᠤᠯ ᠰᠤᠳᠤᠯᠤᠯ ᠤᠨ ᠡᠷᠳᠡᠮᠳᠡᠠ ᠤ

ᠬᠢᠷᠠᠬᠠᠢ ᠨᠢᠳᠤ᠂ ᠪᠤᠭᠤᠲᠤ ᠬᠤᠳᠠ ᠶᠢᠨ ᠨᠤᠳᠤᠭ ᠤᠰᠤᠨ ᠤ ᠰᠤᠶᠤᠯ ᠤᠨ ᠨᠠᠨᠳᠢᠨ ᠦᠪ ᠢᠶᠠᠨ ᠬᠡᠰᠡᠨ ᠲᠡᠩᠰᠠ

ᠡᠪᠬᠡᠮᠡᠯ ᠤᠨ ᠭᠠᠵᠠᠷ ᠤᠨ ᠠᠵᠢᠯᠳᠠᠨ ᠤ ᠨᠠᠨᠳᠢᠨ ᠴᠢᠷᠮᠠᠶᠢᠯᠭ᠎ᠠ ᠪᠠᠷ ᠲᠡᠶᠢᠴᠢᠩ ᠬᠦᠷᠦᠨ ᠤ ᠦᠶ᠎ᠠ ᠶᠢᠨ

ᠪᠡᠳᠺᠡᠷ ᠵᠤᠤ ᠶᠢᠨ ᠪᠦᠷᠢᠨ ᠲᠡᠤᠬᠡ ᠢᠩᠬᠢᠵᠦ ᠪᠢᠳᠡᠨ ᠤ ᠡᠮᠦᠨ᠎ᠠ ᠲᠡᠯᠭᠡᠭᠳᠡᠯ᠎ᠠ᠃

         ᠪᠠᠳᠺᠡᠷ ᠵᠤᠤ ᠶᠢᠨ ᠭᠠᠳᠠᠷ ᠦᠵᠡᠮᠵᠢ

      ᠮᠠᠨ ᠤ ᠦᠶ᠎ᠠ ᠳᠤ ᠬᠦᠷᠳᠡᠯ᠎ᠠ ᠪᠦᠷᠢᠨ ᠪᠦᠳᠤᠨ ᠢᠶᠠᠷ ᠤᠯᠠᠮᠵᠢᠯᠠᠬᠳᠠᠵᠦ

      ᠢᠷᠡᠭᠰᠡᠨ ᠴᠤᠷ ᠤᠨ ᠭᠠᠭᠴᠠ ᠮᠤᠩᠭᠤᠯ ᠰᠦᠮ᠎ᠠ ᠬᠡᠶᠢᠳ ᠤᠨ ᠠᠷᠬᠢᠪ ᠤᠨ ᠪᠠᠷᠢᠮᠳᠠ

   ︽ᠠᠷᠪᠠᠨ ᠵᠢᠷᠭᠤᠳᠤᠭᠠᠷ ᠵᠠᠭᠤᠨ ᠠᠴᠠ ᠨᠠᠰᠢ ᠮᠣᠩᠭᠤᠯ ᠭᠠᠵᠠᠷ ᠰᠦᠮ᠎ᠡ ᠬᠡᠶᠢᠳ ᠣᠯᠠᠰᠢᠷᠠᠵᠤ᠂ ᠲᠥᠪᠡᠳ ᠤᠨ ᠪᠤᠷᠬᠠᠨ ᠤ ᠱᠠᠰᠢᠨ

ᠮᠣᠩᠭᠤᠯ ᠤᠨ ᠨᠡᠶᠢᠭᠡᠮ᠂ ᠰᠣᠶᠣᠯ ᠢ ᠶᠡᠭᠡ ᠪᠠᠷ ᠨᠥᠯᠥᠭᠡᠯᠡᠬᠦ ᠪᠣᠯᠵᠠᠢ᠃ ᠡᠶᠢᠮᠦ ᠠᠴᠠ ᠰᠦᠮ᠎ᠡ ᠬᠡᠶᠢᠳ ᠲᠤ

ᠬᠤᠯᠪᠣᠭᠳᠠᠬᠤ ᠰᠤᠳᠤᠯᠭ᠎ᠠ ᠨᠢ ᠮᠣᠩᠭᠤᠯ ᠤᠨ ᠤᠯᠤᠰ ᠲᠥᠷᠥ᠂ ᠨᠡᠶᠢᠭᠡᠮ᠂ ᠰᠣᠶᠣᠯ ᠤᠨ ᠣᠯᠠᠨ ᠠᠰᠠᠭᠤᠳᠠᠯ ᠢ

ᠣᠶᠢᠯᠠᠭᠠᠬᠤ ᠴᠢᠬᠤᠯᠠ ᠠᠷᠭ᠎ᠠ ᠵᠠᠮ ᠪᠣᠯᠣᠭᠰᠠᠨ ᠪᠠᠶᠢᠨ᠎ᠠ᠃ ᠬᠠᠷᠢᠨ ᠲᠡᠦᠬᠡᠨ ᠤᠷᠰᠢᠭ ᠢᠶᠠᠷ ᠮᠣᠩᠭᠤᠯ

ᠭᠠᠵᠠᠷ ᠤᠨ ᠰᠦᠮ᠎ᠡ ᠬᠡᠶᠢᠳ ᠤᠳ ᠤᠨ ᠳᠣᠲᠣᠷ᠎ᠠ ᠪᠠᠳᠺᠠᠷ ᠵᠤᠤ ᠶᠢᠨ ᠲᠡᠦᠬᠡᠨ ᠳᠠᠩᠰᠠ ᠯᠠ ᠮᠠᠨ ᠤ ᠦᠶ᠎ᠡ ᠳᠤ

ᠪᠦᠷᠢᠨ ᠪᠦᠲᠦᠨ ᠢᠶᠠᠷ ᠤᠯᠠᠮᠵᠢᠯᠠᠭᠳᠠᠵᠤ ᠢᠷᠡᠵᠡᠢ᠃ ᠤᠭ ᠠᠴᠠ ᠪᠠᠨ ᠮᠣᠩᠭᠤᠯ ᠭᠠᠵᠠᠷ ᠤᠨ ᠲᠣᠮᠣᠬᠠᠨ ᠰᠦᠮ᠎ᠡ ᠪᠥᠭᠡᠳ

ᠠᠯᠳᠠᠷᠲᠤ ᠨᠣᠮ ᠤᠨ ᠰᠦᠮ᠎ᠡ ᠪᠠᠶᠢᠭᠰᠠᠨ ᠤ ᠳᠡᠭᠡᠷ᠎ᠡ ᠬᠤᠶᠠᠷ ᠵᠠᠭᠤᠨ ᠵᠢᠯ ᠤᠨ ᠲᠡᠦᠬᠡᠨ ᠶᠠᠪᠤᠴᠠ ᠳᠤ ᠶᠡᠭᠡ ᠬᠡᠮᠵᠢᠶᠡᠨ ᠤ

ᠳᠠᠩᠰᠠ ᠬᠠᠷ᠎ᠠ ᠪᠣᠢ ᠪᠣᠯᠵᠤ᠂ ᠪᠦᠷᠢᠨ ᠪᠦᠲᠦᠨ ᠢᠶᠠᠷ ᠬᠠᠳᠠᠭᠠᠯᠠᠭᠳᠠᠵᠤ ᠢᠷᠡᠭᠰᠡᠨ ᠲᠤᠯᠠ ᠪᠠᠳᠺᠠᠷ ᠵᠤᠤ ᠶᠢᠨ ᠮᠣᠩᠭᠤᠯ

ᠠᠷᠬᠢᠪ ᠤᠨ ᠲᠡᠦᠬᠡ ᠶᠢᠨ ᠪᠠ ᠰᠤᠳᠤᠯᠭᠠᠨ ᠤ ᠦᠨ᠎ᠡ ᠴᠡᠨ᠎ᠡ ᠮᠠᠰᠢ ᠶᠡᠭᠡ ᠪᠣᠯᠵᠠᠢ︾᠃ ᠰᠤᠷᠪᠤᠯᠵᠢᠯᠠᠬᠴᠢ

︽ᠲᠠᠶᠢᠴᠢᠩ ᠬᠦᠷᠦᠨ ᠤ ᠦᠶ᠎ᠠ ᠶᠢᠨ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠤᠨ ᠪᠠᠷᠢᠮᠳᠠ ᠨᠤᠭᠤᠳ ᠤᠨ

ᠪᠦᠷᠢᠨ ᠡᠮᠬᠢᠳᠬᠡᠯ︾ ᠤᠨ ᠡᠷᠬᠢᠯᠡᠨ ᠨᠠᠶᠢᠷᠠᠭᠤᠯᠤᠬᠴᠢ᠂ ᠲᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ ᠶᠢᠨ

ᠰᠤᠩᠭᠤᠳᠠᠭ ᠰᠤᠳᠤᠯᠤᠯ ᠤᠨ ᠲᠡᠭᠡᠳᠤ ᠰᠤᠷᠭᠠᠭᠤᠯᠢ ᠶᠢᠨ ᠫᠷᠤᠹᠧᠰᠰᠤᠷ᠂ ᠪᠠᠶᠢᠩᠭᠤ ᠶᠢᠨ ᠲᠡᠳ᠋ ᠵᠠᠬᠢᠷᠤᠯ᠂ ᠰᠤᠷᠭᠠᠨ

ᠬᠦᠮᠦᠵᠢᠯ ᠤᠨ ᠶᠠᠮᠤᠨ ᠤ ᠴᠠᠩ ᠵᠢᠶᠠᠩ ᠡᠷᠳᠡᠮᠳᠡᠨ ᠢᠶᠠᠷ ᠤᠨᠴᠠ ᠤᠷᠢᠬᠰᠠᠨ ᠫᠷᠤᠹᠧᠰᠰᠤᠷ ᠤᠶᠤᠨᠪᠢᠯᠢᠭ᠌ ᠢ

ᠤᠳᠠᠰᠤ ᠪᠠᠷ ᠰᠤᠷᠪᠤᠯᠵᠢᠯᠠᠬᠤ ᠳᠤ ᠲᠡᠷᠡ ᠢᠩᠬᠢᠵᠦ ᠶᠠᠷᠢᠯ᠎ᠠ᠃

   ᠲᠠᠶᠢᠮᠤ ᠯᠡ ᠳ᠋ᠠ᠂ ᠶᠠᠭ ᠯᠠ ᠡᠨᠡ ᠬᠦ ᠬᠤᠪᠤᠷ ᠨᠠᠨᠳᠢᠨ ᠦᠨ᠎ᠠ ᠴᠠᠨ᠎ᠠ ᠪᠠᠷ ᠢᠶᠠᠨ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠨᠢ

2017 ᠤᠨ ᠳᠤ ᠮᠤᠩᠭᠤᠯ ᠲᠡᠤᠬᠡ ᠰᠤᠶᠤᠯ ᠤᠨ ᠰᠤᠳᠤᠯᠤᠯ᠂ ᠮᠠᠨᠵᠤ ᠮᠤᠩᠭᠤᠯ ᠬᠡᠯᠡᠨ ᠤ ᠠᠷᠬᠢᠪ ᠤᠨ ᠪᠠᠷᠢᠮᠳᠠ ᠪᠤᠯᠤᠨ ᠰᠤᠷᠪᠤᠯᠵᠢᠰ ᠤᠨ ᠰᠤᠳᠤᠯᠤᠯ᠂

ᠮᠤᠩᠭᠤᠯ ᠲᠦᠪᠡᠳ ᠤᠨ ᠬᠠᠷᠢᠴᠠᠭᠠᠨ ᠤ ᠰᠤᠳᠤᠯᠤᠯ ᠪᠠ ᠲᠠᠶᠢᠴᠢᠩ ᠬᠦᠷᠦᠨ ᠤ ᠲᠡᠤᠬᠡ ᠶᠢᠨ ᠰᠤᠳᠤᠯᠤᠯ ᠤᠨ ᠴᠢᠭᠯᠡᠯ ᠤᠳ ᠢᠶᠠᠷ ᠭᠤᠤᠯᠳᠠᠭᠤ

ᠠᠵᠢᠯᠯᠠᠳᠠᠭ ᠤᠶᠤᠨᠪᠢᠯᠢᠭ᠌ ᠫᠷᠤᠹᠧᠰᠰᠤᠷ ᠤᠨ ᠬᠠᠷᠠᠭᠠᠨ ᠳᠤ ᠤᠷᠤᠵᠦ᠂ ᠲᠠᠷᠠᠭᠠᠴᠢ ᠪᠠᠷ ᠨᠢ ᠲᠤᠮᠳᠠᠳᠤ ᠤᠯᠤᠰ ᠤᠨ

ᠠᠷᠠᠳ ᠤᠨ ᠶᠡᠭᠡ ᠰᠤᠷᠭᠠᠭᠤᠯᠢ ᠶᠢᠨ ᠰᠤᠩᠭᠤᠳᠠᠭ ᠰᠤᠳᠤᠯᠤᠯ ᠤᠨ ᠲᠡᠭᠡᠳᠤ ᠰᠤᠷᠭᠠᠭᠤᠯᠢ ᠪᠤᠯᠤᠨ ᠪᠤᠭᠤᠲᠤ ᠬᠤᠳᠠ ᠶᠢᠨ ᠲᠠᠩᠰᠠ ᠡᠪᠬᠡᠮᠡᠯ ᠤᠨ

ᠭᠠᠵᠠᠷ ᠬᠠᠮᠳᠤᠷᠠᠨ ᠲᠤᠰ ᠪᠦᠷᠢᠨ ᠡᠮᠬᠢᠳᠬᠡᠯ ᠢ ᠨᠠᠶᠢᠷᠠᠭᠤᠯᠤᠨ ᠬᠡᠪᠯᠡᠭᠦᠯᠦᠭᠰᠡᠨ ᠪᠠᠶᠢᠨ᠎ᠠ᠃

   ᠠᠭᠤᠯᠭ᠎ᠠ ᠶᠢᠨ ᠬᠤᠪᠢ ᠳᠤ᠂ ᠨᠡᠶᠢᠳᠡ 17 ᠪᠤᠳᠢ ᠲᠤᠰ ᠡᠮᠬᠢᠳᠬᠡᠯ ᠳᠤ ᠲᠡᠭᠷᠢ ᠲᠡᠳᠬᠦᠭᠴᠢ ᠶᠢᠨ ᠠᠷᠪᠠᠨ ᠲᠠᠪᠤᠳᠤᠭᠠᠷ ᠤᠨ      

        ︵1750︶ ᠠᠴᠠ ᠢᠷᠭᠡᠨ ᠤᠯᠤᠰ ᠤᠨ ᠠᠩᠬᠠᠨ ᠤ ᠤᠨ ︵1912︶ ᠪᠤᠯᠳᠠᠯᠠᠬᠢ ᠪᠦᠬᠦᠳᠡ 800 ᠭᠠᠷᠤᠢ

ᠬᠤᠪᠢ ᠪᠠᠷᠢᠮᠳᠠ ᠶᠢ ᠡᠮᠬᠢᠳᠬᠡᠨ ᠤᠷᠤᠭᠤᠯᠵᠠᠢ᠃ ᠡᠳᠡᠭᠡᠷ ᠠᠷᠬᠢᠪ ᠤᠨ ᠪᠠᠷᠢᠮᠳᠠ ᠨᠢ ᠪᠡᠳᠺᠡᠷ ᠵᠤᠤ ᠶᠢᠨ ᠰᠦᠮ᠎ᠠ ᠶᠢᠨ ᠬᠤᠷᠠᠯ ᠷᠠᠰᠠᠩ᠂

ᠱᠠᠰᠢᠨ ᠤ ᠦᠢᠯᠡ ᠠᠵᠢᠯᠯᠠᠭ᠎ᠠ᠂ ᠬᠤᠸᠠᠷᠠᠭ ᠤᠳ ᠤᠨ ᠢᠷᠠᠯ ᠭᠠᠷᠤᠯ᠂ ᠬᠠᠷᠢᠶᠠᠳᠤ ᠠᠷᠠᠳ᠂ ᠰᠠᠩ ᠵᠢᠰᠠ᠂ ᠡᠷᠬᠢᠨ

ᠲᠤᠭᠤᠷᠢᠨ ᠤ ᠮᠤᠩᠭᠤᠯ ᠬᠢᠳᠠᠳ ᠢᠷᠭᠡᠨ ᠯᠦᠭᠡ ᠶᠢᠨ ᠬᠠᠷᠢᠯᠴᠠᠭ᠎ᠠ᠂ ᠮᠤᠩᠭᠤᠯ ᠵᠠᠰᠠᠭ ᠬᠤᠰᠢᠭᠤᠳ ᠯᠤᠭ᠎ᠠ ᠶᠢᠨ ᠬᠠᠷᠢᠯᠴᠠᠭ᠎ᠠ᠂ ᠬᠤᠯᠠᠳᠠᠬᠢᠨ ᠢ

ᠠᠮᠤᠷ ᠪᠣᠯᠭᠠᠬᠤ ᠬᠤᠲᠠ ᠶᠢᠨ ᠵᠠᠩᠵᠤᠨ᠂ ᠭᠠᠳᠠᠭᠠᠳᠤ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠶᠠᠮᠤᠨ ᠪᠤᠯᠤᠨ ᠢᠷᠭᠡᠨ ᠤᠯᠤᠰ ᠤᠨ

ᠵᠠᠰᠠᠭ ᠤᠨ ᠭᠠᠵᠠᠷ ᠯᠤᠭ᠎ᠠ ᠶᠢᠨ ᠬᠠᠷᠢᠯᠴᠠᠭ᠎ᠠ᠂ ᠲᠦᠪᠡᠳ᠂ ᠬᠦᠬᠡᠨᠠᠭᠤᠷ ᠪᠤᠯᠤᠨ ᠮᠤᠩᠭᠤᠯ ᠤᠨ ᠪᠤᠰᠤᠳ ᠰᠦᠮ᠎ᠠ ᠬᠡᠶᠢᠳ᠂

ᠶᠡᠬᠡᠰ ᠯᠠᠮᠠ ᠨᠠᠷ ᠯᠤᠭ᠎ᠠ ᠶᠢᠨ ᠬᠠᠷᠢᠯᠴᠠᠭ᠎ᠠ ᠬᠡᠬᠦ ᠵᠡᠷᠭᠡ ᠠᠰᠠᠭᠤᠳᠠᠯ ᠤᠳ ᠲᠤ ᠬᠤᠯᠪᠤᠬᠳᠠᠵᠦ ᠪᠠᠶᠢᠭ᠎ᠠ ᠪᠠᠷ ᠢᠶᠠᠨ ᠲᠠᠶᠢᠴᠢᠩ ᠬᠦᠷᠦᠨ ᠤ

ᠦᠶ᠎ᠠ ᠶᠢᠨ ᠮᠤᠩᠭᠤᠯ ᠤᠨ ᠪᠤᠷᠬᠠᠨ ᠤ ᠱᠠᠰᠢᠨ ᠤ ᠲᠡᠤᠬᠡ ᠪᠤᠯᠤᠨ ᠰᠦᠮ᠎ᠠ ᠬᠡᠶᠢᠳ ᠤᠨ ᠲᠡᠤᠬᠡ ᠶᠢ ᠰᠤᠳᠤᠯᠬᠤ ᠳᠤ

ᠬᠤᠪᠤᠷ ᠨᠠᠨᠲᠢᠨ ᠪᠠᠷᠢᠮᠳᠠ ᠪᠤᠯᠤᠬᠰᠠᠨ ᠪᠠᠶᠢᠨ᠎ᠠ᠃ ᠡᠶᠢᠮᠤ ᠠᠴᠠ ᠡᠳᠡᠭᠡᠷ ᠠᠷᠬᠢᠪ ᠤᠨ ᠬᠡᠪᠯᠡᠭᠳᠡᠭᠰᠡᠨ ᠨᠢ ᠮᠤᠩᠭᠤᠯ ᠤᠨ ᠰᠦᠮ᠎ᠠ

ᠬᠡᠶᠢᠳ ᠤᠨ ᠲᠡᠤᠬᠡ ᠪᠤᠯᠤᠨ ᠰᠤᠶᠤᠯ ᠲᠡᠤᠬᠡ ᠶᠢᠨ ᠰᠤᠳᠤᠯᠭᠠᠨ ᠳᠤ ᠲᠦᠯᠬᠢᠴᠠ ᠦᠢᠯᠡᠲᠦᠯ ᠦᠵᠡᠬᠦᠯᠬᠦ ᠨᠢ ᠯᠠᠪᠳᠠᠢ ᠶᠤᠮ᠃

   ︽ᠵᠠᠩᠵᠠ ᠬᠤᠳᠤᠬᠳᠤ ᠶᠢᠨ ᠬᠠᠷᠢᠶᠠᠳᠤ᠂ ᠠᠬᠤᠤ ᠶᠡᠭᠡ ᠤᠨᠤᠯᠳᠤ ᠰᠦᠮ᠎ᠠ ᠶᠢᠨ ᠪᠯᠠᠮ᠎ᠠ ᠨᠡᠷ᠂ ᠬᠡᠪᠬᠦᠢ᠂ ᠱᠠᠩᠵᠤᠤᠳᠪᠠ᠂ ᠤᠮᠪᠤ᠂ ᠨᠢᠷᠪᠠ᠂

ᠨᠡᠶᠢᠳᠡ ᠤᠯᠠᠨ ᠯᠠᠮᠠ ᠨᠠᠷᠤᠨ ᠬᠢᠴᠢᠶᠡᠩᠬᠦ᠋ᠢᠯᠡᠨ᠂ ᠵᠠᠷᠯᠢᠭ ᠢᠶᠠᠷ ᠵᠠᠷᠤᠬᠰᠠᠨ ᠲᠦᠷᠦ ᠶᠢᠨ ᠶᠡᠭᠡ ᠰᠠᠶᠢᠳ ᠠᠮᠪᠠᠨ ᠨᠤᠶᠠᠨ᠂ ᠴᠢᠬᠤᠯᠬᠠᠨ ᠤ

ᠲᠡᠷᠢᠭᠦᠨ ᠲᠡᠷᠬᠠᠨ ᠪᠠᠶᠢᠯᠠ ᠨᠤᠶᠠᠨ ᠲᠠᠨ᠎ᠠ ᠡᠷᠬᠦᠨ ᠠᠶᠢᠯᠠᠳᠬᠠᠬᠤ ᠶᠢᠨ ᠤᠴᠢᠷ᠎ᠠ᠂ ᠮᠠᠨ ᠤ ᠪᠠᠭᠰᠢ ᠤᠷᠢᠳ

ᠲᠦᠷᠤᠯ ᠤᠨ ᠪᠯᠠᠮ᠎ᠠ ᠲᠦᠢᠩᠬᠦᠷ ᠪᠠᠨᠳᠢᠳᠠ ᠪᠦᠬᠦᠢ ᠴᠠᠭ ᠳᠤᠷ᠂ ᠤᠷᠠᠳ ᠮᠤᠤᠮᠢᠩᠭᠠᠨ ᠬᠤᠰᠢᠬᠤᠨ ᠤ ᠵᠠᠬ᠎ᠠ ᠶᠢᠨ

ᠤᠢᠢᠷ᠎ᠠ ᠨᠢᠭᠡᠨ ᠰᠦᠮ᠎ᠠ ᠪᠠᠶᠢᠬᠤᠯᠵᠦ᠂ ᠵᠠᠩᠵᠠ ᠬᠤᠳᠤᠬᠳᠤ ᠳᠤᠷ ᠡᠷᠭᠦᠨ ᠪᠠᠷᠢᠵᠦ᠂ ᠵᠠᠩᠵᠠ ᠬᠤᠳᠤᠬᠳᠤ ᠶᠢᠨ

ᠬᠠᠵᠠᠷ ᠠᠴᠠ ᠤᠯᠠᠮᠵᠢᠯᠠᠨ ᠵᠤᠷᠬᠠᠨ ᠳᠤᠷ ᠮᠡᠳᠡᠭᠦᠯᠵᠦ᠂ ᠵᠤᠷᠬᠠᠨ ᠠᠴᠠ ᠠᠶᠢᠯᠠᠳᠬᠠᠵᠦ᠂ ᠵᠠᠷᠯᠢᠭ ᠢᠶᠠᠷ ᠨᠡᠷ᠎ᠠ

ᠱᠠᠩᠨᠠᠬᠰᠠᠨ ᠪᠦᠯᠦᠭᠡ᠂ ᠡᠳᠦᠭᠡ ᠳᠤᠷ ᠬᠦᠷᠳᠡᠯᠡ᠂ ᠮᠠᠨ ᠤ ᠰᠦᠮ᠎ᠠ ᠶᠢᠨ ᠨᠤᠮ ᠤᠨ ᠰᠤᠷᠭᠠᠭᠤᠯᠢ ᠶᠢᠨ ᠵᠠᠩ ᠦᠢᠯᠡ᠂

ᠰᠦᠮ᠎ᠠ ᠶᠢᠨ ᠠᠯᠢᠪᠠ ᠬᠡᠷᠡᠭ ᠢ ᠴᠦᠮ ᠵᠠᠩᠬᠢᠶ᠎ᠠ ᠬᠤᠳᠤᠬᠳᠤ ᠶᠢᠨ ᠬᠠᠵᠠᠷ ᠠᠴᠠ ᠵᠡᠬᠢᠭᠰᠡᠨ ᠲᠠᠬᠠᠵᠦ ᠶᠠᠪᠤᠬᠰᠠᠭᠠᠠᠷ ᠢᠷᠡᠭᠰᠡᠨ᠂ ᠲᠡᠭᠷᠢ ᠶᠢᠨ

ᠲᠡᠳᠬᠦᠭᠰᠡᠨ ᠤ ᠬᠤᠷᠢᠨ ᠲᠦᠷᠪᠡᠳᠦᠭᠡᠷ ᠤᠨ ᠤᠷᠠᠳ ᠮᠤᠤᠮᠢᠩᠭᠠᠨ ᠤ ᠵᠠᠰᠠᠭ ᠨᠤᠶᠠᠳ ᠤᠨ ᠬᠠᠵᠠᠷ ᠠᠴᠠ᠂ ᠮᠠᠨ ᠤ ᠡᠨᠡ ᠰᠦᠮ᠎ᠠ ᠶᠢᠨ

ᠲᠤᠬᠤᠷᠢᠨ ᠪᠡᠯᠴᠢᠭᠡᠷ ᠤᠨ ᠬᠠᠵᠠᠷ ᠶᠢ ᠨᠢᠭᠡᠮᠰᠦᠨ ᠦᠭᠯᠢᠭᠡ ᠪᠤᠯᠭᠠᠨ ᠦᠭᠴᠦ᠂ ᠯᠠᠮᠠᠨᠠᠷ ᠪᠢᠳᠡᠨ ᠤ ᠭᠠᠷ ᠲᠤ ᠲᠤᠰ

ᠲᠤᠰ ᠤᠨ ᠪᠠᠳᠤᠯᠠᠬᠤ ᠲᠠᠮᠠᠭᠠᠳᠤ ᠪᠢᠴᠢᠭ ᠦᠭᠭᠦᠭᠰᠡᠨ ᠪᠤᠯᠪᠠᠴᠦ᠂ ᠲᠡᠭᠷᠢ ᠶᠢᠨ ᠲᠡᠳᠬᠦᠭᠰᠡᠨ ᠤ ᠬᠤᠴᠢᠨ ᠲᠤᠯᠤᠳᠤᠭᠠᠷ ᠤᠨ ᠳᠤ᠂

ᠲᠡᠳᠡᠭᠡᠷ ᠤᠨ ᠬᠤᠰᠢᠭᠤᠨ ᠤ ᠲᠤᠤᠷᠠᠳᠤ ᠲᠠᠶᠢᠵᠢᠨᠠᠷ ᠠᠷᠠᠳ ᠲᠡᠮᠡᠴᠡᠯᠳᠤᠨ ᠵᠠᠭᠠᠯᠳᠤᠭᠰᠠᠨ ᠤᠴᠢᠷ ᠲᠤ᠂ ᠵᠠᠷᠯᠢᠭ ᠢᠶᠠᠷ ᠵᠠᠷᠤᠬᠰᠠᠨ ᠪᠠᠶᠢᠰᠠ

ᠬᠤᠳᠤᠷᠠᠩᠭ᠎ᠠ ᠢᠷᠠᠵᠦ᠂ ᠪᠠᠶᠢᠴᠠᠭᠠᠨ ᠰᠢᠳᠬᠡᠭᠡᠳ᠂ ᠠᠩᠬᠠᠨ ᠳᠤ ᠵᠠᠰᠠᠭ ᠤᠳ ᠤᠨ ᠲᠤᠷᠠᠳᠠᠢ ᠦᠭᠭᠦᠭᠰᠡᠨ

ᠬᠠᠵᠠᠷ ᠢ ᠮᠦᠨ ᠬᠦ ᠶᠤᠰᠤᠭᠠᠷ ᠲᠤᠬᠳᠠᠭᠠᠬᠤ ᠢ ᠠᠶᠢᠯᠠᠳᠬᠠᠪᠠ︾᠃ ᠡᠨᠡ ᠪᠤᠯ ︽ᠲᠠᠶᠢᠴᠢᠩ ᠬᠦᠷᠦᠨ ᠤ

ᠦᠶ᠎ᠠ ᠶᠢᠨ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠤᠨ ᠪᠠᠷᠢᠮᠳᠠ ᠨᠤᠭᠤᠳ ᠤᠨ ᠪᠦᠷᠢᠨ ᠡᠮᠬᠢᠳᠬᠡᠯ︾

 ᠤᠨ ᠬᠤᠶᠠᠳᠤᠭᠠᠷ ᠪᠤᠳᠢ ᠳᠤ ᠪᠠᠶᠢᠭ᠎ᠠ 138 ᠨᠤᠮᠧᠷᠳᠤ ᠪᠠᠷᠢᠮᠳᠠ ᠳᠤ ᠪᠢᠴᠢᠭᠳᠡᠭᠰᠡᠨ ᠨᠢᠭᠡ ᠬᠡᠰᠡᠭ ᠠᠭᠤᠯᠭ᠎ᠠ ᠪᠤᠯᠤᠨ᠎ᠠ᠃

   ᠡᠨᠡ ᠬᠦ ᠠᠭᠤᠯᠭ᠎ᠠ ᠳᠤ ︽ᠪᠡᠳᠬᠡᠷ ᠵᠤᠤ ᠶᠢ ᠨᠢᠭᠡᠳᠦᠭᠡᠷ ᠲᠦᠷᠢ ᠶᠢᠨ ᠳ᠋ᠦᠢᠩᠬᠦᠷ ᠪᠠᠨᠳᠢᠳᠠ ᠤᠷᠠᠳ ᠮᠤᠤᠮᠢᠩᠭᠠᠨ ᠬᠤᠰᠢᠭᠤᠨ ᠤ

ᠵᠠᠬ᠎ᠠ ᠶᠢᠨ ᠤᠢᠢᠷ᠎ᠠ ᠪᠠᠶᠢᠭᠤᠯᠵᠦ᠂ ᠵᠠᠩᠬᠢᠶ ᠎ᠠ ᠬᠤᠳᠤᠬᠳᠤ ᠳᠤᠷ ᠡᠷᠭᠦᠨ ᠪᠠᠷᠢᠵᠦ᠂ ᠵᠠᠩᠬᠢᠶ᠎ᠠ ᠬᠤᠳᠤᠬᠳᠤ ᠶᠢᠨ

ᠬᠠᠷᠢᠶᠠᠳᠤ ᠰᠦᠮ᠎ᠠ ᠪᠤᠯᠤᠬᠰᠠᠨ ᠲᠡᠭᠡᠷ᠎ᠠ ᠪᠠᠨ ᠵᠠᠩᠬᠢᠶ᠎ᠠ ᠬᠤᠳᠤᠬᠳᠤ ᠶᠢᠨ ᠬᠠᠵᠠᠷ ᠠᠴᠠ ᠴᠢᠩ ᠤᠯᠤᠰ ᠤᠨ ᠵᠠᠰᠠᠭ ᠤᠨ ᠭᠠᠵᠠᠷ ᠲᠤ ᠮᠡᠳᠡᠭᠦᠯᠵᠦ᠂

ᠴᠢᠩ ᠤᠯᠤᠰ ᠤᠨ ᠵᠠᠰᠠᠭ ᠤᠨ ᠭᠠᠵᠠᠷ ᠠᠴᠠ ᠵᠠᠷᠯᠢᠭ ᠢᠶᠠᠷ ᠨᠡᠷ᠎ᠠ ᠱᠠᠩᠨᠠᠬᠰᠠᠨ ᠪᠠ ᠪᠡᠳᠺᠡᠷ ᠵᠤᠤ ᠨᠢ ᠨᠤᠮ ᠤᠨ ᠰᠤᠷᠭᠠᠭᠤᠯᠢ ᠶᠢᠨ ᠵᠠᠩ

ᠦᠢᠯᠡ ᠲᠠᠢ ᠵᠢᠴᠢ ᠪᠡᠳᠺᠡᠷ ᠵᠤᠤ ᠪᠠᠶᠢᠭᠤᠯᠤᠬᠳᠠᠬᠤ ᠦᠶ᠎ᠠ ᠳᠤ ᠤᠷᠠᠳ ᠮᠤᠤᠮᠢᠩᠭᠠᠨ ᠬᠤᠶᠠᠷ ᠬᠤᠰᠢᠭᠤᠨ ᠤ ᠵᠠᠰᠠᠭ

ᠨᠤᠶᠠᠳ ᠠᠴᠠ ᠰᠦᠮ᠎ᠠ ᠶᠢᠨ ᠲᠤᠭᠤᠷᠢᠨ ᠳᠤ ᠪᠡᠯᠴᠢᠭᠡᠷ ᠤᠨ ᠭᠠᠵᠠᠷ ᠭᠠᠷᠭᠠᠵᠦ ᠦᠭᠭᠦᠭᠰᠡᠨ ᠪᠤᠯᠤᠨ ᠲᠡᠭᠦᠨ ᠤ

ᠰᠡᠭᠦᠯᠡᠷ ᠡᠨᠡ ᠬᠤᠶᠠᠷ ᠬᠤᠰᠢᠭᠤᠨ ᠤ ᠲᠠᠶᠢᠵᠢᠨᠠᠷ ᠠᠷᠠᠳ ᠪᠡᠳᠺᠡᠷ ᠵᠤᠤ ᠶᠢᠨ ᠪᠡᠯᠴᠢᠭᠡᠷ ᠤᠨ ᠭᠠᠵᠠᠷ ᠲᠤ ᠲᠠᠷᠢᠶ᠎ᠠ

ᠲᠠᠷᠢᠵᠦ ᠲᠠᠪᠠᠨ ᠨᠤᠳᠤᠬᠯᠠᠬᠰᠠᠨ ᠵᠡᠷᠭᠡ ᠠᠴᠠ ᠪᠤᠯᠵᠦ ᠵᠠᠷᠭᠤ ᠵᠠᠭᠠᠯᠳᠤᠭᠠᠨ ᠪᠤᠯᠤᠬᠰᠠᠨ︾ ᠵᠡᠷᠭᠡ ᠦᠨ᠎ᠠ ᠴᠠᠨ᠎ᠠ ᠲᠠᠢ

ᠲᠡᠤᠬᠡᠨ ᠮᠠᠲ᠋ᠧᠷᠢᠶᠠᠯ ᠢ ᠮᠠᠰᠢ ᠤᠯᠠᠨ ᠬᠠᠩᠭᠠᠬᠰᠠᠨ ᠪᠠᠶᠢᠨ᠎ᠠ᠃ ᠪᠡᠳᠺᠡᠷ ᠵᠤᠤ ᠶᠢᠨ ᠲᠡᠤᠬᠡ ᠰᠤᠶᠤᠯ ᠤᠨ ᠬᠠᠮᠢᠶᠠᠳᠠᠢ

ᠡᠶᠢᠮᠤᠷᠬᠦᠤ ᠰᠤᠳᠤᠯᠭᠠᠨ ᠰᠢᠨᠵᠢᠯᠡᠭᠡᠨ᠂ ᠴᠢᠩ ᠤᠯᠤᠰ ᠤᠨ ᠦᠶ᠎ᠠ ᠶᠢᠨ ᠮᠤᠩᠭᠤᠯ ᠤᠨ ᠪᠤᠷᠬᠠᠨ ᠤ ᠱᠠᠰᠢᠨ ᠤ ᠲᠡᠤᠬᠡ᠂

ᠮᠤᠩᠭᠤᠯ ᠤᠷᠤᠨ ᠤ ᠰᠦᠮ᠎ᠠ ᠬᠡᠶᠢᠳ ᠪᠤᠯᠤᠨ ᠨᠠᠶᠢᠭᠡᠮ ᠠᠬᠤᠢ ᠶᠢᠨ ᠲᠡᠤᠬᠡ ᠶᠢᠨ ᠰᠤᠳᠤᠯᠭᠠᠨ ᠳᠤ ᠠᠰᠢᠬᠳᠠᠢ ᠤᠤᠷ ᠪᠠᠷᠢᠮᠳᠠ ᠨᠤᠭᠤᠳ᠂

︽ᠲᠠᠶᠢᠴᠢᠩ ᠬᠦᠷᠦᠨ ᠤ ᠦᠶ᠎ᠠ ᠶᠢᠨ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠤᠨ ᠪᠠᠷᠢᠮᠳᠠ ᠨᠤᠭᠤᠳ ᠤᠨ ᠪᠦᠷᠢᠨ ᠡᠮᠬᠢᠳᠬᠡᠯ︾

ᠲᠤᠳᠤᠷ᠎ᠠ ᠮᠠᠰᠢ ᠤᠯᠠᠨ ᠪᠠᠶᠢᠵᠦ᠂ ᠪᠠᠷᠤᠭ ᠪᠠᠷᠢᠮᠳᠠ ᠨᠢᠭᠡᠪᠦᠷᠢ ᠨᠢ ᠴᠦᠮ ᠬᠤᠪᠤᠷ ᠴᠤᠬᠠᠭ ᠲᠡᠤᠬᠡ ᠶᠢᠨ ᠮᠠᠲ᠋ᠧᠷᠢᠶᠠᠯ

ᠬᠡᠬᠦ ᠳᠤ ᠠᠬᠠᠳᠠᠬᠤ ᠪᠠᠷ ᠦᠭᠡᠢ᠃

     ᠪᠡᠳᠺᠡᠷ ᠵᠤᠤ ᠶᠢᠨ ᠪᠠᠶᠢᠭᠤᠯᠤᠬᠳᠠᠬᠰᠠᠨ ᠤᠨ ᠴᠠᠭ ᠢ ᠲᠡᠤᠬᠡ ᠶᠢᠨ ᠡᠰᠢ ᠪᠠᠷᠢᠮᠳᠠ

       ᠲᠠᠢ ᠪᠠᠷ ᠲᠤᠳᠤᠷᠬᠠᠢᠢᠯᠠᠵᠦ ᠦᠩᠬᠡᠷᠡᠭᠰᠡᠡ ᠤ ᠪᠤᠷᠤᠭᠤ ᠶᠢ ᠵᠠᠯᠠᠷᠠᠭᠤᠯᠤᠯ᠎ᠠ

   ᠲᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ ᠶᠢᠨ ᠰᠤᠩᠭᠤᠳᠠᠭ ᠰᠤᠳᠤᠯᠤᠯ ᠤᠨ ᠲᠡᠭᠡᠳᠤ ᠰᠤᠷᠭᠠᠭᠤᠯᠢ ᠶᠢᠨ ᠫᠷᠤᠹᠧᠰᠰᠤᠷ᠂

ᠪᠠᠶᠢᠩᠭᠤ ᠶᠢᠨ ᠲᠡᠳ᠋ ᠵᠠᠬᠢᠷᠤᠯ ᠤᠶᠤᠨᠪᠢᠯᠢᠭ᠌ ᠰᠤᠷᠪᠤᠯᠵᠢᠯᠠᠭ᠎ᠠ ᠳᠤ ᠶᠠᠷᠢᠬᠤ ᠳᠠᠭᠠᠨ᠄

︽ᠢᠨᠲ᠋ᠧᠷᠨᠧᠲ ᠲᠠᠬᠢ ᠲᠠᠨᠢᠯᠴᠠᠭᠤᠯᠭ᠎ᠠ ᠪᠣᠯᠣᠨ ᠪᠠᠳᠺᠠᠷ ᠵᠤᠤ ᠶᠢᠨ ᠥᠪᠡᠷ ᠤᠨ ᠬᠢᠨᠢ

ᠲᠠᠨᠢᠯᠴᠠᠭᠤᠯᠭ᠎ᠠ ᠳᠤ ᠴᠦᠮ ᠪᠠᠳᠺᠠᠷ ᠵᠤᠤ ᠶᠢ ᠳᠠᠶᠢᠴᠢᠩ ᠤᠯᠤᠰ ᠤᠨ ᠡᠩᠬᠡ

ᠠᠮᠤᠭᠤᠯᠠᠩ ᠤᠨ ᠦᠶ᠎ᠡ ᠳᠤ ᠪᠠᠷᠢᠯ᠎ᠠ ᠭᠡᠳᠡᠭ᠃ ᠭᠡᠲᠡᠯ᠎ᠡ ᠡᠨᠡ ᠨᠢ ᠦᠨᠡᠨ ᠳᠡᠭᠡᠨ ᠪᠤᠷᠤᠭᠤ ᠶᠤᠮ᠃

ᠲᠠᠶᠢᠴᠢᠩ ᠬᠦᠷᠦᠨ ᠤ ᠦᠶ᠎ᠠ ᠶᠢᠨ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠵᠢᠴᠢ ᠪᠤᠰᠤᠳ ᠲᠡᠤᠬᠡᠨ ᠪᠢᠴᠢᠭ

ᠮᠠᠲ᠋ᠧᠷᠢᠶᠠᠯ ᠢ ᠦᠨᠳᠤᠰᠤᠯᠡᠪᠡᠯ᠂ ᠪᠡᠳᠺᠡᠷ ᠵᠤᠤ ᠨᠢ ᠲᠡᠭᠷᠢ ᠲᠡᠳᠬᠦᠭᠴᠢ ᠶᠢᠨ ᠦᠶ᠎ᠠ ᠳᠤ

ᠪᠠᠶᠢᠭᠤᠯᠤᠬᠳᠠᠭᠰᠠᠨ ᠮᠦᠷᠳᠡᠭᠡᠨ 1750 ᠣᠨ ᠠᠴᠠ ᠡᠬᠢᠯᠡᠨ ᠪᠠᠷᠢᠭᠰᠠᠨ ᠪᠠᠶᠢᠨ᠎ᠠ︾

ᠬᠡᠵᠦ ᠦᠪᠡᠷ ᠤᠨ ᠦᠵᠡᠯᠳᠡ ᠪᠠᠨ ᠶᠠᠷᠢᠯ᠎ᠠ᠃

   ᠤᠶᠤᠨᠪᠢᠯᠢᠭ᠌ ᠫᠷᠤᠹᠧᠰᠰᠤᠷ ᠶᠠᠷᠢᠬᠤ ᠳᠠᠭᠠᠨ᠂ ᠪᠤᠭᠤᠲᠤ ᠬᠤᠲᠠ ᠶᠢᠨ ᠳᠠᠩᠰᠠ ᠡᠪᠬᠡᠮᠡᠯ ᠤᠨ ᠭᠠᠵᠠᠷ ᠲᠤ ᠪᠠᠶᠢᠭ᠎ᠠ ᠪᠠᠳᠺᠠᠷ ᠵᠤᠤ ᠶᠢᠨ

ᠠᠷᠬᠢᠪ ᠲᠤ ︽ᠭᠦ᠋ᠸ᠋ᠩ ᠳ᠋ᠢᠩ ᠹᠤᠤ ᠱᠠᠨ ᠭᠦ᠋ᠸᠠᠩᠴᠢ ᠳ᠋ᠶᠠ᠋ ᠭᠦᠦᠰᠢ ᠵᠠᠩᠭᠢᠶ᠎ᠠ ᠬᠤᠲᠤᠭ ᠲᠤ ᠤᠷᠠᠳ ᠤᠨ ᠭᠠᠵᠠᠷ ᠤᠨ

ᠬᠠᠷᠢᠶᠠᠲᠤ ᠵᠢᠪᠬᠤᠯᠠᠩ ᠲᠤ ᠳᠤ ᠷᠠᠪᠵᠠᠮᠪᠠ ᠪᠯᠤᠸᠠ ᠪᠽᠠᠩ ᠷᠭᠢᠨᠯᠮᠽᠢᠠᠨ ᠰᠦᠮ᠎ᠡ ᠪᠠᠶᠢᠭᠤᠯᠬᠤ ᠪᠠ ᠤᠷᠠᠳ ᠤᠨ ᠨᠣᠶᠠᠳ ᠤᠨ ᠬᠠᠷᠢᠶᠠᠲᠤ

ᠬᠡᠶᠢᠳ ᠤᠨ ᠡᠵᠡᠯᠡᠭᠰᠡᠨ ᠣᠷᠣᠨ ᠤ ᠮᠣᠳᠣ ᠲᠡᠷᠢᠭᠦᠳᠡᠨ ᠳᠤ ᠬᠤᠣᠷᠯᠠᠯ ᠦᠯᠦ ᠦᠢᠯᠡᠳᠬᠦ ᠤᠴᠢᠷ᠎ᠠ ᠣᠯᠠᠭᠠᠨ ᠴᠠᠪ ᠤᠨ

ᠴᠢᠭᠤᠯᠭᠠᠨ ᠤ ᠬᠠᠷᠢᠶᠠᠲᠤ ᠳᠤ ᠥᠭᠭᠦᠭᠰᠡᠨ ᠮᠠᠭᠠᠳᠯᠠᠬᠤ ᠪᠢᠴᠢᠭ︾ ᠭᠡᠰᠡᠨ ᠨᠢᠭᠡ ᠪᠢᠴᠢᠭ ᠪᠠᠶᠢᠭ᠎ᠠ ᠪᠥᠭᠡᠳ ᠲᠡᠷᠡ ᠪᠢᠴᠢᠭ ᠤᠨ

ᠰᠡᠭᠦᠯ ᠳᠤ ᠡᠷ᠎ᠡ ᠭᠠᠯ ᠬᠤᠯᠤᠭᠠᠨ᠎ᠠ ᠵᠢᠯ ᠭᠡᠵᠦ ᠪᠣᠢ᠃ ᠬᠦᠮᠦᠰ ᠲᠡᠭᠦᠨ ᠢᠶᠠᠷ ᠦᠨᠳᠦᠰᠦ ᠪᠣᠯᠭᠠᠭᠠᠳ ᠰᠦᠮ᠎ᠡ ᠶᠢ

ᠡᠩᠬᠡ ᠠᠮᠤᠭᠤᠯᠠᠩ ᠤᠨ ᠦᠶ᠎ᠡ ᠳᠤ ᠪᠠᠷᠢᠯ᠎ᠠ ᠭᠡᠳᠡᠭ ᠪᠠᠶᠢᠨ᠎ᠠ᠃ ᠭᠡᠲᠡᠯ᠎ᠡ ᠲᠡᠷᠡ ᠪᠢᠴᠢᠭ ᠨᠢ ᠡᠩᠬᠡ ᠠᠮᠤᠭᠤᠯᠠᠩ ᠤᠨ

ᠦᠶ᠎ᠡ ᠶᠢᠨ ᠬᠢ ᠭᠡᠵᠢ ᠤᠤ︖ ᠡᠨᠡ ᠠᠰᠠᠭᠤᠳᠠᠯ ᠢ ᠬᠠᠷᠢᠭᠤᠯᠬᠤ ᠳᠤ ᠡᠷ᠎ᠡ ᠭᠠᠯ ᠬᠤᠯᠤᠭᠠᠨ᠎ᠠ ᠵᠢᠯ ᠭᠡᠭᠴᠢ ᠶᠢ

ᠲᠣᠳᠣᠯᠠᠬᠤ ᠨᠢ ᠴᠢᠬᠤᠯᠠ᠃

   ᠭᠦ᠋ᠸ᠋ᠩ ᠳ᠋ᠢᠩ ᠹᠤᠤ ᠱᠠᠨ ᠭᠦ᠋ᠸᠠᠩᠴᠢ ᠳ᠋ᠶᠠ᠋ ᠭᠦᠦᠰᠢ ᠭᠡᠭᠴᠢ ᠵᠠᠩᠵᠢᠶ᠎ᠠ ᠬᠤᠲᠤᠭᠲᠤ ᠶᠢᠨ ᠴᠣᠯᠠ᠃ ︽ᠳᠠᠶᠢᠴᠢᠩ ᠤᠯᠤᠰ ᠤᠨ ᠪᠦᠭᠦᠳᠡ

ᠬᠠᠤᠯᠢ ᠪᠢᠴᠢᠭ︾ ᠭᠡᠬᠦ ᠵᠡᠷᠭᠡ ᠶᠢᠨ ᠪᠠᠷᠢᠮᠲᠠ ᠳᠤ ᠦᠵᠡᠪᠡᠯ᠂ ᠡᠩᠬᠡ ᠠᠮᠤᠭᠤᠯᠠᠩ ᠬᠠᠭᠠᠨ ᠪᠠᠷ ᠠᠩᠬ᠎ᠠ ᠡᠩᠬᠡ ᠠᠮᠤᠭᠤᠯᠠᠩ ᠤᠨ

ᠳᠥᠴᠢᠨ ᠳᠥᠷᠪᠡᠳᠦᠭᠡᠷ ᠣᠨ ︵1705︶ ᠳᠤ᠂ ᠬᠤᠶᠠᠳᠤᠭᠠᠷ ᠳᠦᠷᠢ ᠶᠢᠨ ᠵᠠᠩᠵᠢᠶ᠎ᠠ ᠬᠤᠲᠤᠭᠲᠤ

ᠠᠭᠸᠠᠩᠯᠣᠪᠰᠠᠩᠴᠦ᠋ᠢᠳᠠᠨ ᠢ ᠭᠦ᠋ᠸ᠋ᠩ ᠳ᠋ᠢᠩ ᠹᠤᠤ ᠱᠠᠨ ᠭᠦ᠋ᠸᠠᠩᠴᠢ ᠳ᠋ᠶᠠ᠋ ᠭᠦᠦᠰᠢ

ᠴᠣᠯᠠ ᠡᠷᠭᠦᠮᠵᠢᠯᠡᠭᠰᠡᠨ ᠪᠠᠶᠢᠨ᠎ᠠ᠃ ᠠᠭᠸᠠᠩᠯᠣᠪᠰᠠᠩᠴᠦ᠋ᠢᠳᠠᠨ ᠡᠩᠬᠡ ᠠᠮᠤᠭᠤᠯᠠᠩ ᠤᠨ ᠲᠠᠪᠢᠨ ᠲᠠᠪᠤᠳᠤᠭᠠᠷ ᠣᠨ ︵1716︶ ᠳᠤ

ᠲᠠᠭᠠᠯᠠᠯ ᠲᠡᠭᠦᠰᠴᠡᠢ᠃ ᠡᠨᠡ ᠵᠠᠪᠰᠠᠷ᠎ᠠ ᠬᠤᠯᠤᠭᠠᠨ᠎ᠠ ᠵᠢᠯ ᠨᠢᠭᠡ ᠯᠡ ᠲᠣᠬᠢᠶᠠᠯᠳᠤᠳᠠᠭ ᠨᠢ ᠡᠩᠬᠡ ᠠᠮᠤᠭᠤᠯᠠᠩ ᠤᠨ

ᠳᠥᠴᠢᠨ ᠳᠣᠯᠣᠳᠤᠭᠠᠷ ᠣᠨ ︵1708︶ ᠪᠤᠶᠤ ᠮᠣᠩᠭᠤᠯ ᠢᠶᠠᠷ ᠰᠢᠷ᠎ᠠ ᠬᠤᠯᠤᠭᠠᠨ᠎ᠠ ᠵᠢᠯ ᠪᠣᠯᠣᠨ᠎ᠠ᠃ ᠲᠡᠷᠡ ᠨᠢ

ᠲᠦᠪᠡᠳ ᠢᠶᠠᠷ ᠡᠷ᠎ᠡ ᠭᠠᠯ ᠬᠤᠯᠤᠭᠠᠨ᠎ᠠ ᠵᠢᠯ ᠪᠢᠰᠢ᠂ ᠬᠠᠷᠢᠨ ᠡᠷ᠎ᠡ ᠰᠢᠷᠣᠢ ᠬᠤᠯᠤᠭᠠᠨ᠎ᠠ ᠵᠢᠯ ᠮᠥᠨ᠃

ᠭᠤᠷᠪᠠᠳᠤᠭᠠᠷ ᠳᠦᠷᠢ ᠶᠢᠨ ᠵᠠᠩᠵᠢᠶ᠎ᠠ ᠬᠤᠲᠤᠭᠲᠤ ᠷᠣᠯᠪᠢᠳᠣᠷᠵᠢ ᠨᠠᠶᠢᠷᠠᠯᠲᠤ ᠲᠥᠪ ᠤᠨ ᠠᠷᠪᠠᠨ ᠭᠤᠷᠪᠠᠳᠤᠭᠠᠷ

ᠣᠨ ︵1735︶ ᠳᠤ ᠭᠦ᠋ᠸ᠋ᠩ ᠳ᠋ᠢᠩ ᠹᠤᠤ ᠱᠠᠨ ᠭᠦ᠋ᠸᠠᠩᠴᠢ ᠳ᠋ᠶᠠ᠋ ᠭᠦᠦᠰᠢ ᠡᠷᠭᠦᠮᠵᠢᠯᠡᠭᠳᠡᠭᠡᠳ ᠲᠡᠭᠷᠢ ᠲᠡᠳᠬᠦᠭᠴᠢ ᠶᠢᠨ ᠲᠠᠪᠢᠨ

ᠨᠢᠭᠡᠳᠦᠭᠡᠷ ᠣᠨ ︵1786︶ ᠣᠨ ᠳᠤ ᠲᠠᠭᠠᠯᠠᠯ ᠲᠡᠭᠦᠰᠦᠭᠰᠡᠨ ᠪᠠᠶᠢᠨ᠎ᠠ᠃ ᠡᠨᠡ ᠵᠠᠪᠰᠠᠷ᠎ᠠ ᠬᠥᠬᠡ

ᠬᠤᠯᠤᠭᠠᠨ᠎ᠠ ︵1744︶᠂ ᠤᠯᠠᠭᠠᠨ ᠬᠤᠯᠤᠭᠠᠨ᠎ᠠ ︵1756︶᠂ ᠰᠢᠷ᠎ᠠ ᠬᠤᠯᠤᠭᠠᠨ᠎ᠠ

︵1768︶ ᠪᠣᠯᠣᠨ ᠴᠠᠭᠠᠨ ᠬᠤᠯᠤᠭᠠᠨ᠎ᠠ ︵1780︶ ᠭᠡᠬᠦ ᠳᠥᠷᠪᠡᠨ ᠬᠤᠯᠤᠭᠠᠨ᠎ᠠ ᠵᠢᠯ ᠲᠣᠬᠢᠶᠠᠯᠳᠤᠳᠠᠭ ᠢ ᠲᠦᠪᠡᠳ ᠢᠶᠠᠷ

ᠲᠤᠰ ᠪᠦᠷᠢ ᠡᠷ᠎ᠡ ᠮᠣᠳᠣᠨ ᠬᠤᠯᠤᠭᠠᠨ᠎ᠠ ᠵᠢᠯ᠂ ᠡᠷ᠎ᠡ ᠭᠠᠯ ᠬᠤᠯᠤᠭᠠᠨ᠎ᠠ ᠵᠢᠯ᠂ ᠡᠷ᠎ᠡ ᠰᠢᠷᠣᠢ ᠬᠤᠯᠤᠭᠠᠨ᠎ᠠ ᠵᠢᠯ ᠪᠣᠯᠣᠨ ᠡᠷ᠎ᠡ ᠲᠡᠮᠦᠷ

ᠬᠤᠯᠤᠭᠠᠨ᠎ᠠ ᠵᠢᠯ ᠭᠡᠳᠡᠭ᠃ ᠡᠳᠡᠭᠡᠷ ᠬᠤᠯᠤᠭᠠᠨ᠎ᠠ ᠵᠢᠯ ᠤᠳ ᠲᠠᠢ ᠲᠣᠬᠢᠶᠠᠯᠳᠤᠭᠤᠯᠤᠨ ᠦᠵᠡᠪᠡᠰᠦ᠂ ᠳᠡᠭᠡᠷ᠎ᠡ

ᠦᠭᠦᠯᠡᠭᠰᠡᠨ ᠲᠡᠷᠡ ᠪᠢᠴᠢᠭ ᠲᠤ ᠭᠠᠷᠤᠭᠰᠠᠨ ᠡᠷ᠎ᠡ ᠭᠠᠯ ᠬᠤᠯᠤᠭᠠᠨ᠎ᠠ ᠵᠢᠯ ᠭᠡᠳᠡᠭ ᠨᠢ ᠭᠠᠷᠴᠠᠭ᠎ᠠ ᠦᠭᠡᠢ

ᠲᠩᠷᠢ ᠲᠡᠳᠬᠦᠭᠴᠢ ᠶᠢᠨ ᠬᠤᠷᠢᠨ ᠨᠢᠭᠡᠳᠦᠭᠡᠷ ᠣᠨ ᠪᠣᠯᠬᠤ ᠤᠯᠠᠭᠠᠨ ᠬᠤᠯᠤᠭᠠᠨ᠎ᠠ ᠵᠢᠯ ︵1756︶ ᠮᠥᠨ᠃

   ᠭᠡᠪᠡᠴᠦ ᠲᠤᠰ ᠪᠢᠴᠢᠭ ᠨᠢ ᠪᠤᠭᠤᠲᠤ ᠳᠤ ᠬᠠᠳᠠᠭᠠᠯᠠᠭᠳᠠᠵᠤ ᠪᠣᠢ ᠪᠠᠳᠺᠠᠷ ᠵᠤᠤ ᠶᠢᠨ ᠠᠷᠬᠢᠪ ᠤᠨ ᠳᠣᠲᠣᠷᠠᠬᠢ ᠬᠠᠮᠤᠭ ᠤᠨ ᠡᠷᠲᠡᠨ ᠤ

ᠪᠠᠷᠢᠮᠲᠠ ᠨᠢ ᠪᠢᠰᠢ᠃ ᠪᠤᠭᠤᠲᠤ ᠶᠢᠨ ᠮᠣᠩᠭᠤᠯ ᠠᠷᠬᠢᠪ ᠤᠨ ᠳᠣᠲᠣᠷ᠎ᠠ ᠲᠩᠷᠢ ᠲᠡᠳᠬᠦᠭᠴᠢ ᠶᠢᠨ ᠠᠷᠪᠠᠨ

ᠵᠢᠷᠭᠤᠳᠤᠭᠠᠷ ᠣᠨ ︵1751︶ ᠤ ᠪᠠᠷᠢᠮᠲᠠ ᠳᠤ ᠵᠢᠪᠬᠤᠯᠠᠩᠳᠤ ᠶᠢᠨ ᠰᠦᠮ᠎ᠡ ︵ᠪᠠᠳᠺᠠᠷ ᠵᠤᠤ︶

ᠭᠡᠬᠦ ᠨᠡᠷ᠎ᠡ ᠳᠤᠷᠠᠳᠤᠭᠳᠠᠵᠤ ᠪᠠᠶᠢᠨ᠎ᠠ᠃ ᠡᠳᠡᠭᠡᠷ ᠠᠷᠬᠢᠪ ᠤᠨ ᠮᠡᠳᠡᠭᠡ ᠨᠦᠭᠦᠳ ᠢ ᠪᠠᠳᠺᠠᠷ ᠵᠤᠤ ᠶᠢᠨ ᠬᠤᠲᠤᠭᠲᠤ ᠪᠣᠯᠬᠤ ᠠᠩᠬᠠᠳᠤᠭᠠᠷ

ᠳᠦᠷᠢ ᠶᠢᠨ ᠳ᠋ᠦᠢᠩᠬᠦᠷ ᠬᠤᠲᠤᠭᠲᠤ ᠯᠤᠪᠰᠠᠩᠵᠠᠯᠰᠠᠨ ᠤ ᠨᠠᠮᠲᠠᠷ ᠲᠠᠢ ᠤᠶᠠᠯᠳᠤᠭᠤᠯᠤᠨ ᠰᠢᠨᠵᠢᠪᠡᠯ᠂ ᠪᠠᠳᠺᠠᠷ ᠵᠤᠤ ᠶᠢ

ᠶᠡᠭᠡ ᠲᠥᠯᠥᠪ ᠲᠩᠷᠢ ᠲᠡᠳᠬᠦᠭᠴᠢ ᠶᠢᠨ ᠦᠶ᠎ᠡ ᠳᠤ ᠪᠠᠷᠢᠭᠰᠠᠨ ᠢ ᠮᠡᠳᠡᠵᠦ ᠪᠣᠯᠣᠨ᠎ᠠ᠃ ᠳᠡᠭᠡᠷ᠎ᠡ ᠦᠭᠦᠯᠡᠭᠰᠡᠨ ᠲᠡᠷᠡ ᠡᠷ᠎ᠡ

ᠭᠠᠯ ᠬᠤᠯᠤᠭᠠᠨ᠎ᠠ ᠵᠢᠯ ᠤᠨ ᠪᠢᠴᠢᠭ ᠨᠢ ᠪᠠᠳᠺᠠᠷ ᠵᠤᠤ ᠶᠢ ᠪᠠᠷᠢᠭᠰᠠᠨ ᠤ ᠰᠡᠭᠦᠯᠡᠷ ᠭᠤᠷᠪᠠᠳᠤᠭᠠᠷ ᠳᠦᠷᠢ ᠶᠢᠨ ᠵᠠᠩᠵᠢᠶ᠎ᠠ

ᠬᠤᠲᠤᠭᠲᠤ ᠠᠴᠠ ᠤᠯᠠᠭᠠᠨᠴᠠᠪ ᠤᠨ ᠴᠢᠭᠤᠯᠭᠠᠨ ᠤ ᠬᠤᠰᠢᠭᠤᠳ ᠲᠤ ᠰᠦᠮ᠎ᠡ ᠶᠢᠨ ᠡᠷᠬᠡ ᠠᠰᠢᠭ ᠢ

ᠬᠠᠮᠠᠭᠠᠯᠠᠲᠤᠭᠠᠢ ᠬᠡᠮᠡᠨ ᠪᠠᠭᠤᠯᠭᠠᠭᠰᠠᠨ ᠺᠠᠱᠤᠭ ᠵᠠᠷᠯᠢᠭ ᠮᠥᠨ ᠪᠣᠯᠣᠯᠲᠠᠢ᠃

   ᠳ᠋ᠦᠢᠩᠬᠦᠷ ᠬᠤᠲᠤᠭᠲᠤ ᠯᠣᠪᠰᠠᠩᠵᠠᠯᠰᠠᠨ ᠤ ᠨᠠᠮᠲᠠᠷ ᠲᠤ ᠦᠭᠦᠯᠡᠭᠰᠡᠨ ᠢᠶᠠᠷ᠂ ᠯᠣᠪᠰᠠᠩᠵᠠᠯᠰᠠᠨ ᠬᠠᠯᠬ᠎ᠠ ᠤᠳᠤᠮ ᠲᠠᠢ᠂ ᠡᠪᠦᠭᠡ

ᠡᠴᠢᠭᠡ ᠶᠢᠨ ᠦᠶ᠎ᠡ ᠠᠴᠠ ᠪᠠᠨ ᠲᠦᠮᠡᠳ ᠬᠤᠰᠢᠭᠤᠨ ᠳᠤ ᠰᠠᠭᠤᠵᠤ ᠪᠠᠶᠢᠭᠰᠠᠨ ᠪᠥᠭᠡᠳ ᠲᠡᠷᠡ ᠥᠪᠡᠷ ᠢᠶᠠᠨ

ᠲᠦᠮᠡᠳ ᠤᠨ ᠪᠠᠶᠠᠨ ᠵᠢᠷᠦᠬᠡ ᠶᠢᠨ ᠠᠶᠤᠰᠢ ᠬᠤᠳᠳᠤᠭ ᠭᠡᠰᠡᠨ ᠭᠠᠵᠠᠷ ᠲᠤ ᠲᠥᠷᠥᠭᠰᠡᠨ ᠪᠠᠶᠢᠨ᠎ᠠ᠃

ᠪᠠᠭ᠎ᠠ ᠠᠴᠠ ᠪᠠᠨ ᠭᠡᠷ ᠠᠴᠠ ᠭᠠᠷᠴᠤ ᠯᠠᠮᠠ ᠪᠣᠯᠣᠭᠠᠳ᠂ ᠭᠠᠨᠵᠤᠤᠷᠪᠠ ᠬᠤᠲᠤᠭᠲᠤ ᠳᠤ ᠱᠠᠪᠢᠯᠠᠨ

ᠬᠤᠲᠤᠭᠲᠤ ᠶᠢᠨ ᠢᠲᠡᠭᠡᠯ ᠲᠠᠭᠠᠰᠢᠶᠠᠯ ᠢ ᠭᠦᠨ ᠣᠯᠣᠭᠰᠠᠨ ᠪᠥᠭᠡᠳ ᠮᠥᠨ ᠬᠤᠲᠤᠭᠲᠤ ᠶᠢᠨ ᠠᠴᠢ ᠪᠠᠷ

ᠭᠤᠷᠪᠠᠳᠤᠭᠠᠷ ᠳᠦᠷᠢ ᠶᠢᠨ ᠵᠠᠩᠵᠢᠶ᠎ᠠ ᠬᠤᠲᠤᠭᠲᠤ ᠷᠣᠯᠪᠢᠳᠣᠷᠵᠢ ᠲᠠᠢ ᠲᠠᠨᠢᠯᠴᠠᠭᠰᠠᠨ ᠪᠠᠶᠢᠨ᠎ᠠ᠃ ᠬᠤᠶᠢᠨ᠎ᠠ

ᠲᠦᠪᠡᠳ ᠲᠤ ᠬᠦᠷᠴᠦ ᠨᠣᠮ ᠰᠤᠷᠴᠤ᠂ ᠢᠯᠠᠩᠭᠤᠶ᠎ᠠ ᠴᠠᠭ ᠤᠨ ᠬᠦᠷᠳᠦᠨ ᠳᠤ ᠪᠣᠯᠪᠠᠰᠤᠷᠠᠭᠠᠳ ᠶᠡᠭᠡ ᠮᠡᠷᠭᠡᠨ

ᠳ᠋ᠦᠢᠩᠬᠦᠷ ᠪᠠᠨᠳᠢᠳᠠ ᠶᠢᠨ ᠴᠣᠯᠠ ᠬᠦᠷᠲᠡᠭᠰᠡᠨ ᠪᠠᠶᠢᠨ᠎ᠠ᠃ ᠮᠣᠩᠭᠤᠯ ᠭᠠᠵᠠᠷ ᠢᠶᠠᠨ ᠪᠤᠴᠠᠵᠤ ᠢᠷᠡᠭᠰᠡᠨ ᠤ ᠰᠡᠭᠦᠯᠡᠷ

ᠳᠣᠯᠣᠭᠠᠨ ᠨᠠᠭᠤᠷ ᠤᠨ ᠭᠠᠵᠠᠷ ᠳ᠋ᠠ ᠯᠠᠮᠠ ᠶᠢᠨ ᠲᠤᠰᠢᠶᠠᠯ ᠡᠭᠦᠷᠭᠡᠯᠡᠪᠡ᠃ ᠰᠢᠷᠣᠢ ᠮᠣᠭᠠᠢ ᠵᠢᠯ ︵ᠰᠢᠷᠠᠭᠴᠢᠨ ᠮᠣᠭᠠᠢ ᠵᠢᠯ᠂

ᠲᠩᠷᠢ ᠲᠡᠳᠬᠦᠭᠴᠢ ᠶᠢᠨ ᠠᠷᠪᠠᠨ ᠳᠥᠷᠪᠡᠳᠦᠭᠡᠷ ᠣᠨ᠂ 1749︶ ᠳᠤ ᠲᠡᠷᠡ ᠪᠠᠷ ᠬᠤᠪᠢᠨ ᠤ ᠰᠦᠮ᠎ᠡ ᠪᠠᠨ ᠪᠠᠷᠢᠬᠤ ᠪᠠᠷ ᠪᠣᠯᠵᠤ᠂

ᠭᠤᠷᠪᠠᠳᠤᠭᠠᠷ ᠳᠦᠷᠢ ᠶᠢᠨ ᠵᠠᠩᠵᠢᠶ᠎ᠠ ᠬᠤᠲᠤᠭᠲᠤ᠂ ᠵᠢᠷᠦᠩ ᠬᠤᠲᠤᠭᠲᠤ ᠪᠣᠯᠣᠨ ᠭᠠᠯᠳᠠᠨ ᠰᠢᠷᠡᠭᠡᠲᠦ ᠶᠢᠨ ᠵᠡᠷᠭᠡ ᠶᠢᠨ ᠭᠤᠷᠪᠠᠨ

ᠬᠤᠲᠤᠭᠲᠤ ᠳᠤ ᠵᠢᠪᠬᠤᠯᠠᠩᠲᠤ᠂ ᠵᠢᠭᠠᠰᠤᠲᠠᠢ ᠪᠣᠯᠣᠨ ᠵᠠᠯᠠᠨ ᠭᠤᠷᠪᠠᠨ ᠭᠠᠵᠠᠷ ᠢ ᠠᠶᠢᠯᠠᠳᠬᠠᠭᠰᠠᠨ ᠳᠤ

ᠵᠢᠪᠬᠤᠯᠠᠩᠲᠤ ᠶᠢ ᠰᠣᠩᠭᠤᠵᠤ ᠥᠭᠭᠦᠭᠰᠡᠨ ᠠᠵᠢ᠃ ᠮᠥᠨ ᠵᠢᠯ ᠱᠠᠪᠢ ᠨᠠᠷ ᠲᠠᠢ ᠪᠠᠨ

ᠵᠢᠪᠬᠤᠯᠠᠩᠲᠤ ᠶᠢᠨ ᠠᠭᠤᠯᠠᠨ ᠳᠤ ᠬᠦᠷᠴᠦ ᠭᠠᠵᠠᠷ ᠦᠵᠡᠵᠦ᠂ ᠰᠦᠮ᠎ᠡ ᠪᠠᠷᠢᠬᠤ ᠰᠠᠶᠢᠨ ᠣᠷᠣᠨ

ᠬᠠᠶᠢᠭᠠᠳ᠂ ᠵᠢᠪᠬᠤᠯᠠᠩᠲᠤ ᠶᠢᠨ ᠠᠭᠤᠯᠠ ᠶᠢᠨ ᠡᠩᠭᠡᠷ ︵ᠲᠡᠷᠡ ᠭᠠᠵᠠᠷ ᠢ ᠤᠳᠠ ᠶᠢᠨ ᠭᠤᠤ ᠭᠡᠵᠦ ᠪᠠᠶᠢᠭᠰᠠᠨ ᠪᠣᠯᠣᠯᠲᠠᠢ︶ ᠲᠤ

ᠪᠠᠷᠢᠬᠤ ᠪᠠᠷ ᠪᠣᠯᠪᠠ᠃ ᠬᠤᠶᠢᠲᠤ ᠣᠨ ᠨᠢ ᠮᠣᠷᠢᠨ ᠵᠢᠯ ︵ᠴᠠᠭᠠᠨ ᠮᠣᠷᠢᠨ ᠵᠢᠯ᠂ ᠲᠩᠷᠢ

ᠲᠡᠳᠬᠦᠭᠴᠢ ᠶᠢᠨ ᠠᠷᠪᠠᠨ ᠲᠠᠪᠤᠳᠤᠭᠠᠷ ᠣᠨ᠂ 1750︶ ᠳᠤ ᠴᠠᠭ ᠤᠨ ᠬᠦᠷᠳᠦᠨ ᠤ

ᠷᠠᠰᠠᠩ ᠢᠶᠠᠷ ᠡᠬᠢᠯᠡᠭᠦᠯᠦᠨ᠂ ᠰᠦᠮ᠎ᠡ ᠪᠠᠷᠢᠬᠤ ᠠᠵᠢᠯ ᠢ ᠪᠦᠬᠦ ᠲᠠᠯ᠎ᠠ ᠪᠠᠷ ᠡᠬᠢᠯᠡᠭᠦᠯᠦᠭᠡᠳ᠂ 1752

ᠣᠨ ᠤ ᠡᠬᠢ ᠪᠠᠷ ᠰᠦᠮ᠎ᠡ ᠶᠢᠨ ᠶᠡᠭᠡ ᠲᠦᠯᠥᠪ ᠨᠢ ᠭᠠᠷᠤᠭᠠᠳ᠂ 1754 ᠣᠨ ᠳᠤ ᠳᠣᠯᠣᠳᠤᠭᠠᠷ ᠳᠦᠷᠢ ᠶᠢᠨ ᠳᠠᠯᠠᠢ

ᠯᠠᠮᠠ ᠠᠴᠠ ᠪᠠᠳᠺᠠᠷ ᠴᠦᠢᠯᠢᠩ ︵ᠴᠠᠭᠠᠨ ᠯᠢᠩᠬᠸ᠎ᠠ ᠶᠢᠨ ᠰᠦᠮ᠎ᠡ︶ ᠭᠡᠬᠦ ᠨᠡᠷ᠎ᠡ ᠰᠣᠶᠣᠷᠬᠠᠭᠤᠯᠵᠤ᠂ 1758

ᠣᠨ ᠪᠣᠯᠬᠤ ᠳᠤ ᠪᠠᠷᠢᠯᠭ᠎ᠠ ᠶᠢᠨ ᠠᠵᠢᠯ ᠢ ᠦᠨᠳᠦᠰᠦᠨ ᠳᠡᠭᠡᠨ ᠳᠠᠭᠤᠰᠬᠠᠭᠰᠠᠨ ᠪᠠᠶᠢᠨ᠎ᠠ᠃ ᠬᠤᠵᠢᠮ ᠨᠢ ᠪᠠᠰᠠ ᠰᠦᠮ᠎ᠡ ᠶᠢ

ᠦᠷᠭᠡᠳᠭᠡᠵᠦ ᠪᠠᠷᠢᠭᠰᠠᠨ ᠶᠠᠪᠤᠳᠠᠯ ᠪᠣᠢ᠃ ᠪᠠᠳᠺᠠᠷ ᠵᠤᠤ ᠶᠢᠨ ᠮᠣᠩᠭᠤᠯ ᠠᠷᠬᠢᠪ ᠯᠤᠪᠰᠠᠩᠵᠠᠯᠰᠠᠨ ᠤ ᠨᠠᠮᠲᠠᠷ ᠲᠠᠬᠢ

ᠲᠡᠮᠳᠡᠭᠯᠡᠯ ᠲᠡᠦᠬᠡᠨ ᠦᠨᠡᠨ ᠲᠠᠢ ᠨᠡᠶᠢᠴᠡᠵᠦ ᠪᠠᠶᠢᠭ᠎ᠠ ᠶᠢ ᠭᠡᠷᠡᠴᠢᠯᠡᠨ᠎ᠡ᠃ ᠪᠠᠳᠺᠠᠷ ᠵᠤᠤ ᠶᠢ 1750 ᠣᠨ ᠠᠴᠠ ᠡᠬᠢᠯᠡᠨ ᠪᠠᠷᠢᠭᠰᠠᠨ ᠪᠠᠶᠢᠨ᠎ᠠ᠃

      ᠮᠤᠩᠭᠤᠯ ᠭᠠᠵᠠᠷ ᠤᠨ ᠨᠡᠷ᠎ᠠ ᠶᠢᠨ ᠰᠤᠳᠤᠯᠭᠠᠨ ᠳᠤ ᠦᠨ᠎ᠠ ᠴᠠᠨ᠎ᠠ ᠲᠠᠢ ᠮᠠᠲ᠋ᠧᠷᠢᠶᠠᠯ ᠬᠠᠩᠭᠠᠪᠠ

   ︽ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠲᠤ ᠲᠡᠮᠳᠡᠭᠯᠡᠭᠳᠡᠭᠰᠡᠨ ᠭᠠᠵᠠᠷ ᠤᠨ ᠲᠡᠮᠳᠡᠭ ᠤᠪᠤᠭ᠎ᠠ ᠶᠢᠨ ᠪᠠᠶᠢᠴᠠ ᠶᠢ ᠪᠢ ᠤᠳᠤ

ᠦᠨᠳᠤᠰᠤᠨ ᠳᠡᠭᠡᠨ ᠡᠷᠢᠵᠦ ᠤᠯᠤᠯ᠎ᠠ︾ ᠬᠡᠵᠦ ᠪᠤᠭᠤᠲᠤ ᠬᠤᠳᠠ ᠶᠢᠨ ᠦᠨᠳᠤᠰᠤᠳᠡᠨ ᠤ ᠬᠡᠷᠡᠭ ᠡᠷᠬᠢᠯᠡᠬᠦ ᠵᠦᠪᠯᠡᠯ ᠤᠨ ᠪᠠᠶᠢᠴᠠᠭᠠᠨ

ᠰᠤᠳᠤᠯᠤᠬᠴᠢ ᠰᠠᠴᠡᠨᠵᠠᠪ ᠰᠤᠷᠪᠤᠯᠵᠢᠯᠠᠭ᠎ᠠ ᠳᠤ ᠶᠠᠷᠢᠵᠦ ᠪᠠᠶᠢᠯ᠎ᠠ᠃ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠢ

ᠢᠯᠡᠷᠡᠭᠦᠯᠦᠭᠰᠡᠨ ᠠᠴᠠ ᠨᠠᠭᠠᠰᠢ᠂ ᠲᠡᠷᠡ ᠦᠪᠡᠷ ᠤᠨ ᠲᠤᠬᠠᠢᠢᠯᠠᠬᠰᠠᠨ ᠠᠵᠢᠯ ᠲᠠᠢ ᠪᠠᠨ ᠤᠶᠠᠯᠳᠤᠭᠤᠯᠤᠨ ᠰᠤᠳᠤᠯᠵᠦ᠂ ᠮᠦᠨ ᠲᠡᠭᠦᠨ ᠤ

ᠲᠤᠳᠤᠷ᠎ᠠ ᠠᠴᠠ ᠵᠠᠷᠢᠮ ᠪᠠᠷᠢᠮᠳᠠ ᠶᠢ ᠰᠤᠩᠭᠤᠨ ᠲᠠᠶᠢᠯᠪᠤᠷᠢ ᠬᠠᠳᠠᠵᠦ ︽ᠮᠦᠩᠭᠡ ᠲᠤᠯᠭ᠎ᠠ︾ ᠰᠡᠳᠬᠦᠯ

ᠲᠡᠭᠡᠷ᠎ᠠ ᠨᠡᠶᠢᠳᠡᠯᠡᠬᠦᠯᠵᠦ ᠪᠠᠶᠢᠬᠰᠠᠨ ᠪᠠᠶᠢᠨ᠎ᠠ᠃

   ︽ᠲᠠᠶᠢᠴᠢᠩ ᠬᠦᠷᠦᠨ ᠤ ᠦᠶ᠎ᠠ ᠶᠢᠨ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠤᠨ ᠪᠠᠷᠢᠮᠳᠠ ᠨᠤᠭᠤᠳ ᠤᠨ ᠪᠦᠷᠢᠨ ᠡᠮᠬᠢᠳᠬᠡᠯ︾

 ᠤᠨ 11 ᠨᠤᠮᠧᠷᠳᠤ ᠪᠠᠷᠢᠮᠳᠠ ᠳᠤ᠄ ︽ᠤᠷᠠᠳ ᠤᠨ ᠤᠯᠤᠰ ᠤᠨ ᠲᠦᠱᠢᠶ᠎ᠠ ᠬᠦᠩ ᠰᠤᠨᠤᠮᠵᠠᠮᠰᠠ᠂ ᠲᠤᠰᠠᠯᠠᠬᠴᠢ ᠲᠠᠶᠢᠵᠢ ᠠᠯᠳᠠ᠂

ᠴᠢᠮᠪᠠᠯ ᠲᠠᠨ ᠤ ᠲᠠᠮᠠᠭ᠎ᠠ ᠳᠤ ᠪᠢᠴᠢᠭ ᠦᠭᠬᠦ ᠶᠢᠨ ᠤᠴᠢᠷ᠂ ᠪᠢᠳᠡ ᠵᠦᠪᠰᠢᠶᠡᠷᠡᠯ ᠨᠢᠭᠡᠳᠳᠦᠭᠰᠡᠨ ᠤ ᠡᠭᠦᠳᠡᠨ ᠠᠴᠠ

ᠵᠢᠪᠬᠤᠯᠠᠩᠳᠤ ᠰᠦᠮ᠎ᠠ ᠶᠢᠨ ᠵᠢᠪᠠ ᠱᠠᠩ ᠲᠤᠷ ᠲᠠᠷᠢᠶ᠎ᠠ ᠶᠢᠨ ᠬᠠᠵᠠᠷ ᠲᠡᠮᠳᠡᠭᠯᠡᠨ ᠪᠠᠷᠢᠬᠤ ᠠᠨᠤ᠂ ᠡᠮᠦᠨ᠎ᠠ

ᠪᠡᠶ᠎ᠠ ᠴᠠᠬᠠᠨ ᠴᠢᠯᠤᠬᠤ᠂ ᠪᠠᠷᠠᠭᠤᠨ ᠡᠮᠦᠨ᠎ᠠ ᠪᠦᠩᠰᠦ ᠶᠢᠨ ᠬᠤᠸᠠ᠂ ᠪᠠᠷᠠᠬᠤᠨ ᠪᠡᠶ᠎ᠠ ᠰᠠᠶᠢᠷ ᠤᠨ ᠬᠠᠭᠴᠠ ᠮᠤᠳᠤ᠂ ᠰᠠᠶᠢᠷ

ᠲᠠᠭᠠᠵᠦ ᠪᠠᠷᠠᠭᠤᠨ ᠬᠤᠶᠢᠳᠤ ᠪᠡᠶ᠎ᠠ ᠴᠠᠬᠠᠨ ᠲᠤᠯᠤᠬᠠᠢ᠂ ᠴᠢᠬᠢ ᠬᠤᠶᠢᠳᠤ ᠪᠡᠶ᠎ᠠ ᠰᠤᠩᠳᠤᠢ ᠬᠤᠸᠠ᠂ ᠵᠡᠬᠦᠨ ᠬᠤᠶᠢᠳᠤ ᠪᠡᠶ᠎ᠠ ᠬᠤᠷᠪᠠᠨ

ᠮᠤᠳᠤᠨ ᠤ ᠲᠤᠪᠤ᠂ ᠰᠠᠶᠢᠷᠢ ᠲᠠᠭᠠᠵᠦ ᠵᠡᠬᠦᠨ ᠡᠮᠦᠨ᠎ᠠ ᠠᠮᠠ ᠶᠢᠨ ᠭᠠᠭᠴᠠ ᠮᠤᠳᠤ᠂ ᠡᠨᠡ ᠵᠠᠪᠰᠠᠷ ᠵᠡᠪᠰᠠᠷ ᠲᠤᠷ ᠴᠦ

ᠲᠡᠮᠳᠡᠭ ᠤᠪᠤᠭ᠎ᠠ ᠶᠢ᠂ ᠰᠦᠮ᠎ᠠ ᠶᠢᠨ ᠨᠢᠷᠪᠠ ᠨᠠᠷ ᠯᠤᠭ᠎ᠠ᠂ ᠰᠤᠮᠤᠨ ᠤ ᠵᠠᠩᠬᠢ ᠵᠠᠨᠳᠠ ᠪᠠᠳᠤᠱᠢᠷᠢ ᠡᠳᠡ ᠬᠠᠮᠳᠤ ᠶᠠᠪᠤᠵᠦ

ᠲᠠᠯᠪᠢᠪᠠ᠂ ᠬᠤᠶᠢᠨᠠᠳᠠ ᠦᠭᠦᠯᠡᠨ ᠦᠯᠦ ᠪᠤᠯᠬᠤ ᠶᠢᠨ ᠲᠤᠯᠠᠳᠠ ᠪᠠᠳᠤᠯᠠᠵᠦ ᠲᠠᠮᠠᠭ᠎ᠠ ᠲᠠᠷᠤᠬᠰᠠᠨ ᠪᠢᠴᠢᠭ ᠲᠠᠢ ᠲᠤᠰᠢᠶᠠᠨ ᠦᠭᠪᠡ︾ ᠬᠡᠵᠦ

ᠲᠡᠮᠳᠡᠭᠯᠡᠭᠰᠡᠨ ᠪᠠᠶᠢᠳᠠᠭ᠃ ᠡᠭᠦᠨ ᠠᠴᠠ ᠪᠡᠳᠬᠡᠷ ᠵᠤᠤ ᠶᠢᠨ ᠤᠢᠢᠷ᠎ᠠ ᠤᠷᠴᠢᠮ ᠤᠨ ᠭᠠᠵᠠᠷ ᠤᠨ ᠨᠡᠷ᠎ᠠ ᠶᠢᠨ ᠮᠤᠩᠭᠤᠯ ᠨᠠᠷᠠᠶᠢᠳᠤᠯ ᠢ

ᠲᠤᠳᠤᠷᠬᠠᠢ ᠮᠡᠳᠡᠵᠦ ᠪᠤᠯᠬᠤ ᠶᠤᠮ᠃

   ︽ᠲᠠᠶᠢᠴᠢᠩ ᠬᠦᠷᠦᠨ ᠤ ᠦᠶ᠎ᠠ ᠶᠢᠨ ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠤᠨ ᠪᠠᠷᠢᠮᠳᠠ ᠨᠤᠭᠤᠳ ᠤᠨ ᠪᠦᠷᠢᠨ ᠡᠮᠬᠢᠳᠬᠡᠯ︾

 ᠳᠤ ᠠᠭᠤᠯᠠ ᠶᠢᠨ ᠤᠢ ᠴᠡᠴᠡᠷᠯᠢᠭ ᠢ ᠰᠦᠢᠳᠬᠡᠬᠦ ᠶᠢ ᠴᠠᠭᠠᠵᠠᠯᠠᠬᠰᠠᠨ ᠪᠠᠷᠢᠮᠳᠠ᠂ ᠬᠡᠭᠡᠨ ᠬᠤᠪᠢᠯᠭᠠᠳ ᠢ ᠬᠡᠶᠢᠳ ᠤᠨ ᠠᠯᠳᠠᠨ

ᠰᠢᠷᠡᠭᠡᠨ ᠳᠤ ᠵᠠᠯᠠᠬᠤ ᠲᠦᠭᠡᠮᠡᠯ ᠶᠡᠭᠡ ᠪᠠᠶᠠᠷ ᠨᠠᠶᠢᠷ ᠤᠨ ᠵᠤᠬᠢᠴᠠᠭᠤᠯᠭ᠎ᠠ ᠪᠠᠶᠢᠷᠢᠯᠠᠭᠤᠯᠭ᠎ᠠ᠂ ᠪᠦᠬᠡ ᠶᠢᠨ ᠱᠠᠩ

ᠵᠡᠷᠭᠡ ᠶᠢ ᠲᠡᠮᠳᠡᠭᠯᠡᠭᠰᠡᠨ ᠪᠠᠷᠢᠮᠳᠠ ᠪᠠᠶᠢᠬᠤ ᠶᠢ ᠰᠤᠷᠪᠤᠯᠵᠢᠯᠠᠬᠴᠢ ᠤᠯᠵᠦ ᠬᠠᠷᠠᠯ᠎ᠠ᠃ ᠡᠬᠡ ᠪᠠᠶᠢᠭᠠᠯᠢ ᠪᠠᠨ ᠡᠷᠬᠢᠮᠨᠠᠨ ᠬᠠᠶᠢᠷᠠᠯᠠᠳᠠᠭ ᠰᠤᠶᠤᠯ ᠤᠨ

ᠦᠵᠡᠯ ᠤᠬᠠᠮᠰᠠᠷ ᠡᠳᠡᠭᠡᠷ ᠠᠷᠬᠢᠪ ᠪᠠᠷᠢᠮᠳᠠ ᠳᠤ ᠪᠦᠷᠢᠨ ᠢᠯᠡᠷᠡᠬᠦ ᠪᠦᠭᠡᠳ᠂ ᠰᠦᠮ᠎ᠠ ᠬᠡᠶᠢᠳ ᠤᠨ ᠲᠡᠤᠬᠡ ᠪᠤᠯ ᠮᠦᠨ ᠴᠦ ᠲᠤᠬᠠᠢ ᠶᠢᠨ

ᠦᠶ᠎ᠠ ᠶᠢᠨ ᠨᠡᠶᠢᠭᠡᠮ ᠤᠨ ᠲᠡᠤᠬᠡ ᠶᠢᠨ ᠴᠢᠬᠤᠯᠠ ᠪᠦᠷᠢᠯᠳᠤᠬᠦᠨ ᠪᠤᠯᠬᠤ ᠶᠢ ᠡᠳᠡᠭᠡᠷ ᠠᠷᠬᠢᠪ ᠪᠠᠷᠢᠮᠳᠠ ᠨᠤᠭᠤᠳ

ᠪᠦᠷᠢᠨ ᠬᠡᠷᠡᠴᠢᠯᠡᠵᠦ ᠪᠠᠶᠢᠨ᠎ᠠ᠃  

          ᠬᠠᠮᠢᠶ᠎ᠠ ᠪᠦᠬᠦᠢ ᠬᠤᠯᠪᠣᠭᠠᠰᠣ

   ᠪᠠᠳᠺᠡᠷ ᠵᠤᠤ ᠶᠢᠨ ᠮᠤᠩᠭᠤᠯ ᠲᠡᠤᠬᠡᠨ ᠠᠷᠬᠢᠪ ᠤᠨ ᠪᠠᠷᠢᠮᠳᠠ ᠤᠳᠤ ᠪᠤᠭᠤᠲᠤ ᠬᠤᠳᠠ ᠶᠢᠨ ᠲᠠᠩᠰᠠ ᠡᠪᠬᠡᠮᠡᠯ ᠤᠨ ᠭᠠᠵᠠᠷ ᠲᠤ

ᠬᠠᠳᠠᠭᠠᠯᠠᠬᠳᠠᠵᠦ ᠪᠠᠶᠢᠨ᠎ᠠ᠂ ᠨᠡᠶᠢᠳᠡ 1668 ᠬᠤᠪᠢ᠂ ᠲᠡᠳᠡᠭᠡᠷ ᠨᠢ ᠡᠩᠬᠡ ᠠᠮᠤᠭᠤᠯᠠᠩ ᠤᠨ

ᠭᠤᠴᠢᠨ ᠲᠦᠷᠪᠡᠳᠦᠭᠡᠷ ᠤᠨ                    ︵1695 ᠤᠨ︶ ᠠᠴᠠ ᠢᠷᠭᠡᠨ ᠤᠯᠤᠰ ᠤᠨ ᠭᠤᠴᠢᠨ

ᠲᠤᠯᠤᠳᠤᠭᠠᠷ ᠤᠨ ︵1948︶ ᠬᠦᠷᠳᠡᠯᠡᠬᠢ ᠠᠷᠬᠢᠪ ᠪᠠᠷᠢᠮᠳᠠ ᠨᠤᠭᠤᠳ ᠪᠠᠶᠢᠵᠦ᠂ ᠢᠷᠭᠡᠨ ᠤᠯᠤᠰ ᠤᠨ ᠦᠶ᠎ᠡ ᠶᠢᠨ ᠴᠥᠬᠡᠨ

ᠬᠡᠳᠦᠨ ᠬᠢᠲᠠᠳ ᠪᠠᠷᠢᠮᠲᠠ ᠶᠢ ᠭᠠᠷᠭᠠᠪᠠᠯ ᠪᠤᠰᠤᠳ ᠨᠢ ᠴᠥᠮ ᠮᠣᠩᠭᠤᠯ ᠪᠠᠷᠢᠮᠲᠠ ᠪᠣᠯᠣᠨ᠎ᠠ᠃ ᠡᠳᠡᠭᠡᠷ ᠠᠷᠬᠢᠪ ᠪᠠᠷᠢᠮᠳᠠ ᠨᠢ

2015 ᠣᠨ ᠳᠤ ︽ᠲᠣᠮᠲᠠᠲᠣ ᠣᠯᠣᠰ ᠤᠨ ᠲᠠᠩᠰᠠ ᠡᠪᠬᠡᠮᠡᠯ ᠤᠨ ᠰᠣᠷᠪᠣᠯᠵᠢ ᠪᠢᠴᠢᠭ ᠤᠨ ᠨᠡᠷᠡᠰ︾ ᠲᠤ ᠣᠷᠣᠵᠠᠢ᠃

   ᠦᠩᠬᠡᠷᠡᠭᠰᠡᠨ ᠳᠤ ᠡᠳᠡᠭᠡᠷ ᠠᠷᠬᠢᠪ ᠪᠠᠷᠢᠮᠳᠠ ᠨᠢ ᠬᠤᠪᠢ ᠬᠦᠮᠦᠨ ᠤ ᠭᠠᠷ ᠲᠤ ᠬᠠᠳᠠᠭᠠᠯᠠᠬᠳᠠᠵᠦ ᠪᠠᠶᠢᠬᠰᠠᠨ ᠶᠤᠮ᠃ ᠴᠦᠬᠡᠨ

ᠲᠤᠭᠠᠳᠤ ᠦᠨᠳᠤᠰᠤᠳᠠᠨ ᠤ ᠬᠠᠭᠤᠴᠢᠨ ᠤ ᠨᠤᠮ ᠰᠤᠳᠤᠷ ᠢ ᠡᠮᠬᠢᠯᠡᠨ ᠲᠢᠭᠯᠡᠬᠦ ᠦᠶᠡᠰ᠂ ᠪᠤᠭᠤᠲᠤ ᠬᠤᠳᠠ ᠶᠢᠨ

ᠦᠨᠳᠤᠰᠤᠳᠠᠨ ᠤ ᠬᠡᠷᠡᠭ ᠡᠷᠬᠢᠯᠡᠬᠦ ᠵᠦᠪᠯᠡᠯ ᠨᠢ ᠬᠠᠳᠠᠭᠠᠯᠠᠬᠴᠢ ᠶᠢᠨ ᠭᠠᠷ ᠠᠴᠠ ᠲᠡᠳᠡᠭᠡᠷ ᠤᠳ ᠢ ᠴᠤᠬᠯᠠᠭᠤᠯᠤᠨ

ᠤᠯᠵᠦ᠂ 2008 ᠤᠨ ᠠᠴᠠ ᠡᠬᠢᠯᠡᠨ ᠭᠤᠷᠪᠠᠨ ᠵᠢᠯ ᠤᠨ ᠴᠠᠭ ᠵᠠᠷᠤᠴᠠᠭᠤᠯᠵᠦ ᠪᠠᠶᠢᠭᠠᠳ ᠲᠡᠭᠦᠨ ᠤ ᠲᠤᠳᠤᠷᠠᠬᠢ 817 ᠬᠤᠪᠢ

ᠠᠷᠬᠢᠪ ᠤᠨ ᠭᠠᠷᠴᠠᠭ ᠢ ᠲᠢᠭᠯᠡᠵᠦ᠂ ᠴᠦᠬᠡᠨ ᠲᠤᠭᠠᠳᠤ ᠦᠨᠳᠤᠰᠤᠳᠠᠨ ᠤ ᠬᠠᠭᠤᠴᠢᠨ ᠤ ᠨᠤᠮ ᠰᠤᠳᠤᠷ ᠤᠨ

ᠡᠮᠬᠢᠯᠡᠯ ᠳᠤ ᠪᠦᠷᠢᠳᠬᠡᠬᠦᠯᠦᠭᠰᠡᠨ ᠪᠠᠶᠢᠨ᠎ᠠ᠃  ᠰᠡᠭᠦᠯᠡᠷ ᠨᠢ ᠡᠳᠡᠭᠡᠷ ᠠᠷᠬᠢᠪ ᠪᠠᠷᠢᠮᠲᠠ ᠶᠢ  ᠨᠡᠩ

ᠰᠠᠶᠢᠨ ᠢᠶᠠᠷ  ᠬᠠᠳᠠᠭᠠᠯᠠᠨ ᠦᠯᠡᠳᠡᠭᠡᠬᠦ ᠶᠢᠨ ᠡᠭᠦᠳᠡᠨ ᠠᠴᠠ᠂ ᠪᠤᠭᠤᠲᠤ ᠬᠤᠳᠠ ᠶᠢᠨ ᠦᠨᠳᠤᠰᠤᠳᠠᠨ ᠤ

ᠬᠡᠷᠡᠭ ᠡᠷᠬᠢᠯᠡᠬᠦ ᠵᠦᠪᠯᠡᠯ ᠨᠢ ᠲᠡᠭᠦᠨ ᠢ ᠪᠤᠭᠤᠲᠤ ᠬᠤᠳᠠ ᠶᠢᠨ ᠲᠠᠩᠰᠠ ᠡᠪᠬᠡᠮᠡᠯ ᠤᠨ ᠭᠠᠵᠠᠷ ᠲᠤ ᠬᠠᠨᠳᠢᠪᠯᠠᠵᠠᠢ᠃

ᠲᠡᠭᠦᠨ ᠠᠴᠠ ᠰᠡᠭᠦᠯᠡᠷ᠂ ᠪᠤᠭᠤᠲᠤ ᠬᠤᠳᠠ ᠶᠢᠨ ᠲᠠᠩᠰᠠ ᠡᠪᠬᠡᠮᠡᠯ ᠤᠨ ᠭᠠᠵᠠᠷ ᠤᠨ ᠮᠡᠷᠭᠡᠵᠢᠯᠳᠡᠳ ᠠᠴᠠ ᠡᠳᠡᠭᠡᠷ

ᠠᠷᠬᠢᠪ ᠪᠠᠷᠢᠮᠳᠠ ᠨᠤᠭᠤᠳ ᠲᠤ ᠲᠤᠰᠬᠠᠢ ᠮᠡᠷᠭᠡᠵᠢᠯ ᠤᠨ ᠠᠪᠤᠷᠠᠯᠳᠠ ᠬᠠᠮᠠᠭᠠᠯᠠᠯᠳᠠ ᠬᠢᠵᠦ᠂ ᠨᠠᠭᠠᠯᠳᠤᠵᠦ ᠪᠠᠷᠢᠯᠳᠤᠬᠰᠠᠨ ᠢ ᠨᠢ ᠰᠠᠯᠭᠠᠨ᠂

ᠦᠳᠡᠷᠡᠵᠦ ᠴᠤᠭᠤᠷᠤᠬᠰᠠᠨ ᠢ ᠨᠢ ᠨᠦᠬᠦᠵᠦ᠂ ᠪᠦᠬᠦ ᠪᠠᠷᠢᠮᠳᠠ ᠶᠢ ᠴᠠᠷᠳᠠᠨ ᠨᠠᠭᠠᠵᠦ ᠨᠤᠮᠧᠷᠯᠠᠨ ᠲᠢᠭᠯᠡᠭᠰᠡᠨ ᠢᠶᠠᠷ᠂ ᠦᠨᠤᠳᠤᠷ ᠤᠨ ᠬᠡᠷᠡᠯ

ᠵᠢᠷᠤᠭ ᠤᠨ ᠬᠡᠯᠪᠡᠷᠢ ᠪᠠᠷ ᠬᠡᠪᠯᠡᠭᠳᠡᠨ ᠲᠠᠷᠬᠠᠭᠠᠭᠳᠠᠬᠤ ᠶᠢᠨ ᠰᠠᠭᠤᠷᠢ ᠶᠢ ᠲᠠᠯᠪᠢᠭᠰᠠᠨ ᠪᠠᠶᠢᠨ᠎ᠠ᠃

 
ᠢᠷᠡᠯᠲᠡ᠄          
 
 
ᠬᠠᠮᠢᠶ᠎ᠠ ᠪᠥᠬᠦᠢ ᠰᠤᠨᠢᠨ
 
                                   : 010098    蒙ICP备05000248号