ᠳᠦᠯ ᠤᠨ ᠤᠭᠤᠳᠠ ᠮᠢᠯᠢᠶᠠᠬᠤ ᠶᠤᠰᠤᠨ
ᠨᠡᠶᠢᠲᠡᠯᠡᠭᠰᠡᠨ ᠴᠠᠭ᠄
2017/7/10
   
             ᠳᠦᠯ ᠤᠨ ᠤᠭᠤᠳᠠ ᠭᠡᠵᠤ ᠬᠠᠪᠤᠷ ᠳᠦᠯ ᠳᠤᠰᠬᠤ ᠦᠶᠡᠰ ᠲᠤ ᠬᠤᠷᠠᠭ᠎ᠠ ᠢᠰᠢᠭᠡ ᠪᠠᠨ ᠬᠢᠳᠡᠭ ᠤᠭᠤᠳᠠ ᠶᠢ ᠬᠡᠯᠡᠳᠡᠭ᠃ ᠬᠠᠪᠤᠷ ᠬᠤᠨᠢ ᠬᠤᠷᠠᠭᠠᠯᠠᠵᠤ ᠡᠬᠢᠯᠡᠬᠦ ᠳᠤ ᠬᠤᠨᠢᠴᠢᠨ ᠬᠤᠷᠠᠭᠠᠨ ᠤ ᠪᠠᠨ ᠤᠭᠤᠳᠠ ᠶᠢ ᠠᠪᠴᠤ ᠶᠠᠪᠤᠳᠠᠭ ᠶᠤᠮ᠃ ᠤᠯᠠᠨ ᠬᠤᠨᠢ ᠲᠠᠢ ᠠᠶᠢᠯ ᠬᠤᠶᠠᠷ ᠤᠭᠤᠳᠠ ᠬᠡᠷᠡᠭᠯᠡᠳᠡᠭ᠃ ᠢᠰᠡᠭᠡᠢ ᠪᠠᠷ ᠬᠢᠭᠰᠡᠨ ᠪᠤᠯᠬᠤᠷ ᠤᠭᠤᠳᠠ ᠨᠢ ᠬᠦᠩᠭᠡᠨ ᠵᠦᠭᠡᠯᠡᠨ ᠪᠠᠶᠢᠳᠠᠭ ᠮᠦᠷᠳᠡᠭᠡᠨ ᠨᠢᠯᠬ᠎ᠠ ᠬᠤᠷᠠᠭ᠎ᠠ ᠢᠰᠢᠭᠡ ᠬᠢᠬᠦ ᠳᠤ ᠬᠠᠮᠤᠭ ᠤᠨ ᠵᠤᠬᠢᠮᠵᠢ ᠲᠠᠢ ᠶᠤᠮ᠃ ᠤᠭᠤᠳᠠ ᠳᠠᠭᠠᠨ ᠳᠡᠮᠡᠭᠡᠨ ᠤᠩᠭᠠᠰᠤ ᠪᠠᠷ ᠳᠡᠮᠤᠨ ᠤᠶᠤᠡᠡᠰᠡᠨ ᠤᠭᠤᠰᠤᠷ ᠬᠠᠳᠠᠳᠠᠭ᠃ ᠤᠭᠤᠳᠠ ᠨᠢ ᠨᠤᠷᠤᠪᠡᠯ ᠬᠠᠳᠠᠭᠠᠳᠠᠭ᠃ ᠮᠠᠯᠴᠢᠳ ᠬᠠᠪᠤᠷ ᠳᠦᠷᠤᠬᠦᠤ ᠤᠳᠠᠭ᠎ᠠ ᠤᠭᠤᠳᠠ ᠡᠬᠦᠷᠬᠦ ᠡᠳᠤᠷ ᠤᠭᠤᠳᠠ ᠎ ᠳᠠᠭᠠᠨ ᠰᠢᠬᠢᠷ ᠪᠤᠤᠪᠤ᠂ ᠦᠷᠤᠮ᠎ᠠ᠂ ᠬᠤᠷᠤᠳ᠂ ᠰᠢᠷ᠎ᠠ ᠳᠤᠰᠤ ᠵᠡᠷᠭᠡ ᠶᠢ ᠬᠢᠵᠤ ᠶᠠᠪᠤᠭᠤᠯᠳᠠᠭ ᠨᠢ ᠤᠤᠭᠠᠨ ᠳᠦᠯ ᠎ ᠢᠶᠠᠨ ᠳᠤᠰᠴᠤ᠂ ︽ᠤᠭᠤᠳᠠ ᠪᠠᠨ ᠮᠢᠯᠢᠶᠠᠵᠤ︾ ᠪᠠᠶᠢᠭ᠎ᠠ ᠶᠠᠪᠤᠳᠠᠯ ᠪᠤᠯᠤᠨ᠎ᠠ᠃ ᠳᠦᠯ ᠤᠨ ᠬᠦᠭ ᠤᠨ ᠦᠶᠡᠰ ᠲᠤ ᠦᠳᠡ ᠶᠢᠨ ᠭᠤᠤᠯ ᠢᠶᠠᠷ ᠬᠤᠨᠢ ᠪᠠᠨ ᠳᠤᠰᠴᠤ ᠬᠤᠷᠠᠭ᠎ᠠ ᠶᠢ ᠨᠢ ᠠᠪᠴᠢᠷᠠᠳᠠᠭ᠃ ᠬᠤᠨᠢ ᠳᠤᠰᠬᠤ ᠳᠤ ᠭᠡᠤᠭᠡᠳ ᠪᠠᠭᠠᠴᠤᠳ ᠤᠴᠢᠨ᠎ᠠ᠃ ᠬᠡᠷᠪᠡ ᠬᠤᠶᠠᠷ ᠠᠴᠠ ᠳᠡᠭᠡᠭᠰᠢ ᠢᠬᠢᠷᠡᠯᠡᠭᠰᠡᠨ ᠳᠦᠯ ᠭᠠᠷᠪᠠᠯ ᠭᠡᠳᠤᠨ ᠭᠡᠤᠭᠡᠳ ᠢ ᠤᠷᠤᠯᠳᠤᠭᠤᠯᠤᠨ ᠬᠦᠶᠤᠯᠭᠡᠵᠤ ᠢᠬᠢᠷ᠎ᠡ ᠳᠦᠯ ᠢ ᠳᠤᠰᠤᠭᠤᠯᠤᠨ᠂ ᠲᠡᠷᠢᠬᠦᠨ᠂ ᠳᠡᠳ᠋ ᠢ ᠨᠢ ᠱᠠᠩᠨᠠᠳᠠᠭ᠃ ᠮᠠᠯ ᠳᠦᠯᠯᠡᠵᠤ ᠪᠠᠶᠢᠭ᠎ᠠ‌ᠦᠶᠡᠰ ᠲᠤ ᠭᠡᠤᠭᠡᠳ ᠱᠠᠭ᠎ᠠ‌ᠨᠠᠭᠠᠳᠬᠤ ᠶᠢ ᠶᠡᠭᠡ ᠴᠡᠭᠡᠷᠯᠡᠳᠡᠭ᠃ ᠱᠠᠭ᠎ᠠ‌ᠨᠠᠭᠠᠳᠪᠠᠯ ᠮᠠᠶᠢᠭ ᠳᠦᠯ ᠭᠠᠷᠤᠨ᠎ᠠ ᠭᠡᠵᠤ ᠬᠡᠯᠡᠳᠡᠭ ᠶᠤᠮ᠃ ᠮᠠᠯ ᠳᠦᠯᠯᠠᠵᠤ ᠪᠠᠶᠢᠭ᠎ᠠ‌ᠢᠳᠡ ᠦᠶᠡᠰ ᠳᠦᠯ ᠢᠶᠠᠨ ᠳᠤᠭᠠᠯᠠᠬᠤ ᠶᠢ ᠴᠡᠭᠡᠷᠯᠡᠨ᠎ᠡ᠃ ᠬᠤᠷᠠᠭ᠎ᠠ‌ᠢᠰᠢᠭᠡ ᠴᠢᠮᠬᠢᠬᠦ ᠪᠤᠶᠤ ᠢᠮᠨᠡᠬᠦ ᠦᠶᠡᠰ ᠰᠠᠶ᠋ᠢ ᠳᠤᠭᠠᠯᠠᠯᠳᠠ ᠬᠢᠳᠡᠭ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号