ᠪᠡᠯᠴᠢᠭᠡᠷ ᠤᠨ ᠡᠪᠡᠰᠦ ᠬᠢᠭᠡᠳ ᠲᠠᠷᠢᠶᠠᠨ ᠤ ᠪᠤᠭᠤᠳᠠᠢ ᠶᠢ ᠡᠷᠯᠢᠰᠡᠵᠢᠭᠦᠯᠦᠭᠰᠡᠨ ᠭᠠᠶᠢᠬᠠᠮᠰᠢᠭ | - ᠮᠠᠯᠴᠢᠨ ᠸᠧᠢ ᠴᠧᠩ ᠯᠦᠩ ᠪᠤᠭᠤᠳᠠᠢ ᠶᠢᠨ ᠰᠢᠨ᠎ᠡ ᠡᠭᠦᠯᠳᠡᠷ ᠢ ᠪᠣᠶᠢᠵᠢᠭᠤᠯᠵᠤ ᠭᠠᠷᠭᠠᠪᠠ | 10 ᠰᠠᠷ᠎ᠠ ᠶᠢᠨ ᠡᠬᠢ ᠪᠠᠷ ᠰᠢᠯᠢᠩᠬᠤᠲᠠ ᠶᠢᠨ ᠪᠠᠶᠠᠨᠰᠢᠯᠢ ᠮᠠᠯᠵᠢᠯ ᠤᠨ ᠳᠠᠯᠠᠪᠠᠢ ᠳᠤ ᠲᠤᠷᠰᠢᠨ ᠳᠠᠷᠢᠭᠰᠠᠨ 20 ᠮᠦᠰᠢᠨᠡ | ᠡᠭᠦᠯᠳᠡᠷ ᠤᠨ ᠪᠤᠭᠤᠳᠠᠢ ᠨᠢᠭᠡᠨᠲᠡ ᠪᠣᠯᠪᠠᠰᠤᠷᠠᠭᠠᠳ ᠲᠣᠯᠣᠭᠠᠢ ᠲᠦᠷᠦᠭᠦᠦ ᠪᠠᠨ ᠳᠠᠭᠠᠭᠠᠵᠤ ᠶᠠᠳᠠᠨ ᠰᠠᠯᠬᠢᠨ ᠤ ᠠᠶ᠎ᠠ | ᠪᠠᠷᠨᠠᠶᠢᠭᠤᠨ ᠬᠠᠯᠢᠭᠤᠷᠠᠵᠤ ᠬᠠᠳᠤᠵᠤ ᠬᠤᠷᠢᠶᠠᠬᠤ ᠶᠢ ᠬᠦᠯᠢᠶᠡᠨ᠎ᠡ᠃ ᠡᠨᠡ ᠪᠣᠯ ᠰᠢᠯᠢ ᠶᠢᠨ ᠭᠤᠣᠯ ᠠᠶᠢᠮᠠᠭ ᠤᠨ ︽ | ᠨᠤᠲᠤᠭ ᠤᠨᠮᠡᠷᠭᠡᠵᠢᠯᠳᠡᠨ︾᠂ 74 ᠲᠠᠢ ᠸᠧᠢ ᠴᠧᠩ ᠯᠦᠩ ᠨᠠᠰᠤᠲᠠᠨ ᠤ ᠪᠡᠯᠴᠢᠭᠡᠷ ᠤᠨ ᠡᠪᠡᠰᠦ ᠬᠢᠭᠡᠳ ᠲᠠᠷᠢᠶᠠᠨ ᠤ | ᠪᠤᠭᠤᠳᠠᠢ ᠵᠢᠡᠷᠯᠢᠰᠡᠵᠢᠭᠦᠯᠦᠨ ᠪᠣᠶᠢᠵᠢᠭᠤᠯᠤᠭᠰᠠᠨ ᠰᠢᠨ᠎ᠡ ᠡᠭᠦᠯᠳᠡᠷ ᠤᠨ ᠪᠤᠭᠤᠳᠠᠢ ᠶᠢᠨ ᠲᠠᠷᠢᠶ᠎ᠠ ᠪᠣᠯᠣᠨ᠎ᠠ᠃ ᠸᠧᠢ ᠴᠧᠩ | ᠯᠦᠩ 48ᠵᠢᠯ ᠤᠨ ᠪᠠᠷᠢᠮᠲᠠᠯᠠᠯ ᠪᠠ ᠴᠢᠷᠮᠠᠶᠢᠯᠭ᠎ᠠ ᠪᠠᠷ ᠲᠠᠮᠵᠢᠨ ᠨᠢᠭᠡᠨᠲᠡ ᠪᠤᠭᠤᠳᠠᠢ ᠶᠢᠨ 3 ᠰᠢᠨ᠎ᠡ ᠡᠭᠦᠯᠳᠡᠷ ᠢ | ᠪᠣᠶᠢᠵᠢᠭᠤᠯᠤᠭᠰᠠᠨ ᠪᠥᠭᠡᠳᠪᠦᠬᠦ ᠣᠷᠣᠨ ᠳᠤ ᠶᠡᠭᠡ ᠬᠡᠪᠴᠢᠶ᠎ᠡ ᠪᠠᠷ ᠲᠤᠷᠰᠢᠨ ᠲᠠᠷᠢᠭᠠᠳ ᠰᠠᠶᠢᠨ ᠠᠮᠵᠢᠯᠲᠠ ᠣᠯᠵᠠᠢ᠃ | ᠬᠠᠲᠠᠭᠤ ᠪᠡᠷᠬᠡᠰᠢᠶᠡᠯᠲᠦ ᠣᠨ ᠰᠠᠷ᠎ᠠ ᠳᠤ ᠲᠥᠷᠥᠵᠦ ᠦᠰᠦᠨ ᠥᠯᠥᠰᠬᠦᠯᠡᠩ ᠭᠠᠴᠢᠭ ᠴᠠᠭ ᠦᠶ᠎ᠡ ᠵᠢᠲᠤᠭᠤᠯᠤᠭᠰᠠᠨ ᠸᠧᠢ | ᠴᠧᠩ ᠯᠦᠩ ᠠᠮᠤ ᠪᠤᠳᠠᠭ᠎ᠠ ᠠᠯᠢᠪᠠ ᠠᠴᠠ ᠴᠢᠬᠤᠯᠠ ᠬᠡᠳᠡᠭ ᠢ ᠮᠡᠳᠡᠨ᠎ᠠ᠃ 1973 ᠣᠨ ᠤ ᠨᠢᠭᠡᠨᠡᠳᠦᠷ᠂ ᠰᠢᠯᠢ ᠶᠢᠨ | ᠭᠤᠣᠯ ᠤᠨ ᠲᠠᠯ᠎ᠠ ᠨᠤᠲᠤᠭ ᠲᠤ ᠮᠠᠯ ᠮᠠᠯᠵᠢᠵᠤ ᠪᠠᠶᠢᠭᠰᠠᠨ ᠸᠧᠢ ᠴᠧᠩ ᠯᠦᠩ ᠮᠠᠯ ᠬᠠᠷᠢᠭᠤᠯᠵᠤ ᠶᠠᠪᠤᠬᠤᠵᠠᠭᠤᠷᠠ ᠪᠠᠨ ︽ | ᠪᠡᠯᠴᠢᠭᠡᠷ ᠤᠨ ᠡᠪᠡᠰᠦ ᠬᠢᠭᠡᠳ ᠲᠠᠷᠢᠶᠠᠨ ᠤ ᠪᠤᠭᠤᠳᠠᠢ ᠶᠢ ᠡᠷᠯᠢᠰᠡᠵᠢᠭᠦᠯᠵᠦ ᠪᠣᠯᠣᠨ᠎ᠠ ᠤᠤ ᠦᠭᠡᠢ ᠤᠤ︖︾ ᠭᠡᠰᠡᠨ ᠪᠤᠳᠤᠯ | ᠲᠠᠷᠢᠬᠢᠨ ᠳᠤ ᠬᠠᠷᠪᠤᠨ ᠣᠷᠣᠵᠠᠢ᠃ ᠳᠡᠭᠡᠭᠡᠳ ᠲᠡᠷᠡ ᠪᠤᠭᠤᠳᠠᠢ ᠶᠢᠨ ᠦᠷ᠎ᠡ ᠪᠣᠶᠢᠵᠢᠭᠤᠯᠬᠤ ᠰᠤᠷᠤᠯᠴᠠᠯᠭ᠎ᠠ | ᠪᠠᠦ᠋ᠯᠡᠳᠪᠦᠷᠢᠯᠡᠯ ᠤᠨ ᠦᠢᠯᠡᠳᠦᠯᠭᠡ ᠳᠤ ᠣᠷᠣᠯᠴᠠᠵᠤ᠂ ᠪᠤᠭᠤᠳᠠᠢ ᠶᠢᠨ ᠦᠷ᠎ᠡ ᠪᠣᠶᠢᠵᠢᠭᠤᠯᠬᠤ ᠲᠤᠰᠬᠠᠢ ᠮᠡᠳᠡᠯᠭᠡ ᠮᠡᠷᠭᠡᠵᠢᠯ | ᠵᠡᠵᠡᠮᠰᠢᠭᠰᠡᠨ ᠤ ᠲᠠᠷᠠᠭ᠎ᠠ ᠤᠷᠳᠤ ᠬᠤᠭᠤᠴᠠᠭᠠᠨ ᠤ ᠰᠢᠷᠭᠠᠭᠤ ᠬᠠᠲᠠᠭᠤᠵᠢᠯᠲᠠᠢ ᠬᠠᠶᠢᠨ ᠰᠦᠪᠡᠭᠴᠢᠯᠡᠯᠲᠡ ᠬᠢᠵᠦ᠂ | 1986ᠣᠨ ᠳᠤ ᠨᠢᠭᠡᠳᠦᠭᠡᠷ ᠵᠦᠢᠯ ᠤᠨ ᠪᠤᠭᠤᠳᠠᠢ ᠶᠢᠨ ᠰᠢᠨ᠎ᠡ ᠡᠭᠦᠯᠳᠡᠷ ᠢ ᠪᠣᠶᠢᠵᠢᠭᠤᠯᠵᠤ ᠭᠠᠷᠭᠠᠪᠠ᠃ ᠸᠧᠢ ᠴᠧᠩ | ᠯᠦᠩᠲᠡᠭᠦᠨ ᠢᠶᠠᠨ ︽ᠡᠶ᠎ᠡ ᠵᠣᠬᠢᠴᠠᠩᠭᠤᠢ 1 ᠨᠣᠮᠧᠷᠲᠤ︾ ᠬᠡᠮᠡᠨ ᠨᠡᠷᠡᠶᠢᠳᠴᠦ᠂ 2007 ᠣᠨ ᠳᠤ ᠬᠤᠶᠠᠳᠤᠭᠠᠷ ᠵᠦᠢᠯ | ᠤᠨᠪᠤᠭᠤᠳᠠᠢ ᠶᠢᠨ ᠰᠢᠨ᠎ᠡ ᠡᠭᠦᠯᠳᠡᠷ ᠢ ᠪᠣᠶᠢᠵᠢᠭᠤᠯᠵᠤ ᠭᠠᠷᠭᠠᠭᠠᠳ ︽ᠡᠶ᠎ᠡ ᠵᠣᠬᠢᠴᠠᠩᠭᠤᠢ 2 ᠨᠣᠮᠧᠷᠲᠤ︾ ᠬᠡᠮᠡᠨ | ᠨᠡᠷᠡᠶᠢᠳᠴᠦ᠂ ᠨᠢᠳᠤᠨᠤᠨ ᠤ ᠪᠣᠶᠢᠵᠢᠭᠤᠯᠤᠭᠰᠠᠨ ᠭᠤᠷᠪᠠᠳᠤᠭᠠᠷ ᠵᠦᠢᠯ ᠤᠨ ᠪᠤᠭᠤᠳᠠᠢ ᠶᠢᠨ ᠰᠢᠨ᠎ᠡ ᠡᠭᠦᠯᠳᠡᠷ ᠢᠶᠠᠨ ︽ᠡᠶ᠎ᠡ | ᠵᠣᠬᠢᠴᠠᠩᠭᠤᠢ 3ᠨᠣᠮᠧᠷᠲᠤ︾ ᠬᠡᠮᠡᠨ ᠨᠡᠷᠡᠶᠢᠳᠴᠡᠢ᠃ ᠲᠤᠬᠠᠢ ᠶᠢᠨ ᠦᠶ᠎ᠡ ᠳᠤ ᠲᠣᠯᠢᠳᠠᠴᠢᠬᠠᠮᠠᠷ ᠲᠤᠷᠰᠢᠯᠭ᠎ᠠ ᠦᠭᠡᠢ᠂ | ᠵᠢᠯᠣᠭᠤᠳᠤᠯᠭ᠎ᠠ ᠪᠣᠯᠤᠮᠠᠷ ᠪᠢᠴᠢᠭ ᠮᠠᠲ᠋ᠧᠷᠢᠶᠠᠯᠦᠭᠡᠢ ᠮᠥᠷᠲᠡᠭᠡᠨ ᠬᠤᠯᠪᠣᠭᠳᠠᠯ ᠪᠦᠬᠦᠢ ᠪᠣᠳᠠᠲᠤ ᠵᠢᠱᠢᠶ᠎ᠡ ᠪᠠᠶᠢᠬᠤ ᠦᠭᠡᠢ | ᠪᠠᠶᠢᠳᠠᠯ ᠳᠣᠣᠷ᠎ᠠ ᠪᠡᠯᠴᠢᠭᠡᠷ ᠤᠨ ᠡᠪᠡᠰᠦ ᠬᠢᠭᠡᠳᠲᠠᠷᠢᠶᠠᠨ ᠤ ᠪᠤᠭᠤᠳᠠᠢ ᠶᠢ ᠡᠷᠯᠢᠰᠡᠵᠢᠭᠦᠯᠦᠨ ᠪᠣᠶᠢᠵᠢᠭᠤᠯᠬᠤ ᠭᠡᠭᠴᠢ ᠨᠢᠭᠡᠨ | ᠮᠠᠯᠴᠢᠨ ᠵᠠᠯᠠᠭᠤ ᠳᠤ ᠠᠪᠴᠤ ᠬᠡᠯᠡᠪᠡᠯ ᠰᠡᠳᠬᠢᠭᠳᠡᠰᠢᠦᠬᠡᠢ ᠶᠠᠪᠤᠳᠠᠯ ᠪᠤᠯᠬᠤ ᠶᠤᠮ᠃ ᠲᠠᠯ᠎ᠠ ᠨᠤᠲᠤᠭ ᠲᠤ ᠪᠡᠯᠴᠢᠭᠡᠷ ᠤᠨ | ᠡᠪᠡᠰᠦ ᠶᠢᠨ ᠲᠦᠷᠦᠯ ᠵᠦᠢᠯ ᠮᠠᠰᠢ ᠤᠯᠠᠨ᠂ ᠠᠯᠢ ᠶᠢ ᠨᠢᠪᠤᠭᠤᠳᠠᠢ ᠲᠠᠢ ᠡᠷᠯᠢᠰᠡᠵᠢᠭᠦᠯᠪᠡᠯ ᠵᠣᠬᠢᠬᠤ ᠲᠤᠬᠠᠢ ᠸᠧᠢ ᠴᠧᠩ | ᠯᠦᠩ ᠥᠪᠡᠷ ᠤᠨ ᠦᠵᠡᠯᠲᠡ ᠲᠤᠷᠰᠢᠯᠭ᠎ᠠ ᠲᠠᠢ ᠪᠣᠯᠪᠠ᠃ ︽ᠡᠷᠯᠢᠰᠡᠵᠢᠭᠦᠯᠵᠦ ᠪᠣᠯᠬᠤ ᠪᠡᠯᠴᠢᠭᠡᠷ ᠤᠨ ᠡᠪᠡᠰᠦ ᠶᠢ | ᠰᠣᠩᠭᠤᠬᠤ ᠳᠤ ᠡᠩ ᠲᠡᠷᠢᠭᠦᠨ ᠳᠤ ᠢᠳᠡᠵᠦ ᠪᠣᠯᠬᠤ ᠮᠥᠷᠲᠡᠭᠡᠨ ᠠᠮᠲᠠᠰᠢᠮᠡᠳᠠᠢ᠂ ᠦᠷ᠎ᠡ ᠮᠥᠬᠦᠯᠢᠭ ᠨᠢ ᠲᠣᠮᠣ᠂ ᠪᠠᠰᠠ | ᠴᠡᠴᠡᠭᠯᠡᠬᠦ ᠬᠤᠭᠤᠴᠠᠭ᠎ᠠ ᠨᠢ ᠬᠠᠷᠢᠯᠴᠠᠨ ᠲᠣᠬᠢᠷᠠᠭᠰᠠᠨ ᠪᠠᠶᠢᠬᠤ ᠴᠢᠬᠤᠯᠠᠲᠠᠢ︾ ᠭᠡᠵᠦ ᠸᠧᠢ ᠴᠧᠩ ᠯᠦᠩ ᠶᠠᠷᠢᠨ᠎ᠠ᠃ | ᠲᠡᠷᠡ ᠬᠥᠭᠰᠢᠨ ᠲᠠᠢ ᠪᠠᠨ ᠬᠤᠶᠠᠭᠤᠯᠠ ᠤᠳᠠᠭᠠᠨ ᠵᠢᠯ ᠤᠨ ᠲᠤᠷᠰᠢ ᠨᠢᠭᠡᠳ ᠨᠢᠭᠡ ᠪᠠᠷᠠᠮᠲᠠᠯᠠᠨ ᠲᠤᠷᠰᠢᠵᠤ᠂ ᠤᠷᠢᠳ | ᠬᠤᠵᠢᠳ 60 ᠭᠠᠷᠤᠢ ᠵᠦᠢᠯ ᠤᠨ ᠪᠡᠯᠴᠢᠭᠡᠷ ᠤᠨ ᠡᠪᠡᠰᠦ ᠶᠢ ᠲᠤᠷᠰᠢᠨ ᠡᠷᠯᠢᠰᠡᠵᠢᠭᠦᠯᠵᠤᠦᠵᠡᠵᠡᠶ᠂ ᠲᠠᠷᠢᠶᠠᠨ ᠤ ᠪᠤᠭᠤᠳᠠᠢ | ᠪᠠ ᠪᠡᠯᠴᠢᠭᠡᠷ ᠤᠨ ᠡᠪᠡᠰᠦ ᠶᠢᠨ ᠴᠡᠴᠡᠭᠯᠡᠬᠦ ᠬᠤᠭᠤᠴᠠᠭ᠎ᠠ ᠶᠢ ᠲᠣᠬᠢᠷᠠᠭᠤᠯᠤᠨ ᠡᠵᠡᠮᠰᠢᠬᠦ ᠬᠡᠮᠡᠨ10 ᠵᠢᠯ ᠬᠡᠷᠡᠭᠰᠡᠪᠡ᠃ | ᠬᠠᠮᠤᠭ ᠤᠨ ᠰᠡᠬᠦᠯ ᠳᠤ ᠭᠠᠩ ᠳᠤ ᠳᠠᠭᠠᠭᠠᠴᠠᠲᠠᠢ᠂ ᠡᠰᠢ ᠨᠢ ᠪᠦᠳᠦᠭᠦᠨ᠂ ᠲᠦᠷᠦᠭᠦᠦ ᠨᠢ ᠤᠷᠳᠤ᠂ ᠮᠥᠬᠦᠯᠢᠭ ᠨᠢ | ᠠᠷᠪᠢᠨ᠂ ᠦᠨᠳᠦᠰᠦ ᠶᠢᠨ ᠰᠢᠰᠲ᠋ᠧᠮ ᠨᠢ ᠬᠥᠭᠵᠢᠩᠭᠦᠢ᠂ ᠠᠮᠢᠵᠢᠷᠠᠯ ᠤᠨ ᠬᠦᠴᠦᠨ ᠢᠶᠠᠷ ᠴᠢᠩᠭ᠎ᠠ ᠲᠡᠵᠢᠭᠡᠯᠡᠪᠡᠰᠦ ᠶᠢ ᠡᠷᠢᠨ | ᠭᠠᠷᠭᠠᠵᠤ᠂ ᠡᠨᠡ ᠬᠦ ᠲᠡᠵᠢᠭᠡᠯ ᠡᠪᠡᠰᠦ ᠪᠠᠷ ᠡᠴᠢᠭᠡ ᠦᠨᠳᠦᠰᠦ ᠪᠣᠯᠭᠠᠨ ᠰᠠᠶᠢᠨ ᠡᠭᠦᠯᠳᠡᠷ ᠤᠨ ᠪᠤᠭᠤᠳᠠᠢ ᠪᠠᠷᠡᠭᠡ | ᠦᠨᠳᠦᠰᠦ ᠪᠣᠯᠭᠠᠨ ᠡᠷᠯᠢᠰᠡᠵᠢᠭᠦᠯᠦᠭᠡᠳ ᠠᠮᠵᠢᠯᠲᠠ ᠣᠯᠣᠭᠰᠠᠨ ᠪᠠᠶᠢᠨ᠎ᠠ᠃ ︽ᠡᠨᠡ ᠵᠢᠯ ᠪᠢ ᠬᠦᠷᠢᠶᠡᠨ ᠳᠣᠲᠣᠷ᠎ᠠ ᠪᠠᠨ ︿ | ᠡᠶ᠎ᠡ ᠵᠣᠬᠢᠴᠠᠩᠭᠤᠢ 3 ᠨᠣᠮᠧᠷᠲᠤ﹀ ᠶᠢ ᠲᠤᠷᠰᠢᠨ ᠲᠠᠷᠢᠵᠤ᠂ ᠤᠨᠠᠯᠳᠠ ᠶᠢᠨ ᠬᠡᠮᠵᠢᠶ᠎ᠡ ᠨᠢ ︿ᠡᠶ᠎ᠡ ᠵᠣᠬᠢᠴᠠᠩᠭᠤᠢ 1 | ᠨᠣᠮᠧᠷᠲᠤ﹀ ᠪᠠ ︿ᠡᠶ᠎ᠡ ᠵᠣᠬᠢᠴᠠᠩᠭᠤᠢ 2 ᠨᠣᠮᠧᠷᠲᠤ﹀ ᠠᠴᠠ ᠪᠦᠷ ᠳᠠᠪᠠᠭᠰᠠᠨ︾ ᠭᠡᠵᠦ ᠸᠧᠢ ᠴᠧᠩ ᠯᠦᠩ ᠭᠤᠷᠪᠠᠨ | ᠵᠦᠢᠯ ᠤᠨ ᠰᠢᠨᠡᠡᠭᠦᠯᠳᠡᠷ ᠤᠨ ᠢᠶᠠᠨ ᠪᠤᠭᠤᠳᠠᠢ ᠶᠢᠨ ᠲᠦᠷᠦᠭᠦᠦ ᠶᠢ ᠪᠠᠷᠢᠭᠠᠳ ᠬᠠᠷᠢᠴᠠᠭᠤᠯᠤᠨ ᠲᠠᠨᠢᠯᠴᠠᠭᠤᠯᠤᠨ᠎ᠠ᠃ | ᠥᠪᠡᠷᠲᠡᠭᠡᠨ ᠵᠠᠰᠠᠬᠤ ᠣᠷᠣᠨ ᠪᠣᠯᠣᠨ ᠰᠢᠯᠢ ᠶᠢᠨ ᠭᠤᠣᠯ ᠠᠶᠢᠮᠠᠭ ᠤᠨ ᠬᠠᠮᠢᠶ᠎ᠠ ᠪᠦᠬᠦᠢ ᠰᠠᠯᠠᠭ᠎ᠠ ᠮᠥᠴᠢᠷ ᠤᠨᠳᠡᠮᠵᠢᠯᠭᠡ ᠪᠠᠷ | ᠸᠧᠢ ᠴᠧᠩ ᠯᠦᠩ ᠤᠨ ᠪᠣᠶᠢᠵᠢᠭᠤᠯᠤᠭᠰᠠᠨ ᠰᠢᠨ᠎ᠡ ᠡᠭᠦᠯᠳᠡᠷ ᠤᠨ ᠪᠤᠭᠤᠳᠠᠢ ᠶᠢ ᠬᠥᠬᠡᠬᠤᠲᠠ ᠶᠢᠨ ᠦᠴᠤᠸᠠᠨᠰᠢᠶᠠᠨ᠂ | ᠪᠠᠶᠠᠨᠨᠠᠭᠤᠷ ᠬᠤᠳᠠ ᠶᠢᠨ ᠳ᠋ᠧᠩᠺᠸᠦ ᠰᠢᠶᠠᠨ᠂ ᠤᠯᠠᠭᠠᠨᠬᠠᠳᠠ ᠬᠤᠳᠠ᠂ ᠲᠦᠩᠯᠢᠶᠣᠣ ᠬᠤᠳᠠ ᠵᠡᠷᠭᠡ ᠭᠠᠵᠠᠷ ᠤᠨ 9 ᠬᠡᠰᠡᠭ | ᠲᠤᠷᠰᠢᠯᠲᠠ ᠶᠢᠨ ᠲᠠᠷᠢᠶᠠᠨ ᠭᠠᠵᠠᠷ ᠲᠤ ᠲᠠᠷᠢᠵᠤ᠂ ᠡᠨᠡ ᠬᠦ ᠰᠢᠨ᠎ᠡ ᠡᠭᠦᠯᠳᠡᠷ ᠤᠨ ᠪᠤᠭᠤᠳᠠᠢ ᠨᠢ ᠡᠯ᠎ᠡ ᠭᠠᠵᠠᠷ ᠤᠨ | ᠠᠭᠤᠷᠠᠮᠢᠰᠬᠤᠯ ᠪᠠ ᠬᠥᠷᠥᠰᠥ ᠰᠢᠷᠣᠢ ᠳᠤ ᠴᠥᠮ ᠲᠣᠬᠢᠷᠠᠵᠤ᠂ ᠤᠨᠠᠯᠲᠠ ᠨᠢ ᠲᠣᠭᠲᠠᠪᠤᠷᠢᠲᠠᠢ ᠪᠠᠶᠢᠬᠤ ᠶᠢ ᠭᠡᠷᠡᠴᠢᠯᠡᠪᠡ᠃ | ︽ᠲᠤᠷᠰᠢᠨᠳᠠᠷᠢᠬᠰᠠᠨ ᠪᠠᠶᠢᠳᠠᠯ ᠢ ᠦᠨᠳᠦᠰᠦᠯᠡᠪᠡᠯ᠂ ᠡᠷᠯᠢᠰᠡᠵᠢᠭᠦᠯᠦᠭᠰᠡᠨ ᠰᠢᠨ᠎ᠡ ᠡᠭᠦᠯᠳᠡᠷ ᠤᠨ ᠪᠤᠭᠤᠳᠠᠢ ᠶᠢ | ᠲᠠᠷᠢᠶᠠᠴᠢᠳ ᠤᠨ ᠶᠡᠷᠦ ᠵᠢᠨᠲᠠᠷᠢᠵᠤ ᠪᠠᠶᠢᠭ᠎ᠠ ᠰᠢᠯᠢᠳᠡᠭ ᠡᠭᠦᠯᠳᠡᠷ ᠤᠨ ᠪᠤᠭᠤᠳᠠᠢ ᠲᠠᠢ ᠬᠠᠷᠢᠴᠠᠭᠤᠯᠪᠠᠯ᠂ ᠮᠦ ᠪᠦᠷᠢ ᠳᠤ | ᠰᠠᠴᠤᠬᠤ ᠦᠷ᠎ᠡ ᠶᠢᠨ ᠬᠡᠮᠵᠢᠶ᠎ᠡ50% ᠪᠠᠷ ᠪᠠᠭᠤᠷᠠᠵᠤ᠂ ᠰᠠᠭᠤᠷᠢ ᠪᠦᠷᠢ ᠶᠢᠨ ᠪᠤᠭᠤᠳᠠᠢ ᠶᠢᠨ ᠲᠦᠷᠦᠭᠦᠤ ᠶᠢᠨ ᠤᠨᠠᠯᠲᠠ | 40% ᠪᠠᠷ ᠳᠡᠭᠡᠭᠰᠢᠯᠡᠨ᠂ ᠤᠰᠤᠯᠠᠯᠲᠠ ᠶᠢᠨ ᠲᠠᠷᠢᠶᠠᠨ ᠤ ᠮᠦ ᠪᠦᠷᠢ ᠶᠢᠨ ᠤᠨᠠᠯᠲᠠ 30% ᠪᠠᠷ ᠳᠡᠭᠡᠭᠰᠢᠯᠡᠵᠡᠢ︾ ᠭᠡᠵᠦ | ᠸᠧᠢ ᠴᠧᠩ ᠯᠦᠩ ᠤᠷᠮᠠᠳᠠᠶᠢᠶᠠᠷᠢᠨᠠ᠃ ︽ᠤᠳᠤ ᠥᠪᠡᠷᠲᠡᠭᠡᠨ ᠵᠠᠰᠠᠬᠤ ᠣᠷᠣᠨ ᠪᠣᠯᠣᠨ ᠤᠯᠤᠰ ᠤᠨ ᠬᠤᠯᠪᠣᠭᠳᠠᠯ | ᠪᠦᠬᠦᠢ ᠰᠠᠯᠠᠭ᠎ᠠ ᠮᠥᠴᠢᠷ ᠠᠴᠠ ᠮᠢᠨᠤᠰᠢᠨᠡ ᠡᠭᠦᠯᠳᠡᠷ ᠤᠨ ᠪᠤᠭᠤᠳᠠᠢ ᠳᠤ ᠭᠡᠷᠡᠴᠢᠯᠡᠯᠲᠡ ᠬᠢᠬᠦ ᠶᠢ ᠬᠦᠯᠢᠶᠡᠵᠦ ᠪᠠᠶᠢᠨ᠎ᠠ᠂ | ᠮᠢᠨᠤ ᠬᠠᠮᠤᠭ ᠤᠨ ᠶᠡᠭᠡ ᠬᠦᠰᠡᠯ ᠪᠣᠯ ᠰᠢᠨᠡᠡᠭᠦᠯᠳᠡᠷ ᠤᠨ ᠪᠤᠭᠤᠳᠠᠢ ᠪᠠᠨ ᠮᠠᠨ ᠤ ᠣᠷᠣᠨ ᠤ ᠪᠡᠶ᠎ᠡ ᠪᠠᠨ ᠳᠠᠭᠠᠭᠠᠭᠰᠠᠨ | ᠮᠡᠳᠡᠯᠭᠡ ᠶᠢᠨ ᠥᠮᠴᠢᠯᠡᠯ ᠤᠨ ᠡᠷᠬᠡ ᠲᠠᠢ ᠰᠢᠯᠢᠳᠡᠭᠡᠭᠦᠯᠳᠡᠷ ᠪᠤᠯᠭᠠᠵᠤ᠂ ᠪᠦᠬᠦ ᠣᠷᠣᠨ ᠴᠢᠨᠠᠭᠰᠢᠯᠠᠪᠠᠯ ᠪᠦᠬᠦ ᠤᠯᠤᠰ ᠤᠨ | ᠬᠡᠪᠴᠢᠶᠡᠨ ᠳᠤ ᠳᠠᠷᠢᠵᠤ ᠳᠡᠯᠭᠡᠷᠡᠭᠦᠯᠬᠦ ᠶᠢ ᠬᠦᠰᠡᠵᠤᠪᠤᠢ︾ ᠭᠡᠵᠦ ᠸᠧᠢ ᠴᠧᠩ ᠯᠦᠩ ᠨᠠᠰᠤᠲᠠᠨ ᠬᠦᠰᠡᠯ ᠪᠤᠳᠤᠯ ᠢᠶᠠᠨ | ᠳᠡᠯᠭᠡᠨ᠎ᠡ᠃ ᠲᠡᠷᠡ ᠡᠷᠯᠢᠰᠡᠵᠢᠭᠦᠯᠦᠭᠰᠡᠨ ᠰᠢᠨ᠎ᠡ ᠡᠭᠦᠯᠳᠡᠷ ᠤᠨᠪᠣᠭᠤᠳᠠᠶ ᠶᠢᠨ ᠦᠷ᠎ᠡ ᠪᠠᠨ ᠨᠢᠭᠡᠨᠲᠡ ᠥᠪᠡᠷᠲᠡᠭᠡᠨ ᠵᠠᠰᠠᠬᠤ | ᠣᠷᠣᠨ ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠳᠤᠰᠬᠤᠨᠮᠠᠯᠵᠢᠬᠤ ᠣᠷᠣᠨ ᠤ ᠲᠢᠩᠬᠢᠮ ᠳᠤ ᠬᠦᠷᠭᠡᠵᠦ ᠦᠷ᠎ᠡ ᠶᠢᠨ | ᠭᠡᠷᠡᠴᠢᠯᠡᠯᠲᠡ ᠬᠢᠯᠭᠡᠬᠦ ᠪᠠᠷ ᠡᠷᠭᠦᠮᠵᠢᠯᠡᠭᠡᠳ ᠪᠤᠢ᠃ | |