ᠰᠢᠯᠢ ᠶᠢᠨ ᠭᠤᠣᠯ ᠠᠶᠢᠮᠠᠭ 3937 ᠮᠠᠯᠵᠢᠬᠤ ᠲᠠᠷᠢᠶᠠᠯᠠᠬᠤ ᠡᠷᠦᠭᠡ ᠳᠤ ᠥᠷᠭᠡᠨ ᠪᠦᠰᠡᠲᠦ ᠰᠦᠯᠵᠢᠶ᠎ᠡ ᠨᠡᠪᠲᠡᠷᠡᠭᠦᠯᠪᠡ | ᠰᠢᠯᠢ ᠶᠢᠨ ᠭᠤᠣᠯ ᠠᠶᠢᠮᠠᠭ ᠨᠢᠳᠤᠨᠤᠨ ᠤ 11 ᠰᠠᠷ᠎ᠠ ᠠᠴᠠ ᠪᠤᠶᠢᠳᠠ ᠪᠥᠭᠯᠡᠭᠦᠦ ᠮᠠᠯᠵᠢᠬᠤ ᠲᠠᠷᠢᠶᠠᠯᠠᠬᠤ ᠡᠷᠦᠭᠡ ᠳᠤ | ᠥᠷᠭᠡᠨ ᠪᠦᠰᠡᠲᠦ ᠰᠦᠯᠵᠢᠶ᠎ᠡ ᠨᠡᠪᠲᠡᠷᠡᠭᠦᠯᠬᠦ ᠢᠨᠵᠧᠨᠧᠷᠢᠩ ᠢ ᠡᠬᠢᠯᠡᠨ ᠬᠡᠷᠡᠭᠵᠢᠭᠦᠯᠵᠦ᠂ ᠡᠨᠡ ᠵᠢᠯ ᠤᠨ 10 ᠰᠠᠷ᠎ᠠ ᠶᠢᠨ | ᠰᠡᠭᠦᠯᠴᠢ ᠪᠤᠯᠲᠠᠯ᠎ᠠ ᠨᠡᠶᠢᠲᠡ 8254 ᠲᠦᠮᠡᠨ ᠲᠥᠭᠦᠷᠢᠭ ᠤᠨ ᠪᠡᠯᠡ ᠣᠷᠣᠭᠤᠯᠤᠨ ᠢᠨᠵᠧᠨᠧᠷᠢᠩ ᠢᠶᠠᠨ ᠳᠠᠭᠤᠰᠬᠠᠵᠤ᠂ | 50 ᠰᠤᠮᠤ ᠰᠢᠶᠠᠩ ᠪᠠᠯᠭᠠᠰᠤ ︵ᠲᠠᠯᠠᠪᠠᠢ︶ ᠶᠢᠨ 309 ᠭᠠᠴᠠᠭ᠎ᠠ ᠲᠣᠰᠬᠤᠨ ᠤ 3937 ᠮᠠᠯᠵᠢᠬᠤ ᠲᠠᠷᠢᠶᠠᠯᠠᠬᠤ ᠡᠷᠦᠭᠡ | ᠳᠤ ᠤᠲᠠᠰᠤ ᠦᠭᠡᠢ ᠥᠷᠭᠡᠨ ᠪᠦᠰᠡᠲᠦ ᠰᠦᠯᠵᠢᠶ᠎ᠡ ᠶᠢ ᠨᠡᠪᠲᠡᠷᠡᠭᠦᠯᠪᠡ᠃ | ᠣᠶᠢᠷ᠎ᠠ ᠶᠢᠨ ᠵᠢᠯ ᠳᠤ᠂ ᠰᠢᠯᠢ ᠶᠢᠨ ᠭᠤᠣᠯ ᠠᠶᠢᠮᠠᠭ ᠡᠬᠡ ᠤᠯᠤᠰ ᠤᠨ ᠤᠮᠠᠷᠠᠲᠤ ᠬᠢᠯᠢ ᠶᠢᠨ ᠠᠮᠤᠷ ᠲᠦᠪᠰᠢᠨ | ᠲᠣᠭᠲᠠᠭᠤᠨ ᠤ ᠬᠠᠯᠬᠠᠪᠴᠢ ᠶᠢ ᠪᠦᠭᠦ ᠬᠦᠴᠦᠨ ᠢᠶᠠᠷ ᠢᠶᠠᠨ ᠴᠣᠭᠴᠠᠯᠠᠵᠤ᠂ ᠥᠪᠡᠷᠲᠡᠭᠡᠨ ᠵᠠᠰᠠᠬᠤ ᠣᠷᠣᠨ ᠤ ︽ᠬᠤᠶᠠᠷ | ᠬᠠᠯᠬᠠᠪᠴᠢ︾᠂ ︽ᠬᠤᠶᠠᠷ ᠰᠠᠭᠤᠷᠢᠨ︾᠂ ︽ᠨᠢᠭᠡ ᠪᠠᠬᠢᠯᠡᠯᠲᠡ︾ ᠶᠢᠨ ᠪᠠᠶᠢᠯᠳᠤᠬᠤ ᠪᠣᠳᠣᠯᠭ᠎ᠠ ᠶᠢᠨ ᠪᠠᠶᠢᠷᠢ | ᠲᠣᠭᠲᠠᠭᠠᠯᠲᠠ ᠳᠤ ᠰᠠᠭᠤᠷᠢᠯᠠᠨ ᠪᠦᠭᠦ ᠠᠶᠢᠮᠠᠭ ᠤᠨ ᠮᠡᠳᠡᠭᠡ ᠵᠠᠩᠭᠢᠵᠢᠯᠲᠠ ᠶᠢᠨ ᠰᠠᠭᠤᠷᠢ ᠲᠥᠬᠦᠭᠡᠷᠦᠮᠵᠢ ᠶᠢᠨ ᠲᠦᠪᠰᠢᠨ | ᠢ ᠬᠦᠴᠦᠯᠡᠨ ᠳᠡᠭᠡᠭᠰᠢᠯᠡᠭᠦᠯᠵᠦ᠂ ︽ᠥᠷᠭᠡᠨ ᠪᠦᠰᠡᠲᠦ ᠰᠢᠯᠢ ᠶᠢᠨ ᠭᠤᠣᠯ︾᠂ ︽ᠴᠠᠭᠢᠯᠭᠠᠨ ᠬᠤᠯᠪᠤᠭ᠎ᠠ ᠶᠢᠨ ᠲᠦᠭᠡᠮᠡᠯ | ᠦᠢᠯᠡᠴᠢᠯᠡᠭᠡᠨ ᠤ 4G ᠶᠢᠨ ᠴᠢᠮᠡᠭᠡ ᠬᠤᠯᠪᠣᠭᠠᠨ ᠤ ᠲᠣᠣᠷ ᠰᠦᠯᠵᠢᠶ᠎ᠡ ᠶᠢᠨ ᠲᠤᠷᠰᠢᠯᠲᠠ ᠶᠢᠨ ᠴᠡᠭ︾᠂ ︽ᠣᠶᠤᠨᠲᠤ | ᠷᠠᠳᠢᠣ᠋ ᠲᠧᠯᠸᠢᠰ ᠢᠶᠠᠷ ᠬᠢᠯᠢ ᠬᠢᠵᠠᠭᠠᠷ ᠢ ᠪᠠᠬᠢᠵᠢᠭᠦᠯᠬᠦ ᠢᠨᠵᠧᠨᠧᠷᠢᠩ︾ ᠵᠡᠷᠭᠡ ᠲᠥᠷᠥᠯ ᠵᠦᠢᠯ ᠤᠨ ᠪᠦᠲᠦᠭᠡᠨ | ᠪᠠᠶᠢᠭᠤᠯᠤᠯᠲᠠ ᠶᠢ ᠲᠦᠷᠭᠡᠳᠬᠡᠨ ᠠᠬᠢᠭᠤᠯᠵᠤ᠂ ᠬᠢᠯᠢ ᠬᠢᠵᠠᠭᠠᠷ ᠣᠷᠣᠨ᠂ ᠮᠠᠯᠵᠢᠬᠤ ᠲᠠᠷᠢᠶᠠᠯᠠᠬᠤ ᠣᠷᠣᠨ᠂ ᠤᠯᠤᠰ ᠤᠨ | ᠪᠠ ᠮᠤᠵᠢ ᠶᠢᠨ ᠵᠠᠰᠠᠮᠠᠯ ᠵᠠᠮ ᠤᠨ ᠭᠤᠣᠯ ᠱᠤᠭᠤᠮ ᠳᠠᠭᠠᠤ ᠶᠢᠨ ᠴᠢᠮᠡᠭᠡ ᠬᠤᠯᠪᠤᠭ᠎ᠠ ᠶᠢᠨ ᠲᠣᠣᠷ ᠰᠦᠯᠵᠢᠶᠡᠨ ᠤ | ᠪᠦᠷᠬᠦᠴᠡ ᠶᠢᠨ ᠨᠣᠷᠮ᠎ᠠ ᠶᠢ ᠢᠯᠡᠳᠲᠡ ᠳᠡᠭᠡᠭᠰᠢᠯᠡᠭᠦᠯᠪᠡ᠃ ᠤᠳᠤ ᠰᠢᠯᠢ ᠶᠢᠨ ᠠᠶᠢᠮᠠᠭ ᠤᠨ ᠲᠦᠮᠡᠨ ᠲᠡᠭᠰᠢ ᠳᠥᠷᠪᠡᠯᠵᠢᠨ | ᠺᠢᠯᠣᠮᠧᠲᠷ ᠭᠠᠵᠠᠷ ᠨᠤᠲᠤᠭ ᠪᠦᠷᠢ ᠳᠤ 4G ᠶᠢᠨ ᠰᠠᠭᠤᠷᠢ ᠥᠷᠲᠡᠭᠡ 134᠂ 5G ᠶᠢᠨ ᠰᠠᠭᠤᠷᠢ ᠥᠷᠲᠡᠭᠡ 191 | ᠪᠠᠶᠢᠵᠤ᠂ 4G ᠶᠢᠨ ᠰᠠᠭᠤᠷᠢ ᠥᠷᠲᠡᠭᠡ ᠨᠢ ᠪᠦᠭᠦ ᠣᠷᠣᠨ ᠤ ᠴᠢᠮᠡᠭᠡ ᠬᠤᠯᠪᠤᠭ᠎ᠠ ᠶᠢᠨ ᠰᠠᠭᠤᠷᠢ ᠥᠷᠲᠡᠭᠡ ᠶᠢᠨ | ᠪᠦᠲᠦᠭᠡᠨ ᠪᠠᠶᠢᠭᠤᠯᠤᠯᠲᠠ ᠶᠢᠨ ᠲᠤᠭ᠎ᠠ ᠬᠡᠮᠵᠢᠶ᠎ᠡ ᠶᠢᠨ 23% ᠶᠢ ᠡᠵᠡᠯᠡᠵᠦ᠂ ᠲᠠᠷᠠᠭᠠᠴᠢ ᠪᠠᠷ ᠤᠯᠤᠰ ᠤᠨ ᠴᠠᠭᠢᠯᠭᠠᠨ | ᠬᠤᠯᠪᠤᠭ᠎ᠠ ᠶᠢᠨ ᠨᠡᠶᠢᠳᠡᠮ ᠦᠢᠯᠡᠴᠢᠯᠡᠭᠡᠨ ᠤ 4G ᠶᠢᠨ ᠰᠠᠭᠤᠷᠢ ᠥᠷᠲᠡᠭᠡ ᠶᠢᠨ ᠲᠤᠭ᠎ᠠ ᠬᠡᠮᠵᠢᠶ᠎ᠡ ᠨᠢ ᠪᠦᠭᠦ ᠣᠷᠣᠨ ᠤ | ᠡᠯ᠎ᠡ ᠠᠶᠢᠮᠠᠭ ᠬᠤᠲᠠ ᠶᠢᠨ ᠲᠡᠷᠢᠭᠦᠨ ᠳᠤ ᠣᠷᠣᠭᠤᠯᠬᠤ ᠪᠠᠷ ᠴᠢᠷᠮᠠᠶᠢᠵᠤ ᠪᠠᠶᠢᠨ᠎ᠠ᠃ | ᠰᠢᠯᠢ ᠶᠢᠨ ᠭᠤᠣᠯ ᠠᠶᠢᠮᠠᠭ 5G ᠶᠢᠨ ᠴᠢᠮᠡᠭᠡ ᠬᠤᠯᠪᠤᠭ᠎ᠠ ᠶᠢᠨ ᠲᠣᠣᠷ ᠰᠦᠯᠵᠢᠶᠡᠨ ᠤ ᠰᠠᠭᠤᠷᠢ ᠥᠷᠲᠡᠭᠡ ᠶᠢᠨ | ᠪᠦᠲᠦᠭᠡᠨ ᠪᠠᠶᠢᠭᠤᠯᠤᠯᠲᠠ ᠶᠢ ᠲᠦᠷᠭᠡᠳᠬᠡᠨ ᠠᠬᠢᠭᠤᠯᠵᠤ᠂ ᠡᠨᠡ ᠵᠢᠯ ᠪᠦᠭᠦ ᠠᠶᠢᠮᠠᠭ ᠲᠤ 5G ᠶᠢᠨ ᠰᠠᠭᠤᠷᠢ ᠥᠷᠲᠡᠭᠡ | ᠶᠢ ᠰᠢᠨ᠎ᠡ ᠪᠠᠷ 1000 ᠶᠢ ᠪᠠᠶᠢᠭᠤᠯᠬᠤ ᠪᠤᠶᠤ ᠥᠭᠡᠷᠡᠴᠢᠯᠡᠨ ᠪᠠᠶᠢᠭᠤᠯᠬᠤ ᠪᠠᠷ ᠲᠥᠯᠥᠪᠯᠡᠪᠡ᠃ 11 ᠰᠠᠷ᠎ᠠ ᠶᠢᠨ | ᠰᠡᠭᠦᠯᠴᠢ ᠪᠤᠯᠲᠠᠯ᠎ᠠ᠂ 5G ᠶᠢᠨ ᠰᠠᠭᠤᠷᠢ ᠥᠷᠲᠡᠭᠡ ᠶᠢ ᠨᠡᠶᠢᠲᠡ 1679 ᠪᠠᠶᠢᠭᠤᠯᠤᠨ᠂ ᠣᠨ ᠤ ᠬᠠᠷᠠᠯᠲᠠ ᠡᠭᠦᠷᠭᠡ | ᠪᠠᠨ 161.4% ᠪᠠᠷ ᠪᠡᠶᠡᠯᠡᠭᠦᠯᠵᠦ᠂ 3.3 ᠳ᠋ᠦᠩᠰᠢᠭᠤᠷ ᠲᠥᠭᠦᠷᠢᠭ ᠤᠨ ᠪᠡᠯᠡ ᠣᠷᠣᠭᠤᠯᠤᠯᠲᠠ ᠬᠢᠭᠰᠡᠨ ᠪᠠᠶᠢᠨ᠎ᠠ᠃ | ᠤᠳᠤ ᠪᠦᠭᠦ ᠠᠶᠢᠮᠠᠭ ᠤᠨ ᠰᠤᠮᠤ ᠰᠢᠶᠠᠩ ᠪᠠᠯᠭᠠᠰᠤ ᠵᠢᠴᠢ ᠲᠡᠭᠦᠨ ᠠᠴᠠ ᠳᠡᠭᠡᠭᠰᠢᠬᠢ ᠵᠠᠰᠠᠭ ᠤᠨ ᠣᠷᠳᠣᠨ ᠤ ᠪᠠᠶᠢᠭ᠎ᠠ | ᠭᠠᠵᠠᠷ ᠲᠤ ᠴᠥᠮ 5G ᠶᠢᠨ ᠴᠢᠮᠡᠭᠡ ᠬᠤᠯᠪᠤᠭ᠎ᠠ ᠶᠢᠨ ᠲᠣᠣᠷ ᠰᠦᠯᠵᠢᠶ᠎ᠡ ᠶᠢ ᠪᠦᠭᠦᠨ ᠢ ᠪᠦᠷᠬᠦᠭᠦᠯᠵᠦ᠂ 5G ᠶᠢᠨ | ᠴᠢᠮᠡᠭᠡ ᠬᠤᠯᠪᠤᠭ᠎ᠠ ᠶᠢᠨ ᠲᠣᠣᠷ ᠰᠦᠯᠵᠢᠶᠡᠨ ᠤ ᠬᠥᠮᠥᠨ ᠠᠮᠠ ᠶᠢᠨ ᠪᠦᠷᠬᠦᠴᠡ ᠶᠢᠨ ᠨᠣᠷᠮ᠎ᠠ ᠨᠢ 63% ᠳᠤ ᠬᠦᠷᠴᠦ᠂ | ᠰᠢᠯᠢᠩᠬᠤᠲᠠ ᠪᠣᠯᠣᠨ ᠡᠷᠢᠶᠡᠨ ᠬᠤᠲᠠ ᠶᠢᠨ ᠬᠤᠲᠠ ᠲᠣᠭᠤᠷᠢᠭ ᠲᠤ 5G ᠴᠢᠮᠡᠭᠡ ᠬᠤᠯᠪᠣᠭᠠᠨ ᠤ ᠲᠣᠣᠷ ᠰᠦᠯᠵᠢᠶ᠎ᠡ ᠶᠢ | ᠪᠦᠭᠦᠨ ᠢ ᠪᠦᠷᠬᠦᠭᠦᠯᠦᠨ᠂ ᠪᠤᠰᠤᠳ ᠬᠤᠰᠢᠭᠤ ᠰᠢᠶᠠᠨ ᠬᠤᠲᠠ ︵ᠲᠣᠭᠤᠷᠢᠭ︶ ᠶᠢᠨ ᠪᠠᠶᠢᠭ᠎ᠠ ᠭᠠᠵᠠᠷ ᠤᠨ ᠵᠠᠰᠠᠭ | ᠵᠠᠬᠢᠷᠭᠠᠨ ᠠᠵᠢᠯ ᠦᠢᠯᠡᠰ ᠤᠨ ᠨᠢᠭᠡᠴᠢ᠂ ᠭᠤᠣᠯ ᠬᠤᠳᠠᠯᠳᠤᠭᠠᠨ ᠤ ᠲᠣᠭᠤᠷᠢᠭ᠂ ᠡᠮᠨᠡᠯᠭᠡ ᠶᠢᠨ ᠬᠤᠷᠢᠶ᠎ᠠ᠂ ᠰᠤᠷᠭᠠᠭᠤᠯᠢ᠂ | ᠲᠣᠮᠣ ᠭᠡᠯᠪᠡᠷᠢ ᠶᠢᠨ ᠲᠠᠯᠠᠪᠠᠢ ᠣᠷᠳᠣᠨ ᠵᠡᠷᠭᠡ ᠭᠤᠣᠯᠳᠠᠯᠭ᠎ᠠ ᠲᠠᠢ ᠬᠡᠷᠡᠭᠯᠡᠭᠡᠨ ᠤ ᠲᠠᠯᠠᠪᠤᠷ ᠲᠤ 5G ᠶᠢᠨ ᠴᠢᠮᠡᠭᠡ | ᠬᠤᠯᠪᠤᠭ᠎ᠠ ᠶᠢᠨ ᠲᠣᠣᠷ ᠰᠦᠯᠵᠢᠶ᠎ᠡ ᠶᠢ ᠪᠦᠭᠦᠨ ᠢ ᠪᠦᠷᠬᠦᠭᠦᠯᠪᠡ᠃ ᠰᠢᠯᠢ ᠶᠢᠨ ᠭᠤᠣᠯ ᠠᠶᠢᠮᠠᠭ ᠤᠨ ᠡᠨᠡ ᠵᠢᠯ | ᠵᠥᠪᠰᠢᠶᠡᠷᠡᠯ ᠣᠯᠣᠭᠰᠠᠨ 72 ᠬᠢᠯᠢ ᠶᠢᠨ ᠭᠠᠴᠠᠭ᠎ᠠ ᠲᠣᠰᠬᠤᠨ ᠪᠣᠯᠣᠨ 14 ᠵᠠᠰᠠᠭ ᠵᠠᠬᠢᠷᠭᠠᠨ ᠤ ᠭᠠᠴᠠᠭ᠎ᠠ ᠲᠣᠰᠬᠤᠨ ᠤ | ᠴᠢᠮᠡᠭᠡ ᠬᠤᠯᠪᠤᠭ᠎ᠠ ᠶᠢᠨ 4G ᠶᠢᠨ ᠰᠠᠭᠤᠷᠢ ᠥᠷᠲᠡᠭᠡ ᠶᠢ ᠨᠢᠭᠡᠨᠲᠡ ᠪᠦᠭᠦᠨ ᠢ ᠪᠦᠲᠦᠭᠡᠨ ᠪᠠᠶᠢᠭᠤᠯᠵᠤ ᠳᠠᠭᠤᠰᠬᠠᠪᠠ᠃ | ᠰᠢᠯᠢ ᠶᠢᠨ ᠭᠤᠣᠯ ᠠᠶᠢᠮᠠᠭ ᠮᠠᠯᠵᠢᠬᠤ ᠲᠠᠷᠢᠶᠠᠯᠠᠬᠤ ᠣᠷᠣᠨ ᠤ ᠴᠢᠮᠡᠭᠡ ᠬᠤᠯᠪᠤᠭ᠎ᠠ ᠶᠢᠨ ᠰᠠᠭᠤᠷᠢ ᠲᠥᠬᠦᠭᠡᠷᠦᠮᠵᠢ ᠶᠢᠨ | ᠳᠤᠲᠠᠭᠤᠳᠠᠯ ᠢ ᠨᠥᠬᠦᠪᠦᠷᠢᠯᠡᠵᠦ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢᠨ | ᠠᠵᠢᠯ ᠤᠨ ᠪᠠᠶᠢᠷᠢᠯᠠᠭᠤᠯᠤᠯᠲᠠ ᠶᠢ ᠨᠠᠶᠢᠳᠠᠪᠤᠷᠢᠵᠢᠭᠤᠯᠬᠤ ᠶᠢᠨ ᠬᠠᠮᠲᠤ᠂ ᠭᠤᠣᠯᠳᠠᠯᠭ᠎ᠠ ᠲᠠᠢ ᠦᠵᠡᠮᠵᠢ ᠶᠢᠨ ᠣᠷᠣᠨ ᠪᠠ | ᠲᠦᠢᠮᠡᠷ ᠢ ᠰᠡᠷᠭᠡᠶᠢᠯᠡᠬᠦ ᠪᠠᠶᠢᠴᠠᠭᠠᠯᠲᠠ ᠶᠢᠨ ᠥᠷᠲᠡᠭᠡ ᠶᠢᠨ ᠴᠢᠮᠡᠭᠡ ᠨᠡᠪᠲᠡᠷᠡᠭᠦᠯᠭᠡ ᠶᠢᠨ ᠳᠣᠬᠢᠶ᠎ᠠ ᠶᠢᠨ ᠪᠦᠷᠬᠦᠴᠡ ᠶᠢ | ᠠᠬᠢᠭᠤᠯᠬᠤ ᠶᠢ ᠴᠢᠬᠤᠯᠠ ᠠᠵᠢᠯ ᠪᠤᠯᠭᠠᠵᠤ᠂ ᠣᠳᠣᠬᠠᠨ ᠪᠤᠯᠳᠠᠯ᠎ᠠ ᠪᠦᠭᠦ ᠠᠶᠢᠮᠠᠭ ᠤᠨ 6 ᠭᠤᠣᠯᠳᠠᠯᠭ᠎ᠠ ᠲᠠᠢ ᠦᠵᠡᠮᠵᠢ | ᠶᠢᠨ ᠣᠷᠣᠨ ᠤ ᠰᠤᠯᠠ ᠳᠣᠬᠢᠶ᠎ᠠ ᠶᠢᠨ ᠪᠦᠷᠬᠦᠴᠡ ᠲᠠᠢ 5 ᠥᠷᠲᠡᠭᠡ ᠴᠡᠭ ᠪᠣᠯᠣᠨ 4 ᠭᠠᠵᠠᠷ ᠣᠷᠣᠨ ᠤ ᠲᠦᠢᠮᠡᠷ ᠢ | ᠰᠡᠷᠭᠡᠶᠢᠯᠡᠬᠦ 34 ᠪᠠᠶᠢᠴᠠᠭᠠᠯᠲᠠ ᠶᠢᠨ ᠥᠷᠲᠡᠭᠡ ᠶᠢᠨ ᠰᠤᠯᠠ ᠳᠣᠬᠢᠶ᠎ᠠ ᠶᠢᠨ ᠪᠦᠷᠬᠦᠴᠡ ᠲᠠᠢ 14 ᠪᠠᠶᠢᠴᠠᠭᠠᠬᠤ ᠥᠷᠲᠡᠭᠡ | ᠶᠢ ᠨᠢᠭᠡᠨᠲᠡ ᠰᠢᠯᠢᠳᠡᠭᠵᠢᠭᠦᠯᠦᠨ ᠥᠭᠡᠷᠡᠴᠢᠯᠡᠨ ᠰᠠᠶᠢᠵᠢᠷᠠᠭᠤᠯᠤᠭᠰᠠᠨ ᠪᠠᠶᠢᠨ᠎ᠠ᠃ |