ᠨᠤᠳᠤᠬ ᠢᠶᠠᠨ ᠰᠠᠬᠢᠬᠰᠠᠨ ᠠᠳᠤᠭᠤᠳ ᠪᠤᠶᠤ ᠨᠠᠰᠤᠳᠠᠢ ᠠᠪᠤ ᠶᠢᠨ 38 ᠵᠢᠯ
ᠨᠡᠶᠢᠲᠡᠯᠡᠭᠰᠡᠨ ᠴᠠᠭ᠄
2023/8/31
ᠨᠤᠳᠤᠬ ᠢᠶᠠᠨ ᠰᠠᠬᠢᠬᠰᠠᠨ ᠠᠳᠤᠭᠤᠳ ᠪᠤᠶᠤ ᠨᠠᠰᠤᠳᠠᠢ ᠠᠪᠤ ᠶᠢᠨ 38 ᠵᠢᠯ︽2000 ᠤᠨ ᠤ ᠶᠡᠭᠡ ᠭᠠᠨᠭ᠌ ᠤᠨ ᠵᠢᠯ ᠪᠠᠶᠢᠬᠰᠠᠨ᠂ ᠬᠡᠳᠤᠨ ᠠᠳᠤᠭᠤ ᠮᠢᠨᠢ ᠰᠢᠷᠤᠢ ᠳᠤ ᠪᠤᠯᠠᠬᠳᠠᠬᠤ ᠰᠢᠬᠠᠭᠠᠳ ᠠᠷᠭ᠎ᠠ ᠪᠤᠰᠤ ᠮᠠᠨ ᠤ ᠵᠡᠷᠭᠡᠯᠡᠳᠡᠭᠡ ᠳᠠᠯᠠᠢ ᠰᠤᠮᠤᠨ ᠳᠠᠭᠠᠨ ᠪᠡᠯᠴᠢᠬᠡᠷ ᠰᠢᠯᠵᠢᠬᠦᠯᠦᠭᠰᠡᠨ ᠁ ᠰᠠᠷ᠎ᠠ ᠶᠢᠨ ᠠᠷᠤ ᠳᠤ ᠠᠳᠤᠭᠤ ᠪᠠᠨ ᠦᠵᠡᠬᠦ ᠪᠠᠷ ᠬᠦᠷᠬᠦ ᠳᠤ ᠬᠡᠳᠤᠨ ᠠᠳᠤᠭᠤ ᠮᠢᠨᠢ ᠨᠤᠳᠤᠬ ᠢᠶᠠᠨ ᠪᠠᠷᠠᠳᠠᠭᠠᠳ ᠵᠤᠬᠰᠤᠵᠤ ᠪᠠᠶᠢᠬᠰᠠᠨ᠂ ᠬᠠᠴᠢᠨ ᠤᠶᠠᠷᠠᠯᠳᠠᠢ ᠰᠠᠨᠠᠭᠳᠠᠭᠰᠠᠨ ᠁︾ ᠰᠦᠨᠢᠳ ᠨᠤᠳᠤᠬ ᠤᠨ ᠠᠳᠤᠭᠤᠴᠢᠨ ᠭᠤᠨᠴᠤᠬᠵᠠᠮᠰᠤ ᠠᠪᠤ ᠠᠳᠤᠭᠤᠨ ᠤ ᠪᠠᠨ ᠳᠤᠬᠠᠢ ᠢᠡᠭᠭᠢᠵᠤ ᠶᠠᠷᠢᠵᠦ ᠡᠬᠢᠯᠡᠯ᠎ᠡᠭᠤᠨᠴᠤᠬᠵᠠᠮᠰᠤ ᠨᠠᠰᠤᠳᠠᠨ ᠪᠤᠯ ᠰᠦᠨᠢᠳ ᠵᠡᠬᠦᠨ ᠬᠤᠰᠢᠭᠤᠨ ᠤ ᠪᠠᠶ᠋ᠬᠠᠠᠭᠤᠯᠠ ᠰᠤᠮᠤᠨ ᠤ ᠰᠠᠷᠠᠭᠤᠯᠳᠤᠶᠠᠭ᠎ᠠ ᠭᠠᠴᠠᠭᠠᠨ ᠤ ᠤᠤᠭᠠᠯ᠂ ᠮᠦᠨᠴᠤ ︽ᠪᠠᠶᠠᠨ ᠠᠭᠤᠯᠠ︾ ᠮᠠᠯ ᠠᠵᠤ ᠠᠬᠤᠢ ᠶᠢᠨ ᠳᠤᠰᠬᠠᠢ ᠬᠤᠷᠰᠢᠶᠠᠵᠢᠯ ᠤᠨ ᠡᠬᠦᠰᠭᠡᠨ ᠪᠠᠶᠢᠭᠤᠯᠤᠬᠴᠢ ᠪᠤᠯᠤᠨ᠎ᠠ᠃ ᠦᠨᠤᠳᠤᠷ ᠰᠦᠨᠢᠳ ᠨᠤᠳᠤᠬ ᠤᠨ ᠠᠳᠤᠭᠤᠨ ᠤ ᠳᠤᠬᠠᠢ ᠶᠠᠷᠢᠬᠤ ᠪᠠᠷ ᠨᠠᠰᠤᠳᠠᠨ ᠤ ᠦᠢᠯᠡ ᠳᠡᠷᠢᠬᠦᠨ ᠳᠤ ᠳᠤᠷᠠᠳᠤᠬᠳᠠᠬᠤ ᠨᠢ ᠵᠦᠢ ᠶᠤᠰᠤ ᠠᠵᠢ᠃ᠤᠳᠤ ᠠᠴᠠ 38 ᠵᠢᠯ ᠤᠨ ᠡᠮᠤᠨ᠎ᠠ᠂ ᠳᠠᠷᠤᠢ 1985 ᠤᠨ ᠳᠤ ᠮᠠᠯ ᠪᠡᠯᠴᠢᠭᠡᠷ ᠢ ᠡᠷᠤᠬᠡ ᠳᠤ ᠳᠠᠭᠠᠭᠠᠴᠢᠯᠠᠭᠤᠯᠬᠤ ᠦᠶ᠎ᠠ ᠳᠤ ᠭᠤᠨᠴᠤᠬᠵᠠᠮᠰᠤ ᠨᠠᠰᠤᠳᠠᠨ ᠤ ᠬᠢᠨ 12 ᠠᠳᠤᠭᠤ ᠳᠠᠭᠠᠭᠠᠴᠢᠯᠠᠵᠤ ᠠᠪᠤᠯ᠎ᠠ ᠭᠡᠳᠡᠭ᠃ᠳᠤᠬᠠᠢ ᠶᠢᠨ ᠦᠶ᠎ᠠ ᠳᠤ ᠵᠠᠮ ᠨᠡᠪᠳᠡᠷᠡᠯᠬᠡ ᠲᠦᠬᠦᠮ ᠦᠬᠡᠢ ᠪᠠᠶᠢᠭᠰᠠᠨ ᠰᠦᠨᠢᠳ ᠨᠤᠳᠤᠬ ᠲᠤ᠂ ᠠᠳᠤᠭᠤ ᠲᠠᠢ ᠪᠤᠯᠤᠨ᠎ᠠ ᠭᠡᠳᠡᠭ ᠭᠠᠯ ᠵᠠᠯᠠᠭᠤ ᠨᠠᠰᠤᠨ ᠤ ᠲᠦᠷᠦᠬᠡ ᠴᠢᠩᠭᠠᠯᠠᠬᠤ ︽ᠮᠠᠰᠢᠨ︾ ᠲᠠᠢ ᠪᠤᠯᠤᠯ᠎ᠠ ᠯᠡ ᠭᠡᠰᠡᠨ ᠦᠬᠡ ᠁ ︽ᠮᠠᠨ ᠤ ᠬᠡᠬᠦ ᠪᠠᠷ ᠳᠡᠭᠡᠵᠤ ᠠᠳᠤᠭᠤ ᠲᠠᠢ ᠪᠤᠯᠤᠬᠰᠠᠨ ᠠᠴᠠ ᠬᠤᠶᠢᠰᠢ ᠤᠨᠤᠯᠭ᠎ᠠ ᠡᠳ᠋ᠯᠡᠭᠡ ᠠᠴᠠ ᠡᠬᠢᠯᠡᠵᠤ ᠪᠦᠷ ᠯᠡ ᠠᠳᠤᠭᠤ ᠪᠠᠶᠢᠭᠰᠠᠨ᠂ ᠮᠠᠨ ᠤ ᠮᠤᠩᠭᠤᠯᠴᠤᠳ ᠠᠳᠤᠭᠤ ᠶᠢ ᠠᠴᠢ ᠲᠠᠢ ᠠᠮᠢᠳᠠᠨ ᠭᠡᠵᠤ ᠪᠤᠳᠤᠳᠠᠬ᠂ ᠠᠮᠢᠳᠤᠷᠠᠯ ᠦᠢᠯᠡᠳᠪᠦᠷᠢᠯᠡᠯ ᠪᠦ᠋ᠬᠦ ᠳᠠᠯ᠎ᠠ ᠪᠠᠷ ᠠᠳᠤᠭᠤ ᠠᠴᠠ ᠰᠠᠯᠵᠤ ᠪᠤᠯᠬᠤ ᠦᠭᠡᠢ ᠪᠠᠶᠢᠳᠠᠭ︾ ᠭᠡᠵᠤ ᠭᠤᠨᠴᠤᠬᠵᠠᠮᠰᠤ ᠨᠠᠰᠤᠳᠠᠨ ᠶᠠᠷᠢᠨ᠎ᠠ᠃ᠠᠳᠤᠭᠤᠴᠢᠨ ᠬᠦᠮᠦᠨ ᠤ ᠠᠮᠢᠳᠤᠷᠠᠯ ᠬᠡᠬᠦ ᠪᠠᠷ ᠡᠳᠦᠷ ᠪᠤᠯᠭᠠᠨ ᠠᠳᠤᠭᠤᠨ ᠠᠴᠠ ᠪᠠᠨ ᠰᠠᠯᠳᠠᠭ ᠦᠬᠡᠢ᠂ ᠭᠤᠨᠴᠤᠬᠵᠠᠮᠰᠤ ᠭᠤᠸᠠᠢ ᠴᠦ ᠠᠳᠠᠯᠢ᠂ ᠵᠠᠯᠠᠭᠤ ᠴᠠᠭ ᠲᠠᠭᠠᠨ ᠠᠳᠤᠭᠤ ᠲᠠᠢ ᠪᠤᠯᠤᠬᠰᠠᠨ ᠠᠴᠠ ᠬᠤᠶᠢᠰᠢ ᠠᠳᠤᠭᠤ ᠪᠠᠨ ᠤᠨᠠᠭᠠᠨ ᠳᠤᠨᠢ ᠤᠶᠠᠵᠤ᠂ ᠲᠠᠭᠠᠨ ᠳᠤᠨᠢ ᠳᠡᠪᠳᠡᠵᠤ᠂ ᠰᠢᠳᠤᠯᠡᠩ ᠳᠤᠨᠢ ᠰᠢᠳᠤᠵᠤ᠂ ᠬᠢᠵᠠᠭᠠᠯᠠᠩ ᠳᠤᠨᠢ ᠬᠢᠨᠠᠵᠤ᠂ ᠰᠤᠶᠤᠭᠠᠯᠠᠩ ᠳᠤᠨᠢ ᠰᠤᠩᠭᠤᠵᠤ᠂ ᠡᠷᠡᠮᠡᠬᠡᠢ ᠰᠠᠶᠢᠨ ᠠᠬᠳᠠ ᠪᠤᠯᠭᠠᠬᠤ ᠪᠠᠷ ᠴᠢᠷᠮᠠᠶᠢᠬᠰᠠᠭᠠᠷ ᠢᠷᠡᠵᠡᠢ᠃ᠭᠤᠨᠴᠤᠬᠵᠠᠮᠰᠤ ᠨᠠᠰᠤᠳᠠᠨ ᠠᠳᠤᠭᠤ ᠪᠠᠨ ᠳᠠᠪᠤᠨ ᠡᠷᠳᠡᠨᠢ ᠶᠢᠨ ᠨᠢᠭᠡ ᠬᠡᠮᠡᠨ ᠬᠠᠶᠢᠷᠠᠯᠠᠵᠦ᠂ ᠠᠳᠤᠭᠤᠯᠠᠬᠤ ᠳᠠᠭᠠᠨ ᠠᠳᠤᠭᠤᠯᠠᠵᠤ᠂ ᠪᠤᠷᠤᠯᠠᠭᠤᠯᠬᠤ ᠳᠠᠭᠠᠨ ᠪᠤᠷᠤᠯᠠᠭᠤᠯᠵᠤ ᠠᠮᠢᠳᠤᠷᠠᠯ ᠳᠠᠭᠠᠨ ᠳᠡᠮ ᠪᠤᠯᠭᠠᠵᠤ ᠪᠠᠶᠢᠯ᠎ᠠ ᠭᠡᠳᠡᠭ᠃ ᠰᠡᠬᠦᠯ ᠤᠨ ᠦᠶ᠎ᠠ ᠳᠤ ᠨᠤᠳᠤᠬ ᠪᠡᠯᠴᠢᠬᠡᠷ ᠤᠨ ᠳᠠᠴᠢᠷᠰᠢᠯ ᠠᠴᠠ ᠪᠤᠯᠵᠤ ᠠᠳᠤᠭᠤ ᠴᠦᠬᠡᠷᠡᠵᠤ ᠢᠷᠡᠬᠦ ᠪᠠᠷ᠂ ᠨᠡᠩ ᠴᠦ 2000 ᠤᠨ ᠤ ᠶᠡᠭᠡ ᠭᠠᠨᠭ᠌ ᠤᠨ ᠵᠢᠯ ᠢᠶᠠᠷ ᠨᠤᠳᠤᠬ ᠤᠷᠤᠨ ᠤ ᠬᠢᠨᠢ ᠠᠳᠤᠭᠤ ᠶᠡᠭᠡ ᠪᠠᠷ ᠬᠤᠷᠤᠬᠳᠠᠬᠰᠠᠨ ᠪᠠ ᠨᠠᠰᠤᠳᠠᠨ ᠳᠤ ᠳᠤᠬᠢᠶᠠᠯᠳᠤᠬᠰᠠᠨ ᠨᠠᠰᠤᠨ ᠳᠠᠭᠠᠨ ᠮᠠᠷᠳᠠᠮ᠎ᠠ ᠦᠬᠡᠢ ᠠᠳᠤᠭᠤ ᠨᠤᠳᠤᠬ ᠬᠤᠶᠠᠷ ᠤᠨ ᠦᠯᠢᠬᠡᠷ ᠠᠴᠠ ᠬᠤᠶᠢᠰᠢ ᠠᠳᠤᠭᠤ ᠪᠠᠨ ᠬᠠᠮᠠᠭᠠᠯᠠᠬᠤ ᠳᠡᠷᠡ ᠳᠤᠰᠤᠮ ᠢᠶᠠᠨ ᠶᠡᠭᠡ ᠪᠠᠷ ᠪᠤᠷᠤᠯᠠᠭᠤᠯᠵᠤ ᠬᠤᠳᠠᠯᠳᠤᠬᠤ ᠶᠢ ᠳᠡᠪᠴᠢᠬᠦ ᠪᠤᠳᠤᠯ ᠤᠷᠭᠤᠬᠰᠠᠨ ᠪᠠ ᠳᠡᠬᠦᠨ ᠤ ᠪᠠᠨ ᠲᠦᠯᠦᠬᠡ ᠳᠡᠮᠡᠴᠡᠬᠦ ᠢᠳᠡᠭᠡᠯ ᠲᠠᠢ ᠪᠤᠯᠵᠠᠢ᠃ ᠭᠡᠪᠡᠴᠦ ᠬᠡᠯᠡᠬᠦ ᠳᠤ ᠠᠮᠠᠷ ᠬᠢᠬᠦ ᠳᠤ ᠬᠦᠴᠢᠷ ᠪᠠᠶᠢᠬᠰᠠᠨ ᠢ ᠶᠠᠭᠤ ᠬᠡᠯᠡᠬᠦᠪ᠃ ᠬᠠᠮᠠᠭᠠᠯᠠᠬᠤ ᠠᠵᠢᠯ ᠢ ᠬᠢᠶ᠎ᠠ ᠭᠡᠪᠡᠯ ᠵᠠᠪᠠᠯ ᠰᠢᠰᠲ᠋ᠧᠮ ᠲᠠᠢ ᠬᠢᠬᠦ ᠬᠡᠷᠡᠭᠳᠡᠢ᠂ ᠶᠠᠭᠠᠬᠢᠵᠤ ᠬᠢᠪᠡᠯ ᠵᠤᠬᠢᠬᠤ ᠪᠢᠯᠡ⁈ ᠨᠠᠰᠤᠳᠠᠨ ᠬᠡᠳᠤᠨ ᠳᠡᠬᠦᠤ ᠲᠠᠢ ᠪᠠᠨ ᠵᠦᠪᠳᠡᠯᠴᠡᠵᠤ ᠦᠵᠡᠯ᠎ᠠ᠂ ᠬᠠᠵᠠᠭᠤ ᠬᠠᠪᠢ ᠠᠴᠠ ᠪᠠᠨ ᠠᠰᠠᠭᠤᠵᠤ ᠦᠵᠡᠯ᠎ᠠ᠂ ᠳᠠᠨᠢᠵᠤ ᠮᠡᠳᠡᠳᠡᠭ ᠠᠴᠠ ᠪᠠᠨ ᠰᠤᠷᠠᠬᠯᠠᠵᠤ ᠦᠵᠡᠯ᠎ᠠ᠃ ᠮᠡᠳᠡᠳᠡᠭ ᠨᠢ ᠴᠦᠬᠡᠨ᠂ ᠠᠷᠭ᠎ᠠ ᠦᠬᠡᠢ ᠶᠢᠨ ᠡᠷᠬᠡᠨ ᠳᠤ ᠦᠪᠡᠷ ᠤᠨ ᠬᠠᠶᠢᠷᠠᠳᠡᠢ ᠬᠤᠨᠭ᠍ᠭᠤᠷ ᠮᠤᠷᠢ ᠪᠠᠨ ᠵᠠᠶᠢᠳᠠᠯᠠᠵᠤ ᠬᠤᠰᠢᠭᠤ ᠤᠷᠤᠵᠤ ᠪᠠᠶᠢᠳᠠᠯ ᠤᠶᠢᠯᠠᠭᠠᠯ᠎ᠠ ᠭᠡᠳᠡᠭ᠃ ︽ᠤᠤᠯ ᠨᠢ ᠠᠳᠤᠭᠤ ᠪᠠᠨ ᠵᠦᠬᠡᠷ ᠯᠡ ᠮᠠᠯᠵᠢᠵᠤ ᠪᠠᠶᠢᠪᠠᠯ ᠪᠤᠯᠴᠢᠬᠠᠨ᠎ᠠ ᠭᠡᠵᠤ ᠪᠤᠳᠤᠬᠰᠠᠨ᠂ ᠬᠠᠷᠢᠨ ᠡᠬᠦᠷᠢᠳᠡ ᠠᠳᠤᠭᠤ ᠲᠠᠢ ᠪᠠᠨ ᠪᠠᠶᠢᠶ᠎ᠠ ᠭᠡᠪᠡᠯ ᠪᠢᠳᠡ ᠪᠠᠰᠠ ᠬᠠᠮᠠᠭᠠᠯᠠᠬᠤ ᠬᠡᠷᠡᠭᠳᠡᠢ ᠭᠡᠳᠡᠭ ᠢ ᠳᠡᠷᠡ ᠯᠡ ᠦᠶ᠎ᠠ ᠳᠤ ᠤᠬᠠᠭᠠᠷᠠᠬᠰᠠᠨ︾ ᠬᠡᠯ᠎ᠠ᠃ᠬᠤᠨᠭ᠍ᠭᠤᠷ ᠮᠤᠷᠢ ᠪᠠᠨ ᠤᠨᠤᠵᠤ ᠬᠤᠰᠢᠭᠤ ᠤᠷᠤᠵᠦ ᠪᠠᠶᠢᠳᠠᠯ ᠤᠢᠯᠠᠭᠠᠭᠰᠠᠨ ᠨᠠᠰᠤᠳᠠᠨ ᠪᠤᠴᠠᠵᠤ ᠬᠠᠷᠢᠬᠰᠠᠨ ᠤ ᠪᠠᠨ ᠳᠠᠷᠠᠭ᠎ᠠ ᠨᠦᠬᠦᠴᠡᠯ ᠳᠤ ᠬᠦᠷᠬᠦ ᠪᠦᠬᠦᠨ ᠢᠶᠠᠨ ᠠᠯᠬᠤᠮ ᠠᠯᠬᠤᠮ ᠢᠶᠠᠷ ᠪᠦᠷᠢᠳᠦᠬᠦᠯᠦᠭᠡᠳ 2015 ᠤᠨ ᠳᠤ ᠰᠠᠳᠤᠨ ᠲᠦᠷᠦᠯ 5 ᠠᠶᠢᠯ ᠲᠠᠢ ᠬᠤᠷᠰᠢᠵᠤ ᠰᠦᠨᠢᠳ ᠤᠨ ᠤᠷᠤᠨ ᠨᠤᠳᠤᠬ ᠤᠨ ᠠᠳᠤᠭᠤᠨ ᠤ ᠡᠬᠦᠯᠳᠡᠷ ᠢ ᠬᠠᠮᠠᠭᠠᠯᠠᠬᠤ ︽ᠪᠠᠭ᠎ᠠ ᠠᠭᠤᠯᠠ︾ ᠮᠠᠯ ᠠᠵᠤ ᠠᠬᠤᠢ ᠶᠢᠨ ᠳᠤᠰᠬᠠᠢ ᠬᠤᠷᠰᠢᠶᠠᠵᠢᠯ ᠢ ᠪᠠᠶᠢᠭᠤᠯᠤᠬᠰᠠᠨ ᠪᠠᠶᠢᠨ᠎ᠠ᠃︽ᠮᠠᠯ ᠠᠵᠤ ᠠᠬᠤᠢ ᠶᠢᠨ ᠳᠤᠰᠬᠠᠢ ᠬᠤᠷᠰᠢᠶᠠᠵᠢᠯ ᠲᠠᠢ ᠪᠤᠯᠤᠬᠰᠠᠨ ᠤ ᠳᠠᠷᠠᠭ᠎ᠠ ᠡᠨᠡ ᠠᠵᠢᠯ ᠢᠶᠠᠨ ᠦᠷᠬᠦᠯᠵᠢᠯᠡᠬᠦᠯᠬᠦ ᠢᠳᠡᠬᠡᠯ ᠨᠡᠮᠡᠭᠳᠡᠭᠰᠡᠨ ᠁ ᠪᠢ ᠨᠢᠭᠡ ᠠᠳᠤᠭᠤᠴᠢᠨ ᠪᠠᠶᠢᠬᠰᠠᠨ ᠠᠴᠠ ᠪᠠᠨ ᠨᠤᠳᠤᠬ ᠤᠨ ᠢᠶᠠᠨ ᠠᠳᠤᠭᠤᠨ ᠤ ᠡᠬᠦᠯᠳᠡᠷ ᠢ ᠬᠠᠮᠠᠭᠠᠯᠠᠬᠤ ᠦᠢᠯᠡᠰ ᠲᠤ ᠬᠦᠴᠤᠨ ᠢᠶᠠᠨ ᠡᠷᠬᠦᠬᠦ ᠬᠤᠪᠢ ᠲᠠᠢ ᠬᠦᠮᠦᠨ ᠪᠤᠯᠤᠬᠰᠠᠨ ᠭᠡᠵᠤ ᠪᠤᠳᠤᠳᠠᠬ ᠁︾ᠭᠤᠨᠴᠤᠬᠵᠠᠮᠰᠤ ᠨᠠᠰᠤᠳᠠᠨ ᠤ ᠠᠳᠤᠭᠤᠨ ᠤ ᠪᠠᠨ ᠦᠢᠯᠡᠰ ᠤᠨ ᠲᠦᠯᠦᠬᠡ ᠬᠤᠶᠢᠰᠢ ᠦᠬᠡᠢ ᠵᠢᠳᠬᠦᠬᠦ ᠦᠢᠯᠡ ᠢᠡᠭᠭᠢᠵᠤ ᠡᠬᠢᠯᠠᠵᠠᠢ᠃ᠰᠦᠨᠢᠳ ᠠᠳᠤᠭᠤ ᠨᠢ ᠪᠡᠶ᠎ᠠ ᠪᠢᠯᠳᠠᠷ ᠵᠢᠵᠢᠭᠷᠡᠬᠦᠤ ᠴᠦ ᠭᠠᠨᠭ᠌ ᠭᠠᠴᠢᠭ ᠢ ᠳᠤᠭᠤᠯᠬᠤ ᠳᠤ ᠳᠡᠰᠪᠦᠷᠢᠳᠡᠢ᠂ ᠬᠤᠯᠠ ᠵᠠᠮ ᠤᠨ ᠤᠨᠤᠯᠭ᠎ᠠ ᠡᠳ᠋ᠯᠡᠭᠡᠨ ᠳᠤ ᠰᠢᠨᠳᠠᠰᠤᠳᠠᠢ᠂ ᠳᠠᠷᠭᠤ ᠬᠦᠴᠤ ᠨᠢ ᠠᠮᠠᠷᠬᠠᠨ ᠪᠠᠭᠤᠷᠠᠳᠠᠬ ᠦᠬᠡᠢ᠂ ᠬᠦᠢᠳᠡᠨ ᠳᠤ ᠳᠡᠰᠪᠦᠷᠢᠳᠡᠢ ᠵᠡᠷᠭᠡ ᠤᠨᠴᠠᠯᠢᠬ ᠲᠠᠢ ᠪᠠᠶᠢᠳᠠᠭ᠃ ᠡᠨᠡ ᠨᠢ ᠡᠪᠤᠯ ᠳᠡᠭᠡᠨ ᠬᠠᠬᠢᠷ ᠬᠦᠢᠳᠡᠨ᠂ ᠵᠤᠨ ᠳᠠᠭᠠᠨ ᠠᠭᠠᠬᠢᠮ᠎ᠠ ᠬᠠᠯᠠᠭᠤᠨ᠂ ᠠᠷᠪᠠᠨ ᠵᠢᠯ ᠤᠨ ᠵᠢᠰᠤ ᠨᠢ ᠭᠠᠨᠭ᠍ᠳᠠᠳᠠᠭ ᠰᠦᠨᠢᠳ ᠨᠤᠳᠤᠬ ᠤᠨ ᠤᠷᠴᠢᠨ ᠳᠤ ᠮᠠᠰᠢ ᠳᠤᠬᠢᠷᠠᠳᠠᠭ ᠶᠤᠮ᠃ ᠨᠡᠩ ᠴᠦ ᠰᠦᠨᠢᠳ ᠤᠨ ᠶᠡᠭᠡᠨᠭᠬᠢ ᠭᠠᠵᠠᠷ ᠤᠨ ᠪᠡᠯᠴᠢᠬᠡᠷ ᠳᠠᠴᠢᠷ ᠪᠠᠶᠢᠵᠤ᠂ ᠠᠳᠤᠭᠤ ᠡᠪᠡᠰᠤ ᠢᠳᠡᠬᠦ ᠳᠡᠭᠡᠨ ᠴᠢᠯᠠᠭᠤ ᠰᠢᠷᠤᠢ ᠬᠠᠵᠠᠬᠤ ᠨᠢ ᠠᠷᠪᠢᠨ ᠳᠤᠯᠠ ᠰᠢᠳᠤ ᠨᠢ ᠡᠯᠡᠭᠳᠡᠬᠦ ᠨᠢ ᠲᠦᠷᠬᠡᠨ᠂ ᠪᠠᠷᠤᠬ ᠤᠨ ᠠᠳᠤᠭᠤ ᠨᠢᠮᠠᠨ ᠨᠠᠰᠤᠨ ᠠᠴᠠ ᠪᠠᠨ ᠡᠮᠤᠨ᠎ᠠ ᠰᠢᠳᠤ ᠨᠢ ᠡᠯᠡᠭᠳᠡᠵᠤ ᠳᠤᠤᠷ᠎ᠠ ᠲᠦᠷᠪᠡᠨ ᠵᠠᠬ᠎ᠠ ᠪᠤᠯᠴᠢᠬᠠᠳᠠᠭ ᠴᠦ ᠬᠦᠴᠤ ᠳᠠᠮᠢᠷ ᠲᠤᠨᠢ ᠳᠡᠮᠡᠢ ᠨᠦᠯᠦᠬᠡ ᠪᠤᠯᠳᠠᠬ ᠦᠬᠡᠢ᠂ ᠪᠦᠬᠦᠯᠢ ᠠᠷᠪᠠᠨ ᠬᠤᠶᠠᠷ ᠨᠠᠰᠤᠯᠠᠳᠠᠯ᠎ᠠ ᠵᠠᠯᠠᠭᠤ ᠨᠠᠰᠤᠨ ᠤ ᠢᠳᠡ ᠬᠦᠴᠤ ᠪᠠᠨ ᠬᠠᠳᠠᠭᠠᠯᠠᠳᠠᠬ᠃ ᠠᠷᠪᠠᠨ ᠬᠤᠶᠠᠷ ᠨᠠᠰᠤ ᠪᠤᠯᠬᠤ ᠦᠶ᠎ᠠ ᠳᠤ ᠬᠦᠭᠰᠢᠷᠡᠬᠦ ᠵᠦᠭ ᠲᠡᠭᠡᠨ ᠬᠠᠨᠳᠤᠵᠤ ᠢᠳᠡ ᠳᠠᠮᠢᠷ ᠨᠢ ᠠᠭᠠᠵᠢᠮ ᠢᠶᠠᠷ ᠪᠠᠭᠤᠷᠠᠳᠠᠬ ᠴᠦ ᠤᠨᠴᠠ ᠵᠠᠷᠢᠮ ᠮᠤᠷᠢᠳ ᠬᠦᠴᠤ ᠳᠠᠮᠢᠷ ᠢᠶᠠᠨ ᠭᠠᠶᠢᠬᠠᠯᠳᠠᠢ ᠬᠠᠳᠠᠭᠠᠯᠠᠵᠦ ᠪᠠᠶᠢᠳᠠᠭ᠃ ᠶᠡᠷᠤ ᠨᠢ ᠦᠡᠭᠭᠡ ᠵᠢᠰᠤᠮ ᠤᠨ ᠳᠠᠯ᠎ᠠ ᠠᠴᠠ ᠶᠠᠷᠢᠬᠤ ᠪᠠᠷ ᠰᠦᠨᠢᠳ ᠠᠳᠤᠭᠤ ᠬᠠᠷ᠎ᠠ ᠬᠦᠷᠡᠩ᠂ ᠬᠤᠯᠠᠠ ᠬᠡᠬᠡᠷ ᠵᠢᠰᠤᠮ ᠢᠶᠠᠷ ᠭᠤᠤᠯᠳᠠᠳᠠᠭ᠃ ᠪᠢᠴᠢᠭ ᠮᠠᠲᠤᠷᠢᠶᠠᠯ ᠢ ᠦᠨᠳᠦᠰᠦᠯᠡᠪᠡᠯ ᠴᠢᠯᠦᠭᠡᠯᠡᠭᠳᠡᠬᠦ ᠶᠢᠨ ᠡᠬᠢᠨ ᠤ ᠦᠶ᠎ᠠ ᠠᠴᠠ ᠳᠠᠪᠢᠭᠠᠳ ᠤᠨ ᠪᠤᠯᠳᠠᠯᠡᠬᠢ ᠬᠤᠭᠤᠴᠠᠭᠠᠨ ᠤ ᠪᠠᠶᠢᠳᠠᠯ ᠠᠴᠠ ᠦᠵᠡᠬᠦ ᠳᠤ ᠪᠠᠭᠠᠳᠠᠭᠠᠢ ︵ᠪᠠᠳᠬᠠᠢ︶ ᠶᠢᠨ ᠴᠠᠭᠠᠨ ᠳᠤᠯᠤᠭᠠᠢ ᠪᠠᠷ ᠨᠤᠳᠤᠬ ᠲᠠᠢ ᠪᠠᠶᠠᠨ ᠳᠠᠮᠫᠢᠯ ᠤᠨ ᠭᠡᠳᠡᠭ ᠠᠶᠢᠯ ᠬᠡᠳᠤᠨ ᠵᠠᠭᠤᠨ ᠬᠠᠷ᠎ᠠ ᠵᠢᠰᠤᠮ ᠤᠨ ︵ᠭᠠᠷᠠᠬᠠᠨ ᠨᠢᠳᠤᠳᠡᠢ︶ ᠠᠳᠤᠭᠤ ᠲᠠᠢ ᠪᠠᠶᠢᠵᠠᠢ᠃ ᠤᠯᠠᠨ ᠬᠤᠷᠳᠤᠨ ᠬᠠᠷ᠎ᠠ ᠮᠤᠷᠢᠳ ᠲᠤᠨᠢ ᠴᠢᠭᠤᠯᠭᠠᠨ ᠬᠠᠷ᠎ᠠ ᠭᠡᠳᠡᠭ ᠨᠢᠭᠡᠨ ᠤᠨᠴᠠᠭᠠᠢ ᠬᠤᠷᠳᠤᠨ ᠮᠤᠷᠢ ᠪᠠᠶᠢᠯ᠎ᠠ ᠭᠡᠰᠡᠨ ᠳᠡᠮᠳᠡᠭᠯᠠᠯ ᠲᠠᠢ᠃ ᠦᠨᠢᠶᠡᠴᠢ ᠬᠦᠬᠡᠪᠦᠷ ᠢᠶᠠᠷ ᠨᠤᠳᠤᠬ ᠲᠠᠢ ᠪᠠᠶᠠᠨ ᠮᠢᠳᠤᠪ ᠤᠨ ᠭᠡᠰᠡᠨ ᠠᠶᠢᠯ ᠲᠦᠴᠢᠭᠡᠳ ᠤᠨ ᠤ ᠰᠡᠬᠦᠯᠴᠢ ᠪᠤᠯᠳᠠᠯ᠎ᠠ 300 ᠭᠠᠷᠤᠢ ᠳᠠᠩ ᠴᠠᠭᠠᠨ ᠵᠢᠰᠤᠮ ᠤᠨ ᠠᠳᠤᠭᠤ ᠲᠠᠢ ᠪᠠᠶᠢᠵᠠᠢ᠃ ᠪᠠᠰᠠ ᠴᠤᠬᠤᠷ ᠠᠳᠤᠭᠤ ᠲᠠᠢ ᠠᠶᠢᠯ ᠪᠤᠯᠤᠨ ᠬᠦᠷᠡᠩ ᠵᠢᠰᠤᠮ ᠤᠨ ᠬᠤᠷᠳᠤᠨ ᠮᠤᠷᠢᠨ ᠤ ᠭᠠᠷᠤᠯ ᠲᠠᠢ ᠠᠶᠢᠯ ᠡᠨᠡ ᠨᠤᠲᠤᠭ ᠲᠤ ᠪᠠᠶᠢᠭᠰᠠᠨ ᠶᠤᠮ ᠪᠠᠶᠢᠨ᠎ᠠ ᠃ ᠤᠳᠤᠮ ᠳᠠᠮᠵᠢᠬᠰᠠᠨ ᠠᠳᠤᠭᠤᠳ ᠨᠢ ᠨᠤᠳᠤᠬ ᠤᠨ ᠢᠶᠠᠨ ᠬᠦᠷᠤᠰᠤᠨ ᠳᠤ ᠦᠷᠡᠵᠢᠨ ᠦᠷᠡᠵᠢᠭᠰᠡᠭᠡᠷ ᠦᠨᠤᠳᠤᠷ ᠪᠤᠯᠬᠤ ᠳᠤ ᠭᠤᠨᠴᠤᠬᠵᠠᠮᠰᠤ ᠨᠠᠰᠤᠳᠠᠨ ᠵᠡᠷᠭᠡ ᠬᠦᠮᠦᠰ ᠤᠯᠠᠮ ᠢᠶᠠᠷ ᠬᠠᠮᠠᠭᠠᠯᠠᠨ ᠦᠰᠭᠡᠵᠦ ᠶᠠᠪᠤᠭ᠎ᠠ ᠶᠤᠮ᠃ᠭᠤᠨᠴᠤᠬᠵᠠᠮᠰᠤ ᠨᠠᠰᠤᠳᠠᠨ ᠤ ︽ᠪᠠᠭ᠎ᠠ ᠠᠭᠤᠯᠠ︾ ᠮᠠᠯ ᠠᠵᠤ ᠠᠬᠤᠢ ᠶᠢᠨ ᠳᠤᠰᠬᠠᠢ ᠬᠤᠷᠰᠢᠶᠠᠵᠢᠯ ᠨᠢ 2015 ᠤᠨ ᠤ 11 ᠰᠠᠷ᠎ᠠ ᠶᠢᠨ 25 ᠤ ᠡᠳᠦᠷ 60 ᠲᠦᠮᠡᠨ ᠲᠦᠭᠦᠷᠢᠭ ᠤᠨ ᠪᠡᠯᠡ ᠮᠦᠡᠭᠭᠦ ᠲᠠᠢ ᠪᠠᠷ ᠳᠠᠩᠰᠠᠯᠠᠭᠤᠯᠵᠤ ᠠᠵᠢᠯᠯᠠᠭᠤᠯᠤᠬᠰᠠᠨ ᠪᠤᠯ 2021 ᠤᠨ ᠤ 6 ᠰᠠᠷ᠎ᠠ ᠶᠢᠨ 7 ᠤ ᠡᠳᠤᠷ ᠤᠯᠤᠰ ᠤᠨ ᠮᠡᠳᠡᠯᠬᠡ ᠶᠢᠨ ᠦᠮᠴᠢᠯᠡᠯ ᠤᠨ ᠡᠷᠭᠡ ᠶᠢᠨ ᠳᠤᠪᠴᠢᠶᠠᠨ ᠠᠴᠠ ︽ᠪᠤᠷᠵᠢᠬᠢᠨ ᠬᠤᠨᠭ᠍ᠭᠤᠷ︾ ᠠᠳᠤᠭᠤᠨ ᠤ ᠤᠯᠤᠰ ᠤᠨ ᠳᠠᠸᠠᠷ ᠤᠨ ᠳᠡᠮᠳᠡᠭ ᠢ ᠳᠠᠩᠰᠠᠯᠠᠭᠤᠯᠤᠬᠰᠠᠨ ᠦᠨᠡᠮᠯᠡᠯ ᠢ ᠭᠠᠷᠳᠠᠬᠰᠠᠨ ᠪᠠᠶᠢᠨ᠎ᠠ᠃ ᠬᠤᠷᠰᠢᠶᠠᠵᠢᠯ ᠪᠠᠶᠢᠭᠤᠯᠬᠤ᠂ ᠳᠠᠸᠠᠷ ᠤᠨ ᠳᠡᠮᠳᠡᠭ ᠳᠠᠩᠰᠠᠯᠠᠭᠤᠯᠬᠤ ᠡᠳᠡᠭᠡᠷ ᠤᠯᠠᠨ ᠦᠢᠯᠡ ᠶᠢᠨ ᠡᠴᠤᠰ ᠤᠨ ᠵᠤᠷᠢᠯᠭ᠎ᠠ ᠨᠢ ᠮᠤᠩᠭᠤᠯ ᠠᠳᠤᠭᠤᠨ ᠤ ᠪᠠᠨ ᠡᠬᠦᠯᠳᠡᠷ ᠢ ᠬᠠᠮᠠᠭᠠᠯᠠᠬᠤ ᠶᠢᠨ ᠲᠦᠯᠦᠬᠡ ᠶᠤᠮ᠃ ᠨᠠᠰᠤᠳᠠᠨ ᠤ ᠵᠢᠳᠬᠦᠯ ᠴᠦ ᠳᠠᠯᠠᠭᠠᠷ ᠪᠤᠯᠤᠭ᠎ᠠ ᠦᠬᠡᠢ᠂ 2022 ᠤᠨ ᠳᠤ ᠡᠯ᠎ᠠ ᠳᠠᠯ᠎ᠠ ᠶᠢᠨ ᠠᠵᠢᠯ ᠤᠨ ᠬᠢᠨᠠᠯᠳᠠ ᠱᠠᠭᠠᠷᠳᠠᠯᠭ᠎ᠠ ᠪᠠᠷ ᠠᠶᠢᠮᠠᠭ ᠤᠨ ᠳᠡᠰ ᠤᠨ ᠮᠤᠩᠭᠤᠯ ᠠᠳᠤᠭᠤᠨ ᠤ ᠡᠬᠦᠯᠳᠡᠷ ᠢ ᠬᠠᠮᠠᠭᠠᠯᠠᠬᠤ ᠦᠷ᠎ᠠ ᠶᠢᠨ ᠮᠠᠯ ᠤᠨ ᠳᠠᠯᠠᠪᠠᠢ ᠶᠢ ᠪᠠᠶᠢᠭᠤᠯᠵᠤ᠂ ᠰᠦᠨᠢᠳ ᠡᠳᠤᠭᠤᠨ ᠤ ᠡᠬᠦᠯᠳᠡᠷ ᠢ ᠬᠠᠮᠠᠭᠠᠯᠠᠬᠤ ᠠᠵᠢᠯ ᠨᠡᠩ ᠠᠬᠢᠴᠠ ᠲᠠᠢ ᠪᠤᠯᠤᠬᠰᠠᠨ ᠪᠠᠶᠢᠨ᠎ᠠ᠃ ᠤᠳᠤ ᠪᠤᠯᠬᠤ ᠪᠠᠷ ᠮᠤᠩᠭᠤᠯ ᠠᠳᠤᠭᠤᠨ ᠤ ᠡᠬᠦᠯᠳᠡᠷ ᠢ ᠬᠠᠮᠠᠭᠠᠯᠠᠬᠤ ᠳᠠᠯᠠᠪᠠᠢ ᠳᠠᠭᠠᠨ 150 ᠬᠤᠨᠭ᠍ᠭᠤᠷ ᠵᠢᠰᠤᠮ ᠤᠨ ᠠᠳᠤᠭᠤ ᠮᠠᠯᠵᠢᠵᠦ᠂ 108 ᠬᠡᠬᠦᠤ᠂ 8 ᠦᠷᠢᠶ᠎ᠠ᠂ 34 ᠪᠦᠳᠤᠬᠦᠨ ᠮᠤᠷᠢ ᠲᠠᠢ ᠪᠤᠯᠤᠬᠰᠠᠨ ᠪᠠᠶᠢᠨ᠎ᠠ᠃ᠭᠤᠨᠴᠤᠬᠵᠠᠮᠰᠤ ᠨᠠᠰᠤᠳᠠᠨ᠄ ︽ᠮᠠᠨ ᠤ ᠬᠢ ᠬᠤᠤᠰ ᠳᠠᠭᠠᠭᠠᠴᠢᠯᠠᠯᠳᠠ ᠶᠢᠨ ᠦᠶ᠎ᠠ ᠳᠤ 5 ᠡᠷᠤᠬᠡ ᠶᠢᠨ ᠬᠤᠪᠢᠳᠠᠵᠤ ᠤᠯᠤᠬᠰᠠᠨ 12 ᠠᠳᠤᠭᠤ ᠪᠠᠨ 38 ᠵᠢᠯ ᠤᠨ ᠴᠢᠷᠮᠠᠶᠢᠯᠭ᠎ᠠ ᠪᠠᠷ 150 ᠪᠤᠯᠭᠠᠵᠤ ᠦᠷᠡᠵᠢᠬᠦᠯᠦᠭᠡᠳ ᠮᠤᠩᠭᠤᠯ ᠠᠳᠤᠭᠤᠨ ᠤ ᠪᠠᠨ ᠡᠬᠦᠯᠳᠡᠷ ᠢ ᠬᠠᠮᠠᠭᠠᠯᠠᠬᠤ ᠳᠠᠯ᠎ᠠ ᠪᠠᠷ ᠪᠠᠭ᠎ᠠ ᠴᠦ ᠭᠡᠰᠡᠨ ᠳᠡᠮᠵᠢᠯᠬᠡ ᠦᠵᠡᠬᠦᠯᠦᠭᠰᠡᠨ ᠶᠤᠮ᠃ 2000 ᠤᠨ ᠤ ᠶᠡᠭᠡ ᠭᠠᠨᠭ᠌ ᠲᠠᠢ ᠵᠢᠯ ᠤᠨ ᠨᠤᠳᠤᠬ ᠢᠶᠠᠨ ᠪᠠᠷᠠᠯᠠᠵᠤ ᠵᠤᠬᠰᠤᠬᠰᠠᠨ ᠦᠵᠡᠭᠳᠡᠯ ᠢ ᠪᠢ ᠶᠡᠷᠤ ᠠᠴᠠ ᠮᠠᠷᠳᠠᠭ᠎ᠠ ᠦᠬᠡᠢ ᠁ ᠮᠢᠨᠤ ᠦᠷ᠎ᠠ ᠬᠡᠤᠬᠡᠳ ᠡᠨᠡ ᠠᠵᠢᠯ ᠢ ᠪᠠᠰᠠ ᠦᠷᠬᠦᠯᠵᠢᠯᠡᠬᠦᠯᠬᠦ ᠶᠤᠮ︾ ᠬᠡᠯ᠎ᠠ᠃ᠰᠤᠷᠪᠤᠯᠵᠢᠯᠠᠭ᠎ᠠ ᠶᠢᠨ ᠡᠬᠢᠨ ᠳᠤ ᠦᠬᠦᠯᠡᠭᠰᠡᠨ ᠠᠳᠤᠭᠤ ᠪᠠᠨ ᠠᠪᠴᠤ ᠤᠳᠤᠷᠯᠠᠭᠰᠠᠨ ᠤᠴᠠᠷᠠᠯ ᠠᠴᠠ ᠡᠬᠢᠳᠡᠢ ᠴᠢᠩ ᠰᠡᠳᠬᠢᠯ ᠤᠨ ᠦᠢᠯᠡ ᠰᠦᠨᠢᠳ ᠨᠤᠳᠤᠬ ᠤᠨ ᠮᠤᠩᠭᠤᠯ ᠠᠳᠤᠭᠤᠨ ᠤ ᠪᠠᠨ ᠦᠯᠢᠬᠡᠷ ᠳᠡᠤᠬᠡ ᠲᠠᠢ ᠬᠠᠮᠳᠤ ᠡᠬᠦᠷᠢᠳᠡ ᠦᠯᠡᠳᠡᠬᠦ ᠨᠢ ᠯᠠᠪᠳᠡᠢ᠃ ᠭᠤᠨᠴᠤᠭᠵᠠᠮᠰᠤ ᠨᠠᠰᠤᠳᠠᠨ ᠤ ᠤᠯᠠᠨ ᠵᠢᠯ ᠤᠨ ᠪᠠᠷᠢᠮᠳᠠᠯᠠᠯ ᠦᠷ᠎ᠡ ᠦᠭᠬᠦᠭᠡᠵᠢ ᠲᠠᠢ ᠪᠤᠯᠬᠤ ᠨᠢ ᠳᠠᠮᠵᠢᠭ ᠦᠭᠡᠢ᠃
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号