ᠪᠢ ᠭᠤᠴᠢᠨ ᠨᠠᠢᠮᠠᠨ ᠵᠢᠯ ᠭᠡᠭᠡᠨ ᠳᠦᠷᠢ ᠶᠢ ᠨᠢ ᠪᠠᠷᠠᠳᠠᠵᠤ ᠶᠠᠪᠤᠭᠰᠠᠨ ᠨᠢᠭᠡᠨ ᠰᠠᠶᠢᠬᠠᠨ ᠬᠥᠮᠥᠨ ᠢ ᠨᠡᠬᠡᠨ | ᠳᠤᠷᠠᠰᠴᠤ ᠰᠠᠭᠤᠨ᠎ᠠ᠃ ᠡᠨᠡ ᠬᠥᠮᠥᠨ ᠨᠠᠷᠠᠳᠤ ᠳᠤ ᠲᠠᠯᠠᠨ ᠵᠢᠯ ᠤᠨ ᠬᠠᠪᠤᠷ ᠨᠠᠮᠤᠷ ᠢ ᠰᠠᠯᠬᠢ ᠰᠢᠭ᠋ | ᠲᠣᠭᠤᠯᠬᠤ ᠳᠠᠭᠠᠨ ᠨᠠᠮ᠎ᠠ ᠳᠤ ᠭᠤᠴᠢᠨ ᠨᠠᠢᠮᠠᠨ ᠵᠢᠯ ᠤᠨ ᠠᠵᠠ ᠵᠢᠷᠭᠠᠯ ᠬᠠᠶᠢᠷᠠᠯᠠᠭᠰᠠᠨ ᠶᠤᠮ᠃ ᠬᠥᠮᠥᠨ ᠤ | ᠠᠮᠢᠳᠤᠷᠠᠯ ᠳᠤ ᠬᠡᠳᠦᠨ ᠭᠤᠴᠢᠨ ᠨᠠᠢᠮᠠᠨ ᠵᠢᠯ ᠪᠠᠶᠢᠳᠠᠭ ᠪᠣᠯ︖ ᠡᠨᠡ ᠭᠤᠴᠢᠨ ᠨᠠᠢᠮᠠᠨ ᠵᠢᠯ ᠳᠤ ᠪᠢ | ᠶᠢᠷᠲᠢᠨᠴᠦ ᠶᠢᠨ ᠬᠠᠮᠤᠭ ᠤᠨ ᠪᠠᠶᠠᠨ ᠬᠥᠮᠥᠨ ᠶᠠᠪᠤᠭᠰᠠᠨ ᠨᠢ ᠦᠨᠡᠨ᠃ ᠨᠠᠮᠠᠶᠢ ᠬᠠᠶᠢᠷᠠᠯᠠᠵᠤ᠂ ᠬᠠᠮᠠᠭᠠᠯᠠᠵᠤ᠂ | ᠰᠤᠷᠭᠠᠵᠤ᠂ ᠵᠢᠷᠭᠠᠬᠤ ᠴᠠᠭ ᠲᠤᠨᠢ ᠪᠠᠶᠠᠷᠯᠠᠵᠤ᠂ ᠵᠣᠪᠠᠭ᠋ᠤ ᠴᠠᠭ ᠲᠤᠨᠢ ᠵᠣᠪᠠᠵᠤ ᠶᠠᠪᠤᠭᠰᠠᠨ ᠡᠨᠡ ᠬᠥᠮᠥᠨ ᠲᠠᠢ ᠪᠢ | ᠪᠠᠰᠠ ᠣᠯᠠᠨ ᠣᠯᠠᠨ ᠭᠤᠴᠢᠨ ᠨᠠᠢᠮᠠᠨ ᠵᠢᠯ ᠢ ᠬᠠᠮᠲᠤ ᠲᠣᠭᠤᠯᠣᠶᠠ ᠭᠡᠵᠦ ᠪᠡᠶ᠎ᠡ ᠰᠡᠳᠬᠢᠯ ᠢᠶᠠᠷ ᠢᠶᠠᠨ ᠬᠦᠰᠡᠨ | ᠴᠢᠷᠮᠠᠶᠢᠭᠰᠠᠨ ᠪᠤᠯᠪᠠᠴᠣ ᠁ | ᠡᠨᠡ ᠬᠥᠮᠥᠨ ᠮᠢᠨᠤ ᠠᠪᠤ ᠪᠠᠶᠢᠯ᠎ᠠ᠃ | ᠲᠡᠷᠡ ᠵᠢᠯ ᠤᠨ ︽ᠠᠯᠳᠠᠨ ᠭᠠᠨᠳᠠᠷᠢ︾ ᠰᠡᠳᠬᠦᠯ ᠳᠡᠭᠡᠷ᠎ᠡ ᠪᠢ ᠪᠤᠷᠬᠠᠨ ᠤ ᠣᠷᠣᠨ ᠢ ᠵᠣᠷᠢᠵᠤ ᠶᠠᠪᠤᠭᠰᠠᠨ | ᠠᠪᠤ ᠶᠢᠨ ᠢᠶᠠᠨ ᠲᠤᠬᠠᠢ ︽ᠴᠠᠰᠤᠲᠤ ᠠᠯᠲᠠᠢ ᠶᠢᠨ ᠨᠣᠶᠠᠨ ᠰᠠᠷᠢᠳᠠᠭ︾ ᠭᠡᠰᠡᠨ ᠤᠷᠲᠤᠬᠠᠨ ᠨᠠᠶᠢᠷᠠᠭᠤᠯᠤᠯ ᠪᠢᠴᠢᠵᠦ | ᠨᠡᠶᠢᠲᠡᠯᠡᠭᠦᠯᠵᠦ ᠠᠪᠤ ᠪᠠᠨ ᠳᠤᠷᠠᠰᠤᠯ᠎ᠠ᠃ ᠯᠠᠪᠰᠠᠯᠠᠨ ᠣᠷᠣᠬᠤ ᠴᠠᠰᠤ ᠶᠢ ᠴᠣᠩᠬᠤ ᠪᠠᠷ ᠬᠠᠷᠠᠨ ᠪᠢᠷ ᠴᠠᠭᠠᠰᠤ | ᠬᠤᠶᠠᠷ ᠢ ᠨᠡᠶᠢᠯᠡᠭᠦᠯᠵᠦ ᠰᠠᠭᠤᠬᠤ ᠳᠤ ᠪᠤᠳᠤᠯ ᠬᠦᠨᠳᠦ᠃ ᠪᠥᠵᠢᠨ ᠤᠨᠠᠬᠤ ᠴᠠᠰᠤᠨ ᠰᠢᠷᠬᠡᠭ ᠤᠨ ᠲᠤᠭ᠎ᠠ ᠪᠠᠷ | ᠰᠠᠨᠠᠯ᠎ᠠ ᠭᠡᠪᠡᠯ ᠬᠤᠳᠠᠯ ᠪᠢᠰᠢ᠃ | ᠴᠠᠰᠤᠨ ᠰᠢᠷᠬᠡᠭ ᠤᠨ ᠲᠤᠭ᠎ᠠ ᠪᠠᠷ ᠪᠤᠳᠣᠯ ᠳᠤ ᠨᠡᠪᠴᠢᠨ ᠢᠷᠡᠬᠦ ᠲᠡᠷᠡ ᠣᠯᠠᠨ ᠳᠤᠷᠠᠳᠬᠠᠯ ᠠᠴᠠ ᠪᠢ | ᠠᠪᠤ ᠶᠢᠨ ᠢᠶᠠᠨ ᠲᠡᠷᠡ ᠤᠳᠠᠭᠠᠨ ᠤ ᠦᠯᠢᠭᠡᠷ ᠦᠢᠯᠡ ᠶᠢ ᠰᠠᠨᠠᠬᠤ ᠪᠦᠷᠢ᠂ ᠠᠪᠤ ᠮᠢᠨᠢ ᠲᠡᠭᠡᠵᠦ ᠨᠢᠭᠡ ᠬᠡᠯᠡᠭᠰᠡᠨ | ᠦᠭᠡᠢ ᠪᠣᠯ ᠮᠢᠨᠤ ᠥᠨᠥᠳᠥᠷ ᠤᠨ ᠠᠵᠠ ᠵᠢᠷᠭᠠᠯᠲᠤ ᠠᠮᠢᠳᠤᠷᠠᠯ ᠪᠠᠶᠢᠳᠠᠭ ᠪᠣᠯᠪᠠ ᠦᠦ︖ ᠭᠡᠵᠦ ᠪᠤᠳᠤᠳᠠᠭ᠃ | ᠲᠡᠭᠡᠵᠦ ᠪᠤᠳᠤᠬᠤ ᠪᠦᠷᠢ ᠦᠷ᠎ᠡ ᠬᠡᠦᠬᠡᠳ ᠪᠣᠯᠣᠭᠰᠠᠳ ᠤᠨ ᠰᠡᠳᠬᠢᠯ ᠰᠠᠨᠠᠭᠠᠨ ᠳᠤ ᠠᠪᠤ ᠡᠵᠢ ᠬᠤᠶᠠᠷ ᠤᠨ | ᠬᠥᠮᠥᠵᠢᠭᠦᠯᠦᠯ ᠬᠡᠳᠦᠢ ᠴᠢᠬᠤᠯᠠ ᠪᠠᠶᠢᠳᠠᠭ ᠢ᠂ ᠬᠡᠳᠦᠢ ᠥᠨᠳᠥᠷ ᠪᠠᠶᠢᠳᠠᠭ ᠢ ᠣᠶᠢᠯᠠᠭᠠᠬᠤ ᠪᠦᠷᠢ᠄ ︽ᠠᠪᠤ ᠴᠢᠨᠢ | ᠶᠡᠭᠡ ᠠᠮᠠᠷ ᠦᠭᠡᠢ ᠬᠥᠮᠥᠨ ᠪᠠᠶᠢᠭᠰᠠᠨ︕︾ ᠭᠡᠵᠦ ᠬᠥᠮᠥᠰ ᠤᠨ ᠬᠡᠯᠡᠭᠰᠡᠨ ᠦᠭᠡ ᠰᠠᠨᠠᠭᠳᠠᠨ᠎ᠠ᠃ | ᠭᠤᠷᠪᠠᠳᠤᠭᠠᠷ ᠣᠨ ᠤ ᠵᠣᠨ ᠤ ᠠᠮᠠᠷᠠᠯᠲᠠ ᠶᠢᠨ ᠡᠳᠦᠷ ᠬᠤᠨᠤᠭ ᠢ ᠣᠲᠣᠷ ᠳᠡᠭᠡᠷ᠎ᠡ ᠥᠩᠭᠡᠷᠡᠭᠦᠯᠦᠭᠰᠡᠨ | ᠲᠡᠷᠡ ᠵᠢᠯ ᠤᠨ ᠨᠠᠮᠤᠷ᠂ ᠪᠢ ᠳᠥᠷᠪᠡᠳᠦᠭᠡᠷ ᠣᠨ ᠳᠤ ᠲᠡᠪᠰᠢᠨ ᠣᠷᠣᠬᠤ ᠪᠣᠯᠵᠤ᠂ ᠠᠪᠤ ᠨᠠᠮᠠᠶᠢ ᠰᠤᠷᠭᠠᠭᠤᠯᠢ ᠳᠤ | ᠬᠦᠷᠭᠡᠬᠦ ᠪᠣᠯᠣᠯ᠎ᠠ᠃ ᠰᠤᠷᠭᠠᠭᠤᠯᠢ ᠳᠤ ᠶᠠᠪᠤᠬᠤ ᠥᠷᠯᠥᠭᠡ ᠲᠡᠭᠷᠢ ᠰᠠᠶᠢᠬᠠᠨ ᠪᠠᠶᠢᠭᠰᠠᠨ ᠴᠣ᠋ ᠮᠢᠨᠤ ᠰᠡᠳᠬᠢᠯ ᠳᠤ | ᠬᠠᠷᠠᠩᠭᠤᠢ᠃ ᠪᠢ ᠦᠭᠡ ᠳᠠᠭᠤ ᠦᠭᠡᠢ᠂ ᠣᠭᠢᠯᠠᠭᠠᠳ ᠪᠠᠶᠢᠪᠠ᠃ ᠭᠡᠷ ᠲᠤ ᠮᠢᠨᠤ ᠮᠡᠭᠰᠢᠨ ᠣᠭᠢᠯᠠᠬᠤ ᠠᠴᠠ | ᠥᠭᠡᠷ᠎ᠡ ᠴᠢᠮᠡᠭᠡ ᠠᠨᠢᠷ ᠠᠯᠠᠭ᠎ᠠ᠃ | ︽ᠵᠠ᠂ ᠶᠠᠪᠤᠶ᠎ᠠ︕︾ ᠭᠡᠵᠦ ᠠᠪᠤ ᠥᠭᠦᠯᠡᠭᠡᠳ ᠮᠢᠨᠤ ᠪᠣᠭᠴᠣ ᠡᠨᠡ ᠲᠡᠷᠡ ᠶᠢ ᠠᠪᠤᠭᠠᠳ ᠭᠠᠷᠪᠠ᠃ | ︽ᠵᠠ᠂ ᠬᠦᠦ ᠮᠢᠨᠢ ᠰᠤᠷᠭᠠᠭᠤᠯᠢ ᠳᠠᠭᠠᠨ ᠶᠠᠪᠤ᠃ ᠡᠵᠢ ᠨᠢ ᠮᠠᠯ ᠤᠨ ᠬᠤᠶᠢᠨ᠎ᠠ ᠠᠴᠠ ᠭᠠᠷᠤᠯ᠎ᠠ᠃ ᠬᠤᠶᠠᠷ | ᠳᠡᠭᠦᠦ ᠴᠢᠨᠢ ᠢᠰᠢᠭᠡ ᠬᠤᠷᠠᠭ᠎ᠠ ᠪᠠᠨ ᠪᠡᠯᠴᠢᠭᠡᠭ︕︾ ᠭᠡᠵᠦ ᠡᠵᠢ ᠵᠠᠬᠢᠭᠠᠳ ᠶᠠᠪᠤᠴᠢᠬᠠᠯ᠎ᠠ᠃ | ᠬᠤᠶᠠᠷ ᠳᠡᠭᠦᠦ ᠨᠠᠮᠠᠶᠢ ᠪᠠᠭ᠋ᠠᠨ ᠬᠠᠷᠠᠵᠤ ᠵᠣᠭᠰᠣᠭᠰᠠᠨ ᠢᠶᠠᠨ ᠬᠤᠶᠢᠨ᠎ᠠ ᠬᠤᠶᠢᠨ᠎ᠠ ᠠᠴᠠ ᠪᠠᠨ ᠴᠤᠪᠤᠷᠠᠯᠳᠤᠨ | ᠭᠠᠷᠤᠯ᠎ᠠ᠃ ᠪᠢ ᠭᠡᠷ ᠲᠤ ᠭᠠᠭᠴᠠᠭᠠᠷ ᠦᠯᠡᠳᠡᠴᠢᠬᠡᠪᠡ᠃ ᠣᠲᠣᠷ ᠤᠨ ᠪᠠᠶᠢᠰᠢᠩ ᠴᠣ᠋ ᠭᠡᠰᠡᠨ ᠶᠠᠭᠤ ᠪᠦᠭᠦᠨ | ᠨᠢᠳᠦᠨ ᠳᠤ ᠳᠤᠯᠠᠭᠠᠬᠠᠨ᠃ ᠠᠳᠡ ᠰᠠᠭᠤᠭᠠᠳ ᠪᠠᠶᠢᠮᠠᠷ ᠰᠠᠨᠠᠭᠳᠠᠨ᠎ᠠ᠃ ᠲᠡᠭᠡᠵᠦ ᠪᠠᠶᠢᠲᠠᠯ᠎ᠠ ᠠᠪᠤ ᠶᠢᠨ ᠮᠠᠯ | ᠲᠠᠭᠤᠬᠤ ᠴᠢᠮᠡᠭᠡ ᠲᠣᠭᠤᠯᠳᠠᠯᠠ᠃ ᠰᠤᠷᠭᠠᠭᠤᠯᠢ ᠶᠢᠨ ᠬᠢᠨ ᠮᠠᠨ ᠤ ᠬᠢ ᠠᠴᠠ ᠠᠷᠪᠠᠨ ᠮᠠᠯ ᠠᠪᠤᠭᠰᠠᠨ ᠢ ᠪᠠᠰᠠ | ᠬᠦᠷᠭᠡᠨ᠎ᠡ ᠰᠢᠣ᠃ | ᠪᠢ ᠶᠠᠭᠠᠷᠠᠨ ᠭᠠᠷᠤᠯ᠎ᠠ᠃ ᠡᠵᠢ ᠪᠠᠶᠢᠭᠰᠠᠨ ᠪᠣᠯ ᠪᠠᠰᠠ ᠴᠢᠷᠭᠠᠯᠠᠮᠠᠷ ᠰᠠᠨᠠᠭᠳᠠᠭᠰᠠᠨ ᠴᠣ᠋ ᠡᠵᠢ ᠪᠢᠰᠢ᠂ ᠠᠪᠤ | ᠶᠠᠪᠤᠭ᠎ᠠ ᠰᠢᠣ᠄ | ︽ᠬᠡᠦᠬᠡ ᠠ᠋︕ ᠣᠨᠤᠭ᠎ᠠ ᠪᠠᠨ ᠣᠨᠣ᠃ ᠠᠪᠤ ᠨᠢ ᠮᠠᠯ ᠲᠠᠭᠤᠶᠠ︾ ᠭᠡᠵᠦ ᠥᠭᠦᠯᠡᠭᠰᠡᠨ ᠠᠪᠤ ᠬᠡᠳᠦᠨ | ᠮᠠᠯ ᠲᠠᠢ ᠪᠠᠨ ᠨᠣᠴᠣᠯᠳᠤᠨ᠎ᠠ᠃ ᠲᠥᠯ ᠤᠨ ᠬᠤᠶᠢᠨ᠎ᠠ ᠠᠴᠠ ᠭᠠᠷᠤᠭᠰᠠᠨ ᠬᠤᠶᠠᠷ ᠳᠡᠭᠦᠦ ᠶᠢᠨ ᠤᠬᠤᠷᠢᠨ ᠶᠠᠪᠤᠭ᠎ᠠ | ᠬᠠᠷᠠᠭᠳᠠᠨ᠎ᠠ᠃ ᠪᠢᠳᠠ ᠬᠡᠨ ᠠᠯᠢᠨ ᠠᠴᠠ ᠰᠠᠯᠬᠤ ᠳᠤᠷ᠎ᠠ ᠦᠭᠡᠢ ᠪᠠᠶᠢᠭᠰᠠᠨ ᠴᠣ᠋ ᠁ ᠮᠢᠨᠤ ᠨᠢᠯᠪᠤᠰᠤ ᠳᠠᠭᠢᠨ | ᠠᠰᠬᠠᠷᠠᠯ᠎ᠠ᠃ | ᠣᠨᠤᠭ᠎ᠠ ᠣᠨᠣᠭᠰᠠᠨ ᠪᠢ ᠰᠡᠭᠦᠯ ᠮᠤᠰᠬᠢᠵᠤ᠂ ᠮᠠᠯ ᠲᠠᠭᠤᠭᠰᠠᠨ ᠠᠪᠤ ᠬᠤᠰᠢᠭᠤᠴᠢᠯᠠᠵᠤ᠂ ᠪᠢᠳᠠ | ᠬᠤᠶᠠᠷ ᠤᠨ ᠬᠤᠭᠤᠷᠤᠨᠳᠣᠭᠢ ᠵᠠᠢ ᠣᠷᠳᠤᠰᠣᠬᠰᠠᠭᠠᠷ ᠪᠠᠶᠢᠪᠠ᠃ ᠡᠷᠭᠢᠨ ᠬᠠᠷᠠᠬᠤ ᠪᠦᠷᠢ ᠬᠤᠶᠠᠷ ᠳᠡᠭᠦᠦ ᠶᠢᠨ ᠪᠠᠷ᠎ᠠ | ᠭᠡᠷ ᠤᠨ ᠬᠤᠶᠢᠲᠤ ᠣᠷᠣᠢ ᠳᠡᠭᠡᠷ᠎ᠡ ᠬᠠᠳᠠᠭᠠᠰᠤᠲᠠᠢ᠃ ᠮᠢᠨᠤ ᠬᠤᠶᠢᠨ᠎ᠠ ᠠᠴᠠ᠂ ᠰᠤᠷᠭᠠᠭᠤᠯᠢ ᠳᠤ ᠶᠠᠪᠤᠭᠰᠠᠨ | ᠠᠬ᠎ᠠ ᠶᠢᠨ ᠬᠤᠶᠢᠨ᠎ᠠ ᠠᠴᠠ ᠰᠡᠳᠬᠢᠯ ᠡᠮᠲᠡᠷᠡᠨ ᠦᠳᠡᠵᠦ ᠪᠠᠶᠢᠭ᠎ᠠ ᠨᠢ ᠲᠡᠷᠡ᠃ ᠲᠥᠯ ᠡᠮᠦᠨ᠎ᠡ ᠵᠦᠭ ᠲᠤ | ᠪᠡᠯᠴᠢᠭᠡᠭᠰᠡᠨ ᠴᠣ᠋ ᠡᠵᠢ ᠶᠢᠨ ᠪᠠᠷ᠎ᠠ ᠠᠯᠲᠠᠷᠬᠠᠤ ᠪᠠᠷ ᠲᠥᠯ ᠢᠶᠠᠨ ᠡᠷᠭᠢᠭᠦᠯᠵᠦ ᠠᠪᠤ ᠪᠢᠳᠠ ᠬᠤᠶᠠᠷ ᠤᠨ ᠶᠠᠪᠤᠭᠰᠠᠨ | ᠵᠦᠭ ᠲᠤ ᠬᠠᠨᠳᠤᠭᠤᠯᠵᠤ ᠳ᠋ᠠ᠃ ᠦᠭᠦᠴᠡ ᠶᠢᠨ ᠴᠢᠯᠦᠭᠡ ᠪᠠᠷ ᠬᠠᠷᠢᠵᠤ ᠢᠷᠡᠬᠦ ᠳᠤ ᠬᠤᠶᠠᠷ ᠳᠡᠭᠦᠦ ᠮᠢᠨᠢ ᠨᠠᠮᠠᠶᠢ | ᠤᠭᠲᠤᠵᠤ ᠠᠪᠤᠭᠠᠳ᠄ | ︽ᠠᠬ᠎ᠠ ᠶᠢ ᠳᠡᠭᠦᠵᠢᠩ ᠣᠪᠣᠭ᠎ᠠ ᠪᠠᠷ ᠴᠠᠭᠠᠰᠢ ᠣᠷᠣᠨ ᠣᠷᠣᠲᠠᠯ᠎ᠠ ᠪᠢᠳᠠ ᠬᠤᠶᠠᠷ ᠬᠤᠶᠢᠨ᠎ᠠ ᠠᠴᠠ ᠴᠢᠨᠢ | ᠬᠠᠷᠠᠵᠤ ᠵᠣᠭᠰᠣᠭᠰᠠᠨ ᠶᠤᠮ︾ ᠭᠡᠵᠦ ᠤᠶᠠᠷᠠᠨ ᠥᠭᠦᠯᠡᠵᠦ᠂ ᠨᠢᠯᠪᠤᠰᠤ ᠪᠠᠨ ᠠᠷᠴᠢᠵᠤ ᠪᠢᠯᠡ᠃ | ᠳᠡᠭᠦᠵᠢᠩ ᠣᠪᠣᠭ᠎ᠠ ᠣᠲᠣᠷ ᠤᠨ ᠭᠡᠷ ᠠᠴᠠ ᠪᠠᠷᠠᠭᠤᠨ ᠬᠤᠶᠢᠲᠤ ᠵᠦᠭ ᠲᠤ ᠰᠦᠮᠡᠯᠵᠡᠨ ᠬᠠᠷᠠᠭᠳᠠᠳᠠᠭ | ᠥᠨᠳᠥᠷ ᠣᠷᠣᠢ᠃ ᠲᠡᠭᠦᠨ ᠤ ᠴᠠᠭᠠᠳᠠᠢ ᠠᠭᠤᠯᠵᠠᠷ ᠭᠠᠴᠠᠭᠠᠨ ᠤ ᠲᠥᠪ ᠬᠠᠷᠠᠭᠳᠠᠳᠠᠭ᠃ ᠠᠪᠤ ᠬᠡᠳᠦᠨ ᠮᠠᠯ ᠢᠶᠠᠨ | ᠲᠠᠭᠤᠵᠤ ᠳᠡᠭᠦᠵᠢᠩ ᠣᠪᠣᠭ᠎ᠠ ᠪᠠᠷ ᠴᠠᠭᠠᠰᠢ ᠣᠷᠣᠬᠤ ᠳᠤ ᠪᠢ ᠨᠢᠯᠪᠤᠰᠤ ᠪᠠᠨ ᠠᠷᠴᠢᠵᠤ ᠬᠤᠶᠢᠨ᠎ᠠ ᠠᠴᠠ ᠨᠢ | ᠬᠤᠷᠳᠤᠯᠠᠪᠠ᠃ ᠣᠨᠤᠭ᠎ᠠ ᠲᠠᠢ ᠬᠥᠮᠥᠨ ᠶᠠᠪᠠᠭᠠᠨ ᠢᠶᠠᠷ ᠮᠠᠯ ᠲᠠᠭᠤᠭᠰᠠᠨ ᠬᠥᠮᠥᠨ ᠠᠴᠠ ᠤᠳᠠᠭᠠᠨ ᠪᠠᠶᠢᠵᠤ ᠪᠤᠯᠳᠠᠭ | ᠶᠤᠮ ᠦᠦ︖ ᠮᠢᠨᠤ ᠵᠣᠪᠠᠯᠠᠩ ᠢ ᠣᠨᠣᠭᠰᠠᠨ ᠬᠤᠯᠠ ᠮᠣᠷᠢ ᠮᠢᠨᠢ ᠮᠡᠳᠡᠵᠦ ᠪᠠᠶᠢᠭ᠎ᠠ ᠮᠡᠲᠦ ᠬᠠᠱᠠᠩ᠃ ᠭᠤᠶᠠᠳᠠᠵᠤ | ᠰᠢᠪᠠᠳᠠᠭᠰᠠᠭᠠᠷ ᠬᠤᠶᠢᠨ᠎ᠠ ᠠᠴᠠ ᠨᠢ ᠭᠦᠢᠴᠡᠵᠦ ᠬᠦᠷᠬᠦ ᠳᠤ ᠠᠪᠤ ᠠᠭᠤᠯᠵᠠᠷ ᠭᠠᠴᠠᠭᠠᠨ ᠤ ᠰᠠᠩ ᠤᠨ ᠭᠡᠷ ᠤᠨ | ᠡᠭᠦᠳᠡᠨ ᠲᠠᠶᠢᠰᠠᠨ ᠳᠤ ᠰᠠᠭᠤᠭ᠎ᠠ ᠬᠠᠷᠠᠭᠳᠠᠯ᠎ᠠ᠃ ᠬᠡᠳᠦᠨ ᠢᠮᠠᠭ᠎ᠠ ᠮᠢᠨᠢ ᠴᠣ᠋ ᠵᠡᠭᠦᠨ ᠤᠷᠤᠭᠰᠢ ᠪᠠᠨ ᠬᠠᠷᠠᠨ | ᠬᠤᠰᠢᠭᠤᠷᠠᠨ ᠬᠡᠪᠲᠡᠵᠡᠢ᠃ ᠮᠢᠨᠤ ᠰᠤᠷᠤᠯᠭ᠎ᠠ ᠶᠢᠨ ᠲᠥᠯᠥᠪᠦᠷᠢ ᠳᠤ ᠡᠨᠡ ᠬᠡᠳᠦᠨ ᠢᠮᠠᠭ᠎ᠠ ᠶᠢ ᠰᠤᠷᠭᠠᠭᠤᠯᠢ ᠳᠤ | ᠥᠭᠭᠦᠭᠰᠡᠨ ᠶᠤᠮ᠃ ᠣᠨᠤᠭ᠎ᠠ ᠪᠠᠨ ᠱᠣᠩ ᠠᠴᠠ ᠠᠷᠠᠢ ᠶᠠᠳᠠᠨ ᠤᠶᠠᠵᠤ ᠪᠠᠶᠢᠲᠠᠯ᠎ᠠ ᠠᠪᠤ᠄ | ︽ᠬᠡᠦᠬᠡ ᠠ᠋︕ ᠨᠠᠭᠠᠰᠢ ᠪᠠᠨ ᠢᠷ᠎ᠡ᠃ ᠠᠪᠤ ᠨᠢ ᠦᠵᠡᠶ᠎ᠡ︾ ᠭᠡᠯᠡ᠃ | ᠠᠪᠤ ᠶᠡᠷᠦ ᠠᠴᠠ ᠪᠢᠳᠠᠨ ᠢ ᠬᠠᠷᠢᠶᠠᠵᠤ ᠵᠠᠩᠨᠠᠳᠠᠭ ᠦᠭᠡᠢ ᠴᠣ᠋ ᠬᠠᠶᠠ ᠨᠢᠭᠡ ᠭᠢᠯᠦᠶᠢᠵᠦ ᠬᠠᠷᠠᠬᠤ ᠪᠠᠷ ᠶᠠᠰᠤ | ᠱᠠᠷᠬᠢᠷᠠᠬᠤ ᠰᠢᠭ᠋ ᠪᠤᠯᠳᠠᠭ ᠨᠢ ᠰᠣᠨᠢᠨ᠃ ᠪᠢ ᠠᠪᠤ ᠳᠤ ᠣᠶᠢᠷᠠᠲᠤᠵᠤ ᠣᠴᠢᠭᠠᠳ ᠰᠣᠴᠢᠯ᠎ᠠ᠄ ᠲᠠᠶᠢᠰᠠ ᠶᠢ | ᠲᠣᠭᠤᠷᠢᠭᠠᠳ ᠲᠠᠮᠠᠬᠢ ᠶᠢᠨ ᠶᠣᠵᠣᠭᠤᠷ ᠴᠠᠶᠢᠷᠠᠵᠠᠢ᠃ ᠠᠪᠤ ᠨᠠᠮᠠᠶᠢ ᠬᠦᠯᠢᠶᠡᠭᠡᠳ᠂ ᠠᠳᠡ ᠬᠡᠳᠦᠢ ᠤᠳᠠᠭᠰᠠᠨ ᠪᠣᠯ︖ | ᠣᠳᠤ ᠯᠠ ᠵᠠᠩᠨᠠᠬᠤ ᠪᠠᠶᠢᠬ᠎ᠠ ᠭᠡᠵᠦ ᠪᠤᠳᠣᠬᠰᠠᠨ ᠮᠢᠨᠤ ᠬᠤᠶᠠᠷ ᠬᠥᠯ ᠵᠥᠷᠢᠬᠦ ᠳᠤ ᠬᠦᠴᠢᠷ ᠪᠣᠯᠪᠠ᠃ | ᠲᠣᠯᠣᠭᠠᠢ ᠪᠠᠨ ᠤᠨᠵᠢᠢᠯᠭᠠᠨ ᠬᠦᠷᠬᠦ ᠳᠤ᠄ | ︽ᠬᠡᠦᠬᠡ ᠠ᠋︕ ᠨᠠᠭᠠᠰᠢ ᠢᠷ᠎ᠡ᠂ ᠠᠳᠡ ᠰᠠᠭᠤ᠃ ᠠᠪᠤ ᠨᠢ ᠦᠵᠡᠶ᠎ᠡ︾ ᠭᠡᠯᠡ᠃ | ᠪᠢ ᠲᠠᠶᠢᠰᠠᠨ ᠳᠡᠭᠡᠷ᠎ᠡ ᠪᠢᠰᠢ᠂ ᠠᠪᠤ ᠶᠢᠨ ᠢᠶᠠᠨ ᠡᠪᠦᠳᠦᠭ ᠢ ᠲᠦᠰᠢᠨ ᠭᠠᠵᠠᠷ ᠴᠣᠮᠴᠣᠶᠢᠨ ᠰᠠᠭᠤᠬᠤ ᠳᠤ | ᠨᠢᠯᠪᠤᠰᠤ ᠮᠠᠯ ᠭᠡᠯᠡ᠃ ᠠᠪᠤ ᠵᠠᠩᠨᠠᠬᠤ ᠦᠭᠡᠢ ᠶᠤᠮ ᠪᠠᠶᠢᠨ᠎ᠠ ᠭᠡᠵᠦ ᠪᠠᠶᠠᠷᠯᠠᠬᠤ ᠤᠶᠠᠷᠠᠬᠤ ᠬᠤᠣᠰᠯᠠᠨ ᠪᠠᠶᠢᠲᠠᠯ᠎ᠠ ᠠᠪᠤ | ᠮᠢᠨᠤ ᠲᠣᠯᠣᠭᠠᠢ ᠶᠢ ᠠᠶᠠᠷᠬᠠᠨ ᠢᠯᠪᠢᠭᠡᠳ᠄ | ︽ᠬᠡᠦᠬᠡ ᠠ᠋︕ ᠴᠢ ᠦᠵᠡ᠃ ᠣᠳᠤ ᠬᠤᠶᠠᠷᠬᠠᠨ ᠵᠢᠯ ᠪᠣᠯᠪᠠᠯ ᠪᠠᠭ᠎ᠠ ᠰᠤᠷᠭᠠᠭᠤᠯᠢ ᠲᠡᠭᠦᠰᠴᠢᠬᠡᠨᠡ᠃ | ᠲᠠᠶᠢᠮᠦ ᠪᠢᠰᠢ ᠦᠦ︖ ᠬᠡᠳᠦᠢ ᠤᠳᠠᠬᠤ ᠳ᠋ᠠ᠃ ᠬᠤᠶᠠᠷᠬᠠᠨ ᠵᠢᠯ ᠰᠢᠣ᠂ ᠮᠢᠨᠤ ᠬᠦᠦ︾ ᠭᠡᠳ ᠮᠢᠨᠤ ᠤᠷᠳᠤᠭᠤᠷ | ᠬᠤᠶᠠᠷ ᠬᠤᠷᠤᠭᠤ ᠪᠠᠨ ᠬᠥᠳᠡᠯᠭᠡᠯᠡ᠃ ᠨᠢᠯᠪᠤᠰᠤᠨ ᠳᠤ ᠪᠦᠷᠬᠦᠭᠰᠡᠨ ᠨᠢᠳᠦ ᠪᠠᠷ ᠬᠠᠷᠠᠬᠤ ᠳᠤ ᠨᠢᠭᠡ ᠨᠢ ᠬᠤᠮᠣᠭᠤᠷ | ᠬᠤᠷᠤᠭᠤ᠂ ᠨᠦᠭᠦᠭᠡ ᠨᠢ ᠳᠤᠮᠳᠠ ᠬᠤᠷᠤᠭᠤ᠃ ᠠᠪᠤ ᠶᠢᠨ ᠣᠷᠳᠤ᠂ ᠪᠦᠳᠦᠭᠦᠨ ᠬᠤᠶᠠᠷ ᠬᠤᠷᠤᠭᠤ ᠬᠤᠯᠠ | ᠮᠣᠷᠢᠨ ᠤ ᠮᠢᠨᠢ ᠬᠤᠶᠠᠷ ᠴᠢᠬᠢ ᠰᠢᠭ ᠬᠠᠶᠢᠴᠢᠯᠠᠵᠤ ᠬᠠᠷᠠᠭᠳᠠᠨ᠎ᠠ᠃ | ᠰᠡᠳᠬᠢᠯ ᠣᠩᠭᠤᠶᠢᠭᠠᠳ ᠶᠠᠪᠤᠴᠢᠬᠠᠪᠠ᠄ ᠦᠨᠡᠬᠡᠷ ᠳ᠋ᠠ᠂ ᠬᠤᠶᠠᠷᠬᠠᠨ ᠵᠢᠯ᠃ ᠪᠢ ᠶᠠᠭᠠᠬᠢᠭᠠᠳ ᠡᠭᠦᠨ ᠢ | ᠪᠤᠳᠣᠵᠣ ᠣᠯᠣᠭᠰᠠᠨ ᠦᠭᠡᠢ ᠶᠤᠮ︖ ᠨᠢᠭᠡ᠂ ᠬᠤᠶᠠᠷ᠂ ᠡᠨᠡ ᠴᠢᠨᠢ ᠢᠷᠡᠴᠢᠬᠡᠭᠰᠡᠨ ᠪᠢᠰᠢ ᠶᠤᠮ ᠦᠦ︖ | ᠪᠤᠳᠣᠯ ᠶᠠᠭᠠᠷᠠᠬᠤ ᠰᠢᠭ᠋ ᠪᠣᠯᠪᠠ᠃ ᠬᠤᠷᠳᠤᠨ ᠶᠠᠪᠤᠶ᠎ᠠ᠂ ᠡᠨᠡ ᠬᠤᠶᠠᠷ ᠵᠢᠯ ᠢᠶᠠᠨ ᠬᠤᠷᠳᠤᠨ ᠪᠠᠷᠠᠭᠠᠶᠠ᠃ ᠲᠡᠭᠡᠪᠡᠯ | ᠪᠢ ᠪᠠᠭ᠎ᠠ ᠰᠤᠷᠭᠠᠭᠤᠯᠢ ᠪᠠᠨ ᠲᠡᠭᠦᠰᠬᠡᠴᠢᠬᠡᠬᠦ ᠪᠢᠰᠢ ᠶᠤᠮ ᠦᠦ︖ ᠭᠡᠵᠦ ᠤᠷᠮᠠᠰᠢᠭᠰᠠᠨ ᠪᠢ᠄ | ︽ᠠᠪᠤ ᠠ᠋︕ ᠣᠳᠤ ᠶᠠᠪᠤᠴᠢᠬᠠᠶ᠎ᠠ︾ ᠭᠡᠪᠡ᠃ | ︽ᠵᠠ ᠲᠡᠭᠡᠶ᠎ᠡ︕︾ | ᠠᠳᠡ ᠤᠳᠠᠭᠠᠨ ᠰᠠᠭᠤᠬᠤ ᠪᠠᠷ ᠰᠤᠷᠭᠠᠭᠤᠯᠢ ᠳᠤ ᠥᠩᠭᠡᠷᠡᠭᠦᠯᠬᠦ ᠴᠠᠭ ᠢᠶᠠᠨ ᠬᠤᠷᠳᠤᠨ ᠳᠥᠬᠦᠭᠦᠯᠦᠶᠡ ᠭᠡᠵᠦ | ᠪᠤᠳᠣᠬᠰᠠᠨ ᠶᠤᠮ᠃ ᠢᠩᠭᠢᠵᠦ ᠪᠤᠳᠤᠭᠠᠳ ᠢᠷᠡᠬᠦ ᠳᠤ ᠪᠢ ᠡᠷᠴᠢ ᠲᠠᠢ ᠴᠣ᠋᠂ ᠬᠦᠴᠦ ᠲᠠᠢ ᠴᠣ᠋ ᠪᠣᠯᠣᠯ᠎ᠠ᠃ | ᠰᠡᠳᠬᠢᠯ ᠤᠨ ᠲᠠᠮᠢᠷ ᠭᠡᠵᠦ ᠡᠶᠢᠮᠦ ᠯᠡ ᠴᠢᠩᠭ᠎ᠠ ᠪᠠᠶᠢᠳᠠᠭ ᠢ ᠪᠢ ᠠᠭᠤᠯᠵᠠᠷ ᠭᠠᠴᠠᠭᠠᠨ ᠤ ᠰᠠᠩ ᠤᠨ ᠭᠡᠷ ᠤᠨ | ᠱᠦᠢᠨᠢ ᠲᠠᠶᠢᠰᠠᠨ ᠳᠤ ᠰᠠᠭᠤᠭ᠎ᠠ ᠠᠪᠤ ᠶᠢᠨ ᠢᠶᠠᠨ ᠶᠠᠷᠢᠭᠰᠠᠨ ᠦᠭᠡ ᠠᠴᠠ ᠮᠡᠳᠡᠭᠰᠡᠨ ᠶᠤᠮ᠃ ᠠᠪᠤ ᠪᠢᠳᠠ ᠬᠤᠶᠠᠷ | ᠮᠠᠯ ᠢᠶᠠᠨ ᠲᠠᠭᠤᠵᠤ ᠰᠤᠷᠭᠠᠭᠤᠯᠢ ᠶᠢ ᠴᠢᠭᠯᠡᠨ ᠬᠥᠳᠡᠯᠦᠯ᠎ᠡ᠃ ᠪᠢ ᠴᠣ᠋ ᠭᠡᠰᠡᠨ ᠨᠢᠯᠪᠤᠰᠤ ᠪᠠᠨ ᠭᠤᠭᠤᠵᠢᠭᠤᠯᠤᠭᠰᠠᠨ | ᠬᠡᠦᠬᠡᠳ ᠪᠢᠰᠢ᠂ ᠠᠪᠤ ᠶᠢᠨ ᠠᠯᠢᠶ᠎ᠠ ᠦᠷ᠎ᠡ ᠪᠣᠯᠵᠤ᠂ ᠮᠠᠯ ᠢᠶᠠᠨ ᠴᠤᠭ ᠲᠠᠭᠤᠨ᠎ᠠ᠃ ᠠᠪᠤ ᠪᠠᠶᠢᠨ ᠪᠠᠶᠢᠨ ᠢᠰᠭᠢᠷᠴᠣ | ᠂ ᠬᠠᠶᠠ ᠬᠠᠶᠠ ᠳᠠᠭᠤᠤ ᠭᠢᠩᠰᠢᠨ᠎ᠡ᠃ ᠠᠪᠤ ᠶᠢᠨ ᠳᠠᠭᠤᠯᠠᠬᠤ ᠶᠢ ᠪᠢ ᠰᠠᠶ᠋ᠢ ᠰᠣᠨᠣᠰᠪᠠ᠃ ᠠᠪᠤ ᠪᠠᠰᠠ ᠳᠠᠭᠤᠯᠠᠳᠠᠭ | ᠪᠠᠶᠢᠭᠰᠠᠨ ᠪᠠᠶᠢᠵᠠᠢ᠃ | ᠪᠢ ᠠᠭᠤᠯᠵᠠᠷ ᠭᠠᠴᠠᠭ᠎ᠠ ᠪᠠᠷ ᠢᠷᠡᠬᠦ ᠪᠦᠷᠢ ᠠᠪᠤ ᠶᠢᠨ ᠢᠶᠠᠨ ᠰᠠᠭᠤᠵᠤ ᠪᠠᠶᠢᠭᠰᠠᠨ ᠰᠠᠩ ᠤᠨ ᠭᠡᠷ ᠤᠨ | ᠡᠭᠦᠳᠡᠨ ᠤ ᠱᠦᠢᠨᠢ ᠲᠠᠶᠢᠰᠠ ᠳᠡᠭᠡᠷ᠎ᠡ ᠤᠳᠠᠲᠠᠯ᠎ᠠ ᠰᠠᠭᠤᠳᠠᠭ᠃ ᠡᠨᠡ ᠲᠠᠶᠢᠰᠠᠨ ᠳᠡᠭᠡᠷ᠎ᠡ ᠰᠠᠭᠤᠭᠠᠳ ᠬᠡᠳᠦᠨ | ᠢᠮᠠᠭ᠎ᠠ ᠲᠠᠢ ᠪᠠᠨ ᠴᠤᠭ᠂ ᠨᠢᠯᠪᠤᠰᠤᠲᠠᠢ ᠨᠢᠳᠦ ᠪᠠᠷ ᠭᠡᠷ ᠤᠨ ᠢᠶᠠᠨ ᠪᠠᠶᠢᠭ᠎ᠠ ᠵᠦᠭ ᠲᠤ ᠤᠶᠠᠷᠠᠨ ᠬᠠᠷᠠᠵᠤ ᠰᠠᠭᠤᠭ᠎ᠠ | ᠠᠷᠭᠠᠴᠠᠭ᠎ᠠ ᠦᠭᠡᠢ ᠬᠥᠭᠡᠷᠦᠬᠦᠢ ᠳᠦᠷᠢ ᠪᠠᠨ ᠪᠤᠳᠣᠵᠣ ᠣᠯᠬᠤ ᠪᠦᠷᠢ᠄ | ︽ᠬᠡᠦᠬᠡ ᠠ᠋︕ ᠴᠢ ᠦᠵᠡ᠃ ᠣᠳᠤ ᠬᠤᠶᠠᠷᠬᠠᠨ ᠵᠢᠯ ᠪᠣᠯᠪᠠᠯ ᠪᠠᠭ᠎ᠠ ᠰᠤᠷᠭᠠᠭᠤᠯᠢ ᠪᠠᠨ | ᠲᠡᠭᠦᠰᠬᠡᠴᠢᠬᠡᠨᠡ᠃ ᠲᠠᠶᠢᠮᠦ ᠪᠢᠰᠢ ᠦᠦ︖ ᠬᠡᠳᠦᠢ ᠤᠳᠠᠬᠤ ᠳ᠋ᠠ᠃ ᠬᠤᠶᠠᠷᠬᠠᠨ ᠵᠢᠯ ᠰᠢᠣ᠂ ᠮᠢᠨᠤ ᠬᠦᠦ︾ ᠬᠡᠮᠡᠨ | ᠠᠶᠠᠷᠬᠠᠨ ᠥᠭᠦᠯᠡᠬᠦ ᠠᠪᠤ ᠶᠢᠨ ᠮᠢᠨᠢ ᠬᠡᠯᠡᠭᠰᠡᠨ ᠦᠭᠡ ᠰᠣᠨᠣᠰᠳᠠᠨ᠎ᠠ᠃ ᠠᠳᠡ ᠠᠴᠠ ᠪᠢ ᠬᠦᠴᠦ ᠠᠪᠴᠤ᠂ | ᠢᠷᠡᠭᠡᠳᠦᠢ ᠵᠦᠭ ᠢᠶᠠᠨ ᠪᠠᠷᠳᠠᠮ ᠠᠯᠬᠤᠭᠰᠠᠨ ᠲᠡᠦᠬᠡ ᠲᠠᠢ ᠰᠠᠨ᠃ | ᠰᠡᠳᠬᠢᠯ ᠮᠢᠨᠢ ᠬᠠᠮᠤᠭ ᠤᠨ ᠬᠡᠪᠡᠷᠡᠭ᠂ ᠬᠠᠮᠤᠭ ᠤᠨ ᠡᠮᠵᠡᠭ ᠪᠠᠶᠢᠭᠰᠠᠨ ᠴᠠᠭ ᠲᠤ ᠬᠠᠮᠤᠭ ᠤᠨ ᠵᠥᠭᠡᠯᠡᠨ | ᠦᠭᠡ ᠪᠠᠷ ᠬᠦᠦ ᠪᠠᠨ ᠤᠷᠮᠠᠰᠢᠭᠤᠯᠤᠭᠰᠠᠨ ᠠᠪᠤ ᠮᠢᠨᠢ ᠁ |