ᠤᠯᠠᠨ ᠲᠦᠷᠦᠯ ᠤᠨ ᠠᠵᠢᠯ ᠮᠡᠷᠭᠡᠵᠢᠯ ᠳᠤ ᠴᠠᠭᠠᠷᠠᠬᠰᠡᠨ ᠪᠠᠽᠠᠷᠪᠠᠨᠢ ᠭᠤᠸᠠᠢ | ᠦᠪᠦᠷ ᠮᠤᠩᠭᠤᠯ ᠤᠨ ᠰᠢᠯᠢ ᠶᠢᠨ ᠬᠤᠲᠠ ᠶᠢᠨ ᠷᠠᠰᠢᠶᠠᠨᠪᠤᠯᠠᠭ ᠪᠠᠯᠭᠠᠰᠤᠨ ᠤ ᠰᠢᠨᠡᠮᠠᠨᠳᠤᠯ ᠭᠠᠴᠠᠭ᠎ᠠ ᠪᠠᠷ ᠨᠤᠲᠤᠭᠲ᠋ᠠᠢ | ᠪᠠᠽᠠᠷᠪᠠᠨᠢ᠂ 1957 ᠤᠨ ᠤ 9 ᠰᠠᠷ᠎ᠠ ᠳᠤ ᠰᠢᠯᠢ ᠶᠢᠨ ᠬᠤᠲᠠ ᠶᠢᠨ ᠷᠠᠰᠢᠶᠠᠨᠪᠤᠯᠠᠭ ᠪᠠᠯᠭᠠᠰᠤᠨ ᠤ ᠰᠢᠨᠡᠮᠠᠨᠳᠤᠯ ︵ | ᠤᠤᠯ ᠤᠨ ᠠᠪᠠᠭ᠋ᠠᠨᠠᠷ ᠬᠤᠰᠢᠭᠤᠨ ᠤ ᠷᠠᠰᠢᠶᠠᠨᠪᠤᠯᠠᠭ ᠰᠤᠮᠤᠨ ᠤ ᠪᠠᠶᠠᠨᠪᠤᠯᠠᠭ ᠭᠠᠴᠠᠭ᠎ᠠ︶ ᠭᠠᠴᠠᠭᠠᠨ ᠳᠤ ᠠᠪᠤ ᠴᠢᠮᠡᠳ᠂ | ᠡᠵᠢᠨᠤᠷᠵᠢᠮᠠ ᠶᠢᠨ ᠤᠤᠭᠠᠨ ᠬᠦᠪᠡᠭᠦᠨ ᠪᠤᠯᠤᠨ ᠵᠠᠶᠠᠭᠠᠵᠠᠢ᠃ ᠲᠡᠷᠡᠪᠡᠷ ᠠᠳᠤᠭᠤ ᠬᠠᠷᠢᠭᠤᠯᠬᠤ᠂ ᠬᠦᠯ ᠨᠢᠴᠦᠭᠡᠨ ᠡᠮᠴᠢ᠂ | ᠠᠷᠠᠳ ᠤᠨ ᠪᠠᠭᠰᠢ᠂ ᠤᠯᠤᠰ ᠤᠨ ᠠᠯᠪᠠᠲᠠᠨ ᠤ ᠠᠵᠢᠯ ᠬᠢᠬᠦ᠂ ᠭᠠᠷ ᠤᠷᠠᠯᠠᠯ ᠤᠷᠤᠯᠳᠤᠬᠤ ᠵᠡᠷᠭᠡ ᠤᠯᠠᠨ ᠮᠡᠷᠭᠡᠵᠢᠯ ᠤᠨ | ᠠᠵᠢᠯᠲ᠋ᠦ᠋ᠷᠦᠯ ᠳᠤ ᠰᠢᠮᠳᠠᠵᠦ ᠭᠢᠯᠠᠯᠵᠢᠲᠠᠯᠠ ᠬᠢᠵᠦ ᠶᠠᠪᠤᠬᠰᠡᠨ ᠪᠦᠭᠡᠳ ᠤᠳᠤ ᠴᠤ ᠨᠠᠰᠤ ᠠᠬᠠᠰᠢᠷᠠᠯᠠ ᠭᠡᠵᠦ ᠪᠡᠶ᠎ᠡ ᠪᠠᠨ | ᠭᠤᠯᠤᠯᠦᠭᠡᠢ ᠮᠤᠩᠭᠤᠯ ᠭᠡᠷ᠂ ᠡᠮᠡᠭᠡᠯ ᠬᠠᠵᠠᠭᠠᠷ᠂ ᠠᠷᠤᠭ ᠱᠡᠭᠡᠵᠡᠭᠡᠢ ᠵᠡᠷᠭᠡ ᠵᠦᠢᠯ ᠤᠨ ᠭᠠᠷ ᠤᠷᠠᠯᠠᠯ ᠤᠨ ᠠᠵᠢᠯ ᠳᠤ | ᠪᠤᠷᠪᠢᠪᠦ᠋ᠬᠢᠰᠬᠢᠯ ᠦᠭᠡᠢ ᠶᠠᠭᠠᠷᠠᠵᠦ᠂ ᠰᠢᠯᠢ ᠶᠢᠨ ᠬᠤᠲᠠ ᠶᠢᠨ ᠳᠡᠰ ᠤᠨ ᠪᠤᠳᠠᠰ ᠤᠨ ᠪᠤᠰᠤ ᠰᠤᠶᠤᠯ ᠤᠨ ᠮᠤᠩᠭᠤᠯ | ᠭᠡᠷ ᠦᠨᠰᠤᠶᠤᠯ ᠤᠨ ᠦᠪᠯᠡᠨ ᠤᠯᠠᠮᠵᠢᠯᠠᠬᠴᠢ ᠪᠤᠯᠵᠦ᠂ ᠨᠠᠨᠳᠢᠨ ᠦᠪ ᠰᠤᠶᠤᠯ ᠢᠶᠠᠨ ᠤᠯᠠᠮᠵᠢᠯᠠᠨ ᠪᠠᠳᠠᠷᠠᠭᠤᠯᠵᠦ ᠶᠠᠪᠤᠭ᠎ᠠ | ᠪᠢᠯᠡ᠃ ᠲᠡᠷᠡ ᠠᠷᠪᠠᠨ ᠨᠠᠰᠤᠨ ᠳᠠᠭᠠᠨ ᠷᠠᠰᠢᠶᠠᠨᠪᠤᠯᠠᠭ ᠪᠠᠯᠭᠠᠰᠤᠨ ᠤ ᠲᠦᠪ ᠠᠶᠤᠤᠯᠢᠬᠠᠢ ᠶᠢᠨ ᠪᠠᠭ᠎ᠠ ᠰᠤᠷᠭᠠᠭᠤᠯᠢ | ᠳ᠋ᠥᠰᠤᠷᠤᠯᠴᠠᠵᠦ᠂ ᠪᠠᠭ᠎ᠠ ᠰᠤᠷᠭᠠᠭᠤᠯᠢ ᠪᠠᠨ ᠤᠨᠴᠠ ᠳ᠋ᠥᠩ ᠢᠶᠠᠷ ᠲᠡᠭᠦᠰᠴᠡᠢ᠃ ᠳᠤᠬᠠᠢ ᠶᠢᠨ ᠵᠢᠯ ᠳᠤᠨᠢ ᠠᠶᠢᠮᠠᠭ ᠤᠨ | ᠮᠤᠩᠭᠤᠯᠲ᠋ᠤᠮᠳᠠᠳᠤ ᠰᠤᠷᠭᠠᠭᠤᠯᠢ ᠰᠤᠷᠤᠬᠴᠢ ᠡᠯᠡᠰᠡᠭᠰᠡᠨ ᠦᠭᠡᠢ ᠪᠤᠯᠬᠤᠷ᠂ ᠬᠦᠳᠡᠭᠡ ᠪᠠᠨ ᠬᠠᠷᠢᠵᠦ ᠮᠠᠯᠴᠢᠨ ᠵᠠᠶᠠᠭ᠎ᠠ | ᠳᠦᠰᠢᠭᠡᠳ ᠠᠪᠤᠪᠡᠨ ᠳᠠᠭᠠᠵᠦ ᠠᠳᠤᠭᠤᠨ ᠳᠤ ᠮᠤᠷᠳᠠᠨ᠂ ᠡᠵᠢ ᠪᠠᠨ ᠳᠠᠭᠠᠵᠦ ᠦᠬᠡᠷ ᠬᠠᠷᠢᠭᠤᠯᠵᠦ᠂ ᠬᠤᠯᠠ ᠤᠶᠢᠷ᠎ᠠ ᠳᠤ | ᠠᠯᠳᠠᠷᠲᠠᠢ ᠤᠷᠠᠨᠲ᠋ᠠᠷᠬᠠᠨ ᠠᠪᠠᠭ᠎ᠠ ᠠᠪᠤ ᠠᠴᠠ ᠪᠠᠨ ᠭᠠᠷ ᠤᠷᠠᠯᠠᠯ ᠤᠨ ᠡᠷᠳᠡᠮ ᠮᠡᠷᠭᠡᠵᠢᠯ ᠰᠤᠷᠴᠤ ᠡᠵᠡᠮᠰᠢᠭᠰᠡᠨ ᠪᠠᠶᠢᠨ᠎ᠠ᠃ | ᠪᠠᠽᠠᠷᠪᠠᠨᠢ ᠵᠠᠯᠠᠭᠤᠽᠠᠨᠳᠠᠨ ᠨᠠᠰᠤᠨ ᠳᠠᠭᠠᠨ ᠭᠠᠴᠠᠭᠠᠨ ᠳᠠᠭᠠᠨ ᠠᠳᠤᠭᠤ ᠮᠠᠯ ᠬᠠᠷᠢᠭᠤᠯᠤᠨ᠂ ᠡᠮᠨᠡᠭ ᠳᠤᠬᠰᠢᠨ | ᠰᠤᠷᠭᠠᠬᠤ ᠶᠢᠨ ᠬᠠᠮᠲᠤ ᠬᠦᠯᠨᠢᠴᠦᠭᠡᠨ ᠡᠮᠴᠢ ᠶᠢᠨ ᠠᠵᠢᠯ ᠢ ᠬᠢᠵᠦ᠂ ᠪᠠᠰᠠ ᠰᠢᠯᠢᠳᠡᠭ ᠡᠷᠦᠬᠡ ᠶᠢᠨ ᠴᠡᠷᠢᠭ᠂ ᠨᠡᠷᠡᠲᠦ | ᠤᠷᠠᠭᠠᠴᠢᠨ ᠤ ᠰᠠᠶᠢᠬᠠᠨ ᠠᠯᠳᠠᠷ ᠢᠭᠦ᠋ᠷᠲᠡᠵᠦ ᠪᠠᠶᠢᠯ᠎ᠠ᠃ 1975 ᠤᠨ ᠤ 10 ᠰᠠᠷ᠎ᠠ ᠳᠤ᠂ ᠰᠢᠯᠢ ᠶᠢᠨ ᠭᠤᠤᠯ | ᠠᠶᠢᠮᠠᠭ ᠤᠨ ᠪᠠᠭᠰᠢ ᠶᠢᠨ ᠰᠤᠷᠭᠠᠭᠤᠯᠢ ᠳ᠋ᠥᠡᠯᠡᠰᠡᠭᠳᠡᠵᠦ᠂ ᠬᠤᠶᠠᠷ ᠵᠢᠯ ᠰᠤᠷᠤᠯᠴᠠᠵᠦ ᠲᠡᠭᠦᠰᠦᠭᠡᠳ 19 ᠨᠠᠰᠤᠲᠠᠢ ᠳᠠᠭᠠᠨ | ᠷᠠᠰᠢᠶᠠᠨᠪᠤᠯᠠᠭ ᠪᠠᠯᠭᠠᠰᠤᠨ ︵ᠰᠤᠮᠤᠨ︶ ᠤ ᠪᠡᠨᠪᠠᠭᠠ ᠰᠤᠷᠭᠠᠭᠤᠯᠢ ᠳᠤ 20 ᠵᠢᠯ ᠪᠠᠭᠰᠢᠯᠠᠵᠦ᠂ ᠳᠠᠷᠠᠭ᠎ᠠ ᠨᠢ ᠰᠤᠮᠤᠨ ᠳᠠᠭᠠᠨ | ᠰᠢᠯᠵᠢᠵᠦ᠂ 2002 ᠤᠨ ᠳᠤ ᠠᠵᠢᠯ ᠡᠴᠡᠪᠡᠨ ᠤᠷᠢᠳᠴᠢᠯᠠᠨ ᠠᠮᠠᠷᠠᠭᠠᠳ ᠬᠦᠳᠡᠭᠡ ᠪᠠᠨ ᠪᠤᠴᠠᠵᠦ᠂ ᠮᠠᠯᠵᠢᠬᠤ | ᠦᠢᠯᠡᠳᠪᠦᠷᠢᠯᠡᠯ ᠢᠶᠠᠨ ᠡᠷᠬᠢᠯᠡᠬᠦ ᠶᠢᠨ ᠳᠠᠭᠠᠤ ᠭᠠᠷᠤᠷᠠᠯᠠᠯ ᠤᠨ ᠠᠵᠢᠯ ᠳᠠᠭᠠᠨ ᠰᠢᠮᠳᠠᠵᠠᠢ᠃ ᠲᠡᠭᠦᠨ ᠤ ᠠᠪᠤ ᠨᠠᠰᠤ ᠪᠠᠷ | ᠪᠠᠨ ᠠᠳᠤᠭᠤᠨ ᠳᠤ ᠶᠠᠪᠤᠵᠦ᠂ ᠭᠠᠴᠠᠭᠠᠨ ᠤ ᠪᠠᠨ ᠠᠳᠤᠭᠤ ᠶᠢ ᠮᠢᠩᠭ᠎ᠠ ᠶᠢᠨ ᠲᠤᠭᠠᠨ ᠳ᠋ᠥᠬᠦ᠋ᠷᠭᠡᠭᠦ ᠳᠤ ᠬᠦᠴᠦᠨ | ᠵᠢᠳᠭᠦᠯ ᠢᠶᠠᠨ ᠦᠵᠡᠭᠦᠯᠦᠭᠰᠡᠨ ᠬᠦᠮᠦᠨ ᠪᠠᠶᠢᠵᠠᠢ᠃ ᠮᠦᠨ ᠡᠨᠡ ᠨᠦᠯᠦᠭᠡ ᠪᠠᠷ ᠲᠡᠷᠡ ᠬᠠᠷᠠᠬᠠᠨ ᠪᠠᠭᠠᠡᠴᠡ ᠪᠠᠨ | ᠠᠳᠤᠭᠤ ᠮᠤᠷᠢᠨ ᠳᠤ ᠠᠷᠭ᠎ᠠ ᠦᠭᠡᠢ ᠳᠤᠷᠠᠲᠠᠢ ᠪᠠᠶᠢᠵᠦ᠂ ᠤᠨᠠᠭ᠎ᠠ ᠳᠠᠭ᠎ᠠ ᠲᠠᠢ ᠨᠤᠴᠤᠯᠳᠤᠨ᠂ ᠵᠢᠭᠠᠬᠠᠨ ᠲᠤᠮᠤᠪᠤᠯᠤᠭᠠᠳ | ᠢᠷᠡᠬᠦ ᠪᠠᠷ ᠠᠪᠤ ᠪᠠᠨ ᠳᠠᠭᠠᠵᠦ ᠠᠳᠤᠭᠤᠨ ᠳᠤ ᠶᠠᠪᠤᠵᠠᠢ᠃ ᠡᠶᠢᠨᠬᠦ ᠪᠠᠽᠠᠷᠪᠠᠨᠢ ᠭᠤᠸᠠᠢ ᠳᠤ ᠮᠤᠷᠢ ᠤᠷᠠᠭᠠᠯᠠᠨ | ᠡᠮᠨᠡᠭᠲ᠋ᠤᠬᠰᠢᠨ ᠤᠨᠤᠵᠦ᠂ ᠤᠷᠤᠯᠳᠤᠭᠠᠨ ᠮᠤᠷᠢ ᠤᠶᠠᠵᠦ ᠤᠷᠤᠯᠳᠤᠭᠤᠯᠵᠦ ᠪᠠᠶᠢᠬᠰᠡᠨ ᠦᠯᠢᠭᠡᠷ ᠵᠤᠭᠤᠭ ᠮᠤᠩ ᠦᠭᠡᠢ | ᠤᠯᠠᠨᠪᠠᠶᠢᠯᠠ᠃ ᠲᠡᠷᠡ᠄ ︽ᠮᠢᠨᠤ ᠬᠠᠷᠢᠭᠤᠯᠵᠦ ᠪᠠᠶᠢᠬᠰᠡᠨ ᠳᠦᠷᠪᠡᠨ ᠵᠠᠭᠤ ᠭᠠᠷᠤᠢ ᠠᠳᠤᠭᠤᠨ ᠳᠤ ᠦᠨᠳᠦᠷ ᠪᠤᠷᠤ᠂ | ᠤᠷᠭ᠎ᠠ ᠶᠢᠨ ᠪᠤᠷᠤ᠂ ᠵᠢᠭᠠᠬᠠᠨ ᠤᠯᠠᠭᠠᠨ ᠪᠤᠷᠤ ᠮᠤᠷᠢ ᠭᠡᠳ ᠬᠡᠳᠦᠨ ᠰᠠᠶᠢᠨ ᠪᠤᠷᠤ ᠮᠤᠷᠢ ᠪᠠᠶᠢᠬᠰᠡᠨ᠂ ᠳᠠᠯᠠᠭᠠᠳ ᠤᠨ ᠤ | ᠡᠬᠢᠨ ᠳ᠋ᠥᠮᠠᠨᠠᠶᠢᠬᠢᠨ ᠤ ᠠᠳᠤᠭᠤ ᠠᠷᠪᠢᠨ᠂ ᠮᠠᠨ ᠤ ᠰᠤᠮᠤᠨ ᠤ ᠵᠠᠷᠢᠮ ᠭᠠᠴᠠᠭᠠᠨ ᠤ ᠠᠳᠤᠭᠤ ᠪᠦᠷ ᠭᠤᠷᠪᠠᠨ ᠮᠢᠩᠭ᠎ᠠ | ᠬᠦᠷᠴᠦ ᠪᠠᠶᠢᠪᠠ᠂ ᠬᠠᠪᠤᠷ ᠤᠨ ᠭᠤᠷᠪᠠᠨ ᠰᠠᠷ᠎ᠠ ᠪᠤᠯᠤᠬᠰᠠᠭᠠᠷ ᠯᠠ ᠠᠳᠤᠭᠤ ᠳᠡᠯᠯᠡᠨᠡ ᠭᠡᠳ ᠠᠵᠦ ᠪᠤᠯᠤᠨ᠎ᠠ ᠰᠢᠤ᠃ | ᠤᠷᠭ᠎ᠠ ᠶᠢᠨ ᠮᠤᠷᠢ ᠪᠠᠨ ᠤᠨᠤᠵᠦ ᠬᠦᠩᠭᠡᠷᠡᠭᠦᠯᠦᠭᠡᠳ ᠭᠠᠴᠠᠭᠠᠨ ᠳᠠᠭᠠᠨ ᠮᠤᠷᠢ ᠤᠷᠠᠭᠠᠯᠠᠨᠠ᠂ ᠦᠭᠡᠷ᠎ᠠ ᠭᠠᠴᠠᠭᠠᠨ ᠳᠤ | ᠤᠴᠢᠵᠦ ᠮᠤᠷᠢ ᠤᠷᠠᠭᠠᠯᠠᠵᠦ᠂ ᠡᠮᠨᠡᠭ ᠰᠤᠷᠭᠠᠵᠦ ᠦᠭᠭᠦᠨ᠎ᠡ᠃ ᠮᠢᠨᠤ ᠨᠢᠭᠡ ᠤᠷᠭ᠎ᠠ ᠶᠢᠨ ᠪᠤᠷᠤ ᠮᠤᠷᠢ ᠪᠤᠯ ᠰᠢᠷᠦᠭᠦᠨ᠂ | ᠪᠠᠷᠤᠭ ᠤᠨ ᠮᠤᠷᠢᠨ ᠤ ᠡᠮᠦᠨ᠎ᠡ ᠡᠴᠡᠠᠯᠳᠠᠯ ᠦᠭᠡᠢ ᠤᠷᠠᠭᠠᠯᠠᠵᠦ ᠠᠪᠤᠭᠠᠳ ᠰᠠᠭᠤᠯᠭᠠᠳᠠᠭ᠂ ᠬᠠᠪᠢ ᠳᠦᠰᠦᠷ ᠲᠡᠭᠡᠨ ᠨᠡᠷ᠎ᠡ | ᠭᠠᠷᠴᠦ ᠪᠠᠶᠢᠬᠰᠡᠨ᠃ ᠠᠪᠠᠭ᠎ᠠ ᠬᠤᠰᠢᠭᠤᠨ ᠤ ᠨᠢᠭᠡ ᠲᠤᠮᠤᠭᠠᠲᠠᠨ ᠰᠡᠭᠦᠯ ᠳᠤᠨᠢ ᠲᠡᠷᠡ ᠪᠤᠷᠤ ᠮᠤᠷᠢ ᠲᠠᠢ ᠤᠷᠠᠭᠠᠴᠢᠨ | ᠵᠠᠯᠠᠭᠤ ᠬᠠᠮᠢᠭ᠎ᠠ ᠪᠠᠶᠢᠨ᠎ᠠ ᠪᠤᠢ︖ ᠭᠡᠵᠦᠰᠤᠷᠠᠬᠯᠠᠵᠦ ᠪᠠᠶᠢᠯ᠎ᠠ ᠭᠡᠳᠡᠭ᠃ ᠮᠢᠨᠤ ᠲᠡᠷᠡ ᠪᠤᠷᠤ ᠮᠤᠷᠢ ᠦᠵᠦᠮᠦᠴᠢᠨ | ᠰᠢᠷᠭᠤᠭ᠎ᠠ ᠬᠢᠨ᠎ᠡ ᠤᠤ᠂ ᠬᠤᠰᠢᠭᠤ ᠡᠯᠭᠦᠭᠡ ᠠᠪᠤᠨᠠᠣᠣ ᠪᠦᠷ ᠪᠤᠯᠤᠨ᠎ᠠ︾ ᠭᠡᠵᠦ ᠤᠷᠭ᠎ᠠ ᠶᠢᠨ ᠪᠤᠷᠤ ᠮᠤᠷᠢᠨ ᠤ ᠪᠠᠨ | ᠳᠤᠬᠠᠢ ᠤᠷᠠᠮᠲᠠᠢ ᠶᠠᠷᠢᠯ᠎ᠠ᠃ ᠪᠠᠽᠠᠷᠪᠠᠨᠢ ᠠᠪᠤ ᠶᠢᠨ ᠢᠶᠠᠨ ᠠᠳᠤᠭᠤ ᠮᠠᠯᠵᠢᠬᠰᠡᠨ ᠡᠷᠳᠡᠮ ᠢ ᠦᠪᠯᠡᠵᠦ᠂ ᠬᠤᠷᠳᠤᠨ ᠮᠤᠷᠢ | ᠰᠠᠶᠢᠨ ᠲᠠᠨᠢᠨ᠎ᠠ᠂ ᠶᠠᠮᠠᠷᠤᠳᠤᠮ ᠤᠨ᠂ ᠶᠠᠮᠠᠷ ᠰᠢᠨᠵᠢ ᠲᠡᠮᠳᠡᠭ ᠲᠠᠢ ᠮᠤᠷᠢ ᠰᠠᠶᠢᠨ ᠭᠦᠶᠦᠬᠦ ᠶᠢ ᠠᠨᠳᠤᠬᠤ ᠦᠭᠡᠢ ᠮᠡᠳᠡᠨ᠎ᠡ᠃ | ᠲᠡᠭᠦᠨ ᠤ ᠤᠶᠠᠬᠰᠡᠨᠮᠤᠷᠢ ᠳᠡᠭᠡᠷ᠎ᠡ ᠵᠠᠭᠤᠨ ᠤ ᠶᠡᠷᠡᠭᠡᠳ ᠤᠨ ᠠᠴᠠ ᠠᠷᠪᠠᠭᠠᠳ ᠵᠢᠯ ᠰᠠᠶᠢᠨ ᠳᠠᠪᠬᠢᠵᠦ ᠪᠠᠶᠢᠵᠠᠢ᠃ | ᠬᠠᠯᠲᠠᠷ ᠬᠡᠭᠡᠷ᠂ ᠬᠦᠷᠡᠩᠮᠤᠷᠢ᠂ ᠬᠡᠭᠡᠷ ᠮᠤᠷᠢ᠂ ᠬᠠᠯᠵᠠᠨ ᠬᠡᠭᠡᠷ ᠵᠡᠷᠭᠡ ᠬᠤᠷᠳᠤᠨ ᠬᠦᠯᠦᠭ ᠤᠳ ᠨᠢ ᠰᠢᠯᠢ ᠶᠢᠨ ᠬᠤᠲᠠ᠂ | ᠠᠪᠠᠭ᠎ᠠ ᠬᠤᠰᠢᠭᠤ᠂ ᠵᠡᠭᠦᠨᠦᠵᠦᠮᠦᠴᠢᠨ ᠬᠤᠰᠢᠭᠤ ᠵᠡᠷᠭᠡ ᠭᠠᠵᠠᠷ ᠤᠨ ᠨᠠᠶᠢᠷ ᠨᠠᠭᠠᠳᠤᠮ ᠢᠶᠠᠷ ᠤᠯᠠᠨ ᠤᠳᠠᠭ᠎ᠠ ᠲᠡᠷᠢᠭᠦᠨ᠂ | ᠳᠡᠳ᠋ ᠪᠤᠶᠤ ᠠᠶᠢᠷᠠᠭ ᠤᠨ ᠲᠠᠪᠤᠡᠴᠡ ᠤᠷᠢᠳᠠᠭᠤᠷ ᠬᠤᠷᠳᠤᠯᠠᠨ᠂ ᠬᠤᠯᠠ ᠤᠶᠢᠷ᠎ᠠ ᠳᠠᠭᠠᠨ ᠱᠠᠬᠰᠢᠬᠳᠠᠵᠦ᠂ ᠨᠡᠷᠡᠲᠦ | ᠤᠶᠠᠭᠠᠴᠢ ᠶᠢᠨ ᠠᠯᠳᠠᠷ ᠢ ᠬᠦᠷᠲᠡᠵᠦᠪᠠᠶᠢᠵᠠᠢ᠃ ᠡᠳᠡᠨ ᠤ ᠶᠡᠷᠦᠨᠢ ᠭᠡᠷ ᠢᠶᠠᠷ ᠢᠶᠠᠨ ᠠᠳᠤᠭᠤ ᠮᠤᠷᠢᠨ ᠳᠤ ᠪᠠᠭ᠋ᠠᠲᠠᠢ᠂ ᠰᠠᠶᠢᠨ | ᠤᠨᠤᠵᠦ ᠡᠳᠡᠯᠳᠡᠭ ᠤᠯᠤᠰ᠃ ᠲᠡᠭᠦᠨ ᠦᠭᠡᠷᠭᠡᠢ ᠰᠤᠶᠤᠯᠴᠡᠴᠡᠭ᠂ ᠬᠤᠶᠠᠷ ᠦᠬᠢᠨ᠂ ᠬᠦᠦ ᠨᠢ ᠪᠦᠷ ᠤᠷᠤᠯᠳᠤᠭᠠᠨ ᠮᠤᠷᠢ | ᠰᠠᠶᠢᠨ ᠤᠨᠤᠳᠠᠭ᠃ ᠤᠷᠤᠯᠳᠤᠭᠠᠨ ᠮᠤᠷᠢᠨ ᠤᠪᠡᠨ ᠳᠤᠬᠠᠢ ᠲᠡᠷᠡ᠄ ︽ᠰᠤᠶᠤᠯᠴᠡᠴᠡᠭ ᠮᠢᠨᠤ ᠬᠠᠯᠲᠠᠷ ᠬᠡᠭᠡᠷ ᠢ ᠤᠨᠤᠭᠠᠳ | ᠠᠪᠠᠭ᠎ᠠ ᠬᠤᠰᠢᠭᠤᠨ ᠤ ᠨᠢᠭᠡ ᠭᠠᠴᠠᠭᠠᠨ ᠤᠨᠠᠶᠢᠷ ᠲᠤ ᠮᠠᠩᠯᠠᠶᠢᠯᠠᠵᠦ ᠪᠠᠶᠢᠬᠰᠡᠨ᠃ ᠮᠢᠨᠤ ᠪᠠᠭ᠎ᠠ ᠦᠬᠢᠨ ᠤᠶᠠᠩᠭ᠎ᠠ ᠪᠠᠰᠠ | ᠳᠤᠯᠤᠭᠠᠨ ᠨᠠᠰᠤᠨ ᠠᠴᠠ ᠪᠠᠨ ᠮᠤᠷᠢ ᠤᠨᠤᠵᠦ᠂ ᠭᠦᠲᠦᠯᠦᠭᠡᠳ ᠶᠠᠪᠤᠬᠤ ᠳᠤ ︿ᠬᠠᠮᠢᠶ᠎ᠠ ᠦᠭᠡᠢ ᠲᠠᠯᠪᠢᠴᠢᠬ᠎ᠠ﹀ ᠭᠡᠳ | ᠪᠦᠷ ᠠᠶᠤᠳᠠᠭ ᠦᠭᠡᠢ᠂ ᠡᠬᠢᠯᠡᠭᠡᠳᠤᠷᠤᠯᠳᠤᠬᠤ ᠳᠠᠭᠠᠨ ᠠᠶᠢᠷᠠᠭ ᠤᠨ ᠳᠦᠷᠪᠡ ᠳᠤ ᠢᠷᠡᠵᠦ ᠪᠠᠶᠢᠪᠠ᠂ ᠰᠠᠶ᠋ᠢ ᠤᠨᠤᠵᠦ | ᠪᠠᠶᠢᠬᠤ ᠪᠤᠯᠬᠤᠷ ᠮᠤᠷᠢᠨ ᠤ ᠪᠠᠨ ᠠᠮᠠᠭᠠᠢᠵᠢᠯᠤᠭᠤ ᠶᠢ ᠰᠠᠶᠢᠨ ᠵᠠᠯᠠᠵᠦ ᠴᠢᠳᠠᠬᠤ ᠦᠭᠡᠢ᠃ ᠰᠡᠭᠦᠯ ᠳᠡᠭᠡᠨ ᠴᠢᠩᠭᠠᠷᠴᠢᠬᠰᠡᠨ᠂ | ᠬᠦᠷᠡᠩ ᠮᠤᠷᠢ ᠪᠠᠨ ᠤᠨᠤᠯᠠ ᠯᠠᠲ᠋ᠡᠷᠢᠭᠦᠯᠡᠨᠡ᠂ ᠰᠤᠮᠤᠨ ᠤ ᠰᠤᠷᠭᠠᠭᠤᠯᠢ ᠶᠢᠨ ᠨᠠᠶᠢᠷ ᠲᠤ ᠵᠠᠭᠤ ᠭᠤᠴᠢᠭᠠᠳ ᠮᠤᠷᠢᠳ ᠤᠨ | ᠳᠤᠮᠳᠠ ᠠᠴᠠ ᠰᠤᠭᠤᠷᠠᠭᠠᠳ ᠭᠠᠷᠴᠦᠪᠠᠶᠢᠯᠠ᠃ 213 ᠬᠡᠯᠪᠡᠷᠢ ᠶᠢᠨ ᠮᠠᠰᠢᠨ ᠲᠡᠷᠭᠡ ᠳᠠᠭᠠᠭᠠᠳ ᠭᠦᠢᠴᠡᠬᠦ ᠦᠭᠡᠢ | ᠪᠠᠶᠢᠬᠰᠡᠨ ᠳ᠋ᠠ᠂ ᠭᠤᠴᠢ ᠳᠦᠴᠢᠨᠭᠠᠵᠠᠷ ᠲᠠᠭᠠᠨ ᠪᠤᠯ ᠳᠠᠰᠤᠷᠠᠭᠠᠳ ᠭᠠᠷᠤᠨ᠎ᠠ᠂ ᠰᠢᠷᠦᠭᠦᠨ ︵ᠬᠤᠷᠳᠤᠨ︶ ᠪᠤᠯᠬᠤᠷ ᠬᠤᠯᠠ | ᠭᠠᠵᠠᠷ ᠳᠤᠰᠠ ᠦᠭᠡᠢ᠃ ᠪᠢ ᠤᠳᠤᠴᠦ ᠮᠤᠷᠢ ᠤᠶᠠᠵᠦ ᠰᠤᠷᠢᠵᠦ ᠪᠠᠶᠢᠨ᠎ᠠ᠂ ᠭᠠᠭᠴᠠ ᠤᠨᠤᠬᠤ ᠬᠦᠮᠦᠨ ᠦᠭᠡᠢ ᠠᠭᠤᠷ | ᠬᠦᠳᠡᠯᠦᠮᠡᠷ ᠶᠤᠮ᠃ ᠮᠢᠨᠤ ᠨᠠᠢᠮᠠᠨᠨᠠᠰᠤᠲᠠᠢ ᠨᠤᠲᠤᠭ ᠤᠨ ᠡᠭᠦᠯᠳᠡᠷ ᠤᠨ ᠬᠦᠷᠡᠩ ᠮᠤᠷᠢ ᠡᠪᠲᠡᠢ ᠤᠨᠤᠬᠤ ᠬᠦᠮᠦᠨ | ᠲᠠᠭᠠᠷᠠᠪᠠᠯ ᠪᠠᠰᠠ ᠯᠠ ᠳᠡᠭᠡᠷ᠎ᠡ ᠢᠷᠡᠨ᠎ᠡ᠂ ᠤᠴᠢᠷ ᠦᠭᠡᠢ ᠠᠯᠲᠠ ᠠᠪᠬᠤ ᠦᠭᠡᠢ ᠳᠤ ᠮᠦᠩᠭᠦ ᠶᠤᠮ ᠤᠤ᠂ ᠠᠶᠢᠷᠠᠭ ᠤᠨ | ᠲᠠᠪᠤ ᠠᠴᠠ ᠯᠠ ᠪᠠᠭᠤᠬᠤ ᠦᠭᠡᠢ ᠳ᠋ᠠ︾ ᠭᠡᠵᠦᠪᠠᠭ᠋ᠠᠳᠤᠨ ᠶᠠᠷᠢᠨ᠎ᠠ᠃ ᠪᠠᠽᠠᠷᠪᠠᠨᠢ 15 ᠨᠠᠰᠤᠲᠠᠢ ᠠᠴᠠ ᠪᠠᠨ ᠡᠷᠦᠬᠡ ᠶᠢᠨ | ᠴᠡᠷᠢᠭ ᠲᠤ ᠤᠷᠤᠵᠦ᠂ ᠬᠠᠲᠠᠭᠤᠵᠢᠯᠲᠠᠢ ᠪᠤᠯᠪᠠᠰᠤᠷᠠᠯ ᠢᠶᠠᠷ ᠳᠠᠮᠵᠢᠭᠠᠳ ᠭᠠᠷᠨᠠᠳᠠ ᠰᠢᠳᠡᠬᠦ ᠳᠡᠭᠡᠨ ᠤᠨᠴᠠ ᠰᠠᠶᠢᠨ | ᠬᠢᠷᠢᠪᠦ᠋ᠲᠦᠮᠵᠢ ᠤᠯᠵᠦ᠂ ᠮᠤᠷᠢᠨ ᠳᠡᠭᠡᠷᠡᠬᠢ ᠬᠠᠷᠪᠤᠭ᠎ᠠ᠂ ᠶᠠᠪᠠᠭᠠᠨ ᠬᠠᠷᠪᠤᠭ᠎ᠠ᠂ ᠬᠡᠪᠲᠡᠭᠡ ᠬᠠᠷᠪᠤᠭ᠎ᠠ ᠳᠤ ᠴᠠᠭᠠᠷᠠᠵᠦ᠂ | ᠭᠠᠴᠠᠭᠠᠨ ᠳᠠᠭᠠᠨ ᠲᠡᠷᠢᠭᠦᠯᠡᠭᠡᠳ ᠰᠢᠯᠢᠳᠡᠭ ᠬᠠᠷᠪᠤᠭᠠᠴᠢᠨ ᠤ ᠴᠤᠯᠠ ᠭᠦᠷᠲᠡᠵᠦ ᠪᠠᠶᠢᠪᠠ᠃ ᠡᠨᠡ ᠬᠤᠭᠤᠷᠤᠨᠳᠦ ᠲᠡᠷᠡ | ᠪᠠᠰᠠᠨᠤᠲᠤᠭ ᠤᠨ ᠡᠮᠴᠢ ᠠᠴᠠ ᠡᠮᠨᠡᠯᠭᠡ ᠶᠢᠨ ᠮᠡᠷᠭᠡᠵᠢᠯ ᠰᠤᠷᠴᠤ᠂ ᠪᠤᠯᠪᠠᠰᠤᠷᠠᠯ ᠰᠤᠷᠤᠯᠭ᠎ᠠ ᠳᠤ ᠤᠷᠤᠯᠴᠠᠬᠤ ᠪᠠᠷ | ᠳᠠᠮᠵᠢᠭᠠᠳ ᠬᠦᠯᠨᠢᠴᠦᠭᠡᠨ ᠡᠮᠴᠢ ᠶᠢᠨ ᠠᠵᠢᠯ ᠢ ᠬᠢᠵᠡᠢ᠃ ᠡᠨᠡ ᠳᠤᠬᠠᠢ ᠪᠠᠨ ᠲᠡᠷᠡ᠄ ︽ᠮᠠᠨ ᠤ ᠠᠳᠠ ᠳᠠᠬᠠᠪᠠ ᠮᠠᠮᠠ | ᠭᠡᠵᠦ ᠮᠤᠩᠭᠤᠯ ᠡᠮᠪᠠᠷᠢᠳᠠᠭ ᠨᠡᠷᠡᠲᠡᠢ ᠨᠤᠲᠤᠭ ᠤᠨ ᠡᠮᠴᠢ ᠪᠠᠶᠢᠬᠰᠡᠨ᠂ ᠦᠨᠡᠨᠴᠢ ᠡᠮᠴᠢ ᠡᠸᠦ᠋ᠷᠦᠫᠡ ᠡᠮ ᠪᠠᠷᠢᠳᠠᠭ᠂ | ᠲᠡᠷᠡ ᠬᠤᠶᠠᠷ ᠡᠴᠡᠡᠮᠨᠡᠯᠭᠡ ᠶᠢᠨ ᠮᠡᠷᠭᠡᠵᠢᠯ ᠰᠤᠷᠤᠯ᠎ᠠ᠂ ᠰᠤᠮᠤᠨ ᠳᠡᠭᠡᠷ᠎ᠡ ᠪᠠᠰᠠ ᠪᠤᠯᠪᠠᠰᠤᠷᠠᠯ ᠳᠤ ᠤᠷᠤᠯᠴᠠᠳᠠᠭ᠂ | ᠢᠩᠭᠢᠭᠡᠳ ᠡᠮ ᠡᠮᠨᠡᠯᠭᠡ ᠵᠢᠨᠮᠡᠷᠭᠡᠵᠢᠯ ᠢ ᠤᠪᠤᠭ᠎ᠠ ᠡᠵᠡᠮᠰᠢᠭᠰᠡᠨ ᠶᠤᠮ᠃ ᠳᠤᠬᠠᠢ ᠶᠢᠨ ᠦᠶ᠎ᠡ ᠳᠤ ᠮᠠᠨ ᠤ ᠭᠠᠴᠠᠭᠠᠨ ᠤ | ᠬᠠᠰᠴᠡᠴᠡᠭ ᠤᠨ ᠦᠬᠢᠨᠡᠪᠡᠳᠦᠭᠡᠳ ᠪᠤᠰᠴᠦ ᠴᠢᠳᠠᠬᠤ ᠦᠭᠡᠢ ᠪᠤᠯᠤᠬᠰᠡᠨ ᠢ ᠪᠤᠰᠬᠠᠯ᠎ᠠ᠂ ᠪᠠᠰᠠ ᠨᠢᠭᠡ ᠬᠡᠤᠬᠡᠳ | ᠡᠪᠡᠳᠴᠢᠯᠡᠭᠡᠳ ᠶᠡᠭᠡ ᠰᠠᠨᠳᠤᠷᠭᠠᠵᠦᠪᠠᠶᠢᠬᠰᠡᠨ ᠢ ᠲᠡᠩᠭᠡᠷᠡᠭᠦᠯᠵᠦ ᠠᠪᠤᠬᠰᠡᠨ᠃ ᠠᠪᠤ ᠨᠢ ᠨᠠᠳᠠ ᠶᠡᠭᠡ ᠲᠠᠯᠠᠷᠬᠠᠳᠠᠭ᠂ ︿ | ᠮᠢᠨᠤ ᠳᠡᠭᠦᠦ ᠶᠢᠨ ᠰᠠᠶᠢᠨ ᠢᠶᠠᠷ ᠬᠦᠦ ᠮᠢᠨᠢᠬᠦ᠋ᠮᠦᠨ ᠪᠤᠯᠤᠬᠰᠡᠨ ᠳ᠋ᠠ﹀ ᠭᠡᠵᠦ ᠪᠠᠶᠢᠩᠭᠤ ᠶᠠᠷᠢᠳᠠᠭ︾ ᠭᠡᠵᠦ ᠳᠤᠬᠠᠢ ᠶᠢᠨ | ᠦᠶ᠎ᠠ ᠶᠢᠨ ᠪᠠᠶᠢᠳᠠᠯ ᠢᠶᠠᠨ ᠳᠤᠷᠠᠰᠤᠨ ᠶᠠᠷᠢᠯ᠎ᠠ᠃ ᠪᠠᠽᠠᠷᠪᠠᠨᠢ ᠭᠤᠸᠠᠢ ᠭᠡᠵᠦ ᠵᠠᠯᠠᠭᠤ ᠪᠠᠭ᠎ᠠ ᠠᠴᠠ ᠪᠠᠨ ᠢᠩᠭᠢᠵᠦ ᠯᠠ | ᠶᠠᠭᠤ ᠬᠢᠭᠰᠡᠨ ᠴᠦ ᠴᠢᠷᠮᠠᠶᠢᠵᠦ ᠪᠠᠶᠢᠭᠠᠳ ᠨᠢᠭᠡ ᠵᠦᠭᠭᠠᠷᠭᠠᠳᠠᠭ ᠵᠤᠷᠢᠭ ᠲᠠᠢ ᠬᠦᠮᠦᠨ ᠳ᠋ᠠ᠃ ᠪᠠᠽᠠᠷᠪᠠᠨᠢ ᠶᠢᠨ ᠠᠪᠠᠭ᠎ᠠ | ᠠᠪᠤ ᠨᠢ ᠠᠪᠠᠭ᠋ᠠᠨᠠᠷ ᠨᠤᠲᠤᠭ ᠲᠠᠭᠠᠨ ᠨᠡᠷᠡᠲᠡᠢ ᠤᠷᠠᠨ ᠳᠠᠷᠬᠠᠨ ᠬᠦᠮᠦᠨ ᠪᠠᠶᠢᠵᠠᠢ᠃ ᠮᠤᠩᠭᠤᠯ ᠤᠯᠤᠰ ᠲᠤ ᠬᠦᠷᠴᠦ ᠨᠠᠢᠮᠠᠨ | ᠵᠢᠯ ᠰᠠᠭᠤᠵᠦ ᠭᠠᠷ ᠤᠷᠠᠯᠠᠯ ᠰᠤᠷᠴᠤ ᠢᠷᠡᠭᠰᠡᠨ ᠢᠶᠠᠷ ᠢᠶᠠᠨ ︽ᠬᠠᠯᠠᠬ᠎ᠠ ᠰᠠᠮᠳᠠᠨ︾ ᠭᠡᠵᠦ ᠨᠡᠷᠡᠰᠢᠵᠡᠢ᠃ ᠠᠵᠢᠬᠴᠢ | ᠬᠢᠷᠬᠠᠢ᠂ ᠠᠪᠬᠠᠯᠵᠢ ᠰᠡᠷᠭᠦᠯᠡᠩ ᠲᠡᠷᠡᠪᠡᠷ ᠠᠪᠠᠭ᠎ᠠ ᠠᠪᠤ ᠶᠢᠨ ᠢᠶᠠᠨ ᠨᠦᠯᠦᠭᠡ ᠪᠠᠷ ᠪᠠᠭ᠎ᠠ ᠡᠴᠡᠪᠡᠨ ᠭᠠᠷ ᠤᠷᠠᠯᠠᠯ ᠳᠤ | ᠳᠤᠷ᠎ᠠ ᠪᠠᠭ᠋ᠠᠲᠠᠢ ᠪᠤᠯᠵᠦ ᠤᠷᠤᠯᠳᠤᠵᠦ ᠪᠠᠶᠢᠪᠠ᠃ ᠤᠳᠤ ᠲᠡᠷᠡ ᠢᠰᠡᠭᠡᠢ᠂ ᠬᠢᠯᠭᠠᠰᠦ᠂ ᠠᠷᠠᠰᠤ᠂ ᠰᠤᠷ᠂ ᠮᠤᠳᠤᠨ | ᠤᠷᠠᠯᠠᠯ ᠢ ᠪᠦᠷ ᠬᠢᠳᠡᠭ ᠬᠠᠪᠢ ᠳᠦᠰᠦᠷ ᠲᠡᠭᠡᠨ ᠨᠡᠷᠡᠲᠡᠢ ᠭᠠᠷ ᠤᠷᠠᠯᠢᠬᠴᠢᠨ ᠪᠤᠯᠵᠠᠢ᠃ ᠮᠤᠩᠭᠤᠯ ᠭᠡᠷ ᠤᠨ ᠪᠦᠷᠢᠶᠡᠰᠦ | ᠡᠰᠭᠡᠵᠦ᠂ ᠰᠢᠨ᠎ᠡ ᠭᠡᠷ ᠤᠶᠤᠬᠤ᠂ ᠬᠠᠨ᠎ᠠ ᠦᠳᠡᠬᠦ᠂ ᠰᠢᠨ᠎ᠡ ᠭᠡᠷ ᠳᠤᠬᠢᠷᠠᠭᠤᠯᠵᠦᠪᠠᠷᠢᠬᠤ ᠵᠡᠷᠭᠡ ᠠᠵᠢᠯ ᠢ ᠪᠦᠷ ᠰᠠᠶᠢᠨ | ᠬᠢᠳᠡᠭ᠃ ᠲᠡᠭᠦᠨ ᠤ ᠳᠦᠪᠬᠢᠨᠡᠭᠦᠯᠦᠭᠰᠡᠨ ᠮᠤᠩᠭᠤᠯ ᠭᠡᠷ ᠤᠳᠤ ᠰᠢᠯᠢ ᠶᠢᠨ ᠬᠤᠲᠠ ᠵᠢᠨᠦᠵᠡᠰᠭᠦᠯᠡᠩ ᠤᠨ ᠤᠷᠳᠤᠨ ᠳᠤ | ᠳᠡᠯᠭᠡᠭᠳᠡᠵᠦ ᠪᠠᠶᠢᠨ᠎ᠠ᠃ ᠡᠭᠦᠨ ᠠᠴᠠ ᠭᠠᠳᠠᠨ᠎ᠠ᠂ ᠨᠤᠬᠲᠦ ᠬᠠᠵᠠᠭᠠᠷ ᠬᠢᠵᠦ᠂ ᠴᠢᠳᠦᠷᠵᠠᠩᠭᠢᠳᠬᠤ᠂ ᠤᠷᠭ᠎ᠠ ᠳᠠᠰᠢᠭᠤᠷ | ᠬᠢᠬᠦ᠂ ᠡᠮᠡᠭᠡᠯ ᠳᠦᠬᠦᠭᠡᠷᠡᠬᠦ ᠵᠡᠷᠭᠡ ᠪᠠᠷ ᠠᠳᠤᠭᠤ ᠮᠤᠷᠢᠨ ᠤ ᠡᠳ᠋ᠯᠡᠯ ᠬᠡᠷᠡᠭᠰᠡᠯ ᠢ ᠰᠠᠶᠢᠨ ᠬᠢᠳᠡᠭᠪᠦ᠋ᠭᠡᠳ ᠠᠷᠤᠭ ᠱᠡᠵᠡᠭᠡᠢ | ᠪᠤᠭᠤᠬᠤ᠂ ᠰᠠᠪᠠᠷ ᠬᠢᠬᠦ ᠵᠡᠷᠭᠡ ᠮᠤᠳᠤᠨ ᠡᠳ᠋ᠯᠡᠯ ᠤᠨ ᠠᠵᠢᠯ᠂ ᠢᠰᠡᠭᠡᠢ ᠤᠷᠠᠯᠠᠵᠦ᠂ ᠳᠡᠭᠡᠰᠦ ᠬᠢᠯᠭᠠᠰᠤᠲ᠋ᠠᠮᠤᠬᠤ ᠵᠡᠷᠭᠡ | ᠢᠰᠡᠭᠡᠢ ᠬᠢᠯᠭᠠᠰᠤᠨ ᠤ ᠭᠠᠷ ᠤᠷᠠᠯᠠᠯ ᠤᠨ ᠠᠵᠢᠯ ᠢ ᠴᠦ ᠰᠠᠶᠢᠨ ᠬᠢᠵᠦ᠂ ᠭᠡᠷᠭᠡᠢ ᠰᠤᠶᠤᠯᠴᠡᠴᠡᠭ ᠨᠢ ᠪᠠᠰᠠᠲ᠋ᠡᠭᠡᠰᠦ᠂ | ᠬᠢᠯᠠᠭᠠᠰᠤ᠂ ᠢᠰᠡᠭᠡᠢ ᠤᠷᠠᠯᠠᠯ ᠳᠠᠭᠠᠨ ᠰᠠᠶᠢᠨ ᠪᠤᠯᠬᠤᠷ ᠬᠤᠶᠠᠭᠤᠯᠠ ᠰᠢᠯᠢ ᠶᠢᠨ ᠬᠤᠲᠠ᠂ ᠪᠠᠷᠠᠭᠤᠨ | ᠦᠵᠦᠮᠦᠴᠢᠨᠬᠤᠰᠢᠭᠤ ᠪᠠ ᠠᠪᠠᠭ᠎ᠠ ᠬᠤᠰᠢᠭᠤᠨ ᠳᠤ ᠪᠤᠯᠤᠬᠰᠡᠨ ᠳᠡᠭᠡᠰᠦ ᠬᠢᠯᠭᠠᠰᠦ ᠲᠠᠮᠤᠬᠤ᠂ ᠢᠰᠡᠭᠡᠢ ᠨᠤᠤᠰᠦ | ᠤᠷᠠᠯᠠᠬᠤ ᠵᠡᠷᠭᠡᠤᠷᠤᠯᠳᠤᠭᠠᠨ᠂ ᠳᠡᠯᠭᠡᠨ ᠦᠵᠡᠭᠦᠯᠦᠭᠡ ᠶᠢᠨ ᠠᠵᠢᠯᠯᠠᠭ᠎ᠠ ᠳᠤ ᠪᠠᠶᠢᠩᠭᠤ ᠤᠷᠤᠯᠴᠠᠵᠦ᠂ ᠲᠡᠷᠢᠭᠦᠨ᠂ ᠳᠡᠳ᠋᠂ | ᠭᠤᠳᠠᠭᠠᠷ ᠳᠡᠰ ᠦᠨᠱᠠᠩᠨᠠᠯ ᠬᠦᠬᠢᠭᠦᠯᠦᠯ ᠤᠯᠵᠦ ᠯᠠ ᠪᠠᠶᠢᠵᠠᠢ᠃ ᠲᠡᠷᠡ᠄ ︽ᠬᠠᠪᠢ ᠳᠦᠰᠦᠷ ᠤᠨ ᠬᠢᠨ ᠮᠤᠩᠭᠤᠯ | ᠭᠡᠷ ᠤᠨ ᠪᠦᠷᠢᠶᠡᠰᠦ ᠡᠰᠭᠡᠵᠦ᠂ ᠰᠢᠨ᠎ᠡ ᠭᠡᠷ ᠳᠤᠬᠢᠷᠠᠭᠤᠯᠬᠤ ᠳᠤ ᠪᠦᠷ ᠨᠠᠮᠠᠶᠢ ᠡᠷᠢᠨ᠎ᠡ᠃ ᠰᠢᠨ᠎ᠡ ᠭᠡᠷ ᠪᠠᠷᠢᠵᠦ ᠬᠠᠭᠤᠴᠢᠨ | ᠭᠡᠷ ᠵᠠᠰᠠᠬᠤ᠂ ᠬᠠᠨ᠎ᠠ ᠦᠳᠡᠬᠦ ᠭᠡᠳᠯᠠ ᠤᠶᠢᠷ᠎ᠠ ᠬᠠᠪᠢ ᠶᠢᠨ ᠵᠤᠭᠠᠴᠠᠯ ᠤᠨ ᠭᠠᠵᠠᠷ ᠤᠨ ᠭᠡᠷ ᠢ ᠤᠯᠠᠨ ᠵᠠᠰᠠᠬᠠᠰᠡᠨ᠃ ᠪᠢ | ᠠᠯᠢ ᠡᠷᠲᠡ 1987 ᠤᠨ ᠳ᠋ᠥᠮᠤᠩᠭᠤᠯ ᠭᠡᠷ ᠤᠨ ᠦᠨᠳᠦᠷ ᠬᠦᠯ ᠲᠠᠢ ᠤᠷᠤ ︵ᠴᠤᠸᠠᠩ︶ ᠬᠢᠭᠰᠡᠨ᠂ ᠤᠤᠯ ᠨᠢ ᠵᠦᠭᠡᠷ | ᠨᠢᠭᠡ ᠪᠠᠨᠵᠠ ᠲᠠᠯᠪᠢᠭᠠᠳ ᠢᠰᠡᠭᠡᠢᠪᠡᠨ ᠳᠡᠪᠢᠰᠦᠳᠡᠭ᠂ ᠲᠡᠷᠡ ᠨᠢ ᠪᠤᠷᠤᠭᠠᠨ ᠬᠤᠷ᠎ᠠ ᠲᠠᠢ ᠵᠢᠯ ᠳᠤ ᠤᠰᠤᠨ ᠳᠤ ᠠᠪᠲᠠᠵᠦ᠂ | ᠬᠦᠨᠵᠢᠯᠡ ᠳᠡᠪᠢᠭᠰᠡᠭᠡᠷ ᠨᠤᠷᠠᠵᠦ ᠵᠤᠨᠢᠷᠤᠭᠤ ᠵᠢᠩᠭᠢᠨᠡᠨ᠎ᠡ︾ ᠭᠡᠵᠦ ᠳᠤᠷᠰᠢᠯᠭ᠎ᠠ ᠪᠠᠨ ᠶᠠᠷᠢᠯ᠎ᠠ᠃ ᠪᠠᠽᠠᠷᠪᠠᠨᠢ ᠡᠮᠡᠭᠡᠯ ᠢ | ᠭᠠᠵᠠᠷ ᠭᠠᠵᠠᠷ ᠤᠨ ᠤᠨᠴᠠᠯᠢᠭ ᠰᠢᠨᠵᠢ ᠶᠢ ᠨᠢᠭᠠᠷᠭᠠᠵᠦ ᠰᠠᠶᠢᠬᠠᠨ ᠬᠢᠳᠡᠭ᠃ ᠡᠨᠡ ᠳᠤᠬᠠᠢ ᠪᠠᠨ᠄ ︽ᠡᠮᠡᠭᠡᠯ ᠬᠢᠬᠦ ᠳᠤ ᠴᠤ | ᠪᠠᠷᠢᠮᠵᠢᠶ᠎ᠠ ᠪᠠᠶᠢᠳᠠᠭ ᠰᠢᠤ᠂ ᠠᠪᠠᠭ᠋ᠠᠨᠠᠷ ᠡᠮᠡᠭᠡᠯᠪᠦ᠋ᠭᠡᠷᠡᠭ ᠨᠢ ᠦᠨᠳᠦᠷ᠂ ᠤᠷᠢᠳᠦ ᠪᠦᠭᠡᠷᠡᠭ ᠨᠢ ᠵᠢᠭᠠᠬᠠᠨ ᠠᠷᠤᠨᠰᠢ ᠪᠠᠨ | ᠭᠡᠳᠡᠭᠡᠷ ᠪᠠᠶᠢᠳᠠᠭ᠂ ᠡᠶᠢᠮᠦ ᠡᠮᠡᠭᠡᠯ ᠢ ᠮᠤᠷᠢᠨ ᠳ᠋ᠥᠲ᠋ᠤᠬᠤᠬᠤ ᠳᠤ ᠬᠠᠮᠢᠭ᠎ᠠ ᠠᠴᠠ ᠨᠢ ᠬᠠᠷᠠᠬᠰᠡᠨ ᠴᠤ ᠰᠠᠶᠢᠬᠠᠨ᠃ | ᠠᠪᠠᠭ᠋ᠠᠨᠠᠷ ᠡᠮᠡᠭᠡᠯ ᠢ 24-32 ᠭᠠᠨᠵᠤᠭ᠎ᠠ ᠲᠠᠢ ᠬᠢᠳᠡᠭᠪᠤᠯᠬᠤᠷ ᠦᠵᠡᠬᠦ ᠳᠤ ᠭᠠᠩᠭᠠᠩ᠂ ᠴᠤᠪᠠ᠂ ᠲᠠᠩᠰᠠ᠂ ᠳ᠋ᠠᠯᠢᠩ | ᠱᠤᠤᠮᠠᠰᠠ ᠵᠡᠷᠭᠡ ᠶᠠᠭᠤᠮᠠᠰ ᠢᠶᠠᠨ ᠭᠠᠩᠵᠤᠭᠠᠯᠠᠬᠤ ᠳᠤ ᠰᠠᠶᠢᠨᠪᠠᠶᠢᠳᠠᠭ ᠶᠤᠮ᠃ ᠰᠤᠷ ᠪᠠᠨ ᠨᠠᠷᠢᠬᠠᠨ ᠵᠦᠰᠦᠭᠡᠳ ᠲᠡᠷᠡ | ᠤᠯᠠᠨ ᠭᠠᠨᠵᠤᠭ᠎ᠠ ᠶᠢ ᠰᠦᠪᠡᠯᠡᠨᠡ ᠭᠡᠳᠡᠭ ᠪᠠᠰᠠ ᠮᠡᠷᠭᠡᠵᠢᠯᠤᠷᠤᠳᠠᠭ ᠠᠵᠦ ᠰᠢᠳᠡ᠂ ᠡᠨᠡ ᠳᠡᠭᠡᠷ᠎ᠡ ᠴᠢᠨᠢ ᠤᠷᠠᠨ ᠢᠶᠠᠨ | ᠭᠠᠶᠢᠬᠠᠭᠤᠯᠤᠨ᠎ᠠ ᠰᠢᠤ︾ ᠭᠡᠵᠦ ᠬᠦᠭᠵᠢᠯᠲᠡᠢ ᠶᠠᠷᠢᠯ᠎ᠠ᠃ ᠪᠠᠽᠠᠷᠪᠠᠨᠢ ᠭᠤᠸᠠᠢ ᠭᠡᠵᠦ ᠡᠶᠢᠮᠦ ᠤᠯᠠᠨ ᠵᠦᠢᠯ ᠤᠨ ᠤᠷ᠎ᠠ | ᠠᠪᠢᠶᠠᠰ ᠲᠠᠢ᠂ ᠬᠢᠴᠢᠶᠡᠯ ᠵᠢᠳᠭᠦᠯ ᠲᠠᠢ ᠬᠦᠮᠦᠨ ᠳ᠋ᠠ᠃ ᠲᠡᠷᠡ ᠤᠳᠤ ᠭᠡᠷᠭᠡᠢ ᠲᠠᠢ ᠪᠠᠨ ᠬᠤᠶᠠᠭᠤᠯᠠ ᠠᠳᠤᠭᠤ ᠮᠠᠯ ᠢᠶᠠᠨ | ᠮᠠᠯᠵᠢᠬᠤ ᠶᠢᠨ ᠳᠠᠭᠠᠤ ᠭᠠᠷ ᠤᠷᠠᠯᠠᠯ ᠤᠨ ᠪᠦᠲᠦᠭᠡᠯ ᠵᠶ᠋ᠡᠨᠤᠷᠤᠯᠳᠤᠵᠦ ᠰᠠᠭᠤᠨ᠎ᠠ᠃ ᠬᠦᠦ ᠨᠢ ᠭᠡᠷᠯᠡᠵᠦ᠂ ᠠᠵᠦ | ᠠᠮᠢᠳᠤᠷᠠᠯ ᠢᠶᠠᠨ ᠦᠭᠡᠳᠡ ᠨᠢ ᠳᠠᠲᠠᠬᠤ ᠶᠢᠨ ᠳᠠᠭᠠᠤ ᠭᠠᠴᠠᠭᠠᠨ ᠤ ᠪᠡᠨᠠᠵᠢᠯ ᠳᠤ ᠭᠠᠷᠮᠠᠭᠠᠶᠢᠯᠠᠵᠦ᠂ ᠬᠤᠶᠠᠷ ᠦᠬᠢᠨ ᠨᠢ | ᠠᠶᠢᠯ ᠳᠤ ᠮᠤᠷᠳᠠᠵᠦ ᠵᠢᠷᠭᠠᠯᠲᠤ ᠠᠮᠢᠳᠤᠷᠠᠯ ᠢᠶᠠᠨ ᠴᠤᠬᠴᠠᠯᠠᠵᠦ ᠶᠠᠪᠤᠨ᠎ᠠ᠃ ᠪᠠᠽᠠᠷᠪᠠᠨᠢ ᠪᠡᠯᠴᠢᠭᠡᠷ ᠤᠨ ᠢᠶᠠᠨ ᠮᠠᠩᠬᠠᠷᠬᠤ | ᠭᠠᠵᠠᠷ ᠢᠶᠠᠷ ᠮᠤᠳᠤ᠂ ᠠᠯᠲᠠᠨ ᠬᠠᠷᠭᠠᠨ᠎ᠠ ᠲᠠᠷᠢᠵᠦ ᠨᠤᠲᠤᠭ ᠤᠰᠤ ᠪᠡᠨᠨᠤᠭᠤᠭᠠᠷᠠᠭᠤᠯᠬᠤ ᠠᠵᠢᠯ ᠢ ᠬᠢᠵᠦ ᠪᠠᠶᠢᠭ᠎ᠠ | ᠪᠦᠭᠡᠳ ︽ᠲᠤᠯᠭ᠎ᠠ︾ ᠰᠠᠶᠢᠨ ᠳᠤᠷ᠎ᠠ ᠶᠢᠨ ᠦᠢᠯᠡᠴᠢᠯᠡᠭᠡᠨ ᠤ ᠬᠤᠯᠪᠤᠭᠠᠨ ᠳ᠋ᠥᠤᠷᠤᠵᠦ᠂ ᠴᠢᠯᠦᠭᠡ ᠵᠠᠪ ᠢᠶᠠᠷ ᠢᠶᠠᠨ | ᠪᠤᠰᠤᠳ ᠢ ᠳᠤᠰᠠᠯᠠᠬᠤ ᠪᠤᠶᠠᠨᠰᠠᠭ ᠠᠵᠢᠯᠯᠠᠭ᠎ᠠ ᠳᠤ ᠤᠷᠤᠯᠴᠠᠵᠦ᠂ ᠵᠠᠷᠢᠮ ᠳᠠᠭᠠᠨ ᠪᠠᠰᠠᠰᠢᠯᠦᠭ ᠵᠤᠬᠢᠶᠠᠯ ᠲᠤᠭᠤᠷᠢᠪᠢᠵᠦ᠂ | ᠦᠲᠡᠯᠦᠭᠡ ᠨᠠᠰᠦ ᠪᠠᠨ ᠪᠠᠶᠠᠷ ᠵᠢᠷᠭᠠᠯᠲᠠᠢ᠂ ᠤᠳᠬ᠎ᠠ ᠠᠭᠤᠯᠭ᠎ᠠ ᠲᠠᠢ ᠦᠩᠭᠡᠷᠡᠭᠦᠯᠵᠦᠪᠠᠶᠢᠨᠠ᠃ |