ᠡᠬᠡ ᠤᠯᠤᠰ ᠮᠢᠨᠢ
ᠨᠡᠶᠢᠲᠡᠯᠡᠭᠰᠡᠨ ᠴᠠᠭ᠄
2023/10/31
ᠡᠬᠡ ᠤᠯᠤᠰ ᠮᠢᠨᠢ                           ᠬᠠᠰᠠᠠᠭᠤᠯᠠ   ᠭᠠᠯᠪᠠ ᠲᠡᠯᠡᠬᠡᠢ ᠶᠢᠨ ᠡᠯᠢᠭᠡᠨ ᠳᠡᠭᠡᠷ᠎ᠡ   ᠨᠠᠷᠠᠨ ᠰᠠᠷᠠᠨ ᠳᠤ ᠢᠪᠡᠭᠡᠭᠳᠡᠨ ᠰᠠᠴᠤᠷᠠᠭᠰᠠᠨ   ᠭᠠᠩᠭᠠᠩ ᠪᠠᠶᠢᠭᠠᠯᠢ ᠨᠢ ᠡᠨᠡᠷᠢᠨ ᠪᠦᠪᠠᠶᠢᠯᠡᠭᠰᠡᠨ   ᠨᠠᠮᠢᠷᠠᠨ ᠴᠡᠴᠡᠭᠯᠡᠭᠡ ᠡᠬᠡ ᠤᠯᠤᠰ ᠮᠢᠨᠢ       ᠠᠭᠤᠣ ᠨᠠᠮ ᠤᠨ ᠢᠯᠠᠯᠳᠠ ᠶᠢᠨ ᠲᠤᠭ ᠲᠤᠣᠷ᠎ᠠ   ᠠᠵᠠ ᠵᠢᠷᠭᠠᠯ ᠠᠮᠤᠷ ᠲᠠᠶᠢᠪᠤᠩ ᠢ ᠲᠤᠩᠬᠠᠭᠯᠠᠭᠰᠠᠨ   ᠠᠷᠠᠳ ᠲᠦᠮᠡᠨ ᠤ ᠡᠷᠡᠰ ᠬᠠᠳᠠᠭᠤ ᠲᠠᠩᠭᠠᠷᠢᠭ ᠲᠡᠭᠡᠷ᠎ᠡ   ᠠᠰᠠᠨ ᠲᠦᠷᠡᠯᠵᠡᠭᠡ ᠡᠬᠡ ᠤᠯᠤᠰ ᠮᠢᠨᠢ   ᠡᠯᠢᠭᠡ ᠵᠢᠷᠦᠬᠡᠨ ᠳᠤ ᠬᠠᠶᠢᠷ᠎ᠠ ᠶᠢᠨ ᠤᠶᠠᠭ᠎ᠠ ᠲᠠᠢ   ᠡᠯ᠎ᠡ ᠦᠨᠳᠦᠰᠦᠳᠡᠨ ᠤ ᠨᠢᠭᠳᠠᠷᠠᠯ ᠪᠦᠯᠬᠦᠮᠳᠡᠯ ᠲᠠᠢ   ᠡᠰᠡᠨᠢᠯ ᠬᠦᠭᠵᠢᠯ ᠤᠨ ᠠᠯᠤᠰ ᠢᠷᠡᠭᠡᠳᠦᠢ ᠲᠠᠢ   ᠡᠨᠡᠷᠢᠯ ᠬᠠᠶᠢᠷᠠᠳᠤ ᠡᠬᠡ ᠤᠯᠤᠰ ᠮᠢᠨᠢ   ᠢᠯᠴᠢᠳᠦ ᠨᠠᠷᠠᠨ ᠳᠤ ᠮᠦᠩᠭᠡ ᠲᠤᠶᠠᠭᠠᠷᠠᠭᠰᠠᠨ   ᠦᠭᠡᠳᠡ ᠬᠡᠶᠢᠮᠤᠷᠢᠳᠦ ᠵᠢᠷᠭᠠᠯᠠᠩᠳᠤ ᠤᠷᠤᠨ   ᠢᠳᠡᠭᠡᠯ ᠬᠦᠨᠳᠦ ᠪᠠᠷ ᠲᠦᠮᠡᠨ ᠢᠶᠠᠨ ᠲᠠᠶᠢᠴᠢᠯᠠᠭᠰᠠᠨ   ᠦᠷᠨᠢᠨ ᠬᠦᠭᠵᠢᠭᠡ ᠡᠬᠡ ᠤᠯᠤᠰ ᠮᠢᠨᠢ   ᠡᠵᠢ ᠶᠢᠨ ᠬᠠᠯᠠᠭᠤᠨ ᠡᠪᠦᠷ ᠰᠢᠭ   ᠡᠩᠭᠡ ᠮᠡᠨᠳᠦ ᠶᠢᠨ ᠬᠠᠶᠢᠷ᠎ᠠ ᠶᠢᠨ ᠪᠦᠪᠡᠢ ᠲᠠᠢ   ᠠᠮᠢᠳᠤᠷᠠᠯ ᠤᠶᠢᠯᠡᠰ ᠤᠨ ᠵᠢᠯᠤᠭᠤ ᠰᠤᠩᠭᠠᠭᠰᠠᠨ   ᠠᠴᠢᠳᠤ ᠶᠡᠭᠡ ᠡᠬᠡ ᠤᠯᠤᠰ ᠮᠢᠨᠢ   ᠠᠽᠢᠶ᠎ᠠ ᠶᠢᠨ ᠵᠢᠷᠦᠬᠡᠨ ᠳᠤ ᠰᠦᠨᠳᠡᠷᠯᠡᠭᠰᠡᠨ   ᠦᠨᠢ ᠮᠦᠩᠭᠡ ᠶᠢᠨ ᠲᠤᠯᠠᠭᠠᠨ ᠦᠯᠦᠭᠡᠢ   ᠠᠯᠠᠭ ᠬᠤᠷᠸ᠎ᠠ ᠳᠤ ᠪᠠᠳᠠᠷᠠᠨ ᠬᠦᠭᠵᠢᠭᠰᠡᠨ   ᠠᠮᠢᠨ ᠬᠠᠶᠢᠷᠠᠳᠠᠢ ᠡᠬᠡ ᠤᠯᠤᠰ ᠮᠢᠨᠢ   ᠡᠷᠬᠡ ᠴᠢᠯᠦᠭᠡᠨ ᠤ ᠡᠭᠦᠷᠢᠳᠡ ᠶᠢᠨ ᠲᠤᠩᠬᠠᠭ   ᠡᠭᠡᠰᠢᠭ ᠲᠠᠭᠤᠨ ᠤ ᠮᠦᠩᠭᠡ ᠶᠢᠨ ᠴᠤᠣᠷᠢᠶ᠎ᠠ   ᠦᠨᠢᠳᠡ ᠰᠠᠴᠤᠷᠠᠬᠤ ᠰᠢᠨ᠎ᠡ ᠡᠷᠢᠨ ᠤ ᠰᠠᠷᠠᠭᠤᠯ ᠵᠠᠮ ᠳᠤ   ᠦᠷᠯᠦᠭ ᠲᠠᠶᠢᠴᠢᠨ ᠡᠬᠡ ᠤᠯᠤᠰ ᠮᠢᠨᠢ ᠮᠠᠨᠳᠤᠳᠤᠭᠠᠢ︕
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号