ᠨᠤᠳᠤᠬ ᠢᠶᠠᠨ ᠰᠠᠬᠢᠬᠰᠠᠨ ᠠᠳᠤᠭᠤᠳ ᠪᠤᠶᠤ ᠨᠠᠰᠤᠳᠠᠢ ᠠᠪᠤ ᠶᠢᠨ 38 ᠵᠢᠯ | ︽2000 ᠤᠨ ᠤ ᠶᠡᠭᠡ ᠭᠠᠨᠭ᠌ ᠤᠨ ᠵᠢᠯ ᠪᠠᠶᠢᠬᠰᠠᠨ᠂ ᠬᠡᠳᠤᠨ ᠠᠳᠤᠭᠤ ᠮᠢᠨᠢ ᠰᠢᠷᠤᠢ ᠳᠤ ᠪᠤᠯᠠᠬᠳᠠᠬᠤ ᠰᠢᠬᠠᠭᠠᠳ | ᠠᠷᠭ᠎ᠠ ᠪᠤᠰᠤ ᠮᠠᠨ ᠤ ᠵᠡᠷᠭᠡᠯᠡᠳᠡᠭᠡ ᠳᠠᠯᠠᠢ ᠰᠤᠮᠤᠨ ᠳᠠᠭᠠᠨ ᠪᠡᠯᠴᠢᠬᠡᠷ ᠰᠢᠯᠵᠢᠬᠦᠯᠦᠭᠰᠡᠨ ᠁ ᠰᠠᠷ᠎ᠠ ᠶᠢᠨ ᠠᠷᠤ ᠳᠤ | ᠠᠳᠤᠭᠤ ᠪᠠᠨ ᠦᠵᠡᠬᠦ ᠪᠠᠷ ᠬᠦᠷᠬᠦ ᠳᠤ ᠬᠡᠳᠤᠨ ᠠᠳᠤᠭᠤ ᠮᠢᠨᠢ ᠨᠤᠳᠤᠬ ᠢᠶᠠᠨ ᠪᠠᠷᠠᠳᠠᠭᠠᠳ ᠵᠤᠬᠰᠤᠵᠤ ᠪᠠᠶᠢᠬᠰᠠᠨ᠂ | ᠬᠠᠴᠢᠨ ᠤᠶᠠᠷᠠᠯᠳᠠᠢ ᠰᠠᠨᠠᠭᠳᠠᠭᠰᠠᠨ ᠁︾ ᠰᠦᠨᠢᠳ ᠨᠤᠳᠤᠬ ᠤᠨ ᠠᠳᠤᠭᠤᠴᠢᠨ ᠭᠤᠨᠴᠤᠬᠵᠠᠮᠰᠤ ᠠᠪᠤ | ᠠᠳᠤᠭᠤᠨ ᠤ ᠪᠠᠨ ᠳᠤᠬᠠᠢ ᠢᠡᠭᠭᠢᠵᠤ ᠶᠠᠷᠢᠵᠦ ᠡᠬᠢᠯᠡᠯ᠎ᠡ | ᠭᠤᠨᠴᠤᠬᠵᠠᠮᠰᠤ ᠨᠠᠰᠤᠳᠠᠨ ᠪᠤᠯ ᠰᠦᠨᠢᠳ ᠵᠡᠬᠦᠨ ᠬᠤᠰᠢᠭᠤᠨ ᠤ ᠪᠠᠶ᠋ᠬᠠᠠᠭᠤᠯᠠ ᠰᠤᠮᠤᠨ ᠤ ᠰᠠᠷᠠᠭᠤᠯᠳᠤᠶᠠᠭ᠎ᠠ ᠭᠠᠴᠠᠭᠠᠨ ᠤ | ᠤᠤᠭᠠᠯ᠂ ᠮᠦᠨᠴᠤ ︽ᠪᠠᠶᠠᠨ ᠠᠭᠤᠯᠠ︾ ᠮᠠᠯ ᠠᠵᠤ ᠠᠬᠤᠢ ᠶᠢᠨ ᠳᠤᠰᠬᠠᠢ ᠬᠤᠷᠰᠢᠶᠠᠵᠢᠯ ᠤᠨ ᠡᠬᠦᠰᠭᠡᠨ ᠪᠠᠶᠢᠭᠤᠯᠤᠬᠴᠢ | ᠪᠤᠯᠤᠨ᠎ᠠ᠃ ᠦᠨᠤᠳᠤᠷ ᠰᠦᠨᠢᠳ ᠨᠤᠳᠤᠬ ᠤᠨ ᠠᠳᠤᠭᠤᠨ ᠤ ᠳᠤᠬᠠᠢ ᠶᠠᠷᠢᠬᠤ ᠪᠠᠷ ᠨᠠᠰᠤᠳᠠᠨ ᠤ ᠦᠢᠯᠡ ᠳᠡᠷᠢᠬᠦᠨ ᠳᠤ | ᠳᠤᠷᠠᠳᠤᠬᠳᠠᠬᠤ ᠨᠢ ᠵᠦᠢ ᠶᠤᠰᠤ ᠠᠵᠢ᠃ | ᠤᠳᠤ ᠠᠴᠠ 38 ᠵᠢᠯ ᠤᠨ ᠡᠮᠤᠨ᠎ᠠ᠂ ᠳᠠᠷᠤᠢ 1985 ᠤᠨ ᠳᠤ ᠮᠠᠯ ᠪᠡᠯᠴᠢᠭᠡᠷ ᠢ ᠡᠷᠤᠬᠡ ᠳᠤ ᠳᠠᠭᠠᠭᠠᠴᠢᠯᠠᠭᠤᠯᠬᠤ | ᠦᠶ᠎ᠠ ᠳᠤ ᠭᠤᠨᠴᠤᠬᠵᠠᠮᠰᠤ ᠨᠠᠰᠤᠳᠠᠨ ᠤ ᠬᠢᠨ 12 ᠠᠳᠤᠭᠤ ᠳᠠᠭᠠᠭᠠᠴᠢᠯᠠᠵᠤ ᠠᠪᠤᠯ᠎ᠠ ᠭᠡᠳᠡᠭ᠃ | ᠳᠤᠬᠠᠢ ᠶᠢᠨ ᠦᠶ᠎ᠠ ᠳᠤ ᠵᠠᠮ ᠨᠡᠪᠳᠡᠷᠡᠯᠬᠡ ᠲᠦᠬᠦᠮ ᠦᠬᠡᠢ ᠪᠠᠶᠢᠭᠰᠠᠨ ᠰᠦᠨᠢᠳ ᠨᠤᠳᠤᠬ ᠲᠤ᠂ ᠠᠳᠤᠭᠤ ᠲᠠᠢ ᠪᠤᠯᠤᠨ᠎ᠠ | ᠭᠡᠳᠡᠭ ᠭᠠᠯ ᠵᠠᠯᠠᠭᠤ ᠨᠠᠰᠤᠨ ᠤ ᠲᠦᠷᠦᠬᠡ ᠴᠢᠩᠭᠠᠯᠠᠬᠤ ︽ᠮᠠᠰᠢᠨ︾ ᠲᠠᠢ ᠪᠤᠯᠤᠯ᠎ᠠ ᠯᠡ ᠭᠡᠰᠡᠨ ᠦᠬᠡ ᠁ ︽ᠮᠠᠨ ᠤ | ᠬᠡᠬᠦ ᠪᠠᠷ ᠳᠡᠭᠡᠵᠤ ᠠᠳᠤᠭᠤ ᠲᠠᠢ ᠪᠤᠯᠤᠬᠰᠠᠨ ᠠᠴᠠ ᠬᠤᠶᠢᠰᠢ ᠤᠨᠤᠯᠭ᠎ᠠ ᠡᠳ᠋ᠯᠡᠭᠡ ᠠᠴᠠ ᠡᠬᠢᠯᠡᠵᠤ ᠪᠦᠷ ᠯᠡ ᠠᠳᠤᠭᠤ | ᠪᠠᠶᠢᠭᠰᠠᠨ᠂ ᠮᠠᠨ ᠤ ᠮᠤᠩᠭᠤᠯᠴᠤᠳ ᠠᠳᠤᠭᠤ ᠶᠢ ᠠᠴᠢ ᠲᠠᠢ ᠠᠮᠢᠳᠠᠨ ᠭᠡᠵᠤ ᠪᠤᠳᠤᠳᠠᠬ᠂ ᠠᠮᠢᠳᠤᠷᠠᠯ ᠦᠢᠯᠡᠳᠪᠦᠷᠢᠯᠡᠯ | ᠪᠦ᠋ᠬᠦ ᠳᠠᠯ᠎ᠠ ᠪᠠᠷ ᠠᠳᠤᠭᠤ ᠠᠴᠠ ᠰᠠᠯᠵᠤ ᠪᠤᠯᠬᠤ ᠦᠭᠡᠢ ᠪᠠᠶᠢᠳᠠᠭ︾ ᠭᠡᠵᠤ ᠭᠤᠨᠴᠤᠬᠵᠠᠮᠰᠤ ᠨᠠᠰᠤᠳᠠᠨ ᠶᠠᠷᠢᠨ᠎ᠠ᠃ | ᠠᠳᠤᠭᠤᠴᠢᠨ ᠬᠦᠮᠦᠨ ᠤ ᠠᠮᠢᠳᠤᠷᠠᠯ ᠬᠡᠬᠦ ᠪᠠᠷ ᠡᠳᠦᠷ ᠪᠤᠯᠭᠠᠨ ᠠᠳᠤᠭᠤᠨ ᠠᠴᠠ ᠪᠠᠨ ᠰᠠᠯᠳᠠᠭ ᠦᠬᠡᠢ᠂ ᠭᠤᠨᠴᠤᠬᠵᠠᠮᠰᠤ | ᠭᠤᠸᠠᠢ ᠴᠦ ᠠᠳᠠᠯᠢ᠂ ᠵᠠᠯᠠᠭᠤ ᠴᠠᠭ ᠲᠠᠭᠠᠨ ᠠᠳᠤᠭᠤ ᠲᠠᠢ ᠪᠤᠯᠤᠬᠰᠠᠨ ᠠᠴᠠ ᠬᠤᠶᠢᠰᠢ ᠠᠳᠤᠭᠤ ᠪᠠᠨ ᠤᠨᠠᠭᠠᠨ ᠳᠤᠨᠢ | ᠤᠶᠠᠵᠤ᠂ ᠲᠠᠭᠠᠨ ᠳᠤᠨᠢ ᠳᠡᠪᠳᠡᠵᠤ᠂ ᠰᠢᠳᠤᠯᠡᠩ ᠳᠤᠨᠢ ᠰᠢᠳᠤᠵᠤ᠂ ᠬᠢᠵᠠᠭᠠᠯᠠᠩ ᠳᠤᠨᠢ ᠬᠢᠨᠠᠵᠤ᠂ ᠰᠤᠶᠤᠭᠠᠯᠠᠩ ᠳᠤᠨᠢ | ᠰᠤᠩᠭᠤᠵᠤ᠂ ᠡᠷᠡᠮᠡᠬᠡᠢ ᠰᠠᠶᠢᠨ ᠠᠬᠳᠠ ᠪᠤᠯᠭᠠᠬᠤ ᠪᠠᠷ ᠴᠢᠷᠮᠠᠶᠢᠬᠰᠠᠭᠠᠷ ᠢᠷᠡᠵᠡᠢ᠃ | ᠭᠤᠨᠴᠤᠬᠵᠠᠮᠰᠤ ᠨᠠᠰᠤᠳᠠᠨ ᠠᠳᠤᠭᠤ ᠪᠠᠨ ᠳᠠᠪᠤᠨ ᠡᠷᠳᠡᠨᠢ ᠶᠢᠨ ᠨᠢᠭᠡ ᠬᠡᠮᠡᠨ ᠬᠠᠶᠢᠷᠠᠯᠠᠵᠦ᠂ ᠠᠳᠤᠭᠤᠯᠠᠬᠤ ᠳᠠᠭᠠᠨ | ᠠᠳᠤᠭᠤᠯᠠᠵᠤ᠂ ᠪᠤᠷᠤᠯᠠᠭᠤᠯᠬᠤ ᠳᠠᠭᠠᠨ ᠪᠤᠷᠤᠯᠠᠭᠤᠯᠵᠤ ᠠᠮᠢᠳᠤᠷᠠᠯ ᠳᠠᠭᠠᠨ ᠳᠡᠮ ᠪᠤᠯᠭᠠᠵᠤ ᠪᠠᠶᠢᠯ᠎ᠠ ᠭᠡᠳᠡᠭ᠃ ᠰᠡᠬᠦᠯ ᠤᠨ | ᠦᠶ᠎ᠠ ᠳᠤ ᠨᠤᠳᠤᠬ ᠪᠡᠯᠴᠢᠬᠡᠷ ᠤᠨ ᠳᠠᠴᠢᠷᠰᠢᠯ ᠠᠴᠠ ᠪᠤᠯᠵᠤ ᠠᠳᠤᠭᠤ ᠴᠦᠬᠡᠷᠡᠵᠤ ᠢᠷᠡᠬᠦ ᠪᠠᠷ᠂ ᠨᠡᠩ ᠴᠦ 2000 | ᠤᠨ ᠤ ᠶᠡᠭᠡ ᠭᠠᠨᠭ᠌ ᠤᠨ ᠵᠢᠯ ᠢᠶᠠᠷ ᠨᠤᠳᠤᠬ ᠤᠷᠤᠨ ᠤ ᠬᠢᠨᠢ ᠠᠳᠤᠭᠤ ᠶᠡᠭᠡ ᠪᠠᠷ ᠬᠤᠷᠤᠬᠳᠠᠬᠰᠠᠨ ᠪᠠ ᠨᠠᠰᠤᠳᠠᠨ ᠳᠤ | ᠳᠤᠬᠢᠶᠠᠯᠳᠤᠬᠰᠠᠨ ᠨᠠᠰᠤᠨ ᠳᠠᠭᠠᠨ ᠮᠠᠷᠳᠠᠮ᠎ᠠ ᠦᠬᠡᠢ ᠠᠳᠤᠭᠤ ᠨᠤᠳᠤᠬ ᠬᠤᠶᠠᠷ ᠤᠨ ᠦᠯᠢᠬᠡᠷ ᠠᠴᠠ ᠬᠤᠶᠢᠰᠢ | ᠠᠳᠤᠭᠤ ᠪᠠᠨ ᠬᠠᠮᠠᠭᠠᠯᠠᠬᠤ ᠳᠡᠷᠡ ᠳᠤᠰᠤᠮ ᠢᠶᠠᠨ ᠶᠡᠭᠡ ᠪᠠᠷ ᠪᠤᠷᠤᠯᠠᠭᠤᠯᠵᠤ ᠬᠤᠳᠠᠯᠳᠤᠬᠤ ᠶᠢ ᠳᠡᠪᠴᠢᠬᠦ ᠪᠤᠳᠤᠯ | ᠤᠷᠭᠤᠬᠰᠠᠨ ᠪᠠ ᠳᠡᠬᠦᠨ ᠤ ᠪᠠᠨ ᠲᠦᠯᠦᠬᠡ ᠳᠡᠮᠡᠴᠡᠬᠦ ᠢᠳᠡᠭᠡᠯ ᠲᠠᠢ ᠪᠤᠯᠵᠠᠢ᠃ ᠭᠡᠪᠡᠴᠦ ᠬᠡᠯᠡᠬᠦ ᠳᠤ ᠠᠮᠠᠷ ᠬᠢᠬᠦ ᠳᠤ | ᠬᠦᠴᠢᠷ ᠪᠠᠶᠢᠬᠰᠠᠨ ᠢ ᠶᠠᠭᠤ ᠬᠡᠯᠡᠬᠦᠪ᠃ ᠬᠠᠮᠠᠭᠠᠯᠠᠬᠤ ᠠᠵᠢᠯ ᠢ ᠬᠢᠶ᠎ᠠ ᠭᠡᠪᠡᠯ ᠵᠠᠪᠠᠯ ᠰᠢᠰᠲ᠋ᠧᠮ ᠲᠠᠢ ᠬᠢᠬᠦ ᠬᠡᠷᠡᠭᠳᠡᠢ᠂ | ᠶᠠᠭᠠᠬᠢᠵᠤ ᠬᠢᠪᠡᠯ ᠵᠤᠬᠢᠬᠤ ᠪᠢᠯᠡ⁈ ᠨᠠᠰᠤᠳᠠᠨ ᠬᠡᠳᠤᠨ ᠳᠡᠬᠦᠤ ᠲᠠᠢ ᠪᠠᠨ ᠵᠦᠪᠳᠡᠯᠴᠡᠵᠤ ᠦᠵᠡᠯ᠎ᠠ᠂ ᠬᠠᠵᠠᠭᠤ | ᠬᠠᠪᠢ ᠠᠴᠠ ᠪᠠᠨ ᠠᠰᠠᠭᠤᠵᠤ ᠦᠵᠡᠯ᠎ᠠ᠂ ᠳᠠᠨᠢᠵᠤ ᠮᠡᠳᠡᠳᠡᠭ ᠠᠴᠠ ᠪᠠᠨ ᠰᠤᠷᠠᠬᠯᠠᠵᠤ ᠦᠵᠡᠯ᠎ᠠ᠃ ᠮᠡᠳᠡᠳᠡᠭ ᠨᠢ ᠴᠦᠬᠡᠨ᠂ | ᠠᠷᠭ᠎ᠠ ᠦᠬᠡᠢ ᠶᠢᠨ ᠡᠷᠬᠡᠨ ᠳᠤ ᠦᠪᠡᠷ ᠤᠨ ᠬᠠᠶᠢᠷᠠᠳᠡᠢ ᠬᠤᠨᠭ᠍ᠭᠤᠷ ᠮᠤᠷᠢ ᠪᠠᠨ ᠵᠠᠶᠢᠳᠠᠯᠠᠵᠤ ᠬᠤᠰᠢᠭᠤ ᠤᠷᠤᠵᠤ ᠪᠠᠶᠢᠳᠠᠯ | ᠤᠶᠢᠯᠠᠭᠠᠯ᠎ᠠ ᠭᠡᠳᠡᠭ᠃ ︽ᠤᠤᠯ ᠨᠢ ᠠᠳᠤᠭᠤ ᠪᠠᠨ ᠵᠦᠬᠡᠷ ᠯᠡ ᠮᠠᠯᠵᠢᠵᠤ ᠪᠠᠶᠢᠪᠠᠯ ᠪᠤᠯᠴᠢᠬᠠᠨ᠎ᠠ ᠭᠡᠵᠤ ᠪᠤᠳᠤᠬᠰᠠᠨ᠂ | ᠬᠠᠷᠢᠨ ᠡᠬᠦᠷᠢᠳᠡ ᠠᠳᠤᠭᠤ ᠲᠠᠢ ᠪᠠᠨ ᠪᠠᠶᠢᠶ᠎ᠠ ᠭᠡᠪᠡᠯ ᠪᠢᠳᠡ ᠪᠠᠰᠠ ᠬᠠᠮᠠᠭᠠᠯᠠᠬᠤ ᠬᠡᠷᠡᠭᠳᠡᠢ ᠭᠡᠳᠡᠭ ᠢ ᠳᠡᠷᠡ ᠯᠡ ᠦᠶ᠎ᠠ ᠳᠤ | ᠤᠬᠠᠭᠠᠷᠠᠬᠰᠠᠨ︾ ᠬᠡᠯ᠎ᠠ᠃ | ᠬᠤᠨᠭ᠍ᠭᠤᠷ ᠮᠤᠷᠢ ᠪᠠᠨ ᠤᠨᠤᠵᠤ ᠬᠤᠰᠢᠭᠤ ᠤᠷᠤᠵᠦ ᠪᠠᠶᠢᠳᠠᠯ ᠤᠢᠯᠠᠭᠠᠭᠰᠠᠨ ᠨᠠᠰᠤᠳᠠᠨ ᠪᠤᠴᠠᠵᠤ ᠬᠠᠷᠢᠬᠰᠠᠨ ᠤ ᠪᠠᠨ | ᠳᠠᠷᠠᠭ᠎ᠠ ᠨᠦᠬᠦᠴᠡᠯ ᠳᠤ ᠬᠦᠷᠬᠦ ᠪᠦᠬᠦᠨ ᠢᠶᠠᠨ ᠠᠯᠬᠤᠮ ᠠᠯᠬᠤᠮ ᠢᠶᠠᠷ ᠪᠦᠷᠢᠳᠦᠬᠦᠯᠦᠭᠡᠳ 2015 ᠤᠨ ᠳᠤ ᠰᠠᠳᠤᠨ | ᠲᠦᠷᠦᠯ 5 ᠠᠶᠢᠯ ᠲᠠᠢ ᠬᠤᠷᠰᠢᠵᠤ ᠰᠦᠨᠢᠳ ᠤᠨ ᠤᠷᠤᠨ ᠨᠤᠳᠤᠬ ᠤᠨ ᠠᠳᠤᠭᠤᠨ ᠤ ᠡᠬᠦᠯᠳᠡᠷ ᠢ ᠬᠠᠮᠠᠭᠠᠯᠠᠬᠤ ︽ᠪᠠᠭ᠎ᠠ | ᠠᠭᠤᠯᠠ︾ ᠮᠠᠯ ᠠᠵᠤ ᠠᠬᠤᠢ ᠶᠢᠨ ᠳᠤᠰᠬᠠᠢ ᠬᠤᠷᠰᠢᠶᠠᠵᠢᠯ ᠢ ᠪᠠᠶᠢᠭᠤᠯᠤᠬᠰᠠᠨ ᠪᠠᠶᠢᠨ᠎ᠠ᠃ | ︽ᠮᠠᠯ ᠠᠵᠤ ᠠᠬᠤᠢ ᠶᠢᠨ ᠳᠤᠰᠬᠠᠢ ᠬᠤᠷᠰᠢᠶᠠᠵᠢᠯ ᠲᠠᠢ ᠪᠤᠯᠤᠬᠰᠠᠨ ᠤ ᠳᠠᠷᠠᠭ᠎ᠠ ᠡᠨᠡ ᠠᠵᠢᠯ ᠢᠶᠠᠨ ᠦᠷᠬᠦᠯᠵᠢᠯᠡᠬᠦᠯᠬᠦ | ᠢᠳᠡᠬᠡᠯ ᠨᠡᠮᠡᠭᠳᠡᠭᠰᠡᠨ ᠁ ᠪᠢ ᠨᠢᠭᠡ ᠠᠳᠤᠭᠤᠴᠢᠨ ᠪᠠᠶᠢᠬᠰᠠᠨ ᠠᠴᠠ ᠪᠠᠨ ᠨᠤᠳᠤᠬ ᠤᠨ ᠢᠶᠠᠨ ᠠᠳᠤᠭᠤᠨ ᠤ ᠡᠬᠦᠯᠳᠡᠷ ᠢ | ᠬᠠᠮᠠᠭᠠᠯᠠᠬᠤ ᠦᠢᠯᠡᠰ ᠲᠤ ᠬᠦᠴᠤᠨ ᠢᠶᠠᠨ ᠡᠷᠬᠦᠬᠦ ᠬᠤᠪᠢ ᠲᠠᠢ ᠬᠦᠮᠦᠨ ᠪᠤᠯᠤᠬᠰᠠᠨ ᠭᠡᠵᠤ ᠪᠤᠳᠤᠳᠠᠬ ᠁︾ | ᠭᠤᠨᠴᠤᠬᠵᠠᠮᠰᠤ ᠨᠠᠰᠤᠳᠠᠨ ᠤ ᠠᠳᠤᠭᠤᠨ ᠤ ᠪᠠᠨ ᠦᠢᠯᠡᠰ ᠤᠨ ᠲᠦᠯᠦᠬᠡ ᠬᠤᠶᠢᠰᠢ ᠦᠬᠡᠢ ᠵᠢᠳᠬᠦᠬᠦ ᠦᠢᠯᠡ ᠢᠡᠭᠭᠢᠵᠤ | ᠡᠬᠢᠯᠠᠵᠠᠢ᠃ᠰᠦᠨᠢᠳ ᠠᠳᠤᠭᠤ ᠨᠢ ᠪᠡᠶ᠎ᠠ ᠪᠢᠯᠳᠠᠷ ᠵᠢᠵᠢᠭᠷᠡᠬᠦᠤ ᠴᠦ ᠭᠠᠨᠭ᠌ ᠭᠠᠴᠢᠭ ᠢ ᠳᠤᠭᠤᠯᠬᠤ ᠳᠤ ᠳᠡᠰᠪᠦᠷᠢᠳᠡᠢ᠂ | ᠬᠤᠯᠠ ᠵᠠᠮ ᠤᠨ ᠤᠨᠤᠯᠭ᠎ᠠ ᠡᠳ᠋ᠯᠡᠭᠡᠨ ᠳᠤ ᠰᠢᠨᠳᠠᠰᠤᠳᠠᠢ᠂ ᠳᠠᠷᠭᠤ ᠬᠦᠴᠤ ᠨᠢ ᠠᠮᠠᠷᠬᠠᠨ ᠪᠠᠭᠤᠷᠠᠳᠠᠬ ᠦᠬᠡᠢ᠂ | ᠬᠦᠢᠳᠡᠨ ᠳᠤ ᠳᠡᠰᠪᠦᠷᠢᠳᠡᠢ ᠵᠡᠷᠭᠡ ᠤᠨᠴᠠᠯᠢᠬ ᠲᠠᠢ ᠪᠠᠶᠢᠳᠠᠭ᠃ ᠡᠨᠡ ᠨᠢ ᠡᠪᠤᠯ ᠳᠡᠭᠡᠨ ᠬᠠᠬᠢᠷ ᠬᠦᠢᠳᠡᠨ᠂ ᠵᠤᠨ ᠳᠠᠭᠠᠨ | ᠠᠭᠠᠬᠢᠮ᠎ᠠ ᠬᠠᠯᠠᠭᠤᠨ᠂ ᠠᠷᠪᠠᠨ ᠵᠢᠯ ᠤᠨ ᠵᠢᠰᠤ ᠨᠢ ᠭᠠᠨᠭ᠍ᠳᠠᠳᠠᠭ ᠰᠦᠨᠢᠳ ᠨᠤᠳᠤᠬ ᠤᠨ ᠤᠷᠴᠢᠨ ᠳᠤ ᠮᠠᠰᠢ ᠳᠤᠬᠢᠷᠠᠳᠠᠭ | ᠶᠤᠮ᠃ ᠨᠡᠩ ᠴᠦ ᠰᠦᠨᠢᠳ ᠤᠨ ᠶᠡᠭᠡᠨᠭᠬᠢ ᠭᠠᠵᠠᠷ ᠤᠨ ᠪᠡᠯᠴᠢᠬᠡᠷ ᠳᠠᠴᠢᠷ ᠪᠠᠶᠢᠵᠤ᠂ ᠠᠳᠤᠭᠤ ᠡᠪᠡᠰᠤ ᠢᠳᠡᠬᠦ ᠳᠡᠭᠡᠨ | ᠴᠢᠯᠠᠭᠤ ᠰᠢᠷᠤᠢ ᠬᠠᠵᠠᠬᠤ ᠨᠢ ᠠᠷᠪᠢᠨ ᠳᠤᠯᠠ ᠰᠢᠳᠤ ᠨᠢ ᠡᠯᠡᠭᠳᠡᠬᠦ ᠨᠢ ᠲᠦᠷᠬᠡᠨ᠂ ᠪᠠᠷᠤᠬ ᠤᠨ ᠠᠳᠤᠭᠤ ᠨᠢᠮᠠᠨ | ᠨᠠᠰᠤᠨ ᠠᠴᠠ ᠪᠠᠨ ᠡᠮᠤᠨ᠎ᠠ ᠰᠢᠳᠤ ᠨᠢ ᠡᠯᠡᠭᠳᠡᠵᠤ ᠳᠤᠤᠷ᠎ᠠ ᠲᠦᠷᠪᠡᠨ ᠵᠠᠬ᠎ᠠ ᠪᠤᠯᠴᠢᠬᠠᠳᠠᠭ ᠴᠦ ᠬᠦᠴᠤ ᠳᠠᠮᠢᠷ ᠲᠤᠨᠢ ᠳᠡᠮᠡᠢ | ᠨᠦᠯᠦᠬᠡ ᠪᠤᠯᠳᠠᠬ ᠦᠬᠡᠢ᠂ ᠪᠦᠬᠦᠯᠢ ᠠᠷᠪᠠᠨ ᠬᠤᠶᠠᠷ ᠨᠠᠰᠤᠯᠠᠳᠠᠯ᠎ᠠ ᠵᠠᠯᠠᠭᠤ ᠨᠠᠰᠤᠨ ᠤ ᠢᠳᠡ ᠬᠦᠴᠤ ᠪᠠᠨ ᠬᠠᠳᠠᠭᠠᠯᠠᠳᠠᠬ᠃ | ᠠᠷᠪᠠᠨ ᠬᠤᠶᠠᠷ ᠨᠠᠰᠤ ᠪᠤᠯᠬᠤ ᠦᠶ᠎ᠠ ᠳᠤ ᠬᠦᠭᠰᠢᠷᠡᠬᠦ ᠵᠦᠭ ᠲᠡᠭᠡᠨ ᠬᠠᠨᠳᠤᠵᠤ ᠢᠳᠡ ᠳᠠᠮᠢᠷ ᠨᠢ ᠠᠭᠠᠵᠢᠮ ᠢᠶᠠᠷ | ᠪᠠᠭᠤᠷᠠᠳᠠᠬ ᠴᠦ ᠤᠨᠴᠠ ᠵᠠᠷᠢᠮ ᠮᠤᠷᠢᠳ ᠬᠦᠴᠤ ᠳᠠᠮᠢᠷ ᠢᠶᠠᠨ ᠭᠠᠶᠢᠬᠠᠯᠳᠠᠢ ᠬᠠᠳᠠᠭᠠᠯᠠᠵᠦ ᠪᠠᠶᠢᠳᠠᠭ᠃ ᠶᠡᠷᠤ ᠨᠢ ᠦᠡᠭᠭᠡ | ᠵᠢᠰᠤᠮ ᠤᠨ ᠳᠠᠯ᠎ᠠ ᠠᠴᠠ ᠶᠠᠷᠢᠬᠤ ᠪᠠᠷ ᠰᠦᠨᠢᠳ ᠠᠳᠤᠭᠤ ᠬᠠᠷ᠎ᠠ ᠬᠦᠷᠡᠩ᠂ ᠬᠤᠯᠠᠠ ᠬᠡᠬᠡᠷ ᠵᠢᠰᠤᠮ ᠢᠶᠠᠷ ᠭᠤᠤᠯᠳᠠᠳᠠᠭ᠃ | ᠪᠢᠴᠢᠭ ᠮᠠᠲᠤᠷᠢᠶᠠᠯ ᠢ ᠦᠨᠳᠦᠰᠦᠯᠡᠪᠡᠯ ᠴᠢᠯᠦᠭᠡᠯᠡᠭᠳᠡᠬᠦ ᠶᠢᠨ ᠡᠬᠢᠨ ᠤ ᠦᠶ᠎ᠠ ᠠᠴᠠ ᠳᠠᠪᠢᠭᠠᠳ ᠤᠨ ᠪᠤᠯᠳᠠᠯᠡᠬᠢ | ᠬᠤᠭᠤᠴᠠᠭᠠᠨ ᠤ ᠪᠠᠶᠢᠳᠠᠯ ᠠᠴᠠ ᠦᠵᠡᠬᠦ ᠳᠤ ᠪᠠᠭᠠᠳᠠᠭᠠᠢ ︵ᠪᠠᠳᠬᠠᠢ︶ ᠶᠢᠨ ᠴᠠᠭᠠᠨ ᠳᠤᠯᠤᠭᠠᠢ ᠪᠠᠷ ᠨᠤᠳᠤᠬ ᠲᠠᠢ ᠪᠠᠶᠠᠨ | ᠳᠠᠮᠫᠢᠯ ᠤᠨ ᠭᠡᠳᠡᠭ ᠠᠶᠢᠯ ᠬᠡᠳᠤᠨ ᠵᠠᠭᠤᠨ ᠬᠠᠷ᠎ᠠ ᠵᠢᠰᠤᠮ ᠤᠨ ︵ᠭᠠᠷᠠᠬᠠᠨ ᠨᠢᠳᠤᠳᠡᠢ︶ ᠠᠳᠤᠭᠤ ᠲᠠᠢ ᠪᠠᠶᠢᠵᠠᠢ᠃ ᠤᠯᠠᠨ | ᠬᠤᠷᠳᠤᠨ ᠬᠠᠷ᠎ᠠ ᠮᠤᠷᠢᠳ ᠲᠤᠨᠢ ᠴᠢᠭᠤᠯᠭᠠᠨ ᠬᠠᠷ᠎ᠠ ᠭᠡᠳᠡᠭ ᠨᠢᠭᠡᠨ ᠤᠨᠴᠠᠭᠠᠢ ᠬᠤᠷᠳᠤᠨ ᠮᠤᠷᠢ ᠪᠠᠶᠢᠯ᠎ᠠ ᠭᠡᠰᠡᠨ | ᠳᠡᠮᠳᠡᠭᠯᠠᠯ ᠲᠠᠢ᠃ ᠦᠨᠢᠶᠡᠴᠢ ᠬᠦᠬᠡᠪᠦᠷ ᠢᠶᠠᠷ ᠨᠤᠳᠤᠬ ᠲᠠᠢ ᠪᠠᠶᠠᠨ ᠮᠢᠳᠤᠪ ᠤᠨ ᠭᠡᠰᠡᠨ ᠠᠶᠢᠯ ᠲᠦᠴᠢᠭᠡᠳ ᠤᠨ ᠤ | ᠰᠡᠬᠦᠯᠴᠢ ᠪᠤᠯᠳᠠᠯ᠎ᠠ 300 ᠭᠠᠷᠤᠢ ᠳᠠᠩ ᠴᠠᠭᠠᠨ ᠵᠢᠰᠤᠮ ᠤᠨ ᠠᠳᠤᠭᠤ ᠲᠠᠢ ᠪᠠᠶᠢᠵᠠᠢ᠃ ᠪᠠᠰᠠ ᠴᠤᠬᠤᠷ ᠠᠳᠤᠭᠤ ᠲᠠᠢ | ᠠᠶᠢᠯ ᠪᠤᠯᠤᠨ ᠬᠦᠷᠡᠩ ᠵᠢᠰᠤᠮ ᠤᠨ ᠬᠤᠷᠳᠤᠨ ᠮᠤᠷᠢᠨ ᠤ ᠭᠠᠷᠤᠯ ᠲᠠᠢ ᠠᠶᠢᠯ ᠡᠨᠡ ᠨᠤᠲᠤᠭ ᠲᠤ ᠪᠠᠶᠢᠭᠰᠠᠨ ᠶᠤᠮ ᠪᠠᠶᠢᠨ᠎ᠠ | ᠃ ᠤᠳᠤᠮ ᠳᠠᠮᠵᠢᠬᠰᠠᠨ ᠠᠳᠤᠭᠤᠳ ᠨᠢ ᠨᠤᠳᠤᠬ ᠤᠨ ᠢᠶᠠᠨ ᠬᠦᠷᠤᠰᠤᠨ ᠳᠤ ᠦᠷᠡᠵᠢᠨ ᠦᠷᠡᠵᠢᠭᠰᠡᠭᠡᠷ ᠦᠨᠤᠳᠤᠷ | ᠪᠤᠯᠬᠤ ᠳᠤ ᠭᠤᠨᠴᠤᠬᠵᠠᠮᠰᠤ ᠨᠠᠰᠤᠳᠠᠨ ᠵᠡᠷᠭᠡ ᠬᠦᠮᠦᠰ ᠤᠯᠠᠮ ᠢᠶᠠᠷ ᠬᠠᠮᠠᠭᠠᠯᠠᠨ ᠦᠰᠭᠡᠵᠦ ᠶᠠᠪᠤᠭ᠎ᠠ ᠶᠤᠮ᠃ | ᠭᠤᠨᠴᠤᠬᠵᠠᠮᠰᠤ ᠨᠠᠰᠤᠳᠠᠨ ᠤ ︽ᠪᠠᠭ᠎ᠠ ᠠᠭᠤᠯᠠ︾ ᠮᠠᠯ ᠠᠵᠤ ᠠᠬᠤᠢ ᠶᠢᠨ ᠳᠤᠰᠬᠠᠢ ᠬᠤᠷᠰᠢᠶᠠᠵᠢᠯ ᠨᠢ 2015 ᠤᠨ ᠤ | 11 ᠰᠠᠷ᠎ᠠ ᠶᠢᠨ 25 ᠤ ᠡᠳᠦᠷ 60 ᠲᠦᠮᠡᠨ ᠲᠦᠭᠦᠷᠢᠭ ᠤᠨ ᠪᠡᠯᠡ ᠮᠦᠡᠭᠭᠦ ᠲᠠᠢ ᠪᠠᠷ ᠳᠠᠩᠰᠠᠯᠠᠭᠤᠯᠵᠤ | ᠠᠵᠢᠯᠯᠠᠭᠤᠯᠤᠬᠰᠠᠨ ᠪᠤᠯ 2021 ᠤᠨ ᠤ 6 ᠰᠠᠷ᠎ᠠ ᠶᠢᠨ 7 ᠤ ᠡᠳᠤᠷ ᠤᠯᠤᠰ ᠤᠨ ᠮᠡᠳᠡᠯᠬᠡ ᠶᠢᠨ ᠦᠮᠴᠢᠯᠡᠯ ᠤᠨ | ᠡᠷᠭᠡ ᠶᠢᠨ ᠳᠤᠪᠴᠢᠶᠠᠨ ᠠᠴᠠ ︽ᠪᠤᠷᠵᠢᠬᠢᠨ ᠬᠤᠨᠭ᠍ᠭᠤᠷ︾ ᠠᠳᠤᠭᠤᠨ ᠤ ᠤᠯᠤᠰ ᠤᠨ ᠳᠠᠸᠠᠷ ᠤᠨ ᠳᠡᠮᠳᠡᠭ ᠢ | ᠳᠠᠩᠰᠠᠯᠠᠭᠤᠯᠤᠬᠰᠠᠨ ᠦᠨᠡᠮᠯᠡᠯ ᠢ ᠭᠠᠷᠳᠠᠬᠰᠠᠨ ᠪᠠᠶᠢᠨ᠎ᠠ᠃ ᠬᠤᠷᠰᠢᠶᠠᠵᠢᠯ ᠪᠠᠶᠢᠭᠤᠯᠬᠤ᠂ ᠳᠠᠸᠠᠷ ᠤᠨ ᠳᠡᠮᠳᠡᠭ | ᠳᠠᠩᠰᠠᠯᠠᠭᠤᠯᠬᠤ ᠡᠳᠡᠭᠡᠷ ᠤᠯᠠᠨ ᠦᠢᠯᠡ ᠶᠢᠨ ᠡᠴᠤᠰ ᠤᠨ ᠵᠤᠷᠢᠯᠭ᠎ᠠ ᠨᠢ ᠮᠤᠩᠭᠤᠯ ᠠᠳᠤᠭᠤᠨ ᠤ ᠪᠠᠨ ᠡᠬᠦᠯᠳᠡᠷ ᠢ | ᠬᠠᠮᠠᠭᠠᠯᠠᠬᠤ ᠶᠢᠨ ᠲᠦᠯᠦᠬᠡ ᠶᠤᠮ᠃ ᠨᠠᠰᠤᠳᠠᠨ ᠤ ᠵᠢᠳᠬᠦᠯ ᠴᠦ ᠳᠠᠯᠠᠭᠠᠷ ᠪᠤᠯᠤᠭ᠎ᠠ ᠦᠬᠡᠢ᠂ 2022 ᠤᠨ ᠳᠤ ᠡᠯ᠎ᠠ | ᠳᠠᠯ᠎ᠠ ᠶᠢᠨ ᠠᠵᠢᠯ ᠤᠨ ᠬᠢᠨᠠᠯᠳᠠ ᠱᠠᠭᠠᠷᠳᠠᠯᠭ᠎ᠠ ᠪᠠᠷ ᠠᠶᠢᠮᠠᠭ ᠤᠨ ᠳᠡᠰ ᠤᠨ ᠮᠤᠩᠭᠤᠯ ᠠᠳᠤᠭᠤᠨ ᠤ ᠡᠬᠦᠯᠳᠡᠷ ᠢ | ᠬᠠᠮᠠᠭᠠᠯᠠᠬᠤ ᠦᠷ᠎ᠠ ᠶᠢᠨ ᠮᠠᠯ ᠤᠨ ᠳᠠᠯᠠᠪᠠᠢ ᠶᠢ ᠪᠠᠶᠢᠭᠤᠯᠵᠤ᠂ ᠰᠦᠨᠢᠳ ᠡᠳᠤᠭᠤᠨ ᠤ ᠡᠬᠦᠯᠳᠡᠷ ᠢ ᠬᠠᠮᠠᠭᠠᠯᠠᠬᠤ ᠠᠵᠢᠯ ᠨᠡᠩ | ᠠᠬᠢᠴᠠ ᠲᠠᠢ ᠪᠤᠯᠤᠬᠰᠠᠨ ᠪᠠᠶᠢᠨ᠎ᠠ᠃ ᠤᠳᠤ ᠪᠤᠯᠬᠤ ᠪᠠᠷ ᠮᠤᠩᠭᠤᠯ ᠠᠳᠤᠭᠤᠨ ᠤ ᠡᠬᠦᠯᠳᠡᠷ ᠢ ᠬᠠᠮᠠᠭᠠᠯᠠᠬᠤ ᠳᠠᠯᠠᠪᠠᠢ ᠳᠠᠭᠠᠨ | 150 ᠬᠤᠨᠭ᠍ᠭᠤᠷ ᠵᠢᠰᠤᠮ ᠤᠨ ᠠᠳᠤᠭᠤ ᠮᠠᠯᠵᠢᠵᠦ᠂ 108 ᠬᠡᠬᠦᠤ᠂ 8 ᠦᠷᠢᠶ᠎ᠠ᠂ 34 ᠪᠦᠳᠤᠬᠦᠨ ᠮᠤᠷᠢ ᠲᠠᠢ | ᠪᠤᠯᠤᠬᠰᠠᠨ ᠪᠠᠶᠢᠨ᠎ᠠ᠃ | ᠭᠤᠨᠴᠤᠬᠵᠠᠮᠰᠤ ᠨᠠᠰᠤᠳᠠᠨ᠄ ︽ᠮᠠᠨ ᠤ ᠬᠢ ᠬᠤᠤᠰ ᠳᠠᠭᠠᠭᠠᠴᠢᠯᠠᠯᠳᠠ ᠶᠢᠨ ᠦᠶ᠎ᠠ ᠳᠤ 5 ᠡᠷᠤᠬᠡ ᠶᠢᠨ ᠬᠤᠪᠢᠳᠠᠵᠤ | ᠤᠯᠤᠬᠰᠠᠨ 12 ᠠᠳᠤᠭᠤ ᠪᠠᠨ 38 ᠵᠢᠯ ᠤᠨ ᠴᠢᠷᠮᠠᠶᠢᠯᠭ᠎ᠠ ᠪᠠᠷ 150 ᠪᠤᠯᠭᠠᠵᠤ ᠦᠷᠡᠵᠢᠬᠦᠯᠦᠭᠡᠳ ᠮᠤᠩᠭᠤᠯ | ᠠᠳᠤᠭᠤᠨ ᠤ ᠪᠠᠨ ᠡᠬᠦᠯᠳᠡᠷ ᠢ ᠬᠠᠮᠠᠭᠠᠯᠠᠬᠤ ᠳᠠᠯ᠎ᠠ ᠪᠠᠷ ᠪᠠᠭ᠎ᠠ ᠴᠦ ᠭᠡᠰᠡᠨ ᠳᠡᠮᠵᠢᠯᠬᠡ ᠦᠵᠡᠬᠦᠯᠦᠭᠰᠡᠨ ᠶᠤᠮ᠃ 2000 | ᠤᠨ ᠤ ᠶᠡᠭᠡ ᠭᠠᠨᠭ᠌ ᠲᠠᠢ ᠵᠢᠯ ᠤᠨ ᠨᠤᠳᠤᠬ ᠢᠶᠠᠨ ᠪᠠᠷᠠᠯᠠᠵᠤ ᠵᠤᠬᠰᠤᠬᠰᠠᠨ ᠦᠵᠡᠭᠳᠡᠯ ᠢ ᠪᠢ ᠶᠡᠷᠤ ᠠᠴᠠ ᠮᠠᠷᠳᠠᠭ᠎ᠠ ᠦᠬᠡᠢ ᠁ | ᠮᠢᠨᠤ ᠦᠷ᠎ᠠ ᠬᠡᠤᠬᠡᠳ ᠡᠨᠡ ᠠᠵᠢᠯ ᠢ ᠪᠠᠰᠠ ᠦᠷᠬᠦᠯᠵᠢᠯᠡᠬᠦᠯᠬᠦ ᠶᠤᠮ︾ ᠬᠡᠯ᠎ᠠ᠃ | ᠰᠤᠷᠪᠤᠯᠵᠢᠯᠠᠭ᠎ᠠ ᠶᠢᠨ ᠡᠬᠢᠨ ᠳᠤ ᠦᠬᠦᠯᠡᠭᠰᠡᠨ ᠠᠳᠤᠭᠤ ᠪᠠᠨ ᠠᠪᠴᠤ ᠤᠳᠤᠷᠯᠠᠭᠰᠠᠨ ᠤᠴᠠᠷᠠᠯ ᠠᠴᠠ ᠡᠬᠢᠳᠡᠢ ᠴᠢᠩ | ᠰᠡᠳᠬᠢᠯ ᠤᠨ ᠦᠢᠯᠡ ᠰᠦᠨᠢᠳ ᠨᠤᠳᠤᠬ ᠤᠨ ᠮᠤᠩᠭᠤᠯ ᠠᠳᠤᠭᠤᠨ ᠤ ᠪᠠᠨ ᠦᠯᠢᠬᠡᠷ ᠳᠡᠤᠬᠡ ᠲᠠᠢ ᠬᠠᠮᠳᠤ ᠡᠬᠦᠷᠢᠳᠡ | ᠦᠯᠡᠳᠡᠬᠦ ᠨᠢ ᠯᠠᠪᠳᠡᠢ᠃ ᠭᠤᠨᠴᠤᠭᠵᠠᠮᠰᠤ ᠨᠠᠰᠤᠳᠠᠨ ᠤ ᠤᠯᠠᠨ ᠵᠢᠯ ᠤᠨ ᠪᠠᠷᠢᠮᠳᠠᠯᠠᠯ ᠦᠷ᠎ᠡ ᠦᠭᠬᠦᠭᠡᠵᠢ ᠲᠠᠢ ᠪᠤᠯᠬᠤ ᠨᠢ | ᠳᠠᠮᠵᠢᠭ ᠦᠭᠡᠢ᠃ | |