ᠰᠤᠷᠬᠤ ᠳᠤ ᠬᠢᠴᠢᠶᠡᠵᠥ ᠬᠥᠲᠡᠯᠮᠥᠷᠢ ᠶᠢ ᠡᠷᠬᠢᠮᠯᠡᠲᠡᠭ ᠨᠢᠭᠡᠨ ᠠᠶᠢᠯ | ᠥᠡᠭᠭᠡ ᠶᠢᠨ ᠴᠡᠴᠡᠭ ᠲᠡᠯᠭᠡᠷᠡᠭᠰᠡᠨ ᠲᠠᠯ᠎ᠠ ᠶᠢᠨ ᠢᠶᠠᠨ ᠡᠯᠢᠭᠡᠨ ᠳᠤ ᠤᠲᠤᠬᠢᠴᠢᠯᠠᠭᠰᠠᠨ ᠬᠤᠶᠠᠷ ᠲᠠᠪᠬᠤᠷ ᠠᠰᠠᠷ᠂ | ᠤᠨᠴᠠᠯᠢᠬᠲᠤ ᠨᠡᠬᠦᠲᠡᠯ ᠤᠨ ᠭᠡᠷ᠂ ᠫᠸᠡᠭ ᠬᠠᠰᠢᠶ᠎ᠠ ᠰᠥᠷ ᠪᠠᠲᠠᠷᠠᠭᠤᠨ ᠬᠠᠷᠠᠭᠲᠠᠵᠥ᠂ ᠠᠵᠢᠯᠴᠢ ᠠᠶᠢᠯ ᠤᠨ ᠴᠢᠨᠡᠭᠡᠯᠢᠭ | ᠠᠮᠢᠲᠤᠷᠠᠯ ᠭᠠᠲᠠᠷᠯᠠᠭᠲᠠᠨᠠ᠃ ᠡᠨᠡ ᠪᠤᠯ ᠵᠡᠬᠦᠨ ᠥᠵᠥᠮᠥᠴᠢᠨ ᠬᠤᠰᠢᠭᠤᠨ ᠤ ᠮᠠᠨᠲᠤᠬᠤᠪᠤᠯᠠᠭ ᠪᠠᠯᠭᠠᠰᠤ ᠶᠢᠨ ᠬᠤᠯᠪᠤᠭ᠎ᠠ | ᠭᠠᠴᠠᠭᠠᠨ ᠤ ᠮᠠᠯᠴᠢᠨ ᠡᠥ ᠬᠠᠢ ᠵᠢᠶᠦ᠋ᠨ ᠤᠷᠠᠨ ᠭᠠᠷ᠂ ᠰᠢᠷᠭᠠᠭᠤ ᠬᠥᠲᠡᠯᠮᠥᠷᠢ ᠪᠠᠷ ᠢᠶᠠᠨ ᠴᠤᠭᠴᠠᠯᠠᠨ ᠪᠠᠶᠢᠭᠤᠯᠤᠬᠰᠠᠨ | ᠪᠥᠲᠥᠭᠡᠨ ᠪᠠᠶᠢᠭᠤᠯᠤᠯᠲᠠ ᠪᠤᠯᠤᠨ᠎ᠠ᠃ | ᠡᠥ ᠬᠠᠢ ᠵᠢᠶᠦ᠋ᠨ ᠶᠡᠷᠥᠨᠢ ᠮᠠᠰᠢᠨ ᠲᠤᠨᠤᠭᠯᠠᠯ ᠵᠠᠰᠠᠵᠥ ᠰᠡᠯᠪᠢᠬᠦ ᠲᠤᠷ᠎ᠠ ᠪᠠᠬ᠎ᠠ ᠲᠠᠢ ᠪᠠᠶᠢᠲᠠᠭ᠃ ᠡᠨᠡᠬᠦ ᠰᠤᠨᠢᠷᠬᠠᠯ ᠳᠠᠭᠠᠨ | ᠬᠦᠲᠦᠯᠦᠭᠳᠡᠨ ᠰᠢᠨ᠎ᠠ ᠴᠠᠭ ᠥᠶ᠎ᠠ ᠶᠢᠨ ᠤᠷᠤᠨ ᠰᠠᠭᠤᠴᠠ ᠪᠠᠷᠢᠬᠤ ᠪᠤᠲᠤᠯ ᠲᠥᠷᠥᠭᠲᠡᠵᠥ᠂ ᠤᠲᠠᠭᠠᠨ ᠵᠢᠯ ᠤᠨ ᠮᠠᠰᠢᠨ | ᠲᠤᠨᠤᠭᠯᠠᠯ ᠤᠨ ᠮᠡᠲᠡᠯᠭᠡ ᠶᠢᠨ ᠰᠠᠭᠤᠷᠢᠨ ᠲᠡᠭᠡᠷ᠎ᠠ ᠪᠠᠨ ᠪᠠᠷᠢᠯᠭ᠎ᠠ ᠶᠢᠨ ᠮᠡᠷᠭᠡᠵᠢᠯ ᠢ ᠥᠪᠡᠷᠲᠡᠭᠡᠨ ᠰᠤᠷᠤᠯᠴᠠᠵᠥ᠂ 2017 | ᠤᠨ ᠳᠤ 280 ᠬᠠᠪᠲᠠᠭᠠᠢ ᠲᠥᠷᠪᠡᠯᠵᠢᠨ ᠮᠧᠲᠷ ᠬᠤᠶᠠᠷ ᠲᠠᠪᠬᠤᠷ ᠠᠰᠠᠷ ᠢᠶᠠᠨ ᠪᠠᠷᠢᠵᠠᠢ᠃ ᠡᠬᠦᠨ ᠤ ᠲᠠᠭᠠᠥ 48 | ᠬᠠᠪᠲᠠᠭᠠᠢ ᠲᠥᠷᠪᠡᠯᠵᠢᠨ ᠮᠧᠲᠷ ᠨᠡᠬᠦᠲᠡᠯ ᠮᠠᠯᠵᠢᠯ ᠳᠤ ᠲᠤᠬᠢᠷᠠᠭᠰᠠᠨ ᠤᠨᠴᠠᠯᠢᠭᠲᠤ ᠨᠡᠬᠦᠲᠡᠯ ᠤᠨ ᠭᠡᠷ᠂ 3000 | ᠬᠠᠪᠲᠠᠭᠠᠢ ᠲᠥᠷᠪᠡᠯᠵᠢᠨ ᠮᠧᠲᠷ ᠮᠠᠯ ᠤᠨ ᠫᠸᠡᠭ ᠪᠠᠷᠢᠭᠰᠠᠨ ᠪᠠᠶᠢᠨ᠎ᠠ᠃ ᠲᠡᠷᠡ ᠬᠡᠷᠡᠭᠴᠡᠭᠡ ᠱᠠᠭᠠᠷᠲᠠᠯᠭ᠎ᠠ ᠪᠠᠨ | ᠥᠪᠡᠷᠲᠡᠭᠡᠨ ᠬᠠᠨᠭ᠍ᠭᠠᠬᠤ ᠶᠢ ᠵᠤᠷᠢᠵᠥ᠂ ᠭᠡᠷ ᠤᠨ ᠢᠶᠠᠨ ᠶᠡᠭᠡ ᠪᠠᠭ᠎ᠠ ᠠᠵᠢᠯ ᠠᠴᠠ ᠡᠬᠢᠯᠡᠨ ᠴᠥᠮ ᠥᠪᠡᠷ ᠢᠶᠠᠨ ᠭᠠᠷ | ᠬᠦᠳᠡᠯᠦᠨ ᠬᠢᠬᠦ ᠲᠤᠷᠠᠲᠠᠢ᠃ ᠤᠬᠠᠭᠠᠨ ᠰᠠᠨᠠᠭ᠎ᠠ ᠲᠠᠭᠠᠷᠠᠭᠰᠠᠨ ᠭᠡᠷᠭᠡᠢ ᠨᠢ ᠴᠥ ᠭᠡᠷ ᠤᠨ ᠬᠥᠷᠢᠶᠡᠨ ᠳᠡᠭᠡᠨ 20 ᠰᠢᠬᠠᠮ | ᠲᠥᠷᠥᠯ ᠤᠨ ᠢᠲᠡᠰᠢᠨ ᠨᠤᠭᠤᠭ᠎ᠠ ᠲᠠᠷᠢᠵᠥ ᠪᠤᠶᠢᠵᠢᠭᠤᠯᠤᠭᠰᠠᠨ ᠪᠠᠶᠢᠯ᠎ᠠ᠃ ︽ᠬᠥᠲᠡᠭᠡ ᠶᠢᠨ ᠶᠡᠭᠡ ᠪᠠᠭ᠎ᠠ ᠠᠵᠢᠯ ᠤᠯᠠᠨ᠂ | ᠠᠯᠢ ᠪᠤᠯᠭᠠᠨ ᠳᠤᠨᠢ ᠬᠥᠮᠥᠨ ᠢ ᠬᠠᠷᠠᠵᠥ ᠰᠠᠭᠤᠬᠤ ᠪᠤᠢ︖ ᠴᠢᠷᠮᠠᠶᠢᠭᠠᠳ ᠥᠪᠡᠷ ᠢᠶᠠᠨ ᠰᠤᠷᠴᠢᠬᠠᠪᠠᠯ ᠬᠡᠵᠢᠶ᠎ᠠ ᠬᠠᠮᠢᠭ᠎ᠠ | ᠴᠥ ᠬᠡᠰᠡᠨ ᠪᠠᠶᠢᠲᠠᠯ ᠳᠠᠭᠠᠨ ᠵᠤᠬᠢᠴᠠᠭᠤᠯᠤᠨ ᠠᠮᠵᠢᠭᠤᠯᠴᠢᠬᠠᠨᠠ︾ ᠭᠡᠵᠥ ᠡᠥ ᠬᠠᠢ ᠵᠢᠶᠦ᠋ᠨ ᠶᠠᠷᠢᠨ᠎ᠠ᠃ | ᠡᠲᠡᠨᠡᠶᠢᠬᠢᠨ ᠬᠤᠷᠢ ᠭᠤᠴᠢᠨ ᠵᠢᠯ ᠤᠨ ᠡᠮᠥᠨᠡᠬᠢ ᠬᠠᠭᠤᠴᠢᠨ ᠭᠡᠷ ᠪᠠᠶᠢᠰᠢᠩ ᠢᠶᠠᠨ ᠨᠤᠷᠠᠭᠠᠬᠤ ᠥᠭᠡᠢ ᠬᠡᠪ ᠢᠶᠠᠷ ᠨᠢ | ᠥᠯᠡᠲᠡᠭᠡᠵᠡᠢ᠃ ᠰᠢᠯᠲᠠᠭᠠᠨ ᠢ ᠨᠢ ᠠᠰᠠᠭᠤᠪᠠᠯ᠄ ︽ᠠᠮᠢᠲᠤᠷᠠᠯ ᠤᠨ ᠠᠶᠠᠯᠠᠯ ᠢᠶᠠᠨ ᠥᠷ᠎ᠠ ᠬᠡᠥᠭᠡᠳ ᠲᠡᠭᠡᠨ ᠥᠵᠡᠬᠦᠯᠵᠥ | ᠮᠡᠲᠡᠷᠡᠬᠦᠯᠬᠦ ᠶᠢᠨ ᠲᠥᠯᠥᠭᠡ︾ ᠭᠡᠵᠥ ᠪᠠᠶᠢᠯ᠎ᠠ᠃ ᠠᠵᠢᠯᠴᠢ ᠬᠥᠲᠡᠯᠮᠥᠷᠢᠴᠢ ᠬᠡᠪ ᠰᠤᠷᠳᠠᠯ ᠢᠶᠠᠷ ᠢᠶᠠᠨ ᠥᠷ᠎ᠠ | ᠬᠡᠥᠭᠡᠳ ᠲᠡᠭᠡᠨ ᠲᠠᠭᠤᠷᠢᠶᠠᠯ ᠪᠤᠯᠬᠤ ᠶᠢ ᠬᠢᠴᠢᠶᠡᠭᠰᠡᠨ ᠢᠶᠠᠷ ᠬᠡᠥᠭᠡᠳ ᠨᠢ ᠴᠥ ᠠᠪᠤ ᠡᠵᠢ ᠪᠠᠨ ᠲᠠᠭᠠᠨ ᠬᠥᠲᠡᠭᠡ ᠶᠢᠨ | ᠠᠵᠢᠯ ᠢᠶᠠᠨ ᠲᠥᠷᠭᠡᠨ ᠱᠠᠯᠠᠮᠠᠭᠠᠢ ᠠᠮᠵᠢᠭᠤᠯᠴᠢᠬᠠᠲᠠᠭ ᠪᠠᠶᠢᠯ᠎ᠠ᠃ | ᠮᠠᠯ ᠠᠵᠤ ᠠᠬᠤᠢ ᠶᠢᠨ ᠰᠠᠭᠤᠷᠢ ᠪᠥᠲᠥᠭᠡᠨ ᠪᠠᠶᠢᠭᠤᠯᠤᠯᠲᠠ ᠪᠤᠯ ᠮᠠᠯᠵᠢᠬᠤ ᠤᠷᠤᠨ ᠤ ᠬᠥᠭᠵᠢᠯᠲᠡ ᠶᠢᠨ ᠥᠨᠲᠤᠰᠤ ᠮᠥᠨ᠃ | ᠡᠥ ᠬᠠᠢ ᠵᠢᠶᠦ᠋ᠨ ᠰᠢᠨᠵᠢᠯᠡᠬᠦ ᠤᠬᠠᠭᠠᠨᠴᠢ ᠪᠠᠷ ᠮᠠᠯ ᠮᠠᠯᠵᠢᠵᠥ᠂ ᠠᠵᠤ ᠥᠢᠯᠡᠰ ᠤᠨ ᠬᠡᠯᠪᠡᠷᠢ ᠶᠢ ᠬᠤᠪᠢᠷᠠᠭᠤᠯᠬᠤ᠂ | ᠲᠤᠭᠲᠠᠭᠤᠨ ᠢᠶᠠᠷ ᠬᠥᠭᠵᠢᠬᠦᠯᠬᠦ᠂ ᠤᠷᠤᠯᠭ᠎ᠠ ᠶᠢ ᠥᠷᠬᠦᠯᠵᠢᠯᠡᠨ ᠨᠡᠮᠡᠭᠲᠡᠬᠦᠯᠬᠦ ᠬᠥᠭᠵᠢᠯᠲᠡ ᠶᠢᠨ ᠵᠠᠬᠪᠤᠷ ᠢ ᠢᠲᠡᠪᠬᠢᠲᠡᠢ | ᠬᠠᠶᠢᠨ ᠰᠥᠪᠡᠭᠴᠢᠯᠡᠵᠥ᠂ ︽ᠬᠤᠨᠢ ᠶᠢ ᠴᠥᠭᠡᠴᠢᠯᠡᠨ ᠥᠭᠡᠷ ᠢ ᠨᠡᠮᠡᠭᠲᠡᠬᠦᠯᠬᠦ︾ ᠪᠠᠶᠢᠯᠲᠤᠬᠤ ᠪᠤᠲᠤᠯᠭ᠎ᠠ ᠶᠢᠨ ᠲᠠᠭᠠᠥ | ᠤᠲᠤᠬᠢᠴᠢᠯᠠᠭᠰᠠᠨ ᠮᠠᠯ ᠠᠵᠤ ᠠᠬᠤᠢ ᠶᠢᠨ ᠰᠠᠭᠤᠷᠢ ᠲᠥᠭᠦᠭᠡᠷᠥᠮᠵᠢ ᠶᠢᠨ ᠪᠥᠲᠥᠭᠡᠨ ᠪᠠᠶᠢᠭᠤᠯᠤᠯᠲᠠ ᠶᠢ ᠰᠢᠯᠢᠲᠡᠭᠵᠢᠬᠦᠯᠵᠥ | ᠂ ᠠᠶᠢᠮᠠᠭ ᠤᠨ ᠰᠢᠮᠧᠨ᠋ᠲ᠋ᠠᠷ ᠥᠭᠡᠷ ᠮᠠᠯᠵᠢᠬᠤ ᠭᠤᠤᠯᠲᠠᠯᠭᠠᠲᠤ ᠡᠷᠥᠭᠡ ᠪᠠᠷ ᠰᠤᠩᠭᠤᠭᠲᠠᠭᠰᠠᠨ ᠪᠠᠶᠢᠨ᠎ᠠ᠃ | ᠠᠵᠢᠯ ᠬᠥᠲᠡᠯᠮᠥᠷᠢ ᠬᠥᠮᠥᠨ ᠢ ᠭᠤᠶᠤᠵᠥ᠂ ᠠᠮᠢᠲᠤᠷᠠᠯ ᠢ ᠥᠭᠡᠲᠡᠷᠭᠡᠭ ᠪᠤᠯᠭᠠᠲᠠᠭ᠃ ᠡᠥ ᠬᠠᠢ ᠵᠢᠶᠦ᠋ᠨ ᠤ ᠡᠨᠡᠬᠦ ᠠᠵᠢᠯᠴᠢ | ᠬᠥᠲᠡᠯᠮᠥᠷᠢᠴᠢ ᠵᠤᠷᠢᠭ ᠰᠠᠨᠠᠭ᠎ᠠ ᠨᠢ ᠰᠢᠨ᠎ᠠ ᠴᠠᠭ ᠥᠶ᠎ᠠ ᠶᠢᠨ ᠤᠲᠤᠬᠢᠴᠢᠯᠠᠭᠰᠠᠨ ᠮᠠᠯᠴᠢᠨ ᠤ ᠲᠥᠷᠢ ᠲᠥᠷᠬᠦ ᠶᠢ ᠬᠥᠢᠴᠡᠳ | ᠬᠠᠷᠠᠭᠤᠯᠤᠨ᠎ᠠ᠃ | |