ᠠᠵᠢᠨᠠᠢ ᠬᠦᠯᠦᠭ ᠤᠳ ᠤᠨ ᠬᠡᠰᠢᠭ ᠲᠠᠢ ᠠᠷᠤ ᠶᠢᠨ ᠰᠠᠶᠢᠬᠠᠨ ᠪᠠᠶᠠᠨᠰᠢᠯᠢ
ᠨᠡᠶᠢᠲᠡᠯᠡᠭᠰᠡᠨ ᠴᠠᠭ᠄
2023/12/21
ᠠᠵᠢᠨᠠᠢ ᠬᠦᠯᠦᠭ ᠤᠳ ᠤᠨ ᠬᠡᠰᠢᠭ ᠲᠠᠢ ᠠᠷᠤ ᠶᠢᠨ ᠰᠠᠶᠢᠬᠠᠨ ᠪᠠᠶᠠᠨᠰᠢᠯᠢ — ᠰᠢᠯᠢ ᠶᠢᠨ ᠭᠤᠤᠯ ᠠᠳᠤᠭᠤ ᠪᠤᠶᠤ ᠨᠠᠷᠠᠨ ᠲᠠᠮᠠᠭᠠᠳᠤ ᠬᠤᠷᠳᠤᠨ ᠠᠳᠤᠭᠤᠨ ᠤ ᠲᠤᠭᠤᠷᠢᠨ ᠳᠠᠬᠢ ᠬᠦᠤᠷᠨᠢᠯᠭᠡᠶᠢᠮᠤᠷᠢᠳᠦ ᠶᠡᠭᠡ ᠰᠢᠯᠢ ᠶᠢᠨ ᠨᠤᠳᠤᠭ ᠤᠨ ᠠᠭᠤᠳᠠᠮ ᠳᠤ ᠲᠠᠪᠬᠢᠯᠳᠤᠭᠰᠠᠨ ᠦᠢ ᠲᠦᠮᠡᠨ ᠠᠳᠤᠭᠤᠳ ᠤᠨ ᠦᠯᠢᠭᠡᠷ ᠲᠡᠤᠭᠡ ᠬᠦᠷᠦᠰᠦᠯᠢᠭ ᠬᠦᠳᠡᠯᠮᠤᠷᠢᠴᠢ ᠮᠠᠯᠴᠢᠨ ᠠᠪᠤ ᠨᠠᠷ ᠤᠨ ᠬᠠᠶᠢᠷᠠᠳᠠᠢ ᠬᠦᠯᠦᠭ ᠮᠤᠷᠢᠳ ᠠᠴᠠ ᠡᠬᠢᠯᠡᠳᠡᠭ ᠪᠠᠶᠢᠬ᠎ᠠ᠃ ᠲᠠᠶᠢᠮᠦ ᠡ︕ ᠮᠤᠩᠭᠤᠯ ᠮᠤᠷᠢᠨ ᠤ ᠮᠤᠬᠤᠰᠢ ᠦᠭᠡᠢ ᠵᠤᠷᠢᠭ ᠰᠠᠨᠠᠭ᠎ᠠ ᠶᠢ ᠪᠠᠳᠠᠷᠠᠭᠤᠯᠤᠭᠰᠠᠨ᠂ ᠮᠤᠩᠳᠡᠰᠢ ᠦᠭᠡᠢ ᠶᠡᠭᠡ ᠠᠳᠤᠭᠤᠨ ᠰᠤᠶᠤᠯ ᠲᠡᠤᠭᠡ ᠶᠢᠨ ᠬᠦᠨ ᠵᠤᠵᠠᠭᠠᠨ ᠬᠦᠷᠦᠰᠤ ᠲᠠᠢ ᠦᠵᠡᠰᠬᠦᠯᠡᠩᠳᠦ ᠡᠨᠡ ᠨᠤᠳᠤᠭ ᠲᠤ ᠠᠳᠤᠭᠤ ᠪᠠᠷ ᠢᠶᠠᠨ ᠪᠠᠭ᠋ᠠᠷᠬᠠᠭᠰᠠᠨ᠂ ᠠᠳᠤᠭᠤᠨ ᠤ ᠠᠵᠤ ᠤᠶᠢᠯᠡᠰ ᠢᠶᠠᠨ ᠬᠦᠭᠵᠢᠬᠦᠯᠦᠭᠰᠡᠨ ᠦᠯᠢᠭᠡᠷ ᠵᠤᠭᠤᠭ ᠤᠯᠠᠨ ᠠᠴᠠ ᠤᠯᠠᠨ᠃ ᠶᠠᠭ ᠡᠶᠢᠮᠦ ᠪᠠᠶᠢᠳᠠᠭ ᠠᠴᠠ 2010 ᠤᠨ ᠳᠤ ᠲᠤᠮᠳᠠᠳᠤ ᠤᠯᠤᠰ ᠤᠨ ᠠᠳᠤᠭᠤᠨ ᠤ ᠠᠵᠤ ᠤᠶᠢᠯᠡᠰ ᠤᠨ ᠨᠡᠶᠢᠭᠡᠮᠯᠢᠭ ᠠᠴᠠ ᠰᠢᠯᠢ ᠶᠢᠨ ᠬᠤᠳᠠ ᠪᠠᠷ ᠭᠤᠤᠯ ᠪᠤᠯᠭᠠᠭᠰᠠᠨ ᠰᠢᠯᠢ ᠶᠢᠨ ᠭᠤᠤᠯ ᠠᠶᠢᠮᠠᠭ ᠢ ︽ᠲᠤᠮᠳᠠᠳᠤ ᠤᠯᠤᠰ ᠤᠨ ᠠᠳᠤᠭᠤᠨ ᠰᠤᠶᠤᠯ ᠤᠨ ᠲᠦᠪ︾᠎ ᠢᠶᠠᠷ ᠨᠠᠷᠠᠶᠢᠳᠦᠭᠰᠡᠨ ᠪᠠᠶᠢᠭ᠎ᠠ ᠶᠤᠮ᠃ᠰᠢᠯᠢ ᠶᠢᠨ ᠭᠤᠤᠯ ᠠᠶᠢᠮᠠᠭ ᠪᠤᠯ ᠦᠵᠦᠮᠦᠴᠢᠨ ᠴᠠᠭᠠᠨ ᠠᠳᠤᠭᠤ᠂ ᠠᠪᠠᠭ᠎ᠠ ᠬᠠᠷ᠎ᠠ ᠠᠳᠤᠭᠤ᠂ ᠦᠵᠦᠮᠦᠴᠢᠨ ᠰᠢᠷᠭ᠎ᠠ ᠠᠳᠤᠭᠤ᠂ ᠰᠢᠯᠢ ᠶᠢᠨ ᠭᠤᠤᠯ ᠠᠳᠤᠭᠤ ᠠᠴᠠ ᠭᠠᠳᠠᠨ᠎ᠠ ᠪᠠᠰᠠ ᠭᠠᠳᠠᠨ᠎ᠠ ᠠᠴᠠ ᠤᠷᠤᠭᠤᠯᠤᠭᠰᠠᠨ ᠴᠡᠪᠡᠷ ᠴᠢᠰᠤᠨ ᠤᠳᠤᠮ ᠤᠨ ᠠᠳᠤᠭᠤ ᠵᠡᠷᠬᠡ ᠤᠯᠠᠨ ᠡᠭᠦᠯᠳᠡᠷ ᠤᠨ ᠠᠳᠤᠭᠤᠳ ᠲᠠᠷᠬᠠᠨ ᠪᠡᠯᠴᠢᠭᠰᠡᠨ ᠪᠠᠶᠠᠯᠢᠭ ᠨᠤᠳᠤᠭ ᠶᠤᠮ᠃ ᠲᠡᠷᠡ ᠲᠤᠮᠳᠠ ᠪᠠᠨ ᠰᠢᠯᠢ ᠶᠢᠨ ᠬᠤᠳᠠ ᠶᠢᠨ ᠪᠠᠶᠠᠨᠰᠢᠯᠢ ᠮᠠᠯᠵᠢᠯ ᠤᠨ ᠲᠠᠯᠠᠪᠠᠢ ᠪᠤᠯ ᠬᠤᠷᠳᠤᠨ ᠤ ᠴᠢᠭᠯᠡᠯ ᠤᠨ ᠰᠢᠯᠢ ᠶᠢᠨ ᠭᠤᠤᠯ ᠠᠳᠤᠭᠤ ᠶᠢ ᠰᠤᠩᠭᠤᠨ ᠪᠤᠶᠢᠵᠢᠭᠤᠯᠤᠭᠰᠠᠨ ᠢᠶᠠᠷ ᠢᠶᠠᠨ ᠶᠡᠭᠡ ᠠᠯᠳᠠᠷᠳᠠᠢ ᠪᠦᠭᠡᠳ ᠰᠢᠯᠢ ᠶᠢᠨ ᠭᠤᠤᠯ ᠠᠳᠤᠭᠤᠨ ᠤ ᠴᠡᠭᠡ ᠶᠢ ᠴᠠᠯᠬᠢᠭᠤᠯᠤᠨ ᠠᠵᠤ ᠤᠶᠢᠯᠡᠰᠵᠢᠬᠦᠯᠦᠭᠰᠡᠨ ᠭᠡᠶᠢᠮᠤᠷᠢᠳᠦ ᠨᠤᠳᠤᠭ ᠪᠢᠯᠡ᠃ ᠲᠠᠶᠢᠨᠬᠦ ᠲᠤᠰ ᠨᠤᠳᠤᠭ ᠨᠢ ︽ᠠᠵᠢᠨᠠᠢ ᠬᠦᠯᠦᠭ ᠤᠨ ᠨᠤᠳᠤᠭ ᠬᠤᠷᠳᠤᠨ ᠬᠦᠯᠦᠭ ᠤᠨ ᠦᠯᠦᠭᠡᠢ︾ ᠭᠡᠰᠡᠨ ᠰᠠᠶᠢᠬᠠᠨ ᠠᠯᠳᠠᠷ ᠲᠠᠢ᠃ 2020 ᠤᠨ ᠳᠤ ᠲᠤᠮᠳᠠᠳᠤ ᠤᠯᠤᠰ ᠤᠨ ᠠᠳᠤᠭᠤᠨ ᠤ ᠤᠶᠢᠯᠡᠰ ᠤᠨ ᠨᠡᠶᠢᠭᠡᠮᠯᠢᠭ ᠠᠴᠠ ᠪᠠᠶᠠᠨᠰᠢᠯᠢ ᠮᠠᠯᠵᠢᠯ ᠤᠨ ᠲᠠᠯᠠᠪᠠᠢ ᠶᠢ ︽ᠲᠤᠮᠳᠠᠳᠤ ᠤᠯᠤᠰ ᠤᠨ ᠰᠢᠯᠢᠳᠡᠭ ᠡᠭᠦᠯᠳᠡᠷ ᠤᠨ ᠠᠳᠤᠭᠤ ᠦᠰᠭᠡᠨ ᠦᠷᠡᠵᠢᠬᠦᠯᠬᠦ ᠰᠠᠭᠤᠷᠢᠨ ᠭᠠᠵᠠᠷ︾᠎ ᠢᠶᠠᠷ ᠨᠠᠷᠡᠶᠢᠳᠦᠭᠰᠡᠨ ᠪᠠᠶᠢᠨ᠎ᠠ᠃ ᠤᠳᠤ ᠡᠨᠡ ᠨᠤᠳᠤᠭ ᠲᠤ 147 ᠡᠷᠦᠬᠡ ᠠᠳᠤᠭᠤ ᠮᠠᠯᠵᠢᠵᠤ᠂ 100᠎ ᠠᠴᠠ ᠳᠡᠭᠡᠭᠰᠢ ᠠᠳᠤᠭᠤ ᠲᠠᠢ ᠠᠶᠢᠯ 29᠂ 50᠎ ᠠᠴᠠ ᠳᠡᠭᠡᠭᠰᠢ ᠠᠳᠤᠭᠤ ᠲᠠᠢ ᠠᠶᠢᠯ 89 ᠪᠠᠶᠢᠵᠤ᠂ ᠠᠳᠤᠭᠤ ᠪᠠᠷ ᠭᠠᠨᠭ᠍ᠭᠠᠷᠠᠨ ᠴᠡᠭᠡ ᠪᠠᠷ ᠤᠮᠳᠠᠯᠠᠭᠰᠠᠨ ᠤᠶᠢᠯᠡᠰ ᠢᠶᠠᠨ ᠦᠷᠭᠡᠨ ᠵᠠᠬ᠎ᠠ ᠲᠠᠢ ᠬᠠᠶᠠᠭ᠎ᠠ ᠨᠡᠶᠢᠯᠡᠬᠦᠯᠦᠨ ᠬᠦᠭᠵᠢᠬᠦᠯᠵᠤ ᠶᠠᠪᠤᠨ᠎ᠠ᠃ᠰᠢᠯᠢ ᠶᠢᠨ ᠭᠤᠤᠯ ᠠᠳᠤᠭᠤᠨ ᠤ ᠬᠤᠷᠳᠤᠨ ᠢ ᠭᠡᠷᠡᠴᠢᠯᠡᠬᠦ ᠳᠤ ᠬᠠᠰᠢᠯᠠ ᠨᠠᠷᠠᠨ ᠲᠠᠮᠠᠭᠠᠳᠤ ᠠᠳᠤᠭᠤᠳ ᠲᠤᠷᠠᠳᠤᠭᠳᠠᠨ᠎ᠠ᠃ ᠰᠢᠯᠢ ᠶᠢᠨ ᠬᠤᠳᠠ ᠶᠢᠨ ᠪᠠᠶᠠᠨᠰᠢᠯᠢ ᠮᠠᠯᠵᠢᠯ ᠤᠨ ᠲᠠᠯᠠᠪᠠᠢ ᠶᠢᠨ ᠤᠰᠤᠨ ᠲᠦᠷᠦᠬᠦᠤ ᠬᠤᠪᠢᠶᠠᠷᠢ ᠲᠠᠯᠠᠪᠠᠢ ᠶᠢᠨ ᠬᠠᠰᠢᠷ ᠠᠳᠤᠭᠤᠴᠢᠨ ᠵᠢᠶᠠᠨ ᠫᠢᠡᠭ ᠭᠤᠴᠢ ᠭᠠᠷᠤᠢ ᠵᠢᠯ ᠠᠳᠤᠭᠤ ᠮᠠᠯᠵᠢᠬᠤ ᠳᠠᠭᠠᠨ ᠤᠯᠤᠰ ᠤᠷᠤᠨ ᠳᠤ ᠨᠦᠯᠦᠭᠡ ᠲᠠᠢ ︽ᠪᠠᠭ᠎ᠠ ᠨᠠᠷᠠᠨ ᠲᠠᠮᠠᠭᠠᠳᠤ︾ ᠬᠤᠷᠳᠤᠨ ᠤ ᠴᠢᠭᠯᠡᠯ ᠤᠨ ᠠᠳᠤᠭᠤ ᠶᠢ ᠠᠮᠵᠢᠯᠳᠠ ᠲᠠᠢ ᠰᠤᠩᠭᠤᠨ ᠪᠤᠶᠢᠵᠢᠭᠤᠯᠵᠤ᠂ ᠠᠯᠳᠠᠷ ᠨᠠᠷ᠎ᠠ ᠪᠤᠯᠤᠨ ᠠᠰᠢᠭ ᠤᠷᠤᠯᠭ᠎ᠠ ᠶᠢ ᠵᠡᠷᠬᠡᠪᠡᠷ ᠬᠦᠷᠳᠡᠵᠤ ᠶᠠᠪᠤᠭ᠎ᠠ ᠪᠠᠷ ᠪᠠᠷᠠᠬᠤ ᠦᠭᠡᠢ ᠪᠠᠰᠠ 50 ᠭᠠᠷᠤᠢ ᠮᠤᠷᠢ ᠠᠶᠢᠷᠠᠭ ᠲᠤ ᠬᠤᠷᠳᠤᠯᠠᠭᠤᠯᠤᠭᠰᠠᠨ ᠰᠠᠶᠢᠨ ᠤᠶᠠᠭᠠᠴᠢ ᠪᠠᠶᠢᠯ᠎ᠠ᠃ ᠤᠳᠤ ᠪᠤᠯᠬᠤ ᠳᠤ ᠲᠡᠭᠦᠨ ᠤ ᠠᠳᠤᠭᠤᠨ ᠠᠴᠠ ᠦᠪᠡᠷ ᠤᠨ ᠬᠢᠨᠢ ᠬᠠᠮᠠᠷ ᠬᠠᠯᠵᠠᠨ ᠬᠠᠯᠳᠠᠷ ᠠᠴᠠ ᠭᠠᠳᠠᠨ᠎ᠠ ᠭᠡᠭᠡᠷᠡᠯᠳᠦ ᠢᠢᠨ ᠰᠢᠷ᠎ᠠ ᠭᠡᠭᠡᠷ᠂ ᠴᠤᠭᠯᠠ ᠶᠢᠨ ᠭᠡᠭᠡᠷ᠂ ᠰᠢ ᠫᠢᠡᠭ ᠤᠨ ᠬᠦᠷᠠᠩ ᠬᠠᠯᠵᠠᠨ᠂ ᠳ᠋ᠠᠨᠽᠠᠨᠵᠠᠨ᠎ᠠ ᠶᠢᠨ ᠠᠲ᠋ᠠᠮᠠᠨ ᠬᠠᠯᠳᠠᠷ᠂ ᠲᠠᠪᠰᠢᠯᠳᠦ ᠶᠢᠨ ᠭᠡᠭᠡᠷ ᠵᠡᠷᠬᠡ ᠤᠯᠤᠰ ᠤᠷᠤᠨ ᠳᠠᠭᠠᠨ ᠠᠯᠳᠠᠷᠳᠠᠢ ᠬᠤᠷᠳᠤᠨ ᠮᠤᠷᠢ ᠤᠯᠠᠨ ᠭᠠᠷᠴᠦ ᠪᠠᠶᠢᠨ᠎ᠠ᠃ 2022 ᠤᠨ ᠤ 10 ᠰᠠᠷ᠎ᠠ ᠶᠢᠨ 16᠎ ᠤ ᠡᠳᠦᠷ᠂ ᠠᠳᠤᠭᠤᠴᠢᠨ ᠵᠢᠶᠠᠨ ᠫᠢᠡᠭ ᠤᠨ ᠠᠳᠤᠭᠤᠨ ᠤ ᠤᠨᠠᠭᠠᠨ ᠲᠠᠮᠠᠭᠠᠨ ᠳᠡᠭᠡᠷ᠎ᠠ ᠰᠢᠯᠢ ᠶᠢᠨ ᠭᠤᠤᠯ ᠠᠶᠢᠮᠠᠭ ᠤᠨ ᠡᠯ᠎ᠠ ᠬᠤᠰᠢᠭᠤᠳ ᠤᠨ ᠲᠠᠪᠢ ᠰᠢᠬᠠᠮ ᠤᠶᠠᠭᠠᠴᠢ ᠢᠷᠡᠵᠡᠭᠡᠵᠤ᠂ ᠠᠵᠢᠯ ᠳᠤᠨᠢ ᠬᠠᠮᠵᠢᠬᠤ ᠢᠢᠨ ᠳᠠᠭᠠᠤ ᠠᠳᠤᠭᠤᠨ ᠰᠦᠷᠦᠭ ᠠᠴᠠ ᠨᠢ ᠬᠤᠷᠳᠤᠨ ᠤᠳᠤᠮ ᠤᠨ 40 ᠭᠠᠷᠤᠢ ᠡᠷ᠎ᠠ ᠤᠨᠠᠭ᠎ᠠ ᠶᠢ ᠪᠤᠯᠢᠶᠠᠯᠴᠠᠵᠤ ᠠᠪᠤᠭᠰᠠᠨ ᠢᠶᠠᠷ ᠤᠨᠠᠭ᠎ᠠ ᠬᠤᠳᠠᠯᠳᠤᠭᠰᠠᠨ ᠤᠷᠤᠯᠭ᠎ᠠ ᠨᠢ ᠲᠠᠪᠤᠬᠠᠨ ᠴᠠᠭ ᠲᠤ 100 ᠲᠦᠮᠡᠨ ᠲᠦᠭᠦᠷᠢᠭ ᠢ ᠳᠠᠪᠠᠭᠰᠠᠨ ᠪᠠᠶᠢᠵᠤ ᠪᠢᠯᠡ᠃ ᠡᠨᠡ ᠤᠳᠠᠭᠠᠨ ᠤ ᠲᠠᠮᠠᠭᠠᠨ ᠳᠡᠭᠡᠷ᠎ᠠ ᠲᠡᠷᠡ 5 ᠲᠦᠮᠡᠨ ᠲᠦᠭᠦᠷᠢᠭ ᠤᠨ ᠤᠨᠠᠭ᠎ᠠ 3᠂ 3 ᠲᠦᠮᠡᠨ ᠲᠦᠭᠦᠷᠢᠭ ᠤᠨ ᠤᠨᠠᠭ᠎ᠠ 12᠂ 2 ᠲᠦᠮᠡ 5000 ᠲᠦᠭᠦᠷᠢᠭ ᠤᠨ ᠤᠨᠠᠭ᠎ᠠ 27᠎ ᠶᠢ ᠬᠤᠳᠠᠯᠳᠤᠵᠠᠢ᠃ᠵᠢᠶᠠᠨ ᠫᠢᠡᠭ ᠬᠤᠷᠢ ᠰᠢᠬᠠᠮ ᠨᠠᠰᠤᠨ ᠠᠴᠠ ᠪᠠᠨ ᠡᠬᠢᠯᠡᠨ ᠰᠢᠯᠢ ᠶᠢᠨ ᠭᠤᠤᠯ ᠠᠳᠤᠭᠤ ᠮᠠᠯᠵᠢᠵᠤ᠂ 2003 ᠤᠨ ᠳᠤ ᠨᠤᠳᠤᠭ ᠪᠡᠯᠴᠢᠭᠡᠷ ᠢ ᠡᠷᠦᠬᠡ ᠳᠤ ᠬᠤᠪᠢᠶᠠᠭᠰᠠᠨ ᠠᠴᠠ ᠠᠳᠤᠭᠤ ᠪᠠᠨ ᠴᠦᠭᠡᠴᠢᠯᠡᠬᠦ ᠢᠢᠨ ᠳᠠᠭᠠᠤ ᠰᠢᠯᠢᠳᠡᠭᠵᠢᠬᠦᠯᠤᠨ ᠮᠠᠯᠵᠢᠬᠤ ᠵᠠᠮ ᠢ ᠰᠤᠩᠭᠤᠭᠠᠳ ᠤᠳᠤ ᠨᠢᠭᠡᠨᠳᠡ ᠬᠤᠷᠳᠤᠨ ᠤᠳᠤᠮ ᠤᠨ ᠬᠢ ᠪᠠᠷ ᠭᠤᠤᠯᠳᠠᠭᠰᠠᠨ 200 ᠠᠳᠤᠭᠤ ᠲᠠᠢ ᠪᠤᠯᠵᠠᠢ᠃ 2007 ᠤᠨ ᠠᠴᠠ ᠡᠬᠢᠯᠡᠨ ᠪᠠᠭ᠎ᠠ ᠨᠠᠷᠠᠨ ᠲᠠᠮᠠᠭ᠎ᠠ ᠲᠠᠢ ᠬᠤᠷᠳᠤᠨ ᠤᠳᠤᠮ ᠤᠨ ᠠᠳᠤᠭᠤ ᠰᠤᠩᠭᠤᠨ ᠪᠤᠶᠢᠵᠢᠭᠤᠯᠬᠤ ᠵᠤᠷᠢᠯᠭ᠎ᠠ ᠪᠠᠷ ᠤᠯᠤᠰ ᠤᠨ ᠲᠤᠳᠤᠭᠠᠳᠤ ᠭᠠᠳᠠᠭᠠᠳᠤ ᠠᠴᠠ ᠰᠠᠶᠢᠨ ᠴᠢᠰᠤᠨ ᠤᠳᠤᠮ ᠤᠨ ᠠᠵᠢᠷᠭ᠎ᠠ ᠪᠤᠯᠤᠨ ᠭᠡᠬᠦᠤ ᠤᠷᠤᠭᠤᠯᠪᠠ᠃ ᠤᠨᠠᠭ᠎ᠠ ᠨᠢ ᠴᠡᠪᠡᠷ ᠴᠢᠰᠤᠨ ᠤᠳᠤᠮ ᠤᠨ ᠬᠤᠷᠳᠤᠨ ᠠᠵᠢᠷᠭ᠎ᠠ ᠪᠤᠯᠤᠨ ᠰᠢᠯᠢᠳᠡᠭ ᠡᠭᠦᠯᠳᠡᠷ ᠤᠨ ᠭᠡᠬᠦᠳ ᠤᠨ ᠲᠦᠯ ᠤᠴᠢᠷ ᠠᠴᠠ ᠦᠨ᠎ᠠ ᠨᠢ ᠦᠨᠳᠦᠷ ᠪᠠᠶᠢᠳᠠᠭ ᠴᠦ ᠤᠶᠠᠭᠠᠴᠢᠳ ᠠᠪᠬᠤ ᠲᠤᠷᠠᠳᠠᠢ ᠪᠠᠶᠢᠳᠠᠭ᠃ ᠵᠢᠶᠠᠨ ᠫᠢᠡᠭ 2012 ᠤᠨ ᠠᠴᠠ ᠨᠠᠭᠠᠰᠢ᠂ ᠬᠤᠷᠳᠤᠨ ᠤᠳᠤᠮ ᠤᠨ ᠤᠨᠠᠭ᠎ᠠ ᠪᠠᠨ ᠵᠢᠯ ᠪᠤᠯᠭᠠᠨ ᠤ ᠡᠨᠡ ᠦᠶ᠎ᠠ ᠪᠤᠯᠪᠠᠯ ᠬᠤᠳᠠᠯᠳᠤᠭᠠᠳ ᠪᠠᠷᠠᠴᠢᠬᠠᠳᠠᠭ᠃ ᠤᠨᠠᠭ᠎ᠠ ᠪᠠᠨ ︽ᠠᠩᠭ᠍ᠯᠢ ᠴᠡᠪᠡᠷ ᠴᠢᠰᠤᠨ ᠤᠳᠤᠮ ᠤᠨ ᠬᠠᠷ᠎ᠠ ᠠᠵᠢᠷᠭ᠎ᠠ ᠪᠤᠯᠤᠨ ᠠᠷᠠᠪ ᠭᠡᠬᠦᠤ ᠶᠢᠨ ᠤᠨᠠᠭ᠎ᠠ︾᠂ ︽ᠠᠩᠭ᠍ᠯᠢ ᠴᠡᠪᠡᠷ ᠴᠢᠰᠤᠨ ᠤᠳᠤᠮ ᠤᠨ ᠬᠠᠷ᠎ᠠ ᠠᠵᠢᠷᠭ᠎ᠠ ᠪᠤᠯᠤᠨ ᠰᠢᠯᠢ ᠶᠢᠨ ᠭᠤᠤᠯ ᠭᠡᠬᠦᠤ ᠶᠢᠨ ᠤᠨᠠᠭ᠎ᠠ︾᠂ ︽ᠴᠡᠪᠡᠷ ᠴᠢᠰᠤᠨ ᠤᠳᠤᠮ ᠤᠨ ᠪᠤᠰᠤᠳ ᠠᠵᠢᠷᠭ᠎ᠠ ᠪᠤᠯᠤᠨ ᠰᠢᠯᠢ ᠶᠢᠨ ᠭᠤᠤᠯ ᠭᠡᠬᠦᠤ ᠶᠢᠨ ᠤᠨᠠᠭ᠎ᠠ︾ ᠭᠡᠵᠤ ᠭᠤᠷᠪᠠᠨ ᠲᠠᠰ ᠬᠤᠪᠢᠶᠠᠵᠤ᠂ ᠦᠨ᠎ᠠ ᠶᠢ ᠨᠢ ᠠᠩᠭ᠍ᠯᠢ ᠬᠠᠷ᠎ᠠ ᠠᠵᠢᠷᠭ᠎ᠠ ᠪᠤᠯᠤᠨ ᠠᠷᠠᠪ ᠭᠡᠬᠦᠤ ᠶᠢᠨ ᠤᠨᠠᠭ᠎ᠠ 5 ᠲᠦᠮᠡᠨ ᠲᠦᠭᠦᠷᠢᠭ᠂ ᠠᠩᠭ᠍ᠯᠢ ᠬᠠᠷ᠎ᠠ ᠠᠵᠢᠷᠭ᠎ᠠ ᠪᠤᠯᠤᠨ ᠰᠢᠯᠢ ᠶᠢᠨ ᠭᠤᠤᠯ ᠭᠡᠬᠦᠤ ᠶᠢᠨ ᠤᠨᠠᠭ᠎ᠠ 3 ᠲᠦᠮᠡᠨ ᠲᠦᠭᠦᠷᠢᠭ᠂ ᠪᠤᠰᠤᠳ ᠠᠵᠢᠷᠭ᠎ᠠ ᠪᠤᠯᠤᠨ ᠰᠢᠯᠢ ᠶᠢᠨ ᠭᠤᠤᠯ ᠭᠡᠬᠦᠤ ᠶᠢᠨ ᠤᠨᠠᠭ᠎ᠠ ᠨᠢ 2 ᠲᠦᠮᠡ 5000 ᠲᠦᠭᠦᠷᠢᠭ ᠭᠡᠵᠤ ᠲᠤᠭᠳᠠᠭᠠᠭᠰᠠᠨ ᠠᠴᠠ ᠤᠶᠠᠭᠠᠴᠢᠳ ᠲᠡᠭᠦᠨ ᠲᠠᠢ ᠦᠨ᠎ᠠ ᠬᠠᠶᠠᠯᠴᠠᠬᠤ ᠤᠴᠢᠷ ᠦᠭᠡᠢ ᠪᠠᠶᠢᠳᠠᠭ᠃ᠪᠠᠶᠠᠨᠰᠢᠯᠢ ᠶᠢᠨ ᠮᠠᠯᠴᠢᠳ ᠴᠡᠭᠡ ᠶᠢᠨ ᠠᠵᠤ ᠤᠶᠢᠯᠡᠰ ᠪᠠ ᠴᠡᠭᠡ ᠶᠢᠨ ᠪᠦᠲᠦᠭᠡᠭᠳᠡᠭᠦᠨ ᠢ ᠨᠡᠭᠡᠭᠡᠨ ᠬᠦᠭᠵᠢᠭᠦᠯᠵᠦ᠂ ᠨᠡᠮᠡᠯᠲᠡ ᠦᠷᠲᠡᠭ ᠢ ᠨᠢ ᠳᠡᠭᠡᠭᠰᠢᠯᠡᠭᠦᠯᠬᠦ ᠪᠠᠷ ᠵᠤᠷᠢᠵᠥ ᠠᠵᠢᠯᠯᠠᠭᠠᠳ ᠨᠡᠯᠢᠶᠡᠳ ᠵᠢᠯ ᠪᠤᠯᠵᠤ ᠪᠠᠶᠢᠭ᠎ᠠ ᠪᠤᠯᠬᠤᠷ ᠤᠳᠤᠬᠠᠨ ᠪᠠᠶᠠᠨᠰᠢᠯᠢ ᠮᠠᠯᠵᠢᠯ ᠤᠨ ᠲᠠᠯᠠᠪᠠᠢ ᠳᠤ ᠴᠡᠭᠡ ᠶᠢᠨ ᠤᠶᠢᠯᠡᠰ ᠢᠶᠠᠷ ᠲᠤᠰᠬᠠᠶᠢᠵᠢᠭᠰᠠᠨ 40 ᠡᠷᠦᠬᠡ ᠪᠠᠶᠢᠳᠠᠭ᠃ ᠲᠡᠳᠡᠨ ᠤ ᠤᠯᠠᠩᠬᠢ ᠨᠢ ᠲᠦᠷᠪᠠᠨ ᠤᠯᠠᠷᠢᠯ ᠤᠨ ᠴᠡᠭᠡ ᠭᠠᠷᠭᠠᠵᠤ ᠪᠤᠷᠤᠯᠠᠭᠤᠯᠳᠠᠭ᠃ ᠰᠢᠯᠢ ᠶᠢᠨ ᠬᠤᠳᠠ ᠶᠢᠨ ᠪᠠᠶᠠᠨᠰᠢᠯᠢ ᠮᠠᠯᠵᠢᠯ ᠤᠨ ᠲᠠᠯᠠᠪᠠᠢ ᠶᠢᠨ ᠬᠤᠩᠭᠤᠷᠱᠡᠤᠳᠦ ᠬᠤᠪᠢᠶᠠᠷᠢ ᠲᠠᠯᠠᠪᠠᠢ ᠶᠢᠨ ᠮᠠᠯᠴᠢᠨ ᠰᠤᠷᠳᠠᠯᠳᠦ ᠶᠢᠨ ᠬᠢ ᠰᠢᠯᠢ ᠶᠢᠨ ᠭᠤᠤᠯ ᠠᠳᠤᠭᠤ ᠲᠤᠰᠬᠠᠶᠢᠵᠢᠭᠤᠯᠵᠤ ᠮᠠᠯᠵᠢᠭᠠᠳ ᠨᠢᠭᠡᠨᠳᠡ 15 ᠵᠢᠯ ᠪᠤᠯᠴᠢᠬᠠᠵᠠᠢ᠃ ᠡᠭᠦᠨ ᠠᠴᠠ ᠡᠮᠦᠨ᠎ᠡ ᠬᠤᠨᠢ ᠦᠭᠡᠷ ᠮᠠᠯᠵᠢᠵᠤ ᠪᠠᠶᠢᠭᠰᠠᠨ ᠴᠦ ᠦᠨ᠎ᠠ ᠬᠠᠩᠰᠢ ᠲᠤᠤᠷ᠎ᠠ ᠪᠠᠶᠢᠳᠠᠯ ᠨᠢ ᠰᠤᠷᠳᠠᠯᠳᠦ ᠶᠢ ᠮᠠᠯ ᠮᠠᠯᠵᠢᠯ ᠳᠡᠭᠡᠷ᠎ᠠ ᠪᠠᠨ ᠰᠢᠨ᠎ᠠ ᠰᠤᠩᠭᠤᠯᠳᠠ ᠬᠢᠯᠭᠡᠭᠰᠡᠨ ᠨᠢ ᠳᠠᠷᠤᠢ ᠠᠳᠤᠭᠤ ᠮᠠᠯᠵᠢᠵᠤ᠂ ᠴᠡᠭᠡ ᠭᠠᠷᠭᠠᠨ ᠬᠤᠳᠠᠯᠳᠤᠭᠰᠠᠨ ᠶᠠᠪᠤᠳᠠᠯ ᠪᠠᠶᠢᠵᠤ ᠪᠢᠯᠡ᠃ ᠲᠡᠷᠡ ᠦᠶ᠎ᠡ ᠳᠤ ᠴᠡᠭᠡ ᠶᠢ ᠡᠮᠴᠢᠯᠡᠭᠡ ᠰᠤᠪᠢᠯᠠᠯᠳᠠ ᠳᠤ ᠦᠷᠭᠡᠨ ᠭᠡᠷᠡᠭᠯᠡᠬᠦ᠂ ᠬᠦᠮᠦᠰ ᠡᠳᠦᠷ ᠲᠤᠳᠤᠮ ᠳᠠᠭᠠᠨ ᠤᠤᠭᠤᠬᠤ ᠁ ᠰᠢᠨ᠎ᠠ ᠬᠠᠨᠳᠤᠰᠢ ᠡᠬᠢᠯᠡᠵᠤ ᠪᠠᠶᠢᠭᠰᠠᠨ ᠢ ᠰᠡᠷᠭᠡᠭ ᠠᠵᠢᠵᠤ ᠮᠡᠳᠡᠭᠰᠡᠨ ᠰᠤᠷᠳᠠᠯᠳᠤ 2007 ᠤᠨ ᠳᠤ 30 ᠭᠠᠷᠤᠢ ᠭᠡᠭᠦᠦ᠂ 2008 ᠤᠨ ᠳᠤ 100 ᠭᠠᠷᠤᠢ ᠭᠡᠬᠦᠤ ᠲᠦᠷᠢᠶᠡᠰᠤᠯᠡᠵᠤ ᠰᠠᠭᠠᠵᠠᠢ᠃ ᠲᠡᠷᠡ ᠬᠤᠶᠠᠷ ᠵᠢᠯ ᠳᠡᠭᠡᠨ 7 — 9 ᠰᠠᠷ᠎ᠠ ᠪᠤᠯᠳᠠᠯ᠎ᠠ ᠰᠠᠭᠠᠭᠰᠠᠨ ᠴᠦ ᠪᠤᠷᠤᠯᠠᠭᠤᠯᠭ᠎ᠠ ᠶᠢᠨ ᠵᠠᠮ ᠮᠦᠷ ᠢᠶᠠᠨ ᠤᠯᠤᠭ᠎ᠠ ᠦᠭᠡᠢ ᠪᠠᠶᠢᠭᠰᠠᠨ ᠢᠶᠠᠷ ᠴᠡᠭᠡ ᠪᠠᠨ ᠬᠤᠳᠠᠯᠳᠤᠵᠤ ᠳᠠᠶᠢᠯᠬᠦ ᠦᠭᠡᠢ ᠭᠠᠴᠢᠭᠳᠠᠵᠤ᠂ ᠰᠡᠬᠦᠯ ᠳᠤᠨᠢ ᠲᠠᠨᠢᠯ ᠢᠶᠠᠷ ᠢᠶᠠᠨ ᠲᠠᠮᠵᠢᠭᠠᠳ ᠪᠠᠶᠢᠭᠤᠯᠭ᠎ᠠ ᠳᠤ ᠪᠦᠭᠡᠮ ᠢᠶᠠᠷ ᠦᠭᠬᠦᠭᠰᠡᠨ ᠪᠤᠯᠪᠠᠴᠤ ᠤᠷᠤᠯᠭ᠎ᠠ ᠦᠭᠡᠢ ᠦᠷᠢᠳᠦᠭᠰᠡᠨ ᠬᠦᠳᠡᠯᠮᠤᠷᠢ ᠪᠠᠷ ᠬᠤᠶᠠᠷ ᠵᠢᠯ ᠢ ᠠᠷᠤ ᠳᠠᠭᠠᠨ ᠤᠷᠬᠢᠵᠠᠢ᠃ᠠᠯᠳᠠᠭ᠎ᠠ ᠤᠨᠤᠭᠠᠨ ᠠᠴᠠ ᠪᠠᠨ ᠲᠤᠷᠰᠢᠯᠭ᠎ᠠ ᠬᠤᠷᠠᠮᠳᠤᠭᠤᠯᠤᠭᠰᠠᠨ ᠰᠤᠷᠳᠠᠯᠳᠦ 2009 ᠤᠨ ᠳᠤ ᠦᠪᠡᠷ ᠢᠶᠠᠨ ᠴᠦᠭᠡᠨ ᠭᠡᠳᠦᠨ ᠰᠠᠭᠠᠯᠢ ᠶᠢᠨ ᠭᠡᠬᠦᠤ ᠬᠤᠳᠠᠯᠳᠤᠵᠤ ᠠᠪᠤᠭᠠᠳ ᠰᠠᠭᠠᠭᠰᠠᠨ ᠨᠢ ᠬᠠᠷᠢᠨ ᠤᠷᠤᠯᠭ᠎ᠠ ᠨᠢ ᠵᠦᠭᠡᠷ ᠪᠠᠶᠢᠯ᠎ᠠ᠃ ᠡᠨᠡ ᠮᠡᠳᠦ ᠪᠠᠷ ᠴᠡᠭᠡ ᠭᠠᠷᠭᠠᠵᠤ ᠬᠤᠳᠠᠯᠳᠤᠬᠤ ᠶᠢ ᠳᠠᠭᠠᠯᠳᠤᠨ᠂ ᠭᠡᠷᠡᠭᠯᠡᠭᠴᠢᠳ ᠪᠠ ᠨᠡᠶᠢᠭᠡᠮ ᠨᠡᠶᠢᠳᠡ ᠳᠤ ᠠᠭᠠᠵᠢᠮ ᠳᠠᠭᠠᠨ ᠮᠡᠳᠡᠷᠡᠭᠳᠡᠵᠦ ᠡᠬᠢᠯᠡᠪᠡ᠃ ᠤᠳᠤ ᠡᠳᠡᠨ ᠤ ᠬᠢ ᠪᠦᠬᠦ ᠰᠢᠯᠢ ᠶᠢᠨ ᠬᠤᠳᠠ ᠶᠢᠨ ᠭᠡᠪᠴᠢᠶᠠᠨ ᠳᠤ ᠮᠡᠳᠡᠷᠡᠭᠳᠡᠭᠰᠡᠨ ᠴᠡᠭᠡ ᠰᠠᠶᠢᠳᠠᠢ ᠠᠶᠢᠯ ᠪᠤᠯᠤᠭᠰᠠᠨ ᠢᠶᠠᠷ ᠴᠡᠭᠡ ᠶᠢᠨ ᠭᠠᠷᠭᠠᠯᠳᠠ ᠶᠢᠨ ᠲᠠᠯ᠎ᠠ ᠳᠤ ᠰᠠᠨᠠᠭᠠᠰᠢᠷᠠᠬᠤ ᠶᠠᠪᠤᠳᠠᠯ ᠦᠭᠡᠢ ᠪᠤᠯᠵᠠᠢ᠃ ᠬᠦᠮᠦᠰ ᠴᠡᠭᠡ ᠶᠢᠨ ᠤᠶᠢᠯᠡᠳᠦᠯ ᠭᠡᠷᠡᠭᠴᠡᠭᠡ ᠶᠢ ᠤᠯᠠᠮ ᠰᠠᠶᠢᠨ ᠮᠡᠳᠡᠷᠡᠬᠦ ᠲᠤᠰᠤᠮ ᠭᠡᠷᠡᠭᠯᠡᠭᠡ ᠨᠢ ᠤᠯᠠᠮ ᠨᠡᠮᠡᠭᠳᠡᠭᠰᠡᠨ ᠨᠢ ᠴᠡᠭᠡᠴᠢᠨ ᠠᠶᠢᠯ ᠤᠳ ᠤᠨ ᠬᠤᠪᠢ ᠳᠤ ᠤᠷᠤᠯᠭ᠎ᠠ ᠪᠠᠨ ᠨᠡᠮᠡᠭᠳᠡᠬᠦᠯᠬᠦ ᠠᠵᠠ ᠵᠠᠪᠰᠢᠶᠠᠨ ᠪᠠᠶᠢᠭᠰᠠᠨ ᠢ ᠰᠤᠷᠳᠠᠯᠳᠦ ᠭᠡᠷᠬᠢᠨ ᠠᠨᠳᠠᠬᠤ ᠪᠢᠯᠡ︕ 2015 ᠤᠨ ᠠᠴᠠ ᠡᠳᠡᠨ ᠤ ᠬᠢ ᠵᠢᠯ ᠤᠨ ᠲᠦᠷᠪᠠᠨ ᠤᠯᠠᠷᠢᠯ ᠢᠶᠠᠷ ᠰᠠᠭᠠᠵᠤ ᠡᠬᠢᠯᠡᠪᠡ᠃ 6 — 9 ᠰᠠᠷ᠎ᠠ ᠪᠤᠯᠳᠠᠯ᠎ᠠ ᠡᠳᠦᠷ ᠤᠨ 300 — 400 ᠵᠢᠩ ᠰᠠᠭᠠᠵᠤ᠂ 10 ᠰᠠᠷ᠎ᠠ ᠠᠴᠠ ᠳᠠᠷᠠᠭ᠎ᠠ ᠵᠢᠯ ᠤᠨ ᠬᠢᠨᠢ 5 ᠰᠠᠷ᠎ᠠ ᠪᠤᠯᠳᠠᠯ᠎ᠠ ᠡᠳᠦᠷ ᠤᠨ 80 ᠵᠢᠩ ᠰᠠᠭᠠᠳᠠᠭ᠃ ᠵᠤᠨ ᠳᠠᠭᠠᠨ 2 ᠴᠠᠭ ᠲᠤ ᠨᠢᠭᠡ ᠤᠳᠠᠭ᠎ᠠ᠂ ᠨᠠᠮᠤᠷ ᠲᠠᠭᠠᠨ 3 ᠴᠠᠭ ᠲᠤ ᠨᠢᠭᠡ ᠤᠳᠠᠭ᠎ᠠ᠂ ᠡᠪᠦᠯ ᠳᠡᠭᠡᠨ 4 ᠴᠠᠭ ᠲᠤ ᠨᠢᠭᠡ ᠤᠳᠠᠭ᠎ᠠ ᠰᠠᠭᠠᠳᠠᠭ᠃ ᠵᠤᠨ ᠤ ᠤᠯᠠᠷᠢᠯ ᠳᠤ ᠴᠡᠭᠡ ᠪᠠᠨ ᠵᠢᠩ ᠪᠦᠷᠢ ᠳᠤᠨᠢ 12 ᠲᠦᠭᠦᠷᠢᠭ᠂ ᠰᠡᠷᠢᠬᠦᠤ ᠤᠷᠤᠪᠠᠯ ᠵᠢᠩ ᠪᠦᠷᠢ ᠳᠤᠨᠢ 15 — 18 ᠲᠦᠭᠦᠷᠢᠭ ᠢᠶᠠᠷ ᠬᠤᠳᠠᠯᠳᠤᠳᠠᠭ᠃ ᠬᠤᠳᠠᠯᠳᠤᠵᠤ ᠭᠠᠷᠬᠤ ᠦᠭᠡᠢ ᠤᠳᠠᠭᠰᠠᠨ ᠴᠡᠭᠡ ᠪᠠᠨ ᠬᠤᠷᠠᠮᠳᠤᠭᠤᠯᠤᠭᠠᠳ ᠠᠷᠢᠬᠢ ᠨᠡᠷᠡᠵᠤ᠂ ᠵᠢᠩ ᠳᠡᠭᠡᠨ 100 ᠲᠦᠭᠦᠷᠢᠭ ᠢᠶᠠᠷ ᠵᠢᠯ ᠳᠡᠭᠡᠨ 50 ᠰᠢᠬᠠᠮ ᠵᠢᠩ ᠬᠤᠳᠠᠯᠳᠤᠳᠠᠭ ᠪᠠᠶᠢᠯ᠎ᠠ᠃ ᠡᠭᠦᠨ ᠠᠴᠠ ᠦᠵᠡᠬᠦ ᠳᠤ ᠡᠳᠡᠨ ᠤ ᠬᠢ ᠪᠦᠬᠦᠯᠢ ᠵᠢᠯ ᠢᠶᠠᠷ ᠭᠡᠬᠦᠤ ᠰᠠᠭᠠᠭᠰᠠᠨ ᠠᠴᠠ ᠨᠠᠭᠠᠰᠢ ᠵᠢᠯ ᠤᠨ ᠴᠡᠭᠡ ᠬᠤᠳᠠᠯᠳᠤᠭᠰᠠᠨ ᠤᠷᠤᠯᠭ᠎ᠠ ᠨᠢ 50 ᠲᠦᠮᠡᠨ ᠲᠦᠭᠦᠷᠢᠭ ᠠᠴᠠ ᠳᠡᠭᠡᠭᠰᠢ ᠪᠠᠨ ᠲᠤᠭᠠᠴᠠᠯᠠᠭᠳᠠᠵᠤ ᠪᠠᠶᠢᠯ᠎ᠠ᠃ ︽ᠠᠩᠬ᠎ᠠ ᠡᠬᠢᠯᠡᠵᠤ ᠴᠡᠭᠡ ᠬᠤᠳᠠᠯᠳᠤᠵᠤ ᠪᠠᠶᠢᠬᠤ ᠳᠤ ᠵᠢᠩ ᠪᠦᠷᠢ ᠳᠡᠭᠡᠨ 2.5 ᠲᠦᠭᠦᠷᠢᠭ ᠪᠠᠶᠢᠭᠰᠠᠨ ᠶᠤᠮ᠂ 2015 ᠤᠨ ᠠᠴᠠ ᠨᠠᠭᠠᠰᠢ ᠵᠢᠩ ᠳᠡᠭᠡᠨ 12 ᠲᠦᠭᠦᠷᠢᠭ ᠬᠦᠷᠦᠭᠰᠡᠨ ᠰᠢᠤ᠂ ᠴᠡᠭᠡᠨ ᠤ ᠦᠨ᠎ᠠ ᠦᠰᠦᠭᠰᠡᠨ ᠢᠶᠠᠷ ᠮᠠᠨ ᠤ ᠤᠷᠤᠯᠭ᠎ᠠ ᠶᠡᠭᠡ ᠨᠡᠮᠡᠭᠳᠡᠵᠦ᠂ ᠴᠡᠭᠡ ᠶᠢᠨ ᠤᠶᠢᠯᠡᠰ ᠲᠡᠭᠡᠨ ᠤᠯᠠᠮ ᠤᠷᠮ᠎ᠠ ᠲᠠᠢ ᠪᠤᠯᠤᠭᠰᠠᠨ︾ ᠭᠡᠵᠤ ᠰᠤᠷᠳᠠᠯᠳᠦ ᠪᠠᠶᠠᠷᠳᠠᠶᠢᠬᠠᠨ ᠤᠴᠢᠷᠯᠠᠨ᠎ᠠ᠃ᠭᠡᠶᠢᠮᠤᠷᠢᠳᠦ ᠰᠦᠷᠦᠭ ᠤᠨ ᠳᠠᠯᠠᠯᠭ᠎ᠠ ᠲᠠᠢ ᠪᠠᠶᠠᠨᠰᠢᠯᠢ ᠨᠤᠳᠤᠭ ᠦᠩ ᠰᠢᠮᠡᠯᠢᠭ ᠪᠡᠯᠴᠢᠭᠡᠷ ᠤᠰᠤ ᠲᠠᠢ ᠪᠤᠯᠪᠠᠴᠤ ᠠᠶᠢᠯ ᠪᠦᠷᠢ ᠳᠤ ᠨᠤᠭᠳᠠᠬᠤ ᠨᠤᠳᠤᠭ ᠪᠡᠯᠴᠢᠭᠡᠷ ᠤᠨ ᠲᠠᠯᠠᠪᠠᠢ ᠨᠢ ᠪᠠᠭ᠎ᠠ ᠪᠤᠯᠬᠤᠷ ᠡᠨᠡ ᠨᠤᠳᠤᠭ ᠤᠨ ᠮᠠᠯᠴᠢᠳ ᠠᠳᠤᠭᠤ ᠪᠠᠷ ᠢᠶᠠᠨ ᠠᠯᠳᠠᠷᠳᠠᠢ ᠨᠤᠳᠤᠭ ᠤᠨ ᠳᠠᠪᠠᠭᠤᠯᠢᠭ ᠲᠠᠭᠠᠨ ᠲᠦᠰᠢᠭᠯᠡᠨ᠂ ᠴᠢᠨᠠᠷ ᠰᠠᠶᠢᠳᠠᠢ ᠠᠳᠤᠭᠤᠨ ᠤ ᠠᠵᠤ ᠤᠶᠢᠯᠡᠰ ᠢ ᠬᠦᠭᠵᠢᠬᠦᠯᠬᠦ ᠵᠠᠮ ᠢᠶᠠᠷ ᠵᠠᠮᠨᠠᠭᠠᠳ ᠤᠯᠠᠨ ᠵᠢᠯ ᠪᠤᠯᠵᠤ ᠪᠠᠶᠢᠨ᠎ᠠ᠃ ᠰᠤᠷᠳᠠᠯᠳᠦ ᠶᠢᠨ ᠬᠢ ᠤᠳᠤ ᠦᠪᠡᠷ ᠤᠨ 2000 ᠮᠦ᠂ ᠪᠤᠰᠤᠳ ᠠᠴᠠ ᠲᠦᠷᠢᠶᠡᠰᠦᠯᠡᠭᠰᠡᠨ 2000 ᠮᠦ ᠪᠡᠯᠴᠢᠭᠡᠷ ᠳᠡᠭᠡᠷ᠎ᠠ ᠲᠠᠪᠢᠭᠠᠳ ᠲᠤᠭᠠᠨ ᠤ ᠰᠢᠯᠢ ᠢᠢᠨ ᠭᠤᠤᠯ ᠠᠳᠤᠭᠤ ᠡᠪᠤᠯᠵᠢᠬᠦᠯᠦᠨ᠎ᠠ᠃ ᠵᠢᠯ ᠳᠡᠭᠡᠨ ᠭᠤᠴᠢᠭᠠᠳ ᠭᠡᠬᠦᠤ ᠤᠨᠠᠭᠠᠯᠠᠵᠤ᠂ ᠤᠨᠠᠭ᠎ᠠ ᠬᠤᠳᠠᠯᠳᠤᠭᠰᠠᠨ ᠤᠷᠤᠯᠭ᠎ᠠ ᠨᠢ ᠮᠠᠯᠵᠢᠬᠤ ᠤᠶᠢᠯᠡᠳᠪᠤᠷᠢᠯᠡᠯ ᠤᠨ ᠪᠦᠬᠦ ᠵᠠᠷᠤᠳᠠᠯ ᠳᠠᠭᠠᠨ ᠬᠦᠷᠴᠢᠭᠡᠳᠡᠭ ᠪᠤᠯᠬᠤᠷ ᠴᠡᠭᠡ ᠬᠤᠳᠠᠯᠳᠤᠭᠰᠠᠨ ᠤᠷᠤᠯᠭ᠎ᠠ ᠨᠢ ᠴᠡᠪᠡᠷ ᠤᠷᠤᠳᠠᠭ ᠪᠠᠶᠢᠯ᠎ᠠ᠃ᠪᠠᠶᠠᠨᠰᠢᠯᠢ ᠮᠠᠯᠵᠢᠯ ᠤᠨ ᠲᠠᠯᠠᠪᠠᠢ ᠳᠠᠷᠠᠭ᠎ᠠ ᠠᠯᠬᠤᠮ ᠳᠤ᠂ ᠠᠮᠢ ᠠᠬᠤᠢ ᠪᠠ ᠠᠳᠤᠭᠤᠨ ᠰᠤᠶᠤᠯ ᠤᠨ ᠵᠢᠭᠤᠯᠴᠢᠯᠠᠯ ᠢ ᠬᠦᠭᠵᠢᠬᠦᠯᠬᠦ ᠪᠠᠷ ᠳᠠᠮᠵᠢᠨ᠂ ᠡᠨᠡ ᠰᠠᠶᠢᠬᠠᠨ ᠠᠳᠤᠭᠤᠳᠤ ᠨᠤᠳᠤᠭ ᠢᠶᠠᠨ ᠰᠢᠯᠢ ᠶᠢᠨ ᠬᠤᠳᠠ ᠶᠢᠨ ᠰᠠᠭᠤᠭᠠᠯᠢ ᠠᠷᠠᠳ ᠤᠨ ᠭᠠᠷᠠᠭ ᠤᠨ ᠰᠡᠬᠦᠯᠴᠢ ᠶᠢᠨ ᠰᠡᠯᠡᠬᠦᠴᠡᠯ ᠤᠨ ᠭᠠᠵᠠᠷ᠂ ᠤᠯᠤᠰ ᠤᠨ ᠲᠤᠳᠤᠭᠠᠳᠤ ᠭᠠᠳᠠᠭᠠᠳᠤ ᠶᠢᠨ ᠵᠢᠭᠤᠯᠴᠢᠯᠠᠭᠰᠠᠳ ᠤᠨ ᠰᠢᠯᠢ ᠶᠢᠨ ᠬᠤᠳᠠ ᠳᠤ ᠵᠤᠭᠠᠴᠠᠬᠤ ᠲᠠᠷᠢᠬᠦᠨ ᠦᠷᠳᠡᠭᠡ᠂ ᠤᠯᠤᠰ ᠤᠨ ᠲᠤᠳᠤᠭᠠᠳᠤ ᠶᠢᠨ ᠨᠠᠷ᠎ᠠ ᠠᠯᠳᠠᠷ ᠲᠠᠢ ᠲᠠᠯ᠎ᠠ ᠨᠤᠳᠤᠭ ᠤᠨ ᠠᠮᠢ ᠠᠬᠤᠢ ᠪᠤᠯᠤᠨ ᠠᠳᠤᠭᠤᠨ ᠰᠤᠶᠤᠯ ᠤᠨ ᠵᠢᠭᠤᠯᠴᠢᠯᠠᠯ ᠤᠨ ᠬᠦᠰᠡᠨ ᠬᠦᠷᠬᠦ ᠭᠠᠵᠠᠷ᠂ ᠮᠤᠩᠭᠤᠯ ᠮᠤᠷᠢᠨ ᠤ ᠵᠤᠷᠢᠭ ᠰᠠᠨᠠᠭ᠎ᠠ ᠤᠳᠬ᠎ᠠ ᠵᠤᠬᠢᠶᠠᠯ ᠤᠷᠠᠯᠢᠭ ᠤᠨ ᠵᠤᠬᠢᠶᠠᠨ ᠪᠦᠳᠦᠭᠡᠬᠦ ᠰᠠᠭᠤᠷᠢᠨ ᠪᠤᠯᠭᠠᠨ ᠪᠦᠳᠦᠭᠡᠨ ᠪᠠᠶᠢᠭᠤᠯᠬᠤ ᠲᠥᠯᠥᠪᠯᠡᠭᠡ ᠪᠠᠷ ᠠᠵᠢᠯᠯᠠᠵᠥ ᠪᠠᠶᠢᠭ᠎ᠠ ᠪᠢᠯᠡ᠃
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号