ᠨᠡᠭᠦᠷᠡᠰᠦᠨ ᠤ ᠠᠷᠠᠳ ᠤᠨ ᠬᠡᠷᠡᠭᠯᠡᠭᠡᠨ ᠤ ᠳᠡᠯᠪᠡᠷᠡᠬᠦ ᠡᠳ᠋ ᠤᠨ ᠲᠠᠰᠤᠭ᠂ ᠴᠠᠭᠢᠯᠭᠠᠨ ᠬᠦᠴᠦᠨ ᠤ ᠲᠠᠰᠤᠭ᠂ | ᠮᠡᠳᠡᠭᠡ ᠵᠠᠩᠭᠢᠵᠢᠯᠲᠠ ᠶᠢᠨ ᠲᠠᠰᠤᠭ᠂ ᠬᠡᠷᠡᠭᠯᠡᠭᠡᠨ ᠤ ᠡᠳ᠋ ︵ᠳᠠᠪᠤᠰᠤᠨ ᠤ ᠦᠢᠯᠡᠰ︶ ᠤᠨ ᠲᠠᠰᠤᠭ᠂ ᠨᠡᠭᠦᠷᠡᠰᠦᠨ | ᠠᠭᠤᠷᠬᠠᠢ᠂ ᠴᠠᠭᠢᠯᠭᠠᠨ ᠬᠦᠴᠦᠨ᠂ ᠠᠷᠠᠳ ᠤᠨ ᠬᠡᠷᠡᠭᠯᠡᠭᠡᠨ ᠤ ᠳᠡᠯᠪᠡᠷᠡᠬᠦ ᠡᠳ᠋᠂ ᠴᠢᠮᠡᠭᠡ ᠬᠤᠯᠪᠤᠭ᠎ᠠ᠂ | ᠳᠠᠪᠤᠰᠤᠨ ᠤ ᠠᠵᠤ ᠠᠬᠤᠶᠢᠯᠠᠯ ᠳᠤ᠄ | ᠣᠶᠢᠷ᠎ᠠ ᠶᠢᠨ ᠬᠤᠭᠤᠴᠠᠭᠠᠨ ᠳᠤ ᠤᠯᠤᠰ ᠤᠨ ᠳᠣᠲᠣᠭᠠᠳᠤ ᠳᠤ ᠭᠠᠯ ᠤᠨ ᠠᠶᠤᠯ ᠣᠯᠠᠨ ᠭᠠᠷᠴᠠᠢ᠃ 1 | ᠰᠠᠷ᠎ᠠ ᠶᠢᠨ 24 ᠤ ᠡᠳᠦᠷ ᠵᠢᠶᠠᠩᠰᠢ ᠮᠤᠵᠢ ᠶᠢᠨ ᠰᠢᠨ ᠢᠦᠢ ᠬᠤᠲᠠ ᠶᠢᠨ ᠵᠡᠭᠡᠯᠢ ᠶᠢᠨ ᠬᠠᠵᠠᠭᠤ ᠳᠠᠬᠢ ᠨᠢᠭᠡᠨ | ᠫᠦᠰᠡᠨ ᠳᠤ ᠣᠨᠴᠠ ᠶᠡᠭᠡ ᠭᠠᠯ ᠤᠨ ᠠᠶᠤᠯ ᠭᠠᠷᠴᠤ 39 ᠬᠥᠮᠥᠨ ᠠᠳᠡᠵᠦ 9 ᠬᠥᠮᠥᠨ ᠰᠢᠷᠬᠠᠲᠤᠵᠠᠢ︔ 1 | ᠰᠠᠷ᠎ᠠ ᠶᠢᠨ 19 ᠤ ᠡᠳᠦᠷ ᠾᠧᠨᠠᠨ ᠮᠤᠵᠢ ᠶᠢᠨ ᠨᠠᠨᠶᠠᠩ ᠬᠤᠲᠠ ᠶᠢᠨ ᠹᠠᠩ ᠴᠧᠩ ᠰᠢᠶᠠᠨ ᠤ ᠳ᠋ᠦ᠋ ᠱᠤ᠋ | ᠪᠠᠯᠭᠠᠰᠤᠨ ᠤ ᠶᠢᠩ ᠼᠠᠢ ᠰᠤᠷᠭᠠᠭᠤᠯᠢ ᠶᠢᠨ ᠪᠠᠶᠢᠷᠢ ᠶᠢᠨ ᠠᠰᠠᠷ ᠲᠤ ᠬᠦᠨᠳᠦ ᠶᠡᠭᠡ ᠭᠠᠯ ᠤᠨ ᠠᠶᠤᠯ ᠭᠠᠷᠴᠤ 13 | ᠬᠡᠦᠬᠡᠳ ᠠᠳᠡᠵᠦ 1 ᠬᠡᠦᠬᠡᠳ ᠰᠢᠷᠬᠠᠲᠤᠵᠠᠢ︔ 1 ᠰᠠᠷ᠎ᠠ ᠶᠢᠨ 25 ᠤ ᠡᠳᠦᠷ᠂ ᠬᠢᠩᠭᠠᠨ ᠠᠶᠢᠮᠠᠭ ᠤᠨ | ᠤᠯᠠᠭᠠᠨᠬᠤᠲᠠ ᠶᠢᠨ ᠨᠢᠭᠡ ᠳᠡᠯᠭᠡᠭᠦᠷ ᠲᠤ ᠭᠠᠯ ᠭᠠᠷᠴᠤ᠂ 3 ᠬᠥᠮᠥᠨ ᠠᠳᠡᠵᠦ 1 ᠬᠥᠮᠥᠨ ᠰᠢᠷᠬᠠᠲᠤᠵᠠᠢ︔ 1 | ᠰᠠᠷ᠎ᠠ ᠶᠢᠨ 29 ᠤ ᠡᠳᠦᠷ᠂ ᠭᠦᠭᠡᠬᠤᠲᠠ ᠶᠢᠨ ᠰᠢᠨ᠎ᠡ ᠬᠤᠲᠠ ᠲᠣᠭᠤᠷᠢᠭ ᠤᠨ ᠨᠢᠭᠡᠨ ᠬᠤᠭᠤᠯᠠᠨ ᠭᠡᠷ ᠲᠤ ᠭᠠᠯ | ᠭᠠᠷᠴᠤ᠂ 4 ᠬᠥᠮᠥᠨ ᠠᠳᠡᠵᠦ᠂ 4 ᠬᠥᠮᠥᠨ ᠰᠢᠷᠬᠠᠲᠤᠵᠠᠢ᠃ ᠭᠠᠯ ᠤᠨ ᠠᠶᠤᠯ ᠤᠨ ᠡᠳᠡᠭᠡᠷ ᠠᠳᠡᠯ ᠤᠨ | ᠢᠯᠡᠷᠡᠭᠦᠯᠦᠭᠰᠡᠨ ᠠᠰᠠᠭᠤᠳᠠᠯ ᠰᠤᠷᠭᠠᠮᠵᠢ ᠪᠣᠯ ᠲᠤᠶᠢᠯ ᠤᠨ ᠭᠦᠨᠵᠡᠭᠡᠢ ᠪᠠᠶᠢᠵᠤ᠂ ᠶᠡᠷᠦᠩᠬᠡᠢ ᠱᠦᠵᠢ ᠱᠢ ᠶᠢᠨ | ᠫᠢᠩ ᠤᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠪᠣᠯᠣᠨ ᠲᠥᠪ ᠤᠨ ᠤᠳᠤᠷᠢᠳᠬᠤ ᠨᠥᠬᠦᠳ ᠤᠨ | ᠴᠣᠬᠤᠯᠠᠪᠤᠷᠢ ᠶᠢᠨ ᠱᠠᠭᠠᠷᠳᠠᠯᠭ᠎ᠠ ᠶᠢ ᠬᠢᠨᠠᠮᠠᠭᠠᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠪᠦᠭᠦ ᠤᠯᠤᠰ ᠪᠠ ᠮᠠᠨ ᠤ | ᠣᠷᠣᠨ ᠤ ᠠᠶᠤᠯ ᠦᠭᠡᠢ ᠦᠢᠯᠡᠳᠪᠦᠷᠢᠯᠡᠯ ᠤᠨ ᠲᠧᠯᠸᠢᠰ ᠳ᠋ᠢᠶᠠᠩᠬᠤᠸᠠ ᠬᠤᠷᠠᠯ ᠤᠨ ᠪᠠᠶᠢᠷᠢᠯᠠᠭᠤᠯᠤᠯᠲᠠ ᠵᠢᠴᠢ | ᠲᠤᠰᠬᠠᠢ ᠵᠦᠢᠯ ᠢᠶᠠᠷ ᠴᠡᠭᠴᠡᠯᠡᠨ ᠵᠠᠰᠠᠬᠤ ᠠᠵᠢᠯᠯᠠᠭ᠎ᠠ ᠶᠢᠨ ᠮᠡᠳᠡᠭᠳᠡᠯ ᠤᠨ ᠱᠠᠭᠠᠷᠳᠠᠯᠭ᠎ᠠ ᠶᠣᠰᠣᠭᠠᠷ᠂ | ᠭᠤᠣᠯᠳᠠᠯᠭ᠎ᠠ ᠲᠠᠢ ᠭᠠᠵᠠᠷ ᠲᠠᠯᠠᠪᠤᠷ ᠤᠨ ᠲᠦᠭᠰᠢᠭᠦᠷᠢ ᠶᠢᠨ ᠲᠣᠪᠣᠶᠢᠮ᠎ᠠ ᠳᠠᠯᠳᠠ ᠭᠡᠮ ᠢ ᠡᠷᠡᠰ ᠲᠤᠶᠢᠯᠪᠤᠷᠢᠲᠠᠢ | ᠴᠡᠭᠴᠡᠯᠡᠨ ᠵᠠᠰᠠᠵᠤ᠂ ᠣᠯᠠᠨ ᠬᠥᠮᠥᠨ ᠠᠳᠡᠵᠦ ᠣᠯᠠᠨ ᠬᠥᠮᠥᠨ ᠰᠢᠷᠬᠠᠲᠤᠭᠰᠠᠨ ᠭᠠᠯ ᠤᠨ ᠠᠶᠤᠯ ᠤᠨ ᠠᠳᠡᠯ | ᠭᠠᠷᠬᠤ ᠶᠢ ᠡᠷᠡᠰ ᠰᠡᠷᠭᠡᠶᠢᠯᠡᠨ ᠬᠤᠷᠢᠭᠯᠠᠬᠤ ᠶᠢᠨ ᠲᠤᠰᠠᠳᠠ᠂ ᠲᠤᠰ ᠡᠳᠦᠷ ᠠᠴᠠ ᠡᠬᠢᠯᠡᠨ 3 ᠰᠠᠷ᠎ᠠ ᠶᠢᠨ ᠰᠡᠭᠦᠯᠴᠢ | ᠪᠤᠯᠲᠠᠯ᠎ᠠ᠂ ᠲᠤᠰ ᠠᠵᠢᠯ ᠲᠥᠷᠥᠯ ᠤᠨ ᠬᠦᠷᠢᠶ᠎ᠡ ᠬᠡᠪᠴᠢᠶᠡᠨ ᠳᠤ ᠭᠠᠯ ᠤᠨᠲᠠᠷᠠᠭᠠᠬᠤ ᠠᠮᠤᠷ ᠲᠦᠪᠰᠢᠨ ᠤ ᠠᠶᠤᠯ ᠢ | ᠠᠷᠢᠯᠭᠠᠬᠤ ᠪᠣᠭᠤᠮᠲᠠ ᠰᠢᠪᠲᠤᠯᠬᠤ ᠶᠡᠭᠡ ᠴᠡᠭᠴᠡᠯᠡᠨ ᠵᠠᠰᠠᠬᠤ ᠠᠵᠢᠯᠯᠠᠭ᠎ᠠ ᠶᠢ ᠵᠣᠬᠢᠶᠠᠨ ᠪᠠᠶᠢᠭᠤᠯᠤᠨ | ᠥᠷᠨᠢᠭᠦᠯᠬᠦ ᠪᠠᠷ ᠲᠣᠭᠲᠠᠪᠠ᠃ ᠡᠳᠦᠭᠡ ᠬᠤᠯᠪᠣᠭᠳᠠᠯ ᠪᠦᠬᠦᠢ ᠵᠦᠢᠯᠡᠰ ᠢ ᠳᠣᠣᠷᠠᠬᠢ ᠮᠡᠲᠦ ᠮᠡᠳᠡᠭᠳᠡᠶ᠎ᠡ᠄ | ᠨᠢᠭᠡ᠂ ᠬᠠᠷᠠᠯᠲᠠ ᠶᠢᠨ ᠡᠭᠦᠷᠭᠡ | ᠱᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ | ᠦᠵᠡᠯ ᠰᠠᠨᠠᠭ᠎ᠠ ᠪᠠᠷ ᠵᠢᠯᠣᠭᠤᠳᠤᠯᠭ᠎ᠠ ᠪᠤᠯᠭᠠᠵᠤ᠂ ︽ᠬᠤᠶᠠᠷ ᠢ ᠳᠡᠭᠡᠳᠦᠯᠡᠭᠦ︾᠂ ︽ᠬᠤᠶᠠᠷ ᠦᠨᠳᠦᠰᠦᠨ︾ ᠳᠤ | ᠰᠠᠭᠤᠷᠢᠯᠠᠨ᠂ ᠣᠳᠣᠬᠠᠨ ᠤ ᠲᠤᠶᠢᠯ ᠤᠨ ᠬᠦᠨᠳᠦ ᠬᠡᠴᠡᠭᠦᠦ ᠭᠠᠯ ᠤᠨ ᠭᠠᠮᠰᠢᠭ ᠤᠨ ᠪᠠᠶᠢᠳᠠᠯ ᠢ ᠭᠦᠢᠴᠡᠳ | ᠲᠣᠳᠣᠷᠬᠠᠢ ᠲᠠᠨᠢᠵᠤ᠂ ᠭᠤᠣᠯᠳᠠᠯᠭ᠎ᠠ ᠲᠠᠢ ᠬᠦᠷᠢᠶ᠎ᠡ᠂ ᠵᠠᠩᠭᠢᠯᠠᠭ᠎ᠠ ᠶᠢᠨ ᠲᠠᠯ᠎ᠠ ᠶᠢ ᠴᠢᠩᠭ᠎ᠠ ᠠᠩᠬᠠᠷᠴᠤ᠂ ᠪᠦᠭᠦ | ᠤᠯᠤᠰ ᠤᠨ ᠬᠤᠶᠠᠷ ᠬᠤᠷᠠᠯ ᠤᠨ ︽ᠠᠷᠪᠠᠨ ᠳᠦᠷᠪᠡᠳᠦᠭᠡᠷ ᠬᠤᠭᠤᠴᠠᠭᠠᠨ ᠤ ᠡᠪᠦᠯ ᠤᠨ ᠤᠯᠠᠷᠢᠯ ᠤᠨ ᠲᠠᠮᠢᠷ ᠤᠨ | ᠴᠤᠭᠯᠠᠭᠠᠨ︾ ᠵᠡᠷᠭᠡ ᠴᠢᠬᠤᠯᠠ ᠶᠡᠭᠡ ᠠᠵᠢᠯᠯᠠᠭ᠎ᠠ ᠪᠠ ᠴᠠᠭᠠᠨ ᠰᠠᠷ᠎ᠠ᠂ ᠴᠠᠭᠠᠨ ᠰᠠᠷ᠎ᠠ ᠶᠢᠨ ᠠᠷᠪᠠᠨ ᠲᠠᠪᠤᠨ ᠤ | ᠪᠠᠶᠠᠷ ᠵᠡᠷᠭᠡ ᠴᠢᠬᠤᠯᠠ ᠵᠠᠩᠭᠢᠯᠠᠭ᠎ᠠ ᠶᠢᠨ ᠴᠠᠭ ᠲᠤ ᠠᠩᠬᠠᠷᠤᠯ ᠢᠶᠠᠨ ᠲᠥᠪᠯᠡᠷᠡᠭᠦᠯᠦᠨ᠂ ᠣᠨᠢᠨ ᠳᠡᠭᠡᠷ᠎ᠡ ᠨᠢ | ᠬᠦᠴᠦᠯᠡᠵᠦ᠂ ᠬᠦᠨᠳᠦ ᠨᠢᠳᠤᠷᠭ᠎ᠠ ᠪᠠᠷ ᠭᠡᠮ ᠰᠣᠭᠤᠭ ᠢ ᠠᠷᠢᠯᠭᠠᠨ᠂ ᠣᠯᠠᠨ ᠠᠷᠭ᠎ᠠ ᠬᠡᠮᠵᠢᠶ᠎ᠡ ᠶᠢ ᠵᠡᠷᠭᠡᠪᠡᠷ ᠬᠡᠷᠡᠭᠯᠡᠨ | ᠂ ᠶᠡᠷᠦᠩᠬᠡᠶᠢᠯᠡᠨ ᠬᠡᠷᠡᠭᠵᠢᠭᠦᠯᠵᠦ᠂ ᠭᠠᠯ ᠤᠨᠲᠠᠷᠠᠭᠠᠬᠤ ᠠᠮᠤᠷ ᠲᠦᠪᠰᠢᠨ ᠤ ᠬᠦᠨᠳᠦ ᠶᠡᠭᠡ ᠲᠦᠭᠰᠢᠭᠦᠷᠢ ᠶᠢᠨ | ᠳᠠᠯᠳᠠ ᠭᠡᠮ ᠢ ᠵᠢᠭᠰᠠᠭᠠᠨ ᠪᠠᠶᠢᠴᠠᠭᠠᠵᠤ ᠴᠡᠭᠴᠡᠯᠡᠨ ᠰᠠᠶᠢᠵᠢᠷᠠᠭᠤᠯᠬᠤ ᠶᠠᠰᠤ ᠴᠢᠨᠠᠷ ᠢ ᠦᠨᠡᠨᠬᠦ ᠳᠡᠭᠡᠭᠰᠢᠯᠡᠭᠦᠯᠵᠦ᠂ | ᠠᠰᠠᠭᠤᠳᠠᠯ ᠢ ᠢᠯᠡᠷᠡᠭᠦᠯᠬᠦ ᠪᠠ ᠰᠢᠢᠳᠪᠦᠷᠢᠯᠡᠬᠦ ᠴᠢᠩᠭ᠎ᠠ ᠬᠦᠰᠡᠯ ᠰᠠᠨᠠᠭ᠎ᠠ ᠪᠣᠯᠣᠨ ᠴᠢᠳᠠᠪᠤᠷᠢ ᠶᠢᠨ ᠬᠢᠷᠢ ᠬᠡᠮᠵᠢᠶ᠎ᠡ ᠶᠢ | ᠦᠨᠡᠨᠬᠦ ᠳᠡᠭᠡᠭᠰᠢᠯᠡᠭᠦᠯᠵᠦ᠂ ᠬᠦᠨᠳᠦ ᠶᠡᠭᠡ ᠠᠮᠤᠷ ᠲᠦᠪᠰᠢᠨ ᠤ ᠠᠶᠤᠯ ᠲᠦᠭᠰᠢᠭᠦᠷᠢ ᠶᠢ ᠪᠦᠭᠦ ᠬᠦᠴᠦᠨ ᠢᠶᠠᠷ ᠢᠶᠠᠨ | ᠰᠡᠷᠭᠡᠶᠢᠯᠡᠨ ᠰᠢᠢᠳᠪᠦᠷᠢᠯᠡᠵᠦ᠂ ᠶᠡᠭᠡ ᠭᠠᠯ ᠣᠯᠠᠨᠲᠠ ᠡᠭᠦᠰᠬᠦ ᠰᠠᠨᠠᠭᠠᠴᠢᠯᠠᠭᠠᠲᠤ ᠪᠤᠰᠤ ᠪᠠᠶᠢᠳᠠᠯ ᠢ ᠡᠷᠡᠰ | ᠬᠤᠪᠢᠷᠠᠭᠤᠯᠤᠨ᠎ᠠ᠃ ᠶᠡᠭᠡ ᠵᠢᠭᠰᠠᠭᠠᠨ ᠪᠠᠶᠢᠴᠠᠭᠠᠬᠤ᠂ ᠶᠡᠭᠡ ᠴᠡᠭᠴᠡᠯᠡᠨ ᠵᠠᠰᠠᠬᠤ᠂ ᠶᠡᠬᠡᠪᠡᠷ ᠢᠯᠡᠴᠢᠯᠡᠬᠦ᠂ ᠶᠡᠬᠡᠪᠡᠷ | ᠪᠣᠯᠪᠠᠰᠤᠷᠠᠬᠤ᠂ ᠪᠣᠯᠵᠣᠨ ᠶᠠᠷᠢᠯᠴᠠᠬᠤ ᠠᠵᠢᠯᠯᠠᠭ᠎ᠠ ᠶᠢ ᠲᠥᠪᠯᠡᠷᠡᠭᠦᠯᠦᠨ ᠥᠷᠨᠢᠭᠦᠯᠬᠦ ᠪᠠᠷ ᠳᠠᠮᠵᠢᠭᠤᠯᠤᠨ᠂ ᠠᠵᠤ | ᠠᠬᠤᠶᠢᠯᠠᠯ ᠤᠨ ᠲᠣᠪᠣᠶᠢᠮ᠎ᠠ ᠲᠦᠭᠰᠢᠭᠦᠷᠢ ᠶᠢᠨ ᠳᠠᠯᠳᠠ ᠭᠡᠮ ᠢ ᠪᠦᠭᠦ ᠲᠠᠯ᠎ᠠ ᠪᠠᠷ ᠵᠢᠭᠰᠠᠭᠠᠨ ᠪᠠᠶᠢᠴᠠᠭᠠᠬᠤ ᠪᠠᠷ | ᠳᠠᠮᠵᠢᠭᠤᠯᠤᠨ᠂ ᠴᠡᠭᠴᠡᠯᠡᠨ ᠵᠠᠰᠠᠬᠤ ᠭᠤᠣᠯᠳᠠᠯᠭ᠎ᠠ ᠲᠠᠢ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ | ᠳᠠᠷᠤᠯᠲᠠ ᠶᠢ ᠳᠣᠣᠷᠠᠳᠤ ᠬᠢᠵᠠᠭᠠᠷ ᠲᠤ ᠦᠨᠡᠨᠬᠦ ᠳᠠᠮᠵᠢᠭᠤᠯᠤᠨ ᠥᠭᠴᠦ᠂ ᠬᠠᠮᠤᠭ ᠡᠴᠦᠰ ᠤᠨ ᠴᠡᠭ ᠤᠨ ᠭᠠᠯ | ᠤᠨᠲᠠᠷᠠᠭᠠᠬᠤ ᠬᠠᠷᠢᠭᠤᠴᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠬᠤ ᠶᠢ ᠠᠬᠢᠭᠤᠯᠤᠨ᠂ ᠨᠡᠯᠢᠶᠡᠳ ᠶᠡᠭᠡ ᠠᠴᠠ | ᠳᠡᠭᠡᠭᠰᠢᠬᠢ ᠭᠠᠯ ᠤᠨ ᠭᠠᠮᠰᠢᠭ ᠤᠨ ᠠᠳᠠᠯ ᠡᠭᠦᠰᠬᠦ ᠶᠢ ᠡᠷᠡᠰ ᠬᠤᠷᠢᠭᠯᠠᠨ᠎ᠠ᠃ | ᠬᠤᠶᠠᠷ᠂ ᠴᠡᠭᠴᠡᠯᠡᠨ ᠵᠠᠰᠠᠬᠤ ᠬᠦᠷᠢᠶ᠎ᠡ ᠬᠡᠪᠴᠢᠶ᠎ᠡ | ︵ᠨᠢᠭᠡ︶ ᠬᠤᠯᠪᠣᠭᠳᠠᠭᠰᠠᠨ ᠬᠤᠪᠢᠴᠠᠭᠠᠨ ᠤ ᠲᠠᠰᠤᠭ᠃ ᠨᠡᠭᠦᠷᠡᠰᠦᠨ ᠤ ᠠᠷᠠᠳ ᠤᠨ ᠬᠡᠷᠡᠭᠯᠡᠭᠡᠨ ᠤ | ᠳᠡᠯᠪᠡᠷᠡᠬᠦ ᠡᠳ᠋ ᠤᠨ ᠲᠠᠰᠤᠭ᠂ ᠴᠠᠭᠢᠯᠭᠠᠨ ᠬᠦᠴᠦᠨ ᠤ ᠲᠠᠰᠤᠭ᠂ ᠮᠡᠳᠡᠭᠡ ᠵᠠᠩᠭᠢᠴᠢᠯᠠᠯᠲᠠ᠂ ᠰᠢᠨᠵᠢᠯᠡᠬᠦ ᠤᠬᠠᠭᠠᠨ | ᠮᠡᠷᠭᠡᠵᠢᠯ ᠤᠨ ᠡᠯᠧᠺᠲᠷᠣᠨ ᠪᠣᠯᠣᠨ ᠵᠥᠭᠡᠯᠡᠨ ᠲᠣᠨᠤᠭ ᠤᠨ ᠦᠢᠯᠡᠴᠢᠯᠡᠭᠡᠨ ᠤ ᠦᠢᠯᠡᠰ ᠤᠨ ᠲᠠᠰᠤᠭ᠂ ᠬᠡᠷᠡᠭᠯᠡᠭᠡᠨ ᠤ | ᠵᠦᠢᠯ ᠤᠨ ᠠᠵᠤ ᠦᠢᠯᠡᠳᠪᠦᠷᠢ ᠶᠢᠨ ᠲᠠᠰᠤᠭ᠃ | ︵ᠬᠤᠶᠠᠷ︶ ᠬᠤᠯᠪᠣᠭᠳᠠᠭᠰᠠᠨ ᠠᠵᠤ ᠠᠬᠤᠶᠢᠯᠠᠯ᠃ ᠨᠡᠭᠦᠷᠡᠰᠦᠨ ᠤ ᠠᠭᠤᠷᠬᠠᠢ᠂ ᠴᠠᠭᠢᠯᠭᠠᠨ ᠬᠦᠴᠦᠨ᠂ | ᠠᠷᠠᠳ ᠤᠨ ᠬᠡᠷᠡᠭᠯᠡᠭᠡᠨ ᠤ ᠳᠡᠯᠪᠡᠷᠡᠬᠦ ᠡᠳ᠋᠂ ᠴᠢᠮᠡᠭᠡ ᠬᠤᠯᠪᠤᠭ᠎ᠠ᠂ ᠳᠠᠪᠤᠰᠤᠨ ᠤ ᠠᠵᠤ ᠠᠬᠤᠢ ᠶᠢᠨ ᠨᠢᠭᠡᠴᠡ ᠵᠡᠷᠭᠡ | ᠠᠵᠤ ᠠᠬᠤᠶᠢᠯᠠᠯ ᠢ ᠪᠠᠭᠲᠠᠭᠠᠨ᠎ᠠ᠃ | ᠭᠤᠷᠪᠠ᠂ ᠴᠡᠭᠴᠡᠯᠡᠨ ᠵᠠᠰᠠᠬᠤ ᠭᠤᠣᠯᠳᠠᠯᠭ᠎ᠠ | ᠵᠢᠶᠠᠩᠰᠢ ᠶᠢᠨ ᠰᠢᠨ ᠢᠦᠢ ᠬᠤᠲᠠ ᠶᠢᠨ ︽1 · 24︾ ᠤ ᠣᠨᠴᠠ ᠬᠦᠨᠳᠦ ᠶᠡᠭᠡ ᠭᠠᠯ ᠤᠨ ᠭᠠᠮᠰᠢᠭ ᠤᠨ | ᠠᠳᠡᠯ᠂ ᠾᠧᠨᠠᠨ ᠤ ᠨᠠᠨᠶᠠᠩ ᠬᠤᠲᠠ ᠶᠢᠨ ︽1 · 19︾ ᠬᠦᠨᠳᠦ ᠶᠡᠭᠡ ᠭᠠᠯ ᠤᠨ ᠭᠠᠮᠰᠢᠭ ᠤᠨ ᠠᠳᠡᠯ᠂ | ᠬᠢᠩᠭᠠᠨ ᠠᠶᠢᠮᠠᠭ ᠤᠨ ᠤᠯᠠᠭᠠᠨᠬᠤᠲᠠ ᠶᠢᠨ ︽1 ·25︾ ᠨᠡᠯᠢᠶᠡᠳ ᠶᠡᠭᠡ ᠭᠠᠯ ᠤᠨ ᠭᠠᠮᠰᠢᠭ ᠤᠨ ᠠᠳᠡᠯ᠂ | ᠭᠦᠭᠡᠬᠤᠲᠠ ᠶᠢᠨ ᠰᠢᠨ᠎ᠡ ᠬᠤᠲᠠ ᠲᠣᠭᠤᠷᠢᠭ ᠤᠨ ︽1 · 29︾ ᠤ ᠨᠡᠯᠢᠶᠡᠳ ᠶᠡᠭᠡ ᠭᠠᠯ ᠤᠨ ᠭᠠᠮᠰᠢᠭ ᠤᠨ | ᠠᠳᠡᠯ ᠠᠴᠠ ᠰᠤᠷᠭᠠᠮᠵᠢ ᠠᠪᠴᠤ᠂ ᠳᠣᠣᠷᠠᠬᠢ ᠮᠡᠲᠦ ᠭᠤᠣᠯᠳᠠᠯᠭ᠎ᠠ ᠲᠠᠢ ᠠᠰᠠᠭᠤᠳᠠᠯ ᠢ ᠲᠥᠪᠯᠡᠷᠡᠭᠦᠯᠦᠨ ᠴᠡᠭᠴᠡᠯᠡᠨ | ᠵᠠᠰᠠᠨ᠎ᠠ᠄ | ︵ᠨᠢᠭᠡ︶ ᠬᠠᠤᠯᠢ ᠲᠣᠭᠲᠠᠭᠠᠯ ᠠᠴᠠ ᠵᠥᠷᠢᠴᠡᠨ ᠪᠠᠷᠢᠯᠭ᠎ᠠ ᠶᠢᠨ ᠠᠵᠢᠯ ᠬᠢᠬᠦ ᠪᠠ ᠦᠢᠯᠡᠳᠪᠦᠷᠢᠯᠡᠯ | ᠡᠵᠡᠩᠨᠡᠯᠲᠡ ᠬᠢᠬᠦ᠃ | 1. ᠬᠢᠨᠠᠨ ᠵᠥᠪᠰᠢᠶᠡᠷᠡᠭᠦᠯᠦᠭᠰᠡᠨ ᠦᠭᠡᠢ ᠪᠠᠷ ᠪᠠᠷᠢᠯᠭ᠎ᠠ ᠶᠢᠨ ᠠᠵᠢᠯ ᠬᠢᠬᠦ᠂ ᠦᠨᠡᠮᠯᠡᠯ ᠦᠭᠡᠢ ᠪᠠᠷ | ᠪᠠᠷᠢᠯᠭ᠎ᠠ ᠶᠢᠨ ᠠᠵᠢᠯ ᠬᠢᠬᠦ᠂ ᠲᠣᠭᠲᠠᠭᠠᠯ ᠠᠴᠠ ᠵᠥᠷᠢᠴᠡᠨ ᠨᠤᠷᠠᠭᠠᠵᠤ ᠠᠷᠢᠯᠭᠠᠬᠤ ᠠᠵᠢᠯ ᠬᠢᠬᠦ᠂ ᠲᠣᠭᠲᠠᠭᠠᠯ ᠠᠴᠠ | ᠵᠥᠷᠢᠴᠡᠨ ᠱᠠᠲᠤ ᠱᠠᠲᠤ ᠪᠠᠷ ᠰᠢᠯᠵᠢᠭᠦᠯᠦᠨ ᠳᠠᠭᠠᠭᠠᠴᠢᠯᠠᠭᠤᠯᠵᠤ ᠠᠵᠢᠯ ᠬᠢᠬᠦ᠂ ᠠᠵᠢᠯ ᠤᠨ ᠠᠶᠤᠯ ᠦᠭᠡᠢ ᠶᠢᠨ | ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠭᠰᠠᠨ ᠦᠭᠡᠢ ᠭᠡᠨᠡᠨ ᠠᠵᠢᠯ ᠬᠢᠬᠦ᠃ | 2. ᠬᠠᠤᠯᠢ ᠲᠣᠭᠲᠠᠭᠠᠯ ᠢ ᠵᠦᠷᠢᠴᠡᠨ ᠢᠯᠡ ᠭᠠᠯ ᠬᠡᠷᠡᠭᠯᠡᠬᠦ ᠪᠤᠶᠤ ᠴᠠᠭᠢᠯᠭᠠᠨ ᠭᠠᠩᠨᠠᠭᠤᠷ᠂ ᠬᠡᠢ | ᠭᠠᠩᠨᠠᠯᠲᠠ ᠪᠠᠷ ᠠᠵᠢᠯᠯᠠᠬᠤ︔ ᠭᠠᠯ ᠬᠡᠷᠡᠭᠯᠡᠬᠦ᠂ ᠴᠠᠭᠢᠯᠭᠠᠨ ᠭᠠᠩᠨᠠᠭᠤᠷ᠂ ᠬᠡᠢ ᠭᠠᠩᠨᠠᠭᠤᠷ ᠢᠶᠠᠷ ᠠᠵᠢᠯᠯᠠᠵᠤ ᠪᠠᠶᠢᠭ᠎ᠠ | ᠬᠥᠮᠥᠰ ᠠᠵᠢᠯ ᠤᠨ ᠪᠠᠶᠢᠷᠢ ᠶᠢᠨ ᠬᠢᠷᠢ ᠲᠡᠩᠴᠡᠭᠰᠡᠨ ᠦᠨᠡᠮᠯᠡᠯ ᠦᠭᠡᠢ︔ ᠴᠠᠭᠢᠯᠭᠠᠨ ᠭᠠᠩᠨᠠᠭᠤᠷ᠂ ᠬᠡᠢ ᠭᠠᠩᠨᠠᠯᠲᠠ | ᠵᠡᠷᠭᠡ ᠭᠠᠵᠠᠷ ᠲᠤ ᠭᠠᠯ ᠤᠨᠲᠠᠷᠠᠭᠠᠬᠤ ᠶᠢ ᠬᠢᠨᠠᠨ ᠵᠥᠪᠰᠢᠶᠡᠷᠡᠬᠦ ᠭᠠᠷ ᠭᠦᠢᠴᠡᠳᠬᠡᠯ ᠬᠢᠭᠰᠡᠨ ᠦᠭᠡᠢ︔ ᠲᠤᠬᠠᠢ ᠶᠢᠨ | ᠲᠠᠯᠠᠪᠠᠢ ᠳᠤ ᠭᠠᠯ ᠤᠨᠲᠠᠷᠠᠭᠠᠬᠤ ᠠᠮᠤᠷ ᠲᠦᠪᠰᠢᠨ ᠤ ᠵᠣᠬᠢᠴᠠᠩᠭᠤᠢ ᠠᠷᠭ᠎ᠠ ᠬᠡᠮᠵᠢᠶ᠎ᠡ ᠠᠪᠤᠭᠰᠠᠨ ᠦᠭᠡᠢ᠃ | 3. ᠭᠠᠯ ᠨᠣᠴᠣᠭᠠᠬᠤ ᠠᠵᠢᠯ ᠳᠤ ᠲᠤᠰᠬᠠᠢ ᠠᠵᠢᠯᠲᠠᠨ ᠲᠣᠬᠢᠷᠠᠭᠤᠯᠤᠨ ᠲᠤᠬᠠᠢ ᠶᠢᠨ ᠭᠠᠵᠠᠷ ᠤᠨ ᠠᠶᠤᠯ | ᠦᠭᠡᠢ ᠶᠢᠨ ᠬᠠᠮᠢᠶᠠᠷᠤᠯᠲᠠ ᠬᠢᠯᠭᠡᠭᠰᠡᠨ ᠦᠭᠡᠢ᠃ | 4. ᠪᠠᠷᠢᠯᠭ᠎ᠠ ᠶᠢᠨ ᠠᠵᠢᠯ ᠤᠨ ᠲᠤᠬᠠᠢ ᠶᠢᠨ ᠲᠠᠯᠠᠪᠠᠢ ᠳᠤ ᠭᠠᠯ ᠬᠡᠷᠡᠭᠯᠡᠨ ᠭᠠᠩᠨᠠᠵᠤ ᠠᠵᠢᠯᠯᠠᠬᠤ︔ ᠭᠠᠯ ᠤᠨ | ᠣᠴᠢ ᠲᠠᠢ ᠠᠵᠢᠯᠯᠠᠬᠤ ᠪᠠ ᠭᠠᠯ ᠤᠨ ᠠᠶᠤᠯ᠂ ᠳᠡᠯᠪᠡᠷᠡᠬᠦ ᠠᠶᠤᠯ ᠲᠦᠭᠰᠢᠭᠦᠷᠢ ᠲᠠᠢ ᠠᠵᠢᠯ ᠰᠣᠯᠪᠢᠴᠠᠭᠤᠯᠤᠨ ᠬᠢᠬᠦ | ᠃ | 5. ᠬᠥᠮᠥᠨ ᠣᠯᠠᠨ ᠴᠤᠭᠯᠠᠷᠠᠬᠤ ᠭᠠᠵᠠᠷ ᠲᠠᠯᠠᠪᠤᠷ᠂ ᠭᠠᠵᠠᠷ ᠳᠣᠣᠷᠠᠬᠢ ᠪᠠᠷᠢᠯᠭ᠎ᠠ ᠶᠢᠨ ᠬᠦᠢᠲᠡᠨ | ᠬᠥᠮᠥᠷᠭᠡ ᠳᠤ ᠲᠣᠭᠲᠠᠭᠠᠯ ᠠᠴᠠ ᠵᠥᠷᠢᠴᠡᠨ ᠨᠣᠴᠣᠮᠠᠲᠠᠭᠠᠢ ᠰᠢᠲᠠᠮᠠᠬᠠᠢ ᠳᠤᠯᠠᠭᠠᠨ ᠢ ᠬᠠᠳᠠᠭᠠᠯᠠᠬᠤ ᠮᠠᠲ᠋ᠧᠷᠢᠶᠠᠯ ᠢ | ᠬᠡᠷᠡᠭᠯᠡᠬᠦ︔ ᠬᠦᠢᠲᠡᠨ ᠬᠥᠮᠥᠷᠭᠡ ᠪᠠᠶᠢᠭᠤᠯᠬᠤ᠂ ᠥᠭᠡᠷᠡᠴᠢᠯᠡᠬᠦ᠂ ᠨᠤᠷᠠᠭᠠᠬᠤ ᠬᠤᠭᠤᠴᠠᠭᠠᠨ ᠳᠤ ᠭᠠᠯ ᠤᠨ ᠠᠶᠤᠯ ᠢ | ᠰᠡᠷᠭᠡᠶᠢᠯᠡᠬᠦ ᠠᠷᠭ᠎ᠠ ᠬᠡᠮᠵᠢᠶ᠎ᠡ ᠶᠢ ᠴᠢᠩᠭ᠎ᠠ ᠨᠠᠶᠢᠳᠠᠪᠤᠷᠢᠵᠢᠭᠤᠯᠤᠭᠰᠠᠨ ᠦᠭᠡᠢ᠃ | ︵ᠬᠤᠶᠠᠷ︶ ᠠᠮᠤᠷ ᠲᠦᠪᠰᠢᠨ ᠲᠠᠷᠬᠠᠭᠠᠬᠤ ᠨᠥᠬᠦᠴᠡᠯ ᠬᠦᠷᠦᠯᠴᠡᠬᠦ ᠦᠭᠡᠢ ᠪᠠᠶᠢᠬᠤ᠃ | 1. ᠠᠶᠤᠯᠭᠦᠢ ᠲᠠᠷᠬᠠᠭᠠᠬᠤ ᠵᠠᠮ᠂ ᠠᠶᠤᠯᠭᠦᠢ ᠭᠠᠷᠬᠤ ᠡᠭᠦᠳᠡ ᠪᠣᠯᠣᠨ ᠭᠠᠯ ᠤᠨᠲᠠᠷᠠᠭᠠᠬᠤ ᠲᠡᠷᠭᠡ | ᠨᠡᠪᠲᠡᠷᠡᠬᠦ ᠵᠠᠮ ᠢ ᠡᠵᠡᠯᠡᠨ ᠬᠡᠷᠡᠭᠯᠡᠬᠦ᠂ ᠪᠥᠭᠯᠡᠬᠦ᠂ ᠪᠢᠲᠡᠭᠦᠮᠵᠢᠯᠡᠬᠦ᠃ | 2. ᠠᠶᠤᠯᠭᠦᠢ ᠭᠠᠷᠬᠤ ᠡᠭᠦᠳᠡ ᠪᠣᠯᠣᠨ ᠲᠠᠷᠬᠠᠭᠠᠬᠤ ᠠᠰᠠᠷ ᠤᠨ ᠱᠠᠲᠤ ᠶᠢᠨ ᠲᠤᠭ᠎ᠠ ᠬᠡᠮᠵᠢᠶ᠎ᠡ ᠬᠦᠷᠦᠯᠴᠡᠬᠦ | ᠦᠭᠡᠢ᠂ ᠱᠠᠲᠤ ᠶᠢᠨ ᠥᠷᠭᠡᠨ ᠤ ᠬᠡᠮᠵᠢᠶ᠎ᠡ ᠨᠢ ᠬᠦᠷᠦᠯᠴᠡᠬᠦ ᠦᠭᠡᠢ᠃ | 3. ᠪᠠᠴᠢᠮ ᠪᠠᠶᠢᠳᠠᠯ ᠢ ᠠᠷᠭᠠᠴᠠᠬᠤ ᠷᠠᠳᠢᠣ᠋ ᠨᠡᠪᠲᠡᠷᠡᠭᠦᠯᠭᠡ᠂ ᠪᠠᠴᠢᠮ ᠪᠠᠶᠢᠳᠠᠯ ᠢ ᠠᠷᠭᠠᠴᠠᠬᠤ ᠭᠡᠷᠡᠯᠲᠦᠭᠦᠯᠭᠡ | ᠂ ᠲᠠᠷᠬᠠᠭᠠᠬᠤ ᠵᠢᠭᠠᠯᠲᠠ ᠶᠢᠨ ᠲᠡᠮᠳᠡᠭ ᠨᠢ ᠡᠪᠳᠡᠷᠡᠭᠰᠡᠨ᠃ | 4. ᠪᠣᠳᠠᠲᠠᠢ ᠲᠠᠢ ᠪᠠᠨ ᠤᠶᠠᠯᠳᠤᠭᠤᠯᠤᠨ ᠭᠠᠯ ᠤᠨᠲᠠᠷᠠᠭᠠᠬᠤ ᠪᠠ ᠪᠠᠴᠢᠮ ᠪᠠᠶᠢᠳᠠᠯ ᠢ ᠠᠷᠭᠠᠴᠠᠬᠤ | ᠲᠠᠷᠬᠠᠭᠠᠯᠲᠠ ᠶᠢᠨ ᠤᠷᠢᠳᠴᠢᠯᠠᠭᠰᠠᠨ ᠲᠥᠰᠥᠯ ᠢ ᠲᠣᠭᠲᠠᠭᠠᠭᠰᠠᠨ ᠦᠭᠡᠢ︔ ᠠᠵᠢᠯᠲᠠᠨ᠂ ᠬᠤᠨᠤᠭ ᠬᠠᠮᠢᠶᠠᠷᠤᠭᠴᠢ | ᠠᠩᠬ᠎ᠠ ᠡᠭᠦᠰᠦᠭᠰᠡᠨ ᠭᠠᠯ ᠲᠦᠢᠮᠡᠷ ᠢ ᠳᠠᠷᠤᠵᠤ ᠠᠶᠤᠯ ᠠᠴᠠ ᠠᠪᠤᠷᠠᠬᠤ ᠪᠠ ᠲᠠᠷᠬᠠᠭᠠᠨ ᠵᠠᠶᠢᠯᠠᠭᠤᠯᠬᠤ ᠤᠷ᠎ᠠ | ᠮᠡᠷᠭᠡᠵᠢᠯ ᠢ ᠡᠵᠡᠮᠰᠢᠬᠦ ᠦᠭᠡᠢ᠃ | ︵ᠭᠤᠷᠪᠠ︶ ᠬᠤᠯᠠᠭᠠᠶᠢᠯᠠᠬᠤ ᠶᠢ ᠰᠡᠷᠭᠡᠶᠢᠯᠡᠬᠦ ᠲᠣᠣᠷ ᠪᠠ ᠵᠠᠷ ᠮᠡᠳᠡᠭᠡ ᠶᠢᠨ ᠫᠠᠶᠢᠰᠠ ᠶᠢ ᠲᠣᠭᠲᠠᠭᠠᠯ ᠠᠴᠠ | ᠵᠥᠷᠢᠴᠡᠨ ᠲᠣᠬᠢᠷᠠᠭᠤᠯᠬᠤ᠃ | 1. ᠬᠥᠮᠥᠨ ᠣᠯᠠᠨ ᠴᠤᠭᠯᠠᠷᠠᠬᠤ ᠭᠠᠵᠠᠷ ᠲᠠᠯᠠᠪᠤᠷ ᠤᠨ ᠡᠭᠦᠳᠡ ᠴᠣᠩᠬᠤᠨ ᠳᠡᠭᠡᠷ᠎ᠡ ᠠᠮᠢ ᠵᠢᠭᠤᠲᠠᠬᠤ ᠪᠠ | ᠭᠠᠯ ᠤᠨᠲᠠᠷᠠᠭᠠᠵᠤ ᠠᠪᠤᠷᠠᠨ ᠲᠤᠰᠠᠯᠠᠬᠤ ᠶᠢ ᠨᠥᠯᠥᠭᠡᠯᠡᠭᠰᠡᠨ ᠬᠤᠯᠠᠭᠠᠶᠢᠯᠠᠬᠤ ᠠᠴᠠ ᠰᠡᠷᠭᠡᠶᠢᠯᠡᠬᠦ ᠲᠣᠣᠷ᠂ ᠲᠡᠮᠦᠷ | ᠬᠡᠷᠡᠰᠬᠡ᠂ ᠵᠠᠷ ᠮᠡᠳᠡᠭᠡ ᠶᠢᠨ ᠫᠠᠶᠢᠰᠠ ᠵᠡᠷᠭᠡ ᠰᠠᠭᠠᠳ ᠬᠠᠷᠰᠢ ᠲᠣᠬᠢᠷᠠᠭᠤᠯᠬᠤ᠃ | 2. ᠬᠥᠮᠥᠨ ᠣᠯᠠᠨ ᠴᠤᠭᠯᠠᠷᠠᠬᠤ ᠭᠠᠵᠠᠷ ᠲᠠᠯᠠᠪᠤᠷ ᠤᠨ ᠭᠠᠳᠠᠨ᠎ᠠ ᠵᠠᠷ ᠮᠡᠳᠡᠭᠡ ᠶᠢᠨ ᠫᠠᠶᠢᠰᠠ ᠶᠢ ᠬᠢᠨᠠᠨ | ᠵᠥᠪᠰᠢᠶᠡᠷᠡᠭᠦᠯᠬᠦ ᠳᠤ ᠪᠠᠷᠢᠯᠭ᠎ᠠ ᠶᠢᠨ ᠣᠯᠠᠨ ᠨᠡᠶᠢᠲᠡ ᠶᠢᠨ ᠠᠮᠤᠷ ᠲᠦᠪᠰᠢᠨ ᠢ ᠨᠥᠯᠥᠭᠡᠯᠡᠬᠦ ᠡᠰᠡᠬᠦ ᠶᠢ ᠬᠠᠤᠯᠢ | ᠲᠣᠭᠲᠠᠭᠠᠯ ᠶᠣᠰᠣᠭᠠᠷ ᠬᠢᠨᠠᠨ ᠬᠠᠷᠭᠤᠭᠤᠯᠤᠭᠠᠳᠤᠢ᠃ | ᠳᠥᠷᠪᠡ᠃ ᠲᠣᠭᠲᠠᠭᠠᠯ ᠢ ᠵᠥᠷᠢᠴᠡᠨ ᠴᠠᠭᠢᠯᠭᠠᠨ ᠬᠡᠷᠡᠭᠯᠡᠭᠰᠡᠨ ᠠᠵᠢᠯᠯᠠᠭ᠎ᠠ᠃ | 1. ᠳᠤᠷ᠎ᠠ ᠪᠠᠷ ᠢᠶᠠᠨ ᠴᠠᠭᠢᠯᠭᠠᠨ ᠤᠲᠠᠰᠤ ᠲᠠᠲᠠᠵᠤ ᠵᠠᠯᠭᠠᠭᠰᠠᠨ᠂ ᠴᠠᠭᠢᠯᠭᠠᠨ ᠤᠲᠠᠰᠤ ᠳᠡᠪᠢᠰᠬᠦ᠂ | ᠬᠡᠷᠡᠭᠯᠡᠬᠦ ᠨᠢ ᠪᠠᠷᠢᠮᠵᠢᠶ᠎ᠠ ᠳᠤ ᠨᠡᠶᠢᠴᠡᠬᠦ ᠦᠭᠡᠢ ᠪᠠᠶᠢᠬᠤ᠃ | 2. ᠶᠠᠰᠤ ᠴᠢᠨᠠᠷ ᠨᠢ ᠬᠢᠷᠢ ᠲᠡᠩᠴᠡᠬᠦ ᠦᠭᠡᠢ ︵ᠠᠶᠤᠯ ᠦᠭᠡᠢ ᠶᠢᠨ ᠪᠠᠷᠢᠮᠵᠢᠶ᠎ᠠ ᠳᠤ ᠨᠡᠶᠢᠴᠡᠬᠦ ᠦᠭᠡᠢ︶ | ᠪᠤᠶᠤ ᠬᠠᠭᠤᠴᠢᠷᠠᠭᠰᠠᠨ᠂ ᠡᠪᠳᠡᠷᠡᠭᠰᠡᠨ ᠴᠠᠭᠢᠯᠭᠠᠨ ᠬᠡᠷᠡᠭᠰᠡᠯ ᠤᠨ ᠦᠢᠯᠡᠳᠬᠦᠨ ᠢ ᠬᠡᠷᠡᠭᠯᠡᠬᠦ᠃ | 3. ᠴᠠᠭᠢᠯᠭᠠᠨ ᠤ ᠤᠲᠠᠰᠤ᠂ ᠴᠠᠭᠢᠯᠭᠠᠨ ᠬᠡᠷᠡᠭᠰᠡᠯ ᠤᠨ ᠦᠢᠯᠡᠳᠬᠦᠨ ᠨᠢ ᠰᠢᠲᠠᠮᠠᠬᠠᠢ ᠪᠣᠳᠠᠰ ᠯᠤᠭ᠎ᠠ ᠠᠶᠤᠯ | ᠦᠭᠡᠢ ᠶᠢᠨ ᠵᠠᠢ ᠲᠠᠢ ᠪᠠᠶᠢᠬᠤ ᠶᠢ ᠪᠠᠲᠤᠯᠠᠭᠰᠠᠨ ᠦᠭᠡᠢ ᠪᠠᠶᠢᠬᠤ᠃ | 4. ᠭᠠᠯ ᠤᠨ ᠠᠶᠤᠯ᠂ ᠳᠡᠯᠪᠡᠷᠡᠬᠦ ᠠᠶᠤᠯᠲᠠᠢ ᠭᠠᠵᠠᠷ ᠲᠠᠯᠠᠪᠤᠷ ᠲᠤ ᠲᠣᠭᠲᠠᠭᠠᠯ ᠠᠴᠠ ᠵᠥᠷᠢᠴᠡᠨ ᠴᠠᠭᠢᠯᠭᠠᠨ | ᠤᠲᠠᠰᠤ ᠳᠡᠪᠢᠰᠬᠦ᠂ ᠬᠡᠷᠡᠭᠯᠡᠬᠦ ᠪᠤᠶᠤ ᠳᠡᠯᠪᠡᠷᠡᠬᠦ ᠣᠷᠴᠢᠨ ᠲᠣᠭᠤᠷᠢᠨ ᠯᠤᠭ᠎ᠠ ᠦᠯᠦ ᠨᠡᠶᠢᠴᠡᠬᠦ ᠴᠠᠭᠢᠯᠭᠠᠨ ᠤ | ᠦᠢᠯᠡᠳᠬᠦᠨ ᠬᠡᠷᠡᠭᠯᠡᠬᠦ᠃ | ᠡᠯ᠎ᠡ ᠲᠠᠰᠤᠭ ᠨᠢ ᠲᠤᠰ ᠠᠵᠢᠯ ᠲᠥᠷᠥᠯ ᠤᠨ ᠬᠦᠷᠢᠶ᠎ᠡ ᠬᠡᠪᠴᠢᠶᠡᠨ ᠤ ᠭᠠᠯ ᠤᠨ ᠠᠶᠤᠯ ᠤᠨ ᠳᠠᠯᠳᠠ | ᠭᠡᠮ ᠤᠨ ᠣᠨᠴᠠᠯᠢᠭ ᠲᠠᠢ ᠤᠶᠠᠯᠳᠤᠭᠤᠯᠤᠨ᠂ ᠴᠡᠭᠴᠡᠯᠡᠨ ᠵᠠᠰᠠᠬᠤ ᠭᠤᠣᠯᠳᠠᠯᠭ᠎ᠠ ᠪᠠᠨ ᠤᠯᠠᠮ ᠨᠢᠭᠡ ᠠᠯᠬᠤᠮ | ᠨᠠᠷᠢᠯᠢᠭᠵᠢᠭᠤᠯᠣᠨ᠎ᠠ᠂ ᠵᠢᠱᠢᠶᠡᠯᠡᠪᠡᠯ ᠬᠥᠮᠥᠨ ᠣᠯᠠᠨ ᠴᠤᠭᠯᠠᠷᠠᠬᠤ ᠭᠠᠵᠠᠷ ᠲᠠᠯᠠᠪᠤᠷ ᠲᠤ ᠨᠣᠴᠣᠮᠠᠲᠠᠭᠠᠢ | ᠴᠠᠭᠢᠮᠠ ᠲᠠᠢ ᠪᠣᠯᠣᠳ ᠬᠠᠪᠲᠠᠰᠤ ᠮᠠᠲ᠋ᠧᠷᠢᠶᠠᠯ ᠢ ᠲᠣᠭᠲᠠᠭᠠᠯ ᠠᠴᠠ ᠵᠥᠷᠢᠴᠡᠨ ᠬᠡᠷᠡᠭᠯᠡᠬᠦ᠂ ᠪᠠᠷᠢᠯᠭ᠎ᠠ ᠶᠢᠨ ᠭᠠᠯ | ᠤᠨᠲᠠᠷᠠᠭᠠᠬᠤ ᠪᠡᠯᠡᠳᠬᠡᠮᠵᠢ ᠡᠪᠳᠡᠭᠳᠡᠵᠦ ᠬᠡᠷᠡᠭᠯᠡᠬᠦ ᠪᠠᠨ ᠵᠣᠭᠰᠤᠭᠠᠬᠤ ᠵᠡᠷᠭᠡ ᠳᠠᠯᠳᠠ ᠭᠡᠮ ᠤᠨ ᠠᠰᠠᠭᠤᠳᠠᠯ᠃ | ᠳᠥᠷᠪᠡ᠂ ᠬᠠᠷᠢᠭᠤᠴᠠᠯᠭ᠎ᠠ ᠶᠢᠨ ᠬᠤᠪᠢᠶᠠᠷᠢᠯᠠᠯ | ︵ᠨᠢᠭᠡ︶ ᠲᠠᠰᠤᠭ ᠤᠨ ᠬᠠᠷᠢᠭᠤᠴᠠᠯᠭ᠎ᠠ᠃ ᠡᠯ᠎ᠡ ᠲᠠᠰᠤᠭ ᠨᠢ ︽ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ︽ᠠᠵᠢᠯ ᠲᠥᠷᠥᠯ ᠢ ᠬᠠᠮᠢᠶᠠᠷᠬᠤ ᠳᠤ ᠡᠷᠬᠡᠪᠰᠢ ᠠᠮᠤᠷ ᠲᠦᠪᠰᠢᠨ ᠢ ᠬᠠᠮᠢᠶᠠᠷᠬᠤ᠂ | ᠲᠤᠬᠠᠶᠢᠯᠠᠭᠰᠠᠨ ᠠᠵᠢᠯ ᠢ ᠬᠠᠮᠢᠶᠠᠷᠬᠤ ᠳᠤ ᠡᠷᠬᠡᠪᠰᠢ ᠠᠮᠤᠷ ᠲᠦᠪᠰᠢᠨ ᠢ ᠬᠠᠮᠢᠶᠠᠷᠬᠤ︾ ᠲᠣᠭᠲᠠᠭᠠᠯ ᠶᠣᠰᠣᠭᠠᠷ︾ | ︵ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠶᠢᠨ ᠠᠶᠤᠯᠭᠦᠢ ᠦᠢᠯᠡᠳᠪᠦᠷᠢᠯᠡᠯ ᠤᠨ ᠺᠣᠮᠢᠰ ﹇2013﹈ | 18 ᠳ᠋ᠤᠭᠠᠷ ᠲᠣᠭᠠᠲᠤ︶ ᠵᠢᠴᠢ ︽ᠰᠢᠯᠢ ᠶᠢᠨ ᠬᠤᠲᠠ ᠶᠢᠨ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠠᠶᠤᠯ | ᠦᠭᠡᠢ ᠦᠢᠯᠡᠳᠪᠦᠷᠢᠯᠡᠯ ᠤᠨ ᠠᠵᠢᠯ ᠤᠨ ᠡᠭᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ︾ ᠶᠢᠨ ᠱᠠᠭᠠᠷᠳᠠᠯᠭ᠎ᠠ | ᠶᠣᠰᠣᠭᠠᠷ᠂ ᠲᠤᠰ ᠠᠵᠢᠯ ᠲᠥᠷᠥᠯ ᠤᠨ ᠬᠦᠷᠢᠶ᠎ᠡ ᠬᠡᠪᠴᠢᠶᠡᠨ ᠳᠠᠬᠢ ᠠᠶᠤᠯ ᠦᠭᠡᠢ ᠶᠢᠨ ᠬᠠᠮᠢᠶᠠᠷᠤᠯᠲᠠ ᠶᠢᠨ | ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠤᠨ᠂ ᠭᠠᠯ ᠰᠡᠷᠭᠡᠶᠢᠯᠡᠬᠦ ᠠᠶᠤᠯᠭᠦᠢ ᠶᠢᠨ ᠠᠵᠢᠯᠯᠠᠭ᠎ᠠ ᠶᠢ ᠲᠤᠰ ᠠᠵᠢᠯ | ᠲᠥᠷᠥᠯ ᠤᠨ ᠬᠦᠷᠢᠶᠡᠨ ᠳᠤ ᠣᠷᠣᠭᠤᠯᠤᠨ ᠪᠠᠶᠢᠴᠠᠭᠠᠬᠤ ᠶᠢ ᠬᠠᠮᠲᠤ ᠳᠤᠨᠢ ᠥᠷᠨᠢᠭᠦᠯᠵᠦ᠂ ᠠᠵᠤ ᠠᠬᠤᠶᠢᠯᠠᠯ ᠤᠨ | ᠬᠠᠷᠢᠭᠤᠴᠠᠯᠭᠠᠲᠠᠨ ᠤ ᠭᠠᠯ ᠰᠡᠷᠭᠡᠶᠢᠯᠡᠬᠦ ᠠᠶᠤᠯᠭᠦᠢ ᠶᠢᠨ ᠬᠠᠷᠢᠭᠤᠴᠠᠯᠭ᠎ᠠ ᠪᠠᠨ ᠭᠦᠢᠴᠡᠳᠬᠡᠬᠦ ᠶᠢ ᠰᠢᠮᠳᠠᠭᠤᠯᠵᠤ᠂ | ᠭᠠᠯ ᠤᠨ ᠠᠶᠤᠯ ᠤᠨ ᠳᠠᠯᠳᠠ ᠭᠡᠮ ᠢ ᠴᠡᠭᠴᠡᠯᠡᠨ ᠰᠠᠶᠢᠵᠢᠷᠠᠭᠤᠯᠵᠤ᠂ ᠲᠤᠰᠬᠠᠢ ᠵᠦᠢᠯ ᠢᠶᠠᠷ ᠴᠡᠭᠴᠡᠯᠡᠨ ᠵᠠᠰᠠᠬᠤ | ᠠᠵᠢᠯᠯᠠᠭ᠎ᠠ ᠶᠢ ᠬᠠᠮᠲᠤᠪᠠᠷ ᠲᠦᠯᠬᠢᠨ ᠠᠬᠢᠭᠤᠯᠵᠤ᠂ ᠠᠵᠢᠯ ᠲᠥᠷᠥᠯ ᠤᠨ ᠬᠦᠷᠢᠶᠡᠨ ᠳᠤ ᠬᠦᠨᠳᠦ ᠶᠡᠭᠡ ᠭᠠᠯ ᠤᠨ | ᠠᠶᠤᠯ ᠤᠨ ᠲᠦᠭᠰᠢᠭᠦᠷᠢ ᠣᠷᠣᠰᠢᠵᠤ ᠪᠠᠶᠢᠪᠠᠯ ᠴᠠᠭ ᠲᠤᠬᠠᠢ ᠳᠤᠨᠢ ᠮᠡᠳᠡᠭᠦᠯᠵᠦ᠂ ᠠᠵᠤ ᠠᠬᠤᠶᠢᠯᠠᠯ ᠢ | ᠰᠢᠮᠳᠠᠭᠤᠯᠤᠨ ᠴᠡᠭᠴᠡᠯᠡᠨ ᠰᠠᠶᠢᠵᠢᠷᠠᠭᠤᠯᠬᠤ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠨ᠂ ᠠᠵᠢᠯ ᠤᠨ ᠨᠡᠶᠢᠯᠡᠯ | ᠬᠦᠴᠦᠨ ᠢ ᠪᠤᠢ ᠪᠤᠯᠭᠠᠬᠤ ᠬᠡᠷᠡᠭᠲᠡᠢ᠃ | ︵ᠬᠤᠶᠠᠷ︶ ᠭᠤᠣᠯ ᠴᠣᠭᠴᠠ ᠶᠢᠨ ᠬᠠᠷᠢᠭᠤᠴᠠᠯᠭ᠎ᠠ᠃ ᠡᠯ᠎ᠡ ᠠᠵᠤ ᠠᠬᠤᠶᠢᠯᠠᠯ ᠤᠨ ᠭᠠᠯ ᠰᠡᠷᠭᠡᠶᠢᠯᠡᠬᠦ | ᠠᠶᠤᠯᠭᠦᠢ ᠶᠢᠨ ᠬᠠᠷᠢᠭᠤᠴᠠᠯᠭᠠᠲᠠᠨ ᠪᠣᠯ ᠲᠤᠰ ᠠᠵᠤ ᠠᠬᠤᠶᠢᠯᠠᠯ ᠤᠨ ᠭᠠᠯ ᠰᠡᠷᠭᠡᠶᠢᠯᠡᠬᠦ ᠠᠶᠤᠯᠭᠦᠢ ᠶᠢᠨ ᠳᠠᠯᠳᠠ | ᠭᠡᠮ ᠢ ᠲᠥᠪᠯᠡᠷᠡᠭᠦᠯᠦᠨ ᠠᠷᠢᠯᠭᠠᠬᠤ ᠪᠠᠬᠢᠯᠡᠯᠲᠡ ᠳᠠᠭᠠᠷᠢᠬᠤ ᠶᠡᠭᠡ ᠴᠡᠭᠴᠡᠯᠡᠨ ᠵᠠᠰᠠᠬᠤ ᠠᠵᠢᠯᠯᠠᠭ᠎ᠠ ᠶᠢᠨ ᠨᠢᠭᠡᠳᠦᠭᠡᠷ | ᠬᠠᠷᠢᠭᠤᠴᠠᠯᠭ᠎ᠠ ᠶᠢᠨ ᠭᠤᠣᠯ ᠴᠣᠭᠴᠠ ᠪᠤᠯᠬᠤ ᠲᠤᠯᠠ᠂ ᠭᠠᠯ ᠤᠨᠲᠠᠷᠠᠭᠠᠬᠤ ᠬᠠᠤᠯᠢ ᠴᠠᠭᠠᠵᠠ ᠬᠠᠤᠯᠢ | ᠲᠣᠭᠲᠠᠭᠠᠯ ᠢ ᠴᠢᠩᠭ᠎ᠠ ᠵᠢᠷᠤᠮᠯᠠᠨ᠂ ᠭᠠᠯ ᠰᠡᠷᠭᠡᠶᠢᠯᠡᠬᠦ ᠠᠶᠤᠯᠭᠦᠢ ᠶᠢᠨ ᠬᠠᠷᠢᠭᠤᠴᠠᠯᠭ᠎ᠠ ᠪᠠᠨ ᠭᠦᠢᠴᠡᠳᠬᠡᠵᠦ᠂ ᠲᠤᠰ | ᠠᠵᠤ ᠠᠬᠤᠶᠢᠯᠠᠯ ᠤᠨ ᠢᠶᠠᠨ ᠭᠠᠯ ᠰᠡᠷᠭᠡᠶᠢᠯᠡᠬᠦ ᠠᠶᠤᠯᠭᠦᠢ ᠶᠢᠨ ᠬᠠᠮᠢᠶᠠᠷᠤᠯᠲᠠ ᠶᠢᠨ ᠠᠵᠢᠯ ᠢ ᠰᠠᠶᠢᠲᠤᠷ ᠬᠢᠵᠦ᠂ | ᠳᠠᠯᠳᠠ ᠭᠡᠮ ᠢ ᠵᠢᠭᠰᠠᠭᠠᠨ ᠪᠠᠶᠢᠴᠠᠭᠠᠬᠤ ᠵᠢᠴᠢ ᠴᠡᠭᠴᠡᠯᠡᠨ ᠰᠠᠶᠢᠵᠢᠷᠠᠭᠤᠯᠬᠤ ᠠᠵᠢᠯ ᠢ ᠬᠠᠤᠯᠢ ᠲᠣᠭᠲᠠᠭᠠᠯ | ᠶᠣᠰᠣᠭᠠᠷ ᠥᠷᠨᠢᠭᠦᠯᠬᠦ ᠵᠢᠴᠢ ᠲᠤᠰ ᠠᠵᠤ ᠠᠬᠤᠶᠢᠯᠠᠯ ᠤᠨ ᠢᠶᠠᠨ ᠠᠵᠢᠯᠲᠠᠨ ᠠᠵᠢᠯᠴᠢᠨ ᠢᠶᠠᠨ ᠭᠠᠯ ᠰᠡᠷᠭᠡᠶᠢᠯᠡᠬᠦ | ᠠᠶᠤᠯᠭᠦᠢ ᠶᠢᠨ ᠪᠣᠯᠪᠠᠰᠤᠷᠠᠭᠤᠯᠤᠯ ᠤᠨ ᠠᠵᠢᠯ ᠢ ᠥᠷᠨᠢᠭᠦᠯᠬᠦ ᠬᠡᠷᠡᠭᠲᠡᠢ᠃ ᠣᠯᠠᠨ ᠥᠮᠴᠢᠯᠡᠬᠦ ᠡᠷᠬᠡ ᠲᠠᠢ ᠪᠥᠭᠡᠳ | ᠣᠯᠠᠨ ᠡᠵᠡᠩᠨᠡᠯᠲᠡ ᠶᠢᠨ ᠭᠤᠣᠯ ᠴᠣᠭᠴᠠ ᠲᠠᠢ ᠪᠠᠶᠢᠪᠠᠯ᠂ ᠲᠤᠰ ᠲᠤᠰ ᠤᠨ ᠭᠠᠯ ᠰᠡᠷᠭᠡᠶᠢᠯᠡᠬᠦ ᠠᠶᠤᠯᠭᠦᠢ ᠶᠢᠨ | ᠬᠠᠷᠢᠭᠤᠴᠠᠯᠭ᠎ᠠ ᠪᠠᠨ ᠲᠣᠳᠣᠷᠬᠠᠶᠢᠯᠠᠬᠤ ᠪᠤᠶᠤ ᠭᠤᠷᠪᠠᠳᠤᠭᠠᠷ ᠡᠲᠡᠭᠡᠳ ᠲᠤ ᠪᠠᠨ ᠨᠠᠶᠢᠳᠠᠵᠤ ᠭᠠᠯ ᠰᠡᠷᠭᠡᠶᠢᠯᠡᠬᠦ | ᠠᠶᠤᠯᠭᠦᠢ ᠶᠢᠨ ᠬᠠᠮᠢᠶᠠᠷᠤᠯᠲᠠ ᠶᠢᠨ ᠠᠵᠢᠯ ᠢ ᠥᠷᠨᠢᠭᠦᠯᠬᠦ ᠬᠡᠷᠡᠭᠲᠡᠢ᠃ | ᠲᠠᠪᠤ᠂ ᠠᠵᠢᠯ ᠤᠨ ᠠᠷᠭ᠎ᠠ ᠬᠡᠮᠵᠢᠶ᠎ᠡ | ︵ᠨᠢᠭᠡ︶ ᠵᠢᠭᠰᠠᠭᠠᠨ ᠪᠠᠶᠢᠴᠠᠭᠠᠬᠤ ᠠᠵᠢᠯᠯᠠᠭ᠎ᠠ ᠶᠢ ᠶᠡᠬᠡᠪᠡᠷ ᠲᠥᠪᠯᠡᠷᠡᠭᠦᠯᠦᠨ ᠥᠷᠨᠢᠭᠦᠯᠬᠦ ᠬᠡᠷᠡᠭᠲᠡᠢ᠃ | ᠡᠯ᠎ᠡ ᠠᠵᠤ ᠠᠬᠤᠶᠢᠯᠠᠯ ᠴᠡᠭᠴᠡᠯᠡᠨ ᠵᠠᠰᠠᠬᠤ ᠵᠠᠷᠯᠠᠯ ᠨᠡᠶᠢᠲᠡᠯᠡᠵᠦ᠂ ᠭᠠᠯ ᠰᠡᠷᠭᠡᠶᠢᠯᠡᠬᠦ ᠠᠶᠤᠯᠭᠦᠢ ᠶᠢᠨ ᠲᠣᠪᠣᠶᠢᠮ᠎ᠠ | ᠲᠦᠭᠰᠢᠭᠦᠷᠢ ᠶᠢᠨ ᠳᠠᠯᠳᠠ ᠭᠡᠮ ᠢ ᠥᠪᠡᠰᠦᠪᠡᠨ ᠪᠠᠶᠢᠴᠠᠭᠠᠵᠤ ᠥᠪᠡᠰᠦᠪᠡᠨ ᠵᠠᠰᠠᠵᠤ ᠰᠠᠶᠢᠵᠢᠷᠠᠭᠤᠯᠬᠤ ᠶᠢ ᠪᠦᠭᠦ | ᠲᠠᠯ᠎ᠠ ᠪᠠᠷ ᠳᠠᠶᠢᠴᠢᠯᠠᠵᠤ᠂ ᠠᠵᠤ ᠠᠬᠤᠶᠢᠯᠠᠯ ᠤᠨ ᠬᠠᠷᠢᠭᠤᠴᠠᠯᠭᠠᠲᠠᠨ᠂ ᠬᠠᠮᠢᠶᠠᠷᠤᠭᠴᠢ ᠲᠣᠯᠤᠭᠠᠶᠢᠯᠠᠨ | ᠥᠪᠡᠷ ᠢ ᠪᠠᠨ ᠪᠠᠶᠢᠴᠠᠭᠠᠬᠤ ᠠᠵᠢᠯᠯᠠᠭ᠎ᠠ ᠥᠷᠨᠢᠭᠦᠯᠬᠦ ᠶᠢ ᠱᠠᠭᠠᠷᠳᠠᠬᠤ ᠶᠢᠨ ᠬᠠᠮᠲᠤ᠂ ᠥᠪᠡᠷ ᠢᠶᠠᠨ ᠪᠠᠶᠢᠴᠠᠭᠠᠭᠰᠠᠨ | ᠲᠡᠮᠳᠡᠭᠯᠡᠯ ᠢ ᠭᠠᠷ ᠤᠨ ᠦᠰᠦᠭ ᠵᠢᠷᠤᠵᠤ ᠳᠠᠩᠰᠠ ᠡᠪᠬᠡᠮᠡᠯ ᠳᠤ ᠣᠷᠣᠭᠤᠯᠤᠨ ᠪᠠᠶᠢᠴᠠᠭᠠᠬᠤ ᠳᠤ ᠪᠡᠯᠡᠳᠬᠡᠨ᠎ᠡ᠃ | ᠡᠯ᠎ᠡ ᠲᠠᠰᠤᠭ ᠭᠠᠯ ᠤᠨᠲᠠᠷᠠᠭᠠᠬᠤ ᠪᠠᠶᠢᠴᠠᠭᠠᠯᠲᠠ ᠶᠢᠨ ᠭᠤᠣᠯ ᠵᠦᠢᠯ ᠶᠣᠰᠣᠭᠠᠷ ᠠᠵᠢᠯ ᠲᠥᠷᠥᠯ ᠤᠨ | ᠬᠦᠷᠢᠶᠡᠨ ᠳᠠᠬᠢ ᠭᠠᠯ ᠰᠡᠷᠭᠡᠶᠢᠯᠡᠬᠦ ᠠᠶᠤᠯᠭᠦᠢ ᠶᠢᠨ ᠶᠡᠭᠡ ᠪᠠᠶᠢᠴᠠᠭᠠᠯᠲᠠ ᠶᠢ ᠵᠣᠬᠢᠶᠠᠨ ᠪᠠᠶᠢᠭᠤᠯᠤᠨ ᠥᠷᠨᠢᠭᠦᠯᠵᠦ᠂ | ᠠᠵᠢᠯ ᠲᠥᠷᠥᠯ ᠤᠨ ᠬᠦᠷᠢᠶᠡᠨ ᠳᠠᠬᠢ ᠲᠦᠭᠰᠢᠭᠦᠷᠢ ᠶᠢᠨ ᠳᠠᠯᠳᠠ ᠭᠡᠮ ᠢ ᠪᠠᠶᠢᠴᠠᠭᠠᠨ ᠲᠣᠳᠣᠷᠬᠠᠶᠢᠯᠠᠬᠤ ᠬᠡᠷᠡᠭᠲᠡᠢ᠃ | | ︵ᠬᠤᠶᠠᠷ︶ ᠶᠡᠬᠡᠪᠡᠷ ᠴᠡᠭᠴᠡᠯᠡᠨ ᠵᠠᠰᠠᠬᠤ ᠠᠵᠢᠯᠯᠠᠭ᠎ᠠ ᠶᠢ ᠲᠥᠪᠯᠡᠷᠡᠭᠦᠯᠦᠨ ᠥᠷᠨᠢᠭᠦᠯᠬᠦ ᠬᠡᠷᠡᠭᠲᠡᠢ᠃ ᠡᠯ᠎ᠡ | ᠲᠠᠰᠤᠭ ᠨᠢ ᠵᠢᠭᠰᠠᠭᠠᠨ ᠪᠠᠶᠢᠴᠠᠭᠠᠵᠤ ᠢᠯᠡᠷᠡᠭᠦᠯᠦᠭᠰᠡᠨ ᠲᠦᠭᠰᠢᠭᠦᠷᠢ ᠶᠢᠨ ᠳᠠᠯᠳᠠ ᠭᠡᠮ ᠢ ᠳᠠᠩᠰᠠᠯᠠᠨ ᠲᠡᠮᠳᠡᠭᠯᠡᠵᠦ᠂ | ᠪᠢᠲᠡᠭᠦᠮᠵᠢᠯᠡᠭᠰᠡᠨ ᠬᠠᠮᠢᠶᠠᠷᠤᠯᠲᠠ ᠬᠢᠵᠦ᠂ ᠲᠥᠷᠥᠯ ᠬᠤᠪᠢᠶᠠᠨ ᠠᠷᠭ᠎ᠠ ᠪᠣᠳᠣᠯᠭ᠎ᠠ ᠬᠡᠷᠡᠭᠵᠢᠭᠦᠯᠵᠦ᠂ ᠨᠢᠭᠡᠳ | ᠨᠢᠭᠡ ᠪᠠᠷ ᠳᠠᠩᠰᠠ ᠲᠠᠶᠢᠯᠬᠤ ᠬᠡᠷᠡᠭᠲᠡᠢ᠃ ᠠᠵᠤ ᠠᠬᠤᠶᠢᠯᠠᠯ ᠤᠨ ᠥᠪᠡᠰᠦᠪᠡᠨ ᠴᠡᠭᠴᠡᠯᠡᠨ ᠰᠠᠶᠢᠵᠢᠷᠠᠭᠤᠯᠵᠤ | ᠴᠢᠳᠠᠬᠤ ᠵᠦᠢᠯᠡᠰ ᠢ᠂ ᠬᠠᠤᠯᠢ ᠶᠣᠰᠣᠭᠠᠷ ᠪᠠᠷ ᠪᠦᠭᠦ ᠲᠠᠯ᠎ᠠ ᠪᠠᠷ ᠴᠡᠭᠴᠡᠯᠡᠨ ᠰᠠᠶᠢᠵᠢᠷᠠᠭᠤᠯᠬᠤ ᠶᠢ ᠱᠠᠭᠠᠷᠳᠠᠬᠤ | ᠬᠡᠷᠡᠭᠲᠡᠢ︔ ᠴᠡᠭᠴᠡᠯᠡᠨ ᠰᠠᠶᠢᠵᠢᠷᠠᠭᠤᠯᠬᠤ ᠳᠤ ᠪᠡᠷᠬᠡᠲᠡᠢ ᠵᠦᠢᠯᠡᠰ ᠢ ᠪᠠᠬᠢᠯᠡᠯᠲᠡ ᠰᠢᠪᠲᠤᠯᠤᠨ ᠵᠠᠰᠠᠬᠤ ᠬᠠᠷᠠᠲᠠᠯᠲᠤ | ᠡᠲᠡᠭᠡᠳ ᠲᠤ ᠣᠷᠣᠭᠤᠯᠵᠤ᠂ ᠴᠡᠭᠴᠡᠯᠡᠨ ᠰᠠᠶᠢᠵᠢᠷᠠᠭᠤᠯᠬᠤ ᠬᠠᠷᠢᠭᠤᠴᠠᠯᠭ᠎ᠠ ᠵᠢᠴᠢ ᠲᠥᠰᠥᠯ ᠢᠶᠠᠨ ᠲᠣᠳᠣᠷᠬᠠᠶᠢᠯᠠᠵᠤ | ᠂ ᠴᠡᠭᠴᠡᠯᠡᠨ ᠰᠠᠶᠢᠵᠢᠷᠠᠭᠤᠯᠬᠤ ᠠᠷᠭ᠎ᠠ ᠬᠡᠮᠵᠢᠶ᠎ᠡ ᠪᠣᠯᠣᠨ ᠴᠠᠭ ᠤᠨ ᠬᠢᠵᠠᠭᠠᠷ ᠢ ᠨᠠᠷᠢᠯᠢᠭᠵᠢᠭᠤᠯᠤᠨ᠂ ᠨᠢᠭᠡ ᠬᠡᠷᠡᠭ ᠢ | ᠰᠢᠢᠳᠪᠦᠷᠢᠯᠡᠪᠡᠯ ᠨᠢᠭᠡ ᠲᠠᠩᠰᠠ ᠶᠢ ᠦᠭᠡᠶᠢᠰᠭᠡᠨ᠎ᠡ᠃ ᠠᠵᠤ ᠠᠬᠤᠶᠢᠯᠠᠯ ᠢ ᠬᠤᠭᠤᠴᠠᠭ᠎ᠠ ᠥᠩᠭᠡᠷᠡᠲᠡᠯ᠎ᠡ | ᠵᠠᠯᠠᠷᠠᠭᠤᠯᠬᠤ ᠦᠭᠡᠢ ᠪᠤᠶᠤ ᠴᠡᠭᠴᠡᠯᠡᠨ ᠰᠠᠶᠢᠵᠢᠷᠠᠭᠤᠯᠬᠤ ᠦᠭᠡᠢ ᠪᠣᠯ ᠬᠠᠲᠠᠭᠤ ᠠᠷᠭ᠎ᠠ ᠪᠠᠷᠢᠯ ᠢ ᠬᠡᠷᠡᠭᠯᠡᠵᠦ᠂ | ᠬᠠᠤᠯᠢ ᠬᠡᠷᠡᠭᠵᠢᠭᠦᠯᠬᠦ ᠠᠷᠭ᠎ᠠ ᠪᠠᠷᠢᠯ ᠢ ᠭᠦᠢᠴᠡᠳ ᠬᠡᠷᠡᠭᠯᠡᠨ ᠬᠠᠤᠯᠢ ᠶᠣᠰᠣᠭᠠᠷ ᠴᠢᠩᠭ᠎ᠠ᠂ ᠬᠦᠨᠳᠦ ᠪᠠᠷ᠂ ᠲᠦᠷᠭᠡᠨ | ᠰᠢᠢᠳᠪᠦᠷᠢᠯᠡᠬᠦ ᠬᠡᠷᠡᠭᠲᠡᠢ᠃ ᠳᠠᠯᠳᠠ ᠭᠡᠮ ᠢ ᠴᠡᠭᠴᠡᠯᠡᠨ ᠰᠠᠶᠢᠵᠢᠷᠠᠭᠤᠯᠬᠤ ᠡᠷᠴᠢᠮ ᠢᠶᠠᠨ ᠨᠡᠮᠡᠭᠳᠡᠭᠦᠯᠵᠦ᠂ | ᠢᠯᠠᠩᠭᠤᠶ᠎ᠠ ᠲᠣᠭᠲᠠᠭᠠᠯ ᠠᠴᠠ ᠵᠥᠷᠢᠴᠡᠨ ᠭᠠᠯ ᠭᠡᠷᠡᠭᠯᠵᠦ ᠭᠠᠩᠨᠠᠬᠤ ᠠᠵᠢᠯ ᠬᠢᠬᠦ᠂ ᠠᠶᠤᠯᠭᠦᠢ ᠲᠠᠷᠬᠠᠭᠠᠬᠤ ᠵᠠᠮ ᠢ | ᠡᠵᠡᠯᠡᠬᠦ ᠪᠠ ᠲᠣᠭᠲᠠᠭᠠᠯ ᠠᠴᠠ ᠵᠥᠷᠢᠴᠡᠨ ᠲᠡᠮᠦᠷ ᠬᠡᠷᠡᠰᠬᠡ ᠬᠡᠷᠡᠭᠯᠡᠬᠦ ᠵᠡᠷᠭᠡ ᠠᠰᠠᠭᠤᠳᠠᠯ ᠳᠤ ᠡᠷᠡᠰ ᠴᠣᠬᠢᠯᠲᠠ | ᠥᠭᠴᠦ ᠴᠡᠭᠴᠡᠯᠡᠨ ᠵᠠᠰᠠᠬᠤ ᠬᠡᠷᠡᠭᠲᠡᠢ᠃ ᠬᠦᠨᠳᠦ ᠨᠣᠴᠢᠲᠠᠢ ᠢᠲᠡᠭᠡᠯ ᠢᠶᠠᠨ ᠠᠯᠳᠠᠭᠰᠠᠨ ᠦᠢᠯᠡ ᠠᠵᠢᠯᠯᠠᠭ᠎ᠠ | ᠣᠷᠣᠰᠢᠵᠤ ᠪᠠᠶᠢᠪᠠᠯ᠂ ᠬᠠᠮᠲᠤᠷᠠᠨ ᠵᠠᠯᠬᠠᠭᠠᠨ ᠴᠡᠭᠡᠷᠯᠡᠭᠦᠯᠬᠦ ᠬᠡᠷᠡᠭᠲᠡᠢ᠃ ᠶᠠᠯ᠎ᠠ ᠬᠢᠭᠰᠡᠨ ᠢᠶᠠᠷ ᠰᠡᠵᠢᠭᠯᠡᠭᠳᠡᠭᠰᠡᠨ | ᠪᠠᠶᠢᠪᠠᠯ᠂ ᠡᠷᠡᠭᠦᠦ ᠰᠢᠳᠬᠡᠯ ᠢ ᠨᠢ ᠵᠣᠯᠭᠠᠭᠤᠯᠬᠤ ᠶᠢ ᠴᠢᠩᠭᠠᠳᠬᠠᠵᠤ᠂ ᠬᠠᠤᠯᠢ ᠶᠣᠰᠣᠭᠠᠷ ᠡᠷᠡᠭᠦᠦ ᠶᠢᠨ | ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠢ᠂ ᠢᠯᠳᠠᠷ ᠬᠠᠶᠠᠵᠤ ᠶᠠᠭᠠᠬᠢᠭᠰᠠᠨ ᠴᠤ ᠪᠤᠯᠬᠤ ᠦᠭᠡᠢ᠃ | ︵ᠭᠤᠷᠪᠠ︶ ᠶᠡᠬᠡᠪᠡᠷ ᠢᠯᠡᠴᠢᠯᠡᠬᠦ ᠠᠵᠢᠯᠯᠠᠭ᠎ᠠ ᠶᠢ ᠲᠥᠪᠯᠡᠷᠡᠭᠦᠯᠦᠨ ᠥᠷᠨᠢᠭᠦᠯᠬᠦ ᠬᠡᠷᠡᠭᠲᠡᠢ᠃ ᠡᠯ᠎ᠡ ᠲᠠᠰᠤᠭ | ᠨᠢ ᠨᠡᠶᠢᠲᠡᠯᠢᠭ ᠳᠠᠯᠳᠠ ᠭᠡᠮ᠂ ᠲᠣᠪᠣᠶᠢᠮ᠎ᠠ ᠠᠰᠠᠭᠤᠳᠠᠯ ᠪᠣᠯᠣᠨ ᠬᠠᠤᠯᠢ ᠠᠴᠠ ᠬᠦᠨᠳᠦ ᠨᠣᠴᠢᠲᠠᠢ ᠵᠥᠷᠢᠴᠡᠭᠰᠡᠨ | ᠦᠢᠯᠡ ᠠᠵᠢᠯᠯᠠᠭ᠎ᠠ ᠶᠢ ᠲᠥᠪᠯᠡᠷᠡᠭᠦᠯᠦᠨ ᠣᠯᠠᠨ ᠳᠤ ᠢᠯᠡᠴᠢᠯᠡᠵᠦ᠂ ᠠᠵᠤ ᠠᠬᠤᠶᠢᠯᠠᠯ ᠤᠨ ᠨᠡᠷᠡᠶᠢᠳᠦᠯ ᠪᠣᠯᠣᠨ | ᠪᠣᠳᠠᠲᠠᠢ ᠠᠰᠠᠭᠤᠳᠠᠯ ᠢ ᠨᠡᠶᠢᠭᠡᠮ ᠳᠤ ᠨᠡᠶᠢᠲᠡᠯᠡᠬᠦ ᠬᠡᠷᠡᠭᠲᠡᠢ᠃ ᠳᠠᠯᠳᠠ ᠭᠡᠮ ᠤᠨ ᠠᠰᠠᠭᠤᠳᠠᠯ ᠣᠨᠴᠠ ᠲᠣᠪᠣᠶᠢᠮ᠎ᠠ᠂ | ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠣᠨᠴᠠ ᠬᠦᠨᠳᠦ ᠨᠣᠴᠢᠲᠠᠢ ᠪᠠᠶᠢᠪᠠᠯ᠂ ᠭᠤᠣᠯ ᠪᠤᠯᠬᠤ | ᠵᠠᠭᠤᠴᠢᠯᠠᠭᠤᠷ ᠲᠠᠢ ᠵᠣᠬᠢᠴᠠᠭᠤᠯᠤᠨ ᠣᠯᠠᠨ ᠳᠤ ᠢᠯᠡᠴᠢᠯᠡᠵᠦ᠂ ᠳᠠᠯᠳᠠ ᠭᠡᠮ ᠢ ᠴᠡᠭᠴᠡᠯᠡᠨ ᠰᠠᠶᠢᠵᠢᠷᠠᠭᠤᠯᠬᠤ ᠶᠢ | ᠲᠦᠯᠬᠢᠨ ᠠᠬᠢᠭᠤᠯᠤᠨ᠎ᠠ᠃ ᠵᠠᠭᠤᠴᠢᠯᠠᠭᠤᠷ ᠤᠨ ᠲᠠᠪᠴᠠᠩ ᠢ ᠠᠰᠢᠭᠯᠠᠨ ᠢᠯᠡᠴᠢᠯᠡᠨ ᠮᠡᠳᠡᠭᠦᠯᠵᠦ ᠵᠠᠭᠠᠯᠳᠤᠬᠤ | ᠠᠷᠭ᠎ᠠ ᠵᠠᠮ ᠢ ᠶᠡᠬᠡᠪᠡᠷ ᠤᠬᠠᠭᠤᠯᠵᠤ᠂ ᠬᠠᠮᠢᠶ᠎ᠠ ᠪᠦᠬᠦᠢ ᠱᠠᠩᠨᠠᠬᠤ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠨ᠂ | ᠣᠯᠠᠨ ᠨᠡᠶᠢᠲᠡ ᠶᠢ ᠳᠠᠶᠢᠴᠢᠯᠠᠨ ᠭᠠᠯ ᠤᠨ ᠠᠶᠤᠯ ᠤᠨ ᠳᠠᠯᠳᠠ ᠭᠡᠮ ᠪᠣᠯᠣᠨ ᠭᠠᠯ ᠤᠨᠲᠠᠷᠠᠭᠠᠬᠤ ᠶᠢᠨ ᠬᠠᠤᠯᠢ ᠠᠴᠠ | ᠵᠥᠷᠢᠴᠡᠭᠰᠡᠨ ᠦᠢᠯᠡ ᠠᠵᠢᠯᠯᠠᠭ᠎ᠠ ᠶᠢ ᠢᠯᠡᠴᠢᠯᠡᠨ ᠮᠡᠳᠡᠭᠦᠯᠬᠦ ᠬᠡᠷᠡᠭᠲᠡᠢ᠃ | ᠡᠯ᠎ᠡ ᠲᠠᠰᠤᠭ ᠨᠢ ᠨᠡᠶᠢᠲᠡᠯᠢᠭ ᠭᠠᠯ ᠲᠦᠢᠮᠡᠷ ᠤᠨ ᠬᠡᠷᠡᠭ ᠤᠨ ᠵᠢᠱᠢᠶ᠎ᠡ ᠪᠠᠷ ᠰᠡᠷᠡᠮᠵᠢᠯᠡᠭᠦᠯᠭᠦ ᠬᠥᠮᠦᠵᠢᠯ ᠢ | ᠴᠢᠩᠭᠠᠳᠬᠠᠨ᠂ ᠭᠠᠯ ᠤᠨ ᠠᠶᠤᠯ ᠤᠨ ᠠᠳᠡᠯ ᠤᠨ ᠰᠢᠯᠲᠠᠭᠠᠨ ᠳᠤ ᠵᠠᠳᠠᠯᠤᠯᠲᠠ ᠬᠢᠵᠦ᠂ ᠣᠯᠠᠨ ᠨᠡᠶᠢᠲᠡ ᠶᠢᠨ ᠭᠠᠯ | ᠤᠨᠲᠠᠷᠠᠭᠠᠬᠤ ᠴᠢᠳᠠᠪᠤᠷᠢ ᠬᠡᠪ ᠴᠢᠨᠠᠷ ᠢ ᠳᠡᠭᠡᠭᠰᠢᠯᠡᠭᠦᠯᠭᠦ ᠬᠡᠷᠡᠭᠲᠡᠢ᠃ ᠠᠶᠤᠯ ᠦᠭᠡᠢ ᠭᠠᠯ ᠬᠡᠷᠡᠭᠯᠡᠬᠦ᠂ ᠴᠠᠭᠢᠯᠭᠠᠨ | ᠬᠡᠷᠡᠭᠯᠡᠬᠦ ᠂ ᠰᠢᠲᠠᠮᠠᠬᠠᠢ ᠬᠡᠢ ᠬᠡᠷᠡᠭᠯᠡᠬᠦ ᠂ ᠠᠶᠤᠯ ᠦᠭᠡᠢ ᠫᠤᠤᠵᠢᠩ ᠲᠠᠯᠪᠢᠬᠤ᠂ ︿ᠠᠮᠢ ᠨᠠᠰᠤᠨ ᠤ ᠨᠡᠪᠲᠡᠷᠡᠬᠦ ᠵᠠᠮ﹀ | ᠢ ᠰᠠᠭᠠᠳ ᠦᠭᠡᠢ ᠨᠡᠪᠲᠡᠷᠡᠭᠦᠯᠬᠦ᠂ ᠪᠠᠴᠢᠮ ᠪᠠᠶᠢᠳᠠᠯ ᠢ ᠠᠷᠭᠠᠴᠠᠵᠤ ᠲᠠᠷᠬᠠᠭᠠᠨ ᠠᠮᠢ ᠵᠢᠭᠤᠲᠠᠭᠤᠯᠬᠤ ᠵᠡᠷᠭᠡ | ᠶᠡᠷᠦ ᠶᠢᠨ ᠮᠡᠳᠡᠯᠭᠡ ᠶᠢᠨ ᠤᠬᠠᠭᠤᠯᠭ᠎ᠠ ᠶᠢ ᠥᠷᠭᠡᠨ ᠳᠡᠯᠭᠡᠷ ᠥᠷᠨᠢᠭᠦᠯᠵᠦ᠂ ᠠᠵᠤ ᠠᠬᠤᠶᠢᠯᠠᠯ ᠢ ᠬᠥᠲᠥᠯᠥᠨ | ᠵᠢᠯᠤᠭᠤᠳᠴᠤ ᠪᠠᠶᠢᠭᠠᠳ ︽ᠭᠤᠷᠪᠠ ᠶᠢ ᠴᠡᠪᠡᠷᠯᠡᠬᠦ ᠭᠤᠷᠪᠡ ᠶᠢ ᠬᠠᠭᠠᠬᠤ︾ ︵ ᠱᠠᠲᠤ ᠭᠤᠳᠤᠮᠵᠢ ᠶᠢ ᠴᠡᠪᠡᠷᠯᠡᠬᠦ᠂ | ᠨᠠᠷᠠᠪᠴᠢ ᠶᠢ ᠴᠡᠪᠡᠷᠯᠡᠬᠦ᠂ ᠲᠣᠭᠤᠭᠠᠨ ᠭᠡᠷ ᠢ ᠴᠡᠪᠡᠷᠯᠡᠬᠦ᠂ ᠭᠠᠯ ᠤᠨ ᠡᠬᠢ ᠶᠢ ᠬᠠᠭᠠᠬᠤ᠂ ᠴᠠᠭᠢᠯᠭᠠᠨ ᠤ ᠢᠷᠡᠯᠲᠡ ᠶᠢ | ᠬᠠᠭᠠᠬᠤ᠂ ᠬᠡᠢ ᠶᠢᠨ ᠢᠷᠡᠯᠲᠡ ᠶᠢ ᠬᠠᠭᠠᠬᠤ︶ ᠶᠢ ᠤᠬᠠᠮᠰᠠᠷ ᠠᠴᠠ ᠪᠠᠨ ᠨᠠᠶᠢᠳᠠᠪᠤᠷᠢᠵᠢᠭᠤᠯᠬᠤ ᠬᠡᠷᠡᠭᠲᠡᠢ᠃ | ︵ᠳᠥᠷᠪᠡ︶ ᠰᠣᠷᠢᠯᠲᠠ ᠶᠢᠨ ᠠᠵᠢᠯᠯᠠᠭ᠎ᠠ ᠶᠢ ᠶᠡᠬᠡᠪᠡᠷ ᠲᠥᠪᠯᠡᠷᠡᠭᠦᠯᠦᠨ ᠥᠷᠨᠢᠭᠦᠯᠦᠨ᠎ᠡ᠃ ᠡᠯ᠎ᠡ ᠠᠵᠤ | ᠠᠬᠤᠶᠢᠯᠠᠯ ᠰᠣᠷᠢᠯᠲᠠ ᠬᠢᠬᠦ ᠪᠡᠯᠡᠳᠬᠡᠯ ᠲᠥᠰᠥᠯ ᠲᠣᠭᠲᠠᠭᠠᠬᠤ᠂ ᠰᠣᠷᠢᠯᠲᠠ ᠬᠢᠬᠦ ᠪᠡᠯᠡᠳᠬᠡᠯ ᠢ ᠰᠠᠶᠢᠲᠤᠷ ᠬᠢᠬᠦ᠂ | ᠰᠣᠷᠢᠯᠲᠠ ᠬᠢᠬᠦ ᠶᠢ ᠵᠣᠬᠢᠶᠠᠨ ᠪᠠᠶᠢᠭᠤᠯᠤᠨ ᠬᠡᠷᠡᠭᠵᠢᠭᠦᠯᠬᠦ᠂ ᠠᠵᠢᠯᠯᠠᠭ᠎ᠠ ᠪᠠᠨ ᠳᠠᠭᠢᠨ ᠵᠠᠳᠠᠯᠵᠤ ᠦᠨᠡᠯᠡᠨ ᠵᠢᠱᠢᠬᠦ ᠶᠢ | ᠥᠷᠨᠢᠭᠦᠯᠬᠦ ᠠᠷᠭ᠎ᠠ ᠠᠯᠬᠤᠮ ᠳᠠᠷᠠᠭ᠎ᠠ ᠪᠠᠨ ᠲᠣᠭᠲᠠᠭᠠᠵᠤ᠂ ᠭᠠᠯ ᠤᠨᠲᠠᠷᠠᠭᠠᠬᠤ ᠠᠮᠤᠷ ᠲᠦᠪᠰᠢᠨ ᠤ ᠶᠡᠭᠡ | ᠰᠣᠷᠢᠯᠲᠠ ᠬᠢᠬᠦ ᠠᠵᠢᠯᠯᠠᠭ᠎ᠠ ᠶᠢ ᠵᠣᠬᠢᠶᠠᠨ ᠪᠠᠶᠢᠭᠤᠯᠤᠨ ᠥᠷᠨᠢᠭᠦᠯᠵᠦ᠂ ᠬᠥᠮᠥᠰ ᠤᠨ ᠠᠩᠬ᠎ᠠ ᠡᠭᠦᠰᠦᠭᠰᠡᠨ | ᠭᠠᠯ ᠤᠨ ᠠᠶᠤᠯ ᠢ ᠤᠨᠲᠠᠷᠠᠭᠠᠨ ᠠᠪᠤᠷᠠᠬᠤ ᠪᠠ ᠲᠠᠷᠬᠠᠭᠠᠵᠤ ᠠᠮᠢ ᠵᠢᠭᠤᠲᠠᠬᠤ ᠴᠢᠳᠠᠪᠤᠷᠢ ᠶᠢ ᠬᠦᠴᠦᠯᠡᠨ | ᠳᠡᠭᠡᠭᠰᠢᠯᠡᠭᠦᠯᠵᠦ᠂ ᠬᠥᠮᠥᠨ ᠪᠦᠭᠦᠨ ᠠᠮᠢ ᠵᠢᠭᠤᠲᠠᠬᠤ᠂ ᠬᠥᠮᠥᠨ ᠪᠦᠭᠦᠨ ᠪᠠᠴᠢᠮ ᠪᠠᠶᠢᠳᠠᠯ ᠢ ᠠᠷᠭᠠᠴᠠᠬᠤ ᠶᠢ | ᠴᠢᠷᠮᠠᠶᠢᠨ ᠪᠡᠶᠡᠯᠡᠭᠦᠯᠬᠦ ᠬᠡᠷᠡᠭᠲᠡᠢ᠃ | ︵ᠲᠠᠪᠤ︶ ᠪᠣᠯᠵᠣᠨ ᠶᠠᠷᠢᠯᠴᠠᠬᠤ ᠠᠵᠢᠯᠯᠠᠭ᠎ᠠ ᠶᠢ ᠲᠥᠪᠯᠡᠷᠡᠭᠦᠯᠦᠨ ᠥᠷᠨᠢᠭᠦᠯᠦᠨ᠎ᠡ᠃ ᠡᠯ᠎ᠡ ᠰᠠᠯᠠᠭ᠎ᠠ | ᠮᠥᠴᠢᠷ ᠤᠳ ᠶᠡᠭᠡ ᠵᠢᠭᠰᠠᠭᠠᠨ ᠪᠠᠶᠢᠴᠠᠭᠠᠬᠤ᠂ ᠶᠡᠭᠡ ᠴᠡᠭᠴᠡᠯᠡᠨ ᠵᠠᠰᠠᠬᠤ ᠠᠵᠢᠯᠯᠠᠭ᠎ᠠ ᠯᠤᠭ᠎ᠠ ᠤᠶᠠᠯᠳᠤᠭᠤᠯᠤᠨ᠂ | ᠭᠤᠣᠯᠳᠠᠯᠭ᠎ᠠ ᠲᠠᠢ ᠠᠵᠢᠯ ᠲᠥᠷᠥᠯ ᠤᠨ ᠬᠦᠷᠢᠶᠡᠨ ᠤ ᠭᠠᠯ ᠤᠨᠲᠠᠷᠠᠭᠠᠵᠤ ᠠᠶᠤᠯ ᠠᠴᠠ ᠬᠠᠮᠠᠭᠠᠯᠠᠬᠤ | ᠲᠦᠭᠰᠢᠭᠦᠷᠢ ᠶᠢ ᠬᠢᠨᠠᠮᠠᠭᠠᠢ ᠰᠤᠳᠤᠯᠤᠨ ᠮᠠᠭᠠᠳᠯᠠᠵᠤ᠂ ᠭᠠᠯ ᠤᠨ ᠠᠶᠤᠯ ᠣᠯᠠᠨᠲᠠ ᠭᠠᠷᠳᠠᠭ ᠣᠷᠣᠨ᠂ ᠠᠰᠠᠭᠤᠳᠠᠯ | ᠲᠣᠪᠣᠶᠢᠮ᠎ᠠ ᠠᠵᠢᠯ ᠲᠥᠷᠥᠯ ᠯᠦᠭᠡ ᠪᠣᠯᠵᠣᠨ ᠶᠠᠷᠢᠯᠴᠠᠬᠤ ᠠᠵᠢᠯ ᠢ ᠵᠣᠬᠢᠶᠠᠨ ᠪᠠᠶᠢᠭᠤᠯᠤᠨ ᠥᠷᠨᠢᠭᠦᠯᠵᠦ᠂ | ᠠᠵᠢᠯ ᠤᠨ ᠰᠡᠷᠡᠮᠵᠢ ᠶᠢᠨ ᠵᠠᠬᠢᠳᠠᠯ ᠲᠠᠷᠬᠠᠭᠠᠨ᠎ᠠ᠃ ᠳᠠᠯᠳᠠ ᠭᠡᠮ ᠢ ᠴᠡᠭᠴᠡᠯᠡᠨ ᠰᠠᠶᠢᠵᠢᠷᠠᠭᠤᠯᠬᠤ ᠳᠤ ᠬᠦᠴᠢᠷᠳᠡᠯ | ᠶᠡᠭᠡ᠂ ᠭᠠᠯ ᠤᠨ ᠠᠶᠤᠯ ᠤᠨ ᠲᠦᠭᠰᠢᠭᠦᠷᠢ ᠶᠡᠬᠡᠲᠡᠢ ᠪᠠᠶᠢᠪᠠᠯ᠂ ᠳᠠᠯᠳᠠ ᠭᠡᠮ ᠢ ᠴᠡᠭᠴᠡᠯᠡᠨ ᠰᠠᠶᠢᠵᠢᠷᠠᠭᠤᠯᠬᠤ | ᠲᠤᠬᠠᠢ ᠶᠢᠨ ᠭᠠᠵᠠᠷ ᠤᠨ ᠬᠤᠷᠠᠯ ᠢ ᠵᠣᠬᠢᠶᠠᠨ ᠪᠠᠶᠢᠭᠤᠯᠤᠨ ᠬᠤᠷᠠᠯᠳᠤᠭᠤᠯᠵᠤ᠂ ᠬᠠᠷᠢᠭᠤᠴᠠᠯᠭ᠎ᠠ ᠶᠢ ᠲᠣᠳᠣᠷᠬᠠᠶᠢᠯᠠᠨ | ᠂ ᠲᠦᠭᠰᠢᠭᠦᠷᠢ ᠶᠢ ᠲᠣᠳᠣᠷᠬᠠᠶᠢᠯᠠᠵᠤ᠂ ᠬᠤᠣᠷ ᠬᠥᠨᠥᠭᠡᠯ ᠢ ᠨᠢ ᠲᠣᠳᠣᠷᠬᠠᠶᠢᠯᠠᠨ᠂ ᠴᠡᠭᠴᠡᠯᠡᠨ ᠰᠠᠶᠢᠵᠢᠷᠠᠭᠤᠯᠵᠤ | ᠨᠠᠶᠢᠳᠠᠪᠤᠷᠢᠵᠢᠭᠤᠯᠬᠤ ᠬᠡᠷᠡᠭᠲᠡᠢ᠃ | ︵ᠵᠢᠷᠭᠤᠭ᠎ᠠ︶ ᠬᠠᠤᠯᠢ ᠬᠡᠷᠡᠭᠵᠢᠭᠦᠯᠦᠯᠲᠡ ᠶᠢ ᠲᠥᠪᠯᠡᠷᠡᠭᠦᠯᠦᠨ ᠥᠷᠨᠢᠭᠦᠯᠬᠦ ᠬᠡᠷᠡᠭᠲᠡᠢ᠃ ᠲᠤᠰ ᠨᠢᠭᠡᠴᠡ | ᠨᠢ ᠬᠠᠤᠯᠢ ᠬᠡᠷᠡᠭᠵᠢᠭᠦᠯᠬᠦ ᠪᠠᠭ᠎ᠠ ᠬᠤᠪᠢᠶᠠᠷᠢ ᠠᠩᠭᠢ ᠪᠠᠶᠢᠭᠤᠯᠵᠤ᠂ ᠰᠠᠯᠠᠭ᠎ᠠ ᠮᠥᠴᠢᠷ ᠤᠨ ᠤᠳᠤᠷᠢᠳᠤᠯᠭ᠎ᠠ ᠨᠢ | ᠠᠩᠭᠢ ᠳᠠᠭᠠᠭᠤᠯᠤᠨ᠂ ᠲᠤᠬᠠᠶᠢᠯᠠᠭᠰᠠᠨ ᠠᠵᠢᠯ ᠤᠨ ᠭᠤᠣᠯᠯᠠᠭᠴᠢ ᠬᠦᠴᠦᠨ ᠢ ᠲᠡᠳᠡᠨ ᠰᠢᠯᠵᠢᠭᠦᠯᠵᠦ᠂ ᠬᠦᠷᠢᠶ᠎ᠡ | ᠬᠡᠪᠴᠢᠶ᠎ᠡ ᠬᠤᠪᠢᠶᠠᠨ ᠲᠥᠪᠯᠡᠷᠡᠭᠦᠯᠦᠨ ᠪᠠᠶᠢᠴᠠᠭᠠᠯᠲᠠ ᠬᠢᠵᠦ᠂ ᠵᠣᠷᠢᠭᠲᠠᠢ ᠪᠠᠷ ᠦᠨᠡᠨ ᠪᠣᠳᠠᠲᠠᠢ ᠬᠦᠨᠳᠦ ᠬᠡᠴᠡᠭᠦᠦ | ᠪᠠᠶᠢᠳᠠᠯ ᠳᠤ ᠴᠢᠭᠯᠡᠨ᠂ ᠠᠰᠠᠭᠤᠳᠠᠯ ᠳᠤ ᠵᠣᠷᠢᠭᠲᠠᠢ ᠪᠠᠷ ᠰᠢᠭᠤᠳ ᠴᠣᠬᠢᠯᠲᠠ ᠥᠭᠴᠦ᠂ ᠪᠠᠶᠢᠴᠠᠭᠠᠭᠰᠠᠨ | ᠪᠠᠶᠢᠳᠠᠯ ᠢᠶᠠᠨ ᠦᠨᠡᠨ ᠪᠣᠳᠠᠲᠠᠢ ᠪᠠᠷ ᠬᠠᠷᠢᠭᠤ ᠲᠤᠰᠬᠠᠵᠤ᠂ ᠦᠨᠡᠨ ᠪᠣᠳᠠᠲᠠᠢ ᠪᠠᠶᠢᠴᠠᠭᠠᠯᠲᠠ ᠶᠢᠨ ᠦᠷ᠎ᠡ | ᠪᠦᠲᠦᠮᠵᠢ ᠶᠢ ᠣᠯᠬᠤ ᠬᠡᠷᠡᠭᠲᠡᠢ᠃ | ᠵᠢᠷᠭᠤᠭ᠎ᠠ᠂ ᠠᠵᠢᠯ ᠤᠨ ᠠᠯᠬᠤᠮ ᠳᠠᠷᠠᠭ᠎ᠠ | ︵ᠨᠢᠭᠡ︶ ᠳᠠᠶᠢᠴᠢᠯᠠᠨ ᠪᠠᠶᠢᠷᠢᠯᠠᠭᠤᠯᠬᠤ ︵2014 ᠣᠨ ᠤ 1 ᠳ᠋ᠦ᠋ᠭᠡᠷ ᠰᠠᠷ᠎ᠠ ᠶᠢᠨ ᠰᠡᠭᠦᠯᠴᠢ ᠠᠴᠠ | ᠡᠮᠦᠨ᠎ᠡ︶᠃ ᠡᠯ᠎ᠡ ᠰᠠᠯᠠᠭ᠎ᠠ ᠮᠥᠴᠢᠷ ᠤᠳ ᠪᠣᠳᠠᠲᠠᠢ ᠲᠠᠢ ᠪᠠᠨ ᠤᠶᠠᠯᠳᠤᠭᠤᠯᠤᠨ ᠲᠤᠰ ᠠᠵᠢᠯ ᠲᠥᠷᠥᠯ ᠤᠨ | ᠬᠦᠷᠢᠶ᠎ᠡ ᠴᠠᠷᠠᠭ᠎ᠠ ᠶᠢᠨ ᠭᠡᠮ ᠰᠣᠭᠤᠭ ᠢ ᠠᠷᠢᠯᠭᠠᠨ ᠶᠡᠬᠡᠪᠡᠷ ᠴᠡᠭᠴᠡᠯᠡᠨ ᠵᠠᠰᠠᠬᠤ ᠠᠵᠢᠯᠯᠠᠭ᠎ᠠ ᠶᠢᠨ ᠲᠥᠰᠥᠯ ᠢ | ᠨᠠᠷᠢᠯᠢᠭᠵᠢᠭᠤᠯᠵᠤ᠂ ᠴᠡᠭᠴᠡᠯᠡᠨ ᠵᠠᠰᠠᠬᠤ ᠬᠦᠷᠢᠶ᠎ᠡ ᠬᠡᠪᠴᠢᠶ᠎ᠡ ᠪᠠ ᠴᠡᠭᠴᠡᠯᠡᠨ ᠵᠠᠰᠠᠬᠤ ᠭᠤᠣᠯᠳᠠᠯᠭ᠎ᠠ ᠶᠢ | ᠲᠣᠳᠣᠷᠬᠠᠶᠢᠯᠠᠵᠤ᠂ ᠡᠭᠦᠷᠭᠡ ᠶᠢᠨ ᠠᠵᠢᠯ ᠤᠨ ᠬᠤᠪᠢᠶᠠᠷᠢᠯᠠᠯ ᠪᠠ ᠠᠵᠢᠯ ᠤᠨ ᠬᠠᠷᠢᠭᠤᠴᠠᠯᠭ᠎ᠠ ᠶᠢ ᠨᠠᠷᠢᠯᠢᠭᠵᠢᠭᠤᠯᠵᠤ᠂ | ᠲᠤᠰᠬᠠᠢ ᠰᠡᠳᠦᠪ ᠤᠨ ᠪᠠᠶᠢᠷᠢᠯᠠᠭᠤᠯᠤᠯᠲᠠ ᠬᠢᠬᠦ ᠬᠡᠷᠡᠭᠲᠡᠢ᠃ | ︵ᠬᠤᠶᠠᠷ︶ ᠭᠡᠮ ᠰᠣᠭᠤᠭ ᠢ ᠠᠷᠢᠯᠭᠠᠬᠤ ︵2014 ᠣᠨ ᠤ 3 ᠳ᠋ᠤᠭᠠᠷ ᠰᠠᠷ᠎ᠠ ᠶᠢᠨ ᠳᠤᠮᠳᠠᠴᠢ ᠠᠴᠠ | ᠡᠮᠦᠨ᠎ᠡ︶᠃ ᠭᠡᠮ ᠰᠣᠭᠤᠭ ᠢ ᠠᠷᠢᠯᠭᠠᠨ ᠪᠣᠭᠤᠮᠲᠠ ᠰᠢᠪᠲᠤᠯᠬᠤ ᠶᠡᠭᠡ ᠴᠡᠭᠴᠡᠯᠡᠨ ᠵᠠᠰᠠᠬᠤ ᠠᠵᠢᠯᠯᠠᠭ᠎ᠠ ᠶᠢᠨ | ᠪᠠᠶᠢᠷᠢᠯᠠᠭᠤᠯᠤᠯᠲᠠ ᠶᠣᠰᠣᠭᠠᠷ᠂ ᠶᠡᠭᠡ ᠵᠢᠭᠰᠠᠭᠠᠨ ᠪᠠᠶᠢᠴᠠᠭᠠᠬᠤ᠂ ᠶᠡᠭᠡ ᠴᠡᠭᠴᠡᠯᠡᠨ ᠵᠠᠰᠠᠬᠤ᠂ ᠶᠡᠬᠡᠪᠡᠷ ᠢᠯᠡᠴᠢᠯᠡᠬᠦ᠂ | ᠶᠡᠭᠡ ᠰᠣᠷᠢᠯᠲᠠ ᠬᠢᠬᠦ᠂ ᠪᠣᠯᠵᠣᠨ ᠶᠠᠷᠢᠯᠴᠠᠬᠤ ᠠᠵᠢᠯᠯᠠᠭ᠎ᠠ ᠶᠢ ᠲᠥᠪᠯᠡᠷᠡᠭᠦᠯᠦᠨ ᠥᠷᠨᠢᠭᠦᠯᠵᠦ᠂ ᠠᠵᠤ | ᠠᠬᠤᠶᠢᠯᠠᠯ ᠤᠨ ᠲᠣᠪᠣᠶᠢᠮ᠎ᠠ ᠲᠦᠭᠰᠢᠭᠦᠷᠢ ᠶᠢᠨ ᠳᠠᠯᠳᠠ ᠭᠡᠮ ᠢ ᠪᠦᠭᠦ ᠲᠠᠯ᠎ᠠ ᠪᠠᠷ ᠵᠢᠭᠰᠠᠭᠠᠨ ᠪᠠᠶᠢᠴᠠᠭᠠᠵᠤ᠂ | ᠴᠡᠭᠴᠡᠯᠡᠨ ᠵᠠᠰᠠᠬᠤ ᠭᠤᠣᠯᠳᠠᠯᠭ᠎ᠠ ᠲᠠᠢ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠤᠨ᠂ ᠶᠡᠭᠡ ᠴᠡᠭᠴᠡᠯᠡᠨ ᠵᠠᠰᠠᠬᠤ | ᠠᠵᠢᠯ ᠤᠨ ᠪᠣᠳᠠᠲᠤ ᠦᠷ᠎ᠡ ᠪᠦᠲᠦᠮᠵᠢ ᠣᠯᠬᠤ ᠶᠢ ᠦᠨᠡᠨᠬᠦ ᠪᠠᠲᠤᠯᠠᠨ᠎ᠠ᠃ | ︵ᠭᠤᠷᠪᠠ︶ ᠰᠢᠯᠭᠠᠨ ᠦᠨᠡᠯᠡᠨ ᠵᠢᠱᠢᠬᠦ ︵2014 ᠣᠨ ᠤ 3 ᠳ᠋ᠤᠭᠠᠷ ᠰᠠᠷ᠎ᠠ ᠶᠢᠨ ᠰᠡᠭᠦᠯᠴᠢ ᠠᠴᠠ | ᠡᠮᠦᠨ᠎ᠡ︶᠃ ᠡᠯ᠎ᠡ ᠲᠠᠰᠤᠭ ᠨᠢ ᠲᠥᠰᠥᠯ ᠲᠠᠢ ᠤᠶᠠᠯᠳᠤᠭᠤᠯᠤᠨ ᠰᠢᠯᠭᠠᠨ ᠦᠨᠡᠯᠡᠨ ᠵᠢᠱᠢᠬᠦ ᠠᠵᠢᠯ ᠥᠷᠨᠢᠭᠦᠯᠵᠦ᠂ | ᠦᠷ᠎ᠡ ᠪᠦᠲᠦᠮᠵᠢ ᠪᠠᠨ ᠳ᠋ᠦᠩᠨᠡᠨ᠂ ᠠᠰᠠᠭᠤᠳᠠᠯ ᠢ ᠮᠡᠳᠡᠭᠡᠯᠡᠨ᠎ᠡ᠃ ᠰᠢᠯᠭᠠᠨ ᠠᠪᠬᠤ ᠳᠤ ᠬᠢᠷᠢ ᠲᠡᠩᠴᠡᠭᠰᠡᠨ ᠦᠭᠡᠢ | ᠪᠣᠯ ᠭᠤᠣᠯᠳᠠᠯᠭ᠎ᠠ ᠲᠠᠢ ᠰᠢᠮᠳᠠᠭᠤᠯᠤᠨ ᠭᠦᠢᠴᠡᠳᠬᠡᠯᠭᠡᠵᠦ᠂ ᠭᠡᠮ ᠰᠣᠭᠤᠭ ᠢ ᠠᠷᠢᠯᠭᠠᠨ ᠪᠣᠭᠤᠮᠲᠠ ᠰᠢᠪᠲᠤᠯᠬᠤ | ᠶᠡᠭᠡ ᠴᠡᠭᠴᠡᠯᠡᠨ ᠵᠠᠰᠠᠬᠤ ᠠᠵᠢᠯᠯᠠᠭ᠎ᠠ ᠶᠢ ᠳᠠᠭᠢᠨ ᠵᠣᠬᠢᠶᠠᠨ ᠪᠠᠶᠢᠭᠤᠯᠤᠨ ᠥᠷᠨᠢᠭᠦᠯᠬᠦ ᠶᠢ ᠳᠠᠭᠠᠭᠠᠯᠭᠠᠬᠤ ᠬᠡᠷᠡᠭᠲᠡᠢ᠃ | | ᠳᠣᠯᠤᠭ᠎ᠠ᠂ ᠠᠵᠢᠯ ᠤᠨ ᠱᠠᠭᠠᠷᠳᠠᠯᠭ᠎ᠠ | ︵ᠨᠢᠭᠡ︶ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠬᠤ ᠬᠡᠷᠡᠭᠲᠡᠢ᠃ ᠡᠯ᠎ᠡ ᠰᠠᠯᠠᠭ᠎ᠠ | ᠲᠠᠰᠤᠭ ᠪᠣᠯᠣᠨ ᠠᠵᠤ ᠠᠬᠤᠶᠢᠯᠠᠯ ᠨᠢ ᠶᠡᠷᠦᠩᠬᠡᠢ ᠱᠦᠵᠢ ᠱᠢ ᠶᠢᠨ ᠫᠢᠩ ᠤᠨ ᠴᠢᠬᠤᠯᠠ ᠵᠢᠭᠠᠪᠤᠷᠢ ᠶᠢᠨ ᠵᠣᠷᠢᠭ | ᠰᠠᠨᠠᠭ᠎ᠠ ᠶᠢ ᠡᠷᠡᠰ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠨᠢᠭᠡᠳᠦᠯᠲᠡᠢ ᠲᠥᠯᠥᠪᠯᠡᠨ ᠬᠥᠭᠵᠢᠭᠦᠯᠬᠦ ᠪᠠ ᠠᠮᠤᠷ | ᠲᠦᠪᠰᠢᠨ ᠪᠠᠶᠢᠯᠭᠠᠬᠤ ᠪᠠᠶᠢᠷᠢᠨ ᠠᠴᠠ ᠠᠰᠠᠭᠤᠳᠠᠯ ᠢ ᠰᠢᠨᠵᠢᠵᠦ᠂ ᠤᠯᠤᠰ ᠲᠥᠷᠥ ᠶᠢᠨ ᠵᠣᠭᠰᠣᠴᠠ ᠪᠠᠨ | ᠳᠡᠭᠡᠭᠰᠢᠯᠡᠭᠦᠯᠦᠨ᠂ ᠭᠡᠮ ᠰᠣᠭᠤᠭ ᠢ ᠠᠷᠢᠯᠭᠠᠨ ᠪᠣᠭᠤᠮᠲᠠ ᠰᠢᠪᠲᠤᠯᠬᠤ ᠶᠡᠭᠡ ᠴᠡᠭᠴᠡᠯᠡᠨ ᠵᠠᠰᠠᠬᠤ ᠠᠵᠢᠯᠯᠠᠭ᠎ᠠ ᠶᠢ | ᠣᠳᠣᠬᠠᠨ ᠤ ᠨᠡᠶᠢᠭᠡᠮ ᠤᠨ ᠲᠣᠭᠲᠠᠭᠤᠨ ᠪᠠᠶᠢᠳᠠᠯ ᠢ ᠬᠠᠮᠠᠭᠠᠯᠠᠬᠤ ᠶᠡᠭᠡ ᠲᠠᠯ᠎ᠠ ᠶᠢᠨ ᠤᠯᠤᠰ ᠲᠥᠷᠥ ᠶᠢᠨ ᠡᠭᠦᠷᠭᠡ | ᠪᠣᠯᠭᠠᠨ ᠠᠳᠬᠤᠵᠤ᠂ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ᠂ ᠵᠢᠯᠣᠭᠤᠳᠤᠯᠭ᠎ᠠ ᠪᠠ ᠲᠣᠬᠢᠷᠠᠭᠤᠯᠭ᠎ᠠ ᠶᠢ | ᠴᠢᠩᠭᠠᠳᠬᠠᠨ᠂ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠠᠯ ᠤᠨᠲᠠᠷᠠᠭᠠᠬᠤ ᠠᠮᠤᠷ ᠲᠦᠪᠰᠢᠨ ᠤ | ᠬᠠᠷᠢᠭᠤᠴᠠᠯᠭ᠎ᠠ ᠶᠢᠨ ᠳᠦᠷᠢᠮ ᠤᠨ ᠬᠡᠷᠡᠭᠵᠢᠭᠦᠯᠬᠦ ᠠᠷᠭ᠎ᠠ︾ ︽ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ﹇ᠠᠵᠢᠯ ᠲᠥᠷᠥᠯ ᠢ ᠬᠠᠮᠢᠶᠠᠷᠬᠤ ᠳᠤ ᠡᠷᠬᠡᠪᠰᠢ ᠠᠮᠤᠷ ᠲᠦᠪᠰᠢᠨ ᠢ ᠬᠠᠮᠢᠶᠠᠷᠬᠤ᠂ ᠲᠤᠬᠠᠶᠢᠯᠠᠭᠰᠠᠨ | ᠠᠵᠢᠯ ᠢ ᠬᠠᠮᠢᠶᠠᠷᠬᠤ ᠳᠤ ᠡᠷᠬᠡᠪᠰᠢ ᠠᠮᠤᠷ ᠲᠦᠪᠰᠢᠨ ᠢ ᠬᠠᠮᠢᠶᠠᠷᠬᠤ᠂ ᠦᠢᠯᠡᠳᠪᠦᠷᠢᠯᠡᠯ ᠡᠵᠡᠩᠨᠡᠯᠲᠡ ᠶᠢ | ᠬᠠᠮᠢᠶᠠᠷᠬᠤ ᠳᠤ ᠡᠷᠬᠡᠪᠰᠢ ᠠᠮᠤᠷ ᠲᠦᠪᠰᠢᠨ ᠢ ᠬᠠᠮᠢᠶᠠᠷᠬᠤ﹈ ᠲᠣᠭᠲᠠᠭᠠᠯ ᠤᠳ︾ ᠢ ᠲᠣᠭᠲᠠᠭᠠᠨ᠂ | ᠬᠠᠷᠢᠭᠤᠴᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠬᠦᠴᠦᠨ ᠲᠡᠭᠦᠯᠳᠡᠷ ᠠᠷᠭ᠎ᠠ ᠬᠡᠮᠵᠢᠶ᠎ᠡ ᠠᠪᠴᠤ᠂ | ᠲᠦᠭᠰᠢᠭᠦᠷᠢ ᠶᠢᠨ ᠳᠠᠯᠳᠠ ᠭᠡᠮ ᠢ ᠬᠢᠨᠠᠮᠠᠭᠠᠢ ᠵᠢᠭᠰᠠᠭᠠᠨ ᠪᠠᠶᠢᠴᠠᠭᠠᠵᠤ᠂ ᠴᠡᠭᠴᠡᠯᠡᠨ ᠵᠠᠰᠠᠬᠤ ᠠᠵᠢᠯ ᠤᠨ ᠶᠠᠰᠤ | ᠴᠢᠨᠠᠷ ᠦᠷ᠎ᠡ ᠪᠦᠲᠦᠮᠵᠢ ᠶᠢ ᠴᠢᠩᠭ᠎ᠠ ᠠᠳᠬᠤᠨ᠂ ᠡᠯ᠎ᠡ ᠲᠥᠷᠥᠯ ᠤᠨ ᠭᠠᠯ ᠤᠨ ᠠᠶᠤᠯ ᠤᠨ ᠠᠳᠡᠯ ᠣᠯᠠᠨ ᠡᠭᠦᠰᠬᠦ | ᠦᠷᠭᠦᠯᠵᠢ ᠭᠠᠷᠬᠤ ᠬᠠᠨᠳᠤᠰᠢ ᠶᠢ ᠡᠷᠡᠰ ᠬᠤᠷᠢᠭᠯᠠᠵᠤ᠂ ᠠᠷᠠᠳ ᠣᠯᠠᠨ ᠤ ᠠᠮᠢ ᠨᠠᠰᠤ ᠡᠳ᠋ ᠬᠥᠷᠥᠩᠭᠡ ᠶᠢᠨ ᠠᠮᠤᠷ | ᠲᠦᠪᠰᠢᠨ ᠪᠠ ᠨᠡᠶᠢᠭᠡᠮ ᠤᠨ ᠶᠡᠭᠡ ᠲᠠᠯ᠎ᠠ ᠶᠢᠨ ᠲᠣᠭᠲᠠᠭᠤᠨ ᠪᠠᠶᠢᠬᠤ ᠶᠢ ᠦᠨᠡᠨᠬᠦ ᠪᠠᠲᠤᠯᠠᠬᠤ ᠬᠡᠷᠡᠭᠲᠡᠢ᠃ | ︵ᠬᠤᠶᠠᠷ︶ ᠨᠢᠭᠡᠳᠦᠯᠲᠡᠢ ᠲᠥᠯᠥᠪᠯᠡᠨ ᠠᠬᠢᠭᠤᠯᠬᠤ ᠶᠢ ᠴᠢᠩᠭᠠᠷᠠᠭᠤᠯᠤᠨ᠎ᠠ᠃ ᠡᠯ᠎ᠡ ᠰᠠᠯᠠᠭ᠎ᠠ ᠲᠠᠰᠤᠭ ᠨᠢ | ᠭᠡᠮ ᠰᠣᠭᠤᠭ ᠢ ᠠᠷᠢᠯᠭᠠᠨ ᠪᠣᠭᠤᠮᠲᠠ ᠰᠢᠪᠲᠤᠯᠬᠤ ᠶᠡᠭᠡ ᠴᠡᠭᠴᠡᠯᠡᠨ ᠵᠠᠰᠠᠬᠤ ᠠᠵᠢᠯᠯᠠᠭ᠎ᠠ ᠪᠠ ᠭᠠᠯ ᠤᠨᠲᠠᠷᠠᠭᠠᠬᠤ | ᠠᠮᠤᠷ ᠲᠦᠪᠰᠢᠨ ᠤ ᠦᠨᠳᠦᠰᠦᠨ ᠠᠴᠠ ᠨᠢ ᠵᠠᠰᠠᠬᠤ ᠭᠤᠷᠪᠠᠨ ᠵᠢᠯ ᠤᠨ ᠠᠵᠢᠯᠯᠠᠭ᠎ᠠ᠂ ᠴᠠᠭᠠᠨ ᠰᠠᠷ᠎ᠠ ᠶᠢᠨ ᠭᠠᠯ | ᠤᠨᠲᠠᠷᠠᠭᠠᠬᠤ ᠠᠮᠤᠷ ᠲᠦᠪᠰᠢᠨ ᠤ ᠠᠵᠢᠯ ᠵᠡᠷᠭᠡ ᠭᠤᠣᠯᠳᠠᠯᠭ᠎ᠠ ᠲᠠᠢ ᠡᠭᠦᠷᠭᠡ ᠶᠢ ᠪᠦᠲᠦᠮᠵᠢᠲᠡᠢ ᠤᠶᠠᠯᠳᠤᠭᠤᠯᠤᠨ᠂ | ᠵᠡᠷᠭᠡᠪᠡᠷ ᠠᠬᠢᠭᠤᠯᠵᠤ᠂ ᠰᠢᠰᠲ᠋ᠧᠮ ᠲᠠᠢ ᠵᠠᠰᠠᠯᠲᠠ᠂ ᠶᠡᠷᠦᠩᠬᠡᠶᠢᠯᠡᠭᠰᠡᠨ ᠵᠠᠰᠠᠯᠲᠠ᠂ ᠡᠬᠢ ᠡᠭᠦᠰᠦᠯ ᠠᠴᠠ ᠭᠠᠷᠳᠠᠬᠤ | ᠵᠠᠰᠠᠯᠲᠠ᠂ ᠬᠠᠤᠯᠢ ᠶᠣᠰᠣᠭᠠᠷ ᠵᠠᠰᠠᠬᠤ ᠪᠠᠨ ᠴᠢᠩᠭᠠᠳᠬᠠᠵᠤ᠂ ᠨᠢᠭᠡ ᠤᠳᠠᠭᠠᠨ ᠤ ᠪᠦᠭᠦ ᠲᠠᠯ᠎ᠠ ᠶᠢᠨ ᠠᠮᠤᠷ | ᠲᠦᠪᠰᠢᠨ ᠤ ᠲᠦᠭᠰᠢᠭᠦᠷᠢ ᠶᠢᠨ ᠦᠨᠡᠯᠡᠨ ᠵᠢᠱᠢᠯᠲᠡ ᠶᠢ ᠳᠠᠷᠤᠶᠢᠬᠠᠨ ᠵᠣᠬᠢᠶᠠᠨ ᠪᠠᠶᠢᠭᠤᠯᠤᠨ ᠥᠷᠨᠢᠭᠦᠯᠵᠦ᠂ ᠭᠡᠮ | ᠰᠣᠭᠤᠭ ᠤᠨ ᠠᠰᠠᠭᠤᠳᠠᠯ ᠲᠥᠪᠯᠡᠷᠡᠭᠰᠡᠨ ᠭᠤᠣᠯᠳᠠᠯᠭ᠎ᠠ ᠲᠠᠢ ᠬᠦᠷᠢᠶ᠎ᠡ᠂ ᠮᠡᠳᠡᠷᠡᠮᠵᠢ ᠶᠡᠬᠡᠳᠡᠢ ᠲᠠᠯᠠᠪᠤᠷ᠂ ᠪᠠᠭᠤᠷᠠᠢ | ᠭᠤᠭᠴᠤᠭ᠎ᠠ ᠶᠢ ᠣᠨᠣᠪᠴᠢᠲᠠᠢ ᠪᠥᠭᠡᠳ ᠬᠦᠴᠦᠨ ᠪᠦᠬᠦᠢ ᠠᠷᠭ᠎ᠠ ᠬᠡᠮᠵᠢᠶ᠎ᠡ ᠠᠪᠴᠤ ᠪᠠᠶᠢᠭᠠᠳ ᠪᠡᠷᠬᠡ ᠰᠡᠳᠦᠪ ᠢ | ᠬᠦᠴᠦᠯᠡᠨ ᠰᠢᠢᠳᠪᠦᠷᠢᠯᠡᠵᠦ᠂ ᠲᠤᠰ ᠠᠵᠢᠯ ᠲᠥᠷᠥᠯ ᠤᠨ ᠬᠦᠷᠢᠶ᠎ᠡ ᠴᠠᠷᠠᠭ᠎ᠠ ᠳᠠᠬᠢ ᠭᠠᠯ ᠤᠨᠲᠠᠷᠠᠭᠠᠬᠤ ᠠᠮᠤᠷ | ᠲᠦᠪᠰᠢᠨ ᠤ ᠪᠠᠶᠢᠳᠠᠯ ᠤᠨ ᠲᠣᠭᠲᠠᠭᠤᠨ ᠪᠠᠶᠢᠬᠤ ᠶᠢ ᠪᠦᠭᠦ ᠬᠦᠴᠦᠨ ᠢᠶᠠᠷ ᠢᠶᠠᠨ ᠬᠠᠮᠠᠭᠠᠯᠠᠬᠤ ᠬᠡᠷᠡᠭᠲᠡᠢ᠃ | ︵ᠭᠤᠷᠪᠠ︶ ᠬᠢᠨᠠᠯᠲᠠ ᠲᠠᠯᠪᠢᠵᠤ ᠦᠷ᠎ᠡ ᠪᠦᠳᠦᠮᠵᠢ ᠶᠢᠨ ᠬᠢᠨᠠᠯᠲᠠ ᠵᠢᠯᠤᠭᠤᠳᠤᠯᠭ᠎ᠠ ᠪᠠᠨ ᠴᠢᠩᠭᠠᠳᠬᠠᠬᠤ | ᠬᠡᠷᠡᠭᠲᠡᠢ᠃ ᠡᠯ᠎ᠡ ᠰᠠᠯᠠᠭ᠎ᠠ ᠲᠠᠰᠤᠭ ᠨᠢ ᠭᠡᠮ ᠰᠣᠭᠤᠭ ᠢ ᠠᠷᠢᠯᠭᠠᠨ ᠪᠣᠭᠤᠮᠲᠠ ᠰᠢᠪᠲᠤᠯᠬᠤ ᠶᠡᠭᠡ ᠴᠡᠭᠴᠡᠯᠡᠨ | ᠵᠠᠰᠠᠬᠤ ᠠᠵᠢᠯᠯᠠᠭ᠎ᠠ ᠶᠢ ᠡᠳᠦᠷ ᠳᠣᠳᠣᠮ ᠤᠨ ᠬᠢᠨᠠᠨ ᠵᠢᠯᠤᠭᠤᠳᠴᠤ ᠪᠠᠶᠢᠴᠠᠭᠠᠬᠤ ᠠᠭᠤᠯᠭ᠎ᠠ ᠳᠤ ᠣᠷᠣᠭᠤᠯᠵᠤ᠂ | ᠶᠠᠪᠤᠴᠠ ᠶᠢᠨ ᠬᠢᠨᠠᠨ ᠬᠠᠮᠢᠶᠠᠷᠤᠯᠲᠠ ᠪᠠ ᠬᠠᠷᠢᠭᠤᠴᠠᠯᠭ᠎ᠠ ᠨᠡᠬᠡᠮᠵᠢᠯᠡᠬᠦ ᠶᠢ ᠴᠢᠩᠭᠠᠳᠬᠠᠬᠤ ᠬᠡᠷᠡᠭᠲᠡᠢ᠃ ᠭᠡᠮ | ᠰᠣᠭᠤᠭ ᠢ ᠠᠷᠢᠯᠭᠠᠨ ᠪᠣᠭᠤᠮᠲᠠ ᠰᠢᠪᠲᠤᠯᠬᠤ ᠶᠡᠭᠡ ᠴᠡᠭᠴᠡᠯᠡᠨ ᠵᠠᠰᠠᠬᠤ ᠠᠵᠢᠯᠯᠠᠭ᠎ᠠ ᠶᠢᠨ ᠬᠤᠭᠤᠴᠠᠭᠠᠨ ᠳᠤ᠂ | ᠨᠡᠯᠢᠶᠡᠳ ᠶᠡᠭᠡ ᠠᠴᠠ ᠳᠡᠭᠡᠭᠰᠢᠬᠢ ᠭᠠᠯ ᠤᠨ ᠠᠶᠤᠯ ᠤᠨ ᠠᠳᠡᠯ ᠭᠠᠷᠤᠭᠰᠠᠨ ᠪᠠᠶᠢᠪᠠᠯ᠂ ᠳᠡᠰ ᠳᠠᠷᠠᠭᠠᠯᠠᠯ ᠶᠣᠰᠣᠭᠠᠷ | ᠬᠠᠷᠢᠭᠤᠴᠠᠯᠭ᠎ᠠ ᠨᠡᠬᠡᠮᠵᠢᠯᠡᠬᠦ ᠲᠣᠭᠲᠠᠴᠠ ᠶᠢ ᠡᠬᠢᠯᠡᠭᠦᠯᠵᠦ᠂ ᠳᠦᠷᠢᠮ ᠲᠣᠭᠲᠠᠭᠠᠯ ᠰᠠᠬᠢᠯᠭ᠎ᠠ ᠪᠠᠲᠤ ᠬᠠᠤᠯᠢ ᠴᠠᠭᠠᠵᠠ | ᠶᠣᠰᠣᠭᠠᠷ ᠬᠠᠮᠢᠶ᠎ᠠ ᠪᠦᠬᠦᠢ ᠬᠥᠮᠥᠰ ᠤᠨ ᠬᠠᠷᠢᠭᠤᠴᠠᠯᠭ᠎ᠠ ᠶᠢ ᠴᠢᠩᠭ᠎ᠠ ᠨᠡᠬᠡᠮᠵᠢᠯᠡᠨ᠎ᠡ᠃ | ᠰᠢᠯᠢ ᠶᠢᠨ ᠬᠤᠲᠠ ᠶᠢᠨ ᠠᠵᠤ ᠦᠢᠯᠡᠳᠪᠦᠷᠢ ᠪᠣᠯᠣᠨ ᠮᠡᠳᠡᠭᠡ ᠵᠠᠩᠭᠢᠴᠢᠯᠠᠯᠲᠠ ᠶᠢᠨ ᠲᠣᠪᠴᠢᠶ᠎ᠠ | 2024 ᠣᠨ ᠤ 2 ᠰᠠᠷ᠎ᠠ ᠶᠢᠨ 3 ᠤ ᠡᠳᠦᠷ | | |