ᠠᠵᠢᠯ ᠢᠶᠠᠨ ᠲᠡᠭᠡᠲᠥᠯᠡᠨ ᠥᠢᠯᠡᠰ ᠢᠶᠠᠨ ᠡᠷᠬᠢᠮᠯᠡᠵᠥ ᠤᠯᠠᠨ ᠲᠥᠮᠡᠨ ᠳᠤ ᠨᠡᠩ ᠰᠠᠶᠢᠲᠤᠷ ᠥᠢᠯᠡᠴᠢᠯᠡᠨ᠎ᠠ
ᠨᠡᠶᠢᠲᠡᠯᠡᠭᠰᠡᠨ ᠴᠠᠭ᠄
2024/6/18
     — ᠠᠶᠢᠮᠠᠭ ᠤᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠰᠠᠯᠪᠤᠷᠢ ᠠᠩᠭᠢ ᠶᠢᠨ ᠲᠡᠷᠭᠡ ᠬᠥᠰᠭᠡ ᠶᠢᠨ ᠬᠠᠮᠢᠶᠠᠷᠤᠯᠲᠠ ᠶᠢᠨ ᠭᠠᠵᠠᠷ ᠢ ᠲᠡᠮᠲᠡᠭᠯᠡᠪᠡ      ᠰᠤᠷᠪᠤᠯᠵᠢᠯᠠᠭᠴᠢ ᠬᠠᠰᠬᠦᠥ      ᠤᠶᠢᠷᠠᠬᠠᠨ ᠠᠶᠢᠮᠠᠭ ᠤᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠰᠠᠯᠪᠤᠷᠢ ᠠᠩᠭᠢ ᠶᠢᠨ ᠲᠡᠷᠭᠡ ᠬᠥᠰᠭᠡ ᠶᠢᠨ ᠬᠠᠮᠢᠶᠠᠷᠤᠯᠲᠠ ᠶᠢᠨ ᠭᠠᠵᠠᠷ ᠤᠨ ᠬᠢᠨ ᠴᠢᠩᠲᠤᠤ ᠬᠤᠲᠠ ᠳᠤ ᠠᠵᠢᠯᠯᠠᠵᠥ ᠪᠠᠶᠢᠭ᠎ᠠ ᠵᠥ ᠠᠪᠤᠭᠠᠢ ᠠᠴᠠ ᠬᠥᠷᠭᠡᠭᠰᠡᠨ ᠬᠡᠮᠡᠷᠯᠢᠭ ᠲᠤᠭ ᠢ ᠲᠤᠰᠤᠯ᠎ᠠ᠃      ᠵᠥ ᠠᠪᠤᠭᠠᠢ ᠴᠢᠩᠲᠤᠤ ᠬᠤᠲᠠ ᠳᠤ ᠠᠵᠢᠯᠯᠠᠵᠥ ᠪᠠᠶᠢᠲᠠᠭ᠃ ᠤᠶᠢᠷᠠᠬᠠᠨ ᠲᠡᠷᠡ ᠥᠪᠡᠷ ᠤᠨ ᠬᠢᠨᠢ ᠵᠢᠯᠤᠭᠤᠴᠢ ᠶᠢᠨ ᠥᠨᠡᠮᠯᠡᠯ ᠲᠡᠭᠡᠷᠡᠬᠢ ᠪᠡᠶ᠎ᠠ ᠶᠢᠨ ᠥᠨᠡᠮᠯᠡᠯ ᠤᠨ ᠨᠤᠮᠧᠷ ᠪᠤᠯᠤᠨ ᠤᠲᠤ ᠶᠢᠨ ᠪᠡᠶ᠎ᠠ ᠶᠢᠨ ᠥᠨᠡᠮᠯᠡᠯ ᠤᠨ  ᠨᠤᠮᠧᠷ ᠨᠢ ᠠᠲᠠᠯᠢ ᠪᠤᠰᠤ ᠪᠠᠶᠢᠬᠤ ᠶᠢ ᠮᠡᠲᠡᠭᠰᠡᠨ ᠲᠠᠷᠤᠢ ᠳᠠᠭᠠᠨ ᠠᠶᠢᠮᠠᠭ ᠤᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠰᠠᠯᠪᠤᠷᠢ ᠠᠩᠭᠢ ᠶᠢᠨ ᠲᠡᠷᠭᠡ ᠬᠥᠰᠭᠡ ᠶᠢᠨ ᠬᠠᠮᠢᠶᠠᠷᠤᠯᠲᠠ ᠶᠢᠨ ᠭᠠᠵᠠᠷ ᠲᠤ ᠤᠲᠠᠰᠤ ᠢᠷᠡᠬᠦᠯᠵᠥ ᠪᠠᠶᠢᠲᠠᠯ ᠢᠶᠠᠨ ᠬᠡᠯᠡᠭᠰᠡᠨ ᠪᠠ ᠥᠨᠡᠮᠯᠡᠯ ᠲᠠᠷᠬᠠᠭᠠᠭᠰᠠᠨ ᠤᠤᠯ ᠭᠠᠵᠠᠷ ᠲᠤ ᠪᠤᠴᠠᠨ ᠢᠷᠡᠵᠥ᠂ ᠪᠡᠶ᠎ᠠ ᠶᠢᠨ ᠥᠨᠡᠮᠯᠡᠯ ᠤᠨ  ᠨᠤᠮᠧᠷ ᠤᠨ ᠠᠲᠠᠯᠢ ᠪᠤᠰᠤ ᠪᠠᠶᠢᠭ᠎ᠠ ᠶᠠᠪᠤᠲᠠᠯ ᠢᠶᠠᠨ ᠵᠠᠯᠠᠷᠠᠭᠤᠯᠬᠤ ᠳᠤ ᠲᠥᠭᠦᠮ ᠥᠭᠡᠢ ᠪᠠᠶᠢᠨ᠎ᠠ ᠭᠡᠵᠥ ᠲᠤᠰᠬᠠᠵᠠᠢ᠃ ᠡᠨᠡ ᠪᠠᠶᠢᠲᠠᠯ  ᠢ ᠤᠶᠢᠯᠠᠭᠠᠭᠰᠠᠨ ᠤ ᠲᠠᠷᠠᠭ᠎ᠠ᠂ ᠠᠶᠢᠮᠠᠭ ᠤᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠰᠠᠯᠪᠤᠷᠢ ᠠᠩᠭᠢ ᠶᠢᠨ ᠲᠡᠷᠭᠡ ᠬᠥᠰᠭᠡ ᠶᠢᠨ ᠬᠠᠮᠢᠶᠠᠷᠤᠯᠲᠠ ᠶᠢᠨ ᠭᠠᠵᠠᠷ ᠤᠨ ᠠᠵᠢᠯᠲᠠᠳ ᠵᠥ ᠠᠪᠤᠭᠠᠢ ᠳᠤ ᠵᠢᠯᠤᠭᠤᠴᠢ ᠶᠢᠨ ᠥᠨᠡᠮᠯᠡᠯ ᠪᠤᠯᠤᠨ ᠬᠠᠮᠢᠶ᠎ᠠ ᠪᠥᠬᠦᠢ ᠬᠡᠷᠡᠴᠢ   ᠮᠠᠲ᠋ᠧᠷᠢᠶᠠᠯ ᠢᠶᠠᠨ ᠭᠤᠪᠢᠭᠤᠯᠤᠨ ᠢᠷᠡᠬᠦᠯᠬᠦ ᠶᠢ ᠰᠠᠨᠠᠭᠤᠯᠤᠭᠰᠠᠨ ᠪᠥᠭᠡᠳ ᠨᠠᠭᠠᠰᠢ ᠭᠤᠪᠢᠭᠤᠯᠤᠭᠰᠠᠨ  ᠮᠠᠲ᠋ᠧᠷᠢᠶᠠᠯ ᠢ ᠨᠢ ᠲᠤᠰᠴᠥ ᠤᠯᠤᠭᠰᠠᠨ ᠤ ᠲᠠᠷᠠᠭ᠎ᠠ ᠬᠠᠮᠤᠭ ᠲᠥᠷᠭᠡᠨ ᠢᠶᠠᠷ ᠬᠢᠨᠠᠨ ᠬᠠᠷᠭᠤᠭᠤᠯᠵᠥ᠂ ᠵᠢᠯᠤᠭᠤᠴᠢ ᠶᠢᠨ ᠥᠨᠡᠮᠯᠡᠯ ᠲᠡᠭᠡᠷᠡᠬᠢ ᠪᠡᠶ᠎ᠠ ᠶᠢᠨ ᠥᠨᠡᠮᠯᠡᠯ ᠢ ᠨᠢ ᠵᠠᠯᠠᠷᠠᠭᠤᠯᠵᠥ ᠥᠭᠴᠡᠢ᠃ ᠡᠨᠡᠬᠦ ᠥᠢᠯᠡᠴᠢᠯᠡᠭᠡ ᠨᠢ ᠵᠥ ᠠᠪᠤᠭᠠᠢ ᠳᠤ ᠴᠠᠭ ᠮᠥᠡᠭᠭᠦ ᠵᠡᠷᠭᠡ ᠤᠯᠠᠨ ᠲᠠᠯ᠎ᠠ ᠪᠠᠷ ᠲᠥᠭᠦᠮ ᠥᠵᠡᠬᠦᠯᠥᠭᠰᠡᠨ ᠪᠤᠯᠬᠤᠷ ᠲᠤᠩ ᠶᠡᠭᠡ ᠪᠠᠶᠠᠷᠯᠠᠵᠥ᠂ ᠲᠤᠰᠬᠠᠶᠢᠯᠠᠨ ᠬᠡᠮᠡᠷᠯᠢᠭ ᠲᠤᠭ ᠬᠥᠷᠭᠡᠨ ᠪᠠᠶᠠᠷᠯᠠᠵᠥ ᠲᠠᠯᠠᠷᠬᠠᠭᠰᠠᠨ ᠰᠡᠳᠬᠢᠯᠭᠡ ᠪᠠᠨ ᠢᠯᠡᠷᠭᠡᠶᠢᠯᠡᠭᠰᠡᠨ ᠨᠢ ᠲᠡᠷᠡ ᠪᠠᠶᠢᠯ᠎ᠠ᠃      ᠠᠶᠢᠮᠠᠭ ᠤᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠰᠠᠯᠪᠤᠷᠢ ᠠᠩᠭᠢ ᠶᠢᠨ ᠲᠡᠷᠭᠡ ᠬᠥᠰᠭᠡᠨ ᠤ ᠬᠠᠮᠢᠶᠠᠷᠤᠯᠲᠠ ᠶᠢᠨ ᠭᠠᠵᠠᠷ ᠨᠢ ᠢᠮᠠᠭᠲᠠ ᠠᠵᠢᠯ ᠤᠨ ᠪᠠᠶᠢᠷᠢ ᠪᠠᠨ ᠯᠸᠢ ᠹᠸᠡᠭ ᠤᠨ ᠵᠤᠷᠢᠭ ᠰᠠᠨᠠᠭ᠎ᠠ ᠶᠢ ᠰᠤᠷᠤᠯᠴᠠᠨ ᠥᠢᠯᠡᠳᠥᠯᠭᠡᠵᠢᠬᠦᠯᠬᠦ ᠴᠢᠬᠤᠯᠠ ᠲᠠᠪᠴᠠᠩ ᠪᠤᠯᠭᠠᠵᠥ᠂ ᠠᠵᠢᠯ ᠢᠶᠠᠨ ᠬᠠᠶᠢᠷᠠᠯᠠᠵᠥ ᠥᠢᠯᠡᠰ ᠢᠶᠠᠨ ᠲᠡᠭᠡᠲᠥᠯᠡᠬᠦ ᠲᠤᠬᠠᠶᠢᠯᠠᠭᠰᠠᠨ ᠠᠵᠢᠯ ᠤᠨ ᠵᠤᠷᠢᠭ ᠰᠠᠨᠠᠭ᠎ᠠ ᠶᠢ ᠶᠡᠬᠡᠪᠠᠷ ᠪᠠᠲᠠᠷᠠᠭᠤᠯᠵᠥ᠂ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠠᠵᠢᠯ ᠲᠥᠷᠥᠯ ᠤᠨ ᠤᠨᠴᠠᠯᠢᠭ ᠪᠥᠬᠦᠢ ᠰᠤᠷᠤᠯᠴᠠᠯᠭ᠎ᠠ ᠥᠢᠯᠡᠲᠥᠯᠭᠡ ᠶᠢᠨ ᠠᠵᠢᠯᠯᠠᠭ᠎ᠠ ᠶᠢ ᠥᠷᠭᠡᠨ ᠲᠡᠯᠭᠡᠷᠡᠩᠭᠦᠢ ᠥᠷᠨᠢᠬᠦᠯᠤᠨ ᠠᠷᠠᠳ ᠤᠨ ᠴᠠᠭᠲᠠᠭ᠎ᠠ ᠪᠠ ᠲᠤᠰᠠᠯᠠᠭᠴᠢ ᠴᠠᠭᠲᠠᠭ᠎ᠠ ᠶᠢ ᠲᠠᠶᠢᠴᠢᠯᠠᠨ ᠬᠥᠲᠥᠯᠥᠨ ᠵᠢᠯᠤᠭᠤᠳᠴᠥ᠂ ︽8 ᠴᠠᠭ ᠤᠨ ᠪᠤᠲᠠᠲᠠᠢ ᠠᠵᠢᠯ︾  ᠢ ᠨᠠᠷᠢᠨ ᠬᠢᠨᠠᠮᠠᠭᠠᠢ ᠰᠠᠶᠢᠲᠤᠷ ᠬᠢᠵᠥ᠂ ᠤᠯᠠᠨ ᠲᠥᠮᠡᠨ ᠳᠤ ᠬᠠᠯᠠᠭᠤᠮᠰᠤᠭ ᠢᠶᠠᠷ ᠥᠢᠯᠡᠴᠢᠯᠡᠵᠥ ᠢᠷᠡᠵᠡᠢ᠃ 2023 ᠤᠨ ᠳᠤ᠂ ᠠᠶᠢᠮᠠᠭ ᠤᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠰᠠᠯᠪᠤᠷᠢ ᠠᠩᠭᠢ ᠶᠢᠨ ᠲᠡᠷᠭᠡ ᠬᠥᠰᠭᠡᠨ ᠤ ᠬᠠᠮᠢᠶᠠᠷᠤᠯᠲᠠ ᠶᠢᠨ ᠭᠠᠵᠠᠷ ᠨᠢ ᠤᠯᠠᠨ ᠲᠥᠮᠡᠨ ᠳᠤ ᠨᠡᠶᠢᠲᠡ 80 ᠭᠠᠷᠤᠢ ᠲᠥᠮᠡᠨ ᠬᠥᠮᠥᠨ ᠤᠲᠠᠭᠠᠨ ᠤ ᠥᠢᠯᠡᠴᠢᠯᠡᠭᠡ ᠬᠠᠨᠭ᠍ᠭᠠᠵᠥ᠂ ᠪᠠᠷᠤᠭ 16 ᠲᠥᠮᠡ ᠭᠠᠷᠤᠢ ᠴᠠᠭ ᠠᠷᠪᠢᠯᠠᠨ ᠥᠭᠴᠥ᠂ ᠤᠯᠠᠨ ᠲᠥᠮᠡᠨ ᠤ ᠬᠥᠷᠭᠡᠭᠰᠡᠨ 80 ᠭᠠᠷᠤᠢ ᠬᠡᠮᠡᠷᠯᠢᠭ ᠲᠤᠭ ᠢ ᠲᠤᠰᠤᠨ ᠤᠯᠵᠥ᠂ ᠪᠥᠬᠦ ᠵᠢᠯ ᠢᠶᠠᠷ ᠢᠶᠠᠨ ᠠᠨᠠᠢ ᠥᠨᠡᠯᠡᠯᠲᠡ ᠤᠯᠤᠭᠰᠠᠨ ᠥᠭᠡᠢ ᠠᠮᠵᠢᠯᠲᠠ ᠶᠢ ᠪᠢᠴᠢᠭᠯᠡᠵᠡᠢ᠃      ᠠᠶᠢᠮᠠᠭ ᠤᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠰᠠᠯᠪᠤᠷᠢ ᠠᠩᠭᠢ ᠶᠢᠨ ᠲᠡᠷᠭᠡ ᠬᠥᠰᠭᠡᠨ ᠤ ᠬᠠᠮᠢᠶᠠᠷᠤᠯᠲᠠ ᠶᠢᠨ ᠭᠠᠵᠠᠷ ᠨᠢ ᠲᠤᠲᠤᠭᠠᠲᠤ ᠶᠢ ᠬᠠᠮᠠᠭᠠᠯᠠᠬᠤ ᠰᠠᠯᠠᠭ᠎ᠠ ᠮᠥᠴᠢᠷ ᠤᠨ ︽ᠲᠠᠯᠪᠢᠬᠤ ᠬᠠᠮᠢᠶᠠᠷᠬᠤ ᠥᠢᠯᠡᠴᠢᠯᠡᠬᠦ ︾ ᠥᠭᠡᠷᠡᠴᠢᠯᠡᠯᠲᠡ ᠶᠢᠨ ᠡᠷᠴᠢᠮ ᠢᠶᠠᠨ ᠲᠠᠰᠤᠷᠠᠯᠲᠠ ᠥᠭᠡᠢ ᠴᠢᠩᠭᠠᠷᠠᠭᠤᠯᠵᠥ᠂ ᠤᠯᠠᠨ ᠲᠥᠮᠡᠨ ᠤ ᠶᠠᠪᠤᠲᠠᠯ ᠤᠴᠢᠷ ᠬᠥᠢᠴᠡᠳᠭᠡᠬᠦ ᠳᠤ ᠬᠥᠴᠢᠷᠲᠡᠢ᠂ ᠤᠲᠠᠭᠠᠨ᠂ ᠲᠤᠬᠠᠢ ᠶᠢᠨ ᠲᠠᠯᠠᠪᠠᠢ ᠳᠤ ᠤᠯᠠᠨ ᠤᠲᠠᠭ᠎ᠠ ᠬᠥᠷᠬᠦ ᠵᠡᠷᠭᠡ ᠠᠰᠠᠭᠤᠲᠠᠯ ᠢ ᠴᠢᠷᠮᠠᠶᠢᠨ ᠰᠶᠢᠳᠪᠤᠷᠢᠯᠡᠵᠥ᠂ ᠤᠯᠠᠨ ᠲᠥᠮᠡᠨ ᠲᠠᠢ ᠨᠢᠭᠲᠠ ᠬᠤᠯᠪᠤᠭ᠎ᠠ ᠲᠠᠢ 15 ᠵᠥᠢᠯ ᠤᠨ ᠲᠥᠭᠦᠮ ᠬᠢᠯᠪᠠᠷ ᠲᠡᠷᠭᠡ ᠬᠥᠰᠭᠡ ᠶᠢᠨ ᠬᠠᠮᠢᠶᠠᠷᠤᠯᠲᠠ ᠶᠢᠨ ᠠᠵᠢᠯ ᠲᠥᠷᠥᠯ ᠢ ᠪᠥᠬᠦ ᠠᠶᠢᠮᠠᠭ ᠤᠨ 19 ᠬᠢᠯᠢ ᠶᠢᠨ ᠲᠤᠮᠢᠯᠠᠭᠰᠠᠨ ᠰᠠᠯᠪᠤᠷᠢ ᠳᠤ ᠡᠷᠭᠡ ᠤᠯᠭᠤᠨ ᠬᠥᠢᠴᠡᠳᠭᠡᠯᠭᠡᠬᠦ ᠪᠤᠯᠪᠠ᠃ ᠡᠨᠡ ᠨᠢ ᠪᠥᠬᠦ ᠤᠯᠤᠰ ᠲᠠᠬᠢ ᠠᠩᠬᠠᠲᠠᠭᠴᠢ ᠬᠢᠯᠢ ᠶᠢᠨ ᠲᠤᠮᠢᠯᠠᠭᠰᠠᠨ ᠰᠠᠯᠪᠤᠷᠢ ᠳᠤ ᠲᠡᠷᠭᠡ ᠬᠥᠰᠭᠡ ᠪᠠ ᠵᠢᠯᠤᠭᠤᠴᠢ ᠶᠢᠨ ᠥᠨᠡᠮᠯᠡᠯ ᠤᠨ ᠬᠠᠮᠢᠶᠠᠷᠤᠯᠲᠠ ᠶᠢᠨ ᠠᠵᠢᠯ ᠲᠥᠷᠥᠯ ᠢ ᠬᠥᠢᠴᠡᠳᠭᠡᠬᠦ ᠥᠭᠡᠷᠡᠴᠢᠯᠡᠯᠲᠡ ᠪᠤᠯᠵᠥ᠂ ᠬᠢᠯᠢ ᠶᠢᠨ ᠮᠠᠯᠴᠢᠳ ᠲᠤ ᠤᠶᠢᠷ᠎ᠠ ᠬᠠᠪᠢ ᠳᠠᠭᠠᠨ ᠥᠢᠯᠡᠴᠢᠯᠡᠭᠡ ᠬᠥᠷᠲᠡᠬᠦ ᠶᠢ ᠪᠡᠶᠡᠯᠡᠬᠦᠯᠪᠡ᠃ ᠡᠬᠦᠨ ᠤ ᠬᠠᠮᠲᠤ᠂ ᠮᠠᠰᠢᠨ ᠬᠥᠲᠡᠯᠭᠡᠬᠦᠷᠲᠤ ᠲᠡᠷᠭᠡ ᠶᠢᠨ ᠲᠤᠬᠠᠶᠢᠯᠠᠭᠰᠠᠨ ᠠᠵᠢᠯ ᠬᠥᠢᠴᠡᠳᠭᠡᠬᠦ ᠶᠠᠪᠤᠴᠠ ᠶᠢ ᠤᠯᠠᠮ ᠰᠢᠯᠢᠲᠡᠭᠵᠢᠬᠦᠯᠵᠥ᠂ ︽ᠠᠮᠢᠲᠤᠯᠢᠭ ᠬᠥᠲᠡᠯᠥᠩᠭᠦᠢ ᠥᠢᠯᠡᠴᠢᠯᠡᠭᠡ︾᠂ ︽ᠨᠢᠭᠡ ᠥᠷᠲᠡᠭᠡᠴᠢᠯᠡᠭᠰᠡᠨ ᠬᠡᠯᠪᠡᠷᠢ ᠶᠢᠨ ᠥᠢᠯᠡᠴᠢᠯᠡᠭᠡ︾ ᠶᠢ ᠲᠡᠰ ᠲᠡᠪᠰᠢᠬᠦᠯᠬᠦ᠂ ᠡᠩ ᠤᠨ ᠲᠡᠷᠭᠡ ᠬᠥᠰᠭᠡ ᠶᠢᠨ ᠲᠤᠬᠠᠶᠢᠯᠠᠭᠰᠠᠨ ᠠᠵᠢᠯ ᠢ ᠨᠢᠭᠡ ᠴᠠᠭ ᠲᠤᠲᠤᠷ᠎ᠠ ᠲᠠᠭᠤᠰᠬᠠᠬᠤ᠂ ᠤᠯᠠᠨ ᠲᠥᠮᠡᠨ ᠲᠤᠬᠠᠢ ᠶᠢᠨ ᠭᠠᠵᠠᠷ ᠲᠤ ᠵᠥᠪᠭᠡᠨ ᠨᠢᠭᠡ ᠤᠲᠠᠭ᠎ᠠ ᠬᠥᠷᠬᠦ᠂ ᠰᠢᠨ᠎ᠠ ᠲᠡᠷᠭᠡᠨ ᠳᠤ ᠫᠠᠶᠢᠰᠠ ᠲᠠᠭᠠᠷᠠᠭᠤᠯᠬᠤ ᠳᠤ ᠨᠢᠭᠡᠯᠡ ᠤᠲᠠᠭ᠎ᠠ ᠳᠤ ᠪᠥᠬᠦᠨ ᠢ  ᠬᠥᠢᠴᠡᠳᠭᠡᠬᠦ ᠶᠢ ᠪᠠᠶᠢᠡᠭᠭᠤᠵᠢᠭᠤᠯᠬᠤ ᠵᠡᠷᠭᠡ ᠶᠢ ᠪᠥᠬᠦ ᠬᠥᠴᠥᠨ ᠢᠶᠠᠷ ᠠᠬᠢᠭᠤᠯᠵᠥ ᠢᠷᠡᠪᠡ᠃ ᠮᠠᠰᠢᠨ ᠬᠥᠲᠡᠯᠬᠡᠭᠦᠷᠲᠤ ᠲᠡᠷᠭᠡ ᠶᠢᠨ ᠠᠯᠤᠰ ᠠᠴᠠ ᠬᠢᠨᠠᠨ ᠬᠠᠷᠭᠤᠭᠤᠯᠬᠤ ᠵᠡᠷᠭᠡ ᠲᠤᠬᠠᠶᠢᠯᠠᠭᠰᠠᠨ ᠠᠵᠢᠯ ᠢ ᠬᠥᠢᠴᠡᠳᠭᠡᠬᠦ ᠲᠤᠮᠲᠠ ᠠᠶᠢᠮᠠᠭ ᠤᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠰᠠᠯᠪᠤᠷᠢ ᠠᠩᠭᠢ ᠶᠢᠨ ᠲᠡᠷᠭᠡ ᠭᠥᠰᠭᠡ ᠶᠢᠨ ᠬᠠᠮᠢᠶᠠᠷᠤᠯᠲᠠ ᠶᠢᠨ ᠭᠠᠵᠠᠷ ᠨᠢ ︽ᠠᠮᠢᠲᠤᠯᠢᠭ ᠬᠥᠲᠡᠯᠥᠩᠭᠦᠢ ᠥᠢᠯᠡᠴᠢᠯᠡᠭᠡ︾ ᠶᠢ ᠥᠷᠨᠢᠬᠦᠯᠥᠭᠰᠡᠨ ᠰᠠᠭᠤᠷᠢᠨ ᠲᠡᠭᠡᠷ᠎ᠠ ᠭᠠᠷᠠᠭ ᠤᠨ ᠰᠡᠬᠦᠯᠴᠢ ᠳᠤ ᠪᠠᠰᠠ ᠬᠢᠨᠠᠨ ᠬᠠᠷᠭᠤᠭᠤᠯᠬᠤ ᠥᠢᠯᠡᠴᠢᠯᠡᠭᠡ ᠶᠢ ᠬᠡᠷᠡᠭᠵᠢᠬᠦᠯᠵᠡᠢ᠃ ᠤᠲᠤᠬᠠᠨ ᠪᠤᠯᠲᠠᠯ᠎ᠠ᠂ ︽ᠠᠮᠢᠲᠤᠯᠢᠭ ᠬᠥᠲᠡᠯᠥᠩᠭᠦᠢ ᠥᠢᠯᠡᠴᠢᠯᠡᠭᠡ︾ ᠪᠠᠷ ᠲᠠᠮᠵᠢᠨ᠂ ᠤᠷᠢᠳ ᠬᠤᠵᠢᠳ ᠨᠡᠶᠢᠲᠡ 1020 ᠴᠠᠭ ᠠᠵᠢᠯᠯᠠᠵᠥ᠂ ᠤᠯᠠᠨ ᠲᠥᠮᠡᠨ ᠳᠤ 1.1 ᠲᠥᠮᠡ ᠭᠠᠷᠤᠢ ᠬᠤᠪᠢ ᠠᠵᠢᠯ ᠶᠠᠪᠤᠲᠠᠯ ᠬᠥᠢᠴᠡᠳᠭᠡᠵᠥ ᠥᠭᠭᠦᠭᠰᠡᠨ ᠪᠠᠶᠢᠨ᠎ᠠ᠃      ᠠᠶᠢᠮᠠᠭ ᠤᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠰᠠᠯᠪᠤᠷᠢ ᠠᠩᠭᠢ ᠶᠢᠨ ᠲᠡᠷᠭᠡ ᠬᠥᠰᠭᠡ ᠶᠢᠨ ᠬᠠᠮᠢᠶᠠᠷᠤᠯᠲᠠ ᠶᠢᠨ ᠭᠠᠵᠠᠷ ᠨᠢ ᠨᠠᠰᠤᠲᠠᠢ ᠪᠠᠭᠤᠷᠠᠢ ᠡᠪᠡᠳᠴᠢᠨ ᠲᠠᠢ ᠵᠡᠮᠲᠡᠭ ᠵᠢᠷᠮᠤᠰᠤᠨ᠂ ᠴᠡᠷᠢᠭ ᠠᠴᠠ ᠬᠠᠯᠠᠭᠲᠠᠭᠰᠠᠳ ᠵᠡᠷᠭᠡ ᠤᠨᠴᠠᠭᠠᠢ ᠬᠥᠮᠥᠰ ᠲᠤ ᠤᠷᠢᠳᠴᠢᠯᠡᠨ ᠬᠥᠢᠴᠡᠳᠭᠡᠵᠥ ᠥᠭᠭᠦ ᠬᠠᠷᠠᠭᠠᠯᠵᠠᠯ ᠪᠥᠬᠦᠢ ᠠᠷᠭ᠎ᠠ ᠬᠡᠷᠡᠭᠵᠢᠬᠦᠯᠵᠥ᠂ ᠤᠨᠴᠠᠭᠠᠢ ᠬᠥᠮᠥᠰ ᠲᠤ ᠬᠠᠪᠰᠤᠷᠤᠨ ᠬᠥᠢᠴᠡᠳᠭᠡᠬᠦ᠂ ᠤᠷᠤᠯᠠᠨ ᠬᠥᠢᠴᠡᠳᠭᠡᠬᠦ ᠥᠢᠯᠡᠴᠢᠯᠡᠭᠡ ᠬᠠᠨᠭ᠍ᠭᠠᠵᠠᠢ᠃ ᠵᠢᠱᠢᠶᠡᠯᠡᠪᠡᠯ᠂ ᠭᠠᠷ ᠤᠲᠠᠰᠤ ᠠᠰᠢᠭᠯᠠᠨ ᠠᠵᠢᠯ ᠶᠠᠪᠤᠲᠠᠯ ᠢᠶᠠᠨ ᠬᠥᠢᠴᠡᠳᠭᠡᠵᠥ ᠴᠢᠲᠠᠬᠤ ᠥᠭᠡᠢ ᠨᠠᠰᠤᠲᠠᠢ ᠬᠥᠮᠥᠰ ᠲᠤ ᠠᠵᠢᠯᠲᠠᠳ ᠠᠵᠢᠯ ᠶᠠᠪᠤᠲᠠᠯ ᠢ ᠨᠢ ᠬᠠᠪᠰᠤᠷᠤᠨ ᠬᠥᠢᠴᠡᠳᠭᠡᠨ ᠥᠭᠴᠥ᠂ ᠪᠤᠲᠠᠲᠤ ᠠᠵᠢᠯᠯᠠᠭ᠎ᠠ ᠪᠠᠷ ᠢᠶᠠᠨ ᠯᠸᠢ ᠹᠸᠡᠭ ᠤᠨ ᠵᠤᠷᠢᠭ ᠰᠠᠨᠠᠭ᠎ᠠ ᠶᠢ ᠥᠢᠯᠡᠲᠥᠯᠭᠡᠵᠢᠬᠦᠯᠵᠥ ᠪᠤᠢ᠃ ᠡᠨᠡᠬᠦ ᠬᠠᠷᠠᠭᠠᠯᠵᠠᠯ ᠪᠥᠬᠦᠢ ᠠᠷᠭ᠎ᠠ ᠬᠡᠮᠵᠢᠶ᠎ᠠ ᠶᠢ ᠬᠡᠷᠡᠭᠵᠢᠬᠦᠯᠥᠭᠰᠡᠨ ᠠᠴᠠ ᠨᠠᠭᠠᠰᠢ᠂ ᠵᠡᠮᠲᠡᠭᠴᠤᠤᠯ᠂ ᠵᠢᠷᠮᠤᠰᠤᠨ ᠪᠥᠰᠡᠬᠦᠢ᠂ ᠴᠡᠷᠢᠭ ᠤᠨ ᠠᠯᠪᠠ ᠬᠠᠭᠠᠵᠥ ᠪᠠᠶᠢᠭ᠎ᠠ ᠵᠡᠷᠭᠡ 1350 ᠭᠠᠷᠤᠢ ᠬᠥᠮᠥᠨ ᠳᠤ ᠬᠠᠯᠠᠭᠤᠮᠰᠤᠭ ᠥᠢᠯᠡᠴᠢᠯᠡᠭᠡ ᠬᠠᠨᠭ᠍ᠭᠠᠵᠥ᠂ ᠤᠯᠠᠨ ᠲᠥᠮᠡᠨ ᠤ ᠰᠠᠶᠢᠨ ᠥᠨᠡᠯᠡᠯᠲᠡ ᠶᠢ ᠬᠥᠷᠲᠡᠵᠥ ᠢᠷᠡᠭᠰᠡᠨ ᠪᠢᠯᠡ᠃
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号