ᠬᠡᠷᠪᠡ ᠪᠢ ᠶᠢᠰᠦᠨ ᠭᠡᠯᠡ ᠮᠡᠳᠡᠳᠡᠭ ᠰᠠᠨ ᠪᠣᠯ ᠁
ᠨᠡᠶᠢᠲᠡᠯᠡᠭᠰᠡᠨ ᠴᠠᠭ᠄
2024/6/17
     ᠬᠠᠮᠲᠤ ᠶᠢᠨ ᠮᠠᠯ ᠮᠠᠯᠵᠢᠵᠤ ᠪᠠᠶᠢᠭᠰᠠᠨ ᠦᠶ᠎ᠡ ᠳᠤ ᠮᠠᠨ ᠤ ᠬᠠᠷᠢᠭᠤᠯᠳᠠᠭ ᠰᠦᠷᠦᠭ ᠲᠤ ᠴᠢᠨᠳᠠᠭ᠎ᠠ ᠨᠡᠷ᠎ᠡ  ᠲᠠᠢ ᠴᠠᠭᠠᠨ ᠢᠩᠭᠡᠨ ᠠᠴᠠ ᠴᠠᠪ ᠴᠠᠭᠠᠨ ᠪᠣᠲᠣᠭᠤ ᠭᠠᠷᠪᠠ᠃ ᠭᠤᠪᠢ ᠶᠢᠨ ᠬᠢᠨ ᠬᠦᠷᠡᠩ᠂ ᠤᠯᠠᠭᠠᠨ᠂ ᠰᠢᠷ᠎ᠠ ᠵᠢᠰᠦᠮ ᠤᠨ ᠲᠡᠮᠡᠭᠡ ᠭᠤᠣᠯᠲᠠᠢ ᠮᠠᠯᠵᠢᠵᠤ᠂ ᠴᠠᠭᠠᠨ ᠲᠡᠮᠡᠭᠡ ᠶᠢ ᠰᠣᠨᠢᠭᠤᠴᠢᠯᠠᠨ ᠪᠠᠭ᠋ᠠᠷᠬᠠᠳᠠᠭ᠃      ᠨᠢᠭᠡ ᠡᠳᠦᠷ ᠪᠢ ᠪᠣᠲᠣᠭᠤ ᠲᠠᠢ ᠢᠩᠭᠡ ᠪᠠᠨ ᠬᠤᠷᠢᠶᠠᠨ ᠬᠤᠲᠠᠯᠠᠭᠤᠯᠵᠤ ᠶᠠᠪᠤᠲᠠᠯ᠎ᠠ ᠴᠢᠨᠳᠠᠭ᠎ᠠ ᠪᠣᠲᠣᠭᠤ ᠲᠠᠢ ᠪᠠᠨ ᠬᠤᠶᠠᠭᠤᠯᠠ ᠪᠠᠶᠢᠨ ᠪᠠᠶᠢᠨ ᠪᠤᠶᠢᠯᠠᠭᠠᠳ ᠪᠠᠶᠢᠯ᠎ᠠ᠃ ︽ᠶᠠᠮᠠᠷᠪᠠ ᠠᠮᠢᠳᠠᠨ ᠳᠤ ᠥᠪᠡᠷ ᠥᠪᠡᠷ ᠤᠨ ᠬᠢᠨᠢ ᠦᠭᠡ ᠭᠡᠯᠡ ᠪᠠᠶᠢᠳᠠᠭ᠃ ᠶᠢᠰᠦᠨ ᠭᠡᠯᠡ ᠮᠡᠳᠡᠳᠡᠭ ᠬᠥᠮᠥᠨ ᠰᠠᠶ᠋ᠢ ᠠᠯᠢᠪᠠ ᠠᠮᠢᠲᠠᠳ ᠤᠨ ᠦᠭᠡ ᠭᠡᠯᠡ ᠶᠢ ᠣᠶᠢᠯᠠᠭᠠᠳᠠᠭ ᠭᠡᠨ᠎ᠡ︾ ᠭᠡᠵᠦ ᠨᠠᠰᠤᠲᠠᠶᠢᠴᠤᠳ ᠤᠨ ᠬᠠᠭᠤᠴᠢᠯᠠᠬᠤ ᠶᠢ ᠪᠢᠰᠢᠭᠦᠢ ᠠᠷᠪᠢᠨ ᠰᠣᠨᠣᠰᠤᠭᠰᠠᠨ ᠪᠢ ︽ᠶᠢᠰᠦᠨ ᠭᠡᠯᠡ ᠮᠡᠳᠡᠳᠡᠭ ᠴᠤ ᠪᠣᠯᠣᠭᠠᠰᠠᠢ᠂ ᠡᠨᠡ ᠡᠬᠡ ᠬᠦᠦ ᠬᠤᠶᠠᠷ ᠤᠨ ᠶᠠᠭᠤ ᠶᠠᠷᠢᠵᠤ ᠶᠠᠪᠤᠭ᠎ᠠ ᠶᠢ ᠮᠡᠳᠡᠬᠦ ᠶᠤᠮ ᠰᠠᠨ︕︾ ᠭᠡᠵᠦ ᠪᠤᠳᠤᠪᠠ᠃ ᠦᠨᠡᠰᠦᠨ ᠳᠡᠭᠡᠷ᠎ᠡ ᠣᠴᠢᠭᠠᠳ ᠨᠠᠯᠠᠬᠤ ᠳᠠᠭᠠᠨ ᠭᠦᠷᠲᠡᠯ᠎ᠡ ᠪᠤᠶᠢᠯᠠᠬᠤ ᠪᠠᠷ ᠨᠢ ᠪᠢ ᠶᠡᠬᠡᠳᠡ ᠭᠠᠶᠢᠬᠠᠵᠤ᠄ ︽ᠡᠵᠢ ᠠ᠋᠂ ᠴᠢᠨᠳᠠᠭ᠎ᠠ ᠪᠣᠲᠣᠭᠤ ᠲᠠᠢ ᠪᠠᠨ ᠪᠠᠶᠢᠨ ᠪᠠᠶᠢᠨ ᠪᠤᠶᠢᠯᠠᠭᠠᠳ ᠪᠠᠶᠢᠨ᠎ᠠ︾ ᠭᠡᠰᠡᠨ ᠳᠤ᠂ ︽ᠠᠲᠠᠨ ᠲᠡᠮᠡᠭᠡ ᠪᠤᠶᠢᠯᠠᠬᠤ ᠮᠠᠭᠤ ᠭᠡᠳᠡᠭ᠃ ᠪᠣᠲᠣᠭᠤ ᠲᠠᠢ ᠢᠩᠭᠡ ᠪᠤᠶᠢᠯᠠᠬᠤ ᠴᠤ ᠶᠠᠭᠠᠬᠢᠬᠤ ᠪᠤᠢ︕︾ ᠭᠡᠳ ᠡᠵᠢ ᠡᠰᠡ ᠲᠣᠭᠤᠪᠠ᠃      ᠮᠠᠷᠭᠠᠰᠢ ᠥᠷᠯᠥᠭᠡ ᠨᠢ ᠪᠣᠲᠣᠭᠤ ᠲᠠᠢ ᠢᠩᠭᠡ ᠪᠠᠨ ᠤᠰᠤᠯᠠᠬᠤ ᠪᠠᠷ ᠲᠠᠭᠤᠵᠤ ᠶᠠᠪᠤᠲᠠᠯ᠎ᠠ ᠴᠢᠨᠳᠠᠭ᠎ᠠ ᠪᠠᠰᠠ ᠯᠠ ᠪᠣᠲᠣᠭᠤ ᠲᠠᠢ ᠪᠠᠨ ᠬᠤᠶᠠᠭᠤᠯᠠ ᠪᠠᠶᠢᠨ ᠰᠠᠭᠤᠨ ᠪᠤᠶᠢᠯᠠᠯᠴᠠᠨ᠎ᠠ᠃ ᠡᠭᠦᠨ ᠢ ᠬᠠᠷᠠᠭᠰᠠᠨ ᠪᠢ ︽ᠴᠢᠨᠳᠠᠭ᠎ᠠ ᠯᠠᠪ ᠬᠦᠦ ᠳᠡᠭᠡᠨ ︿ᠮᠠᠨ ᠤ ᠳᠡᠭᠡᠳᠦᠭᠦᠯᠡ ᠠᠷᠪᠠᠨ ᠰᠠᠯᠠᠭ᠎ᠠ ᠡᠪᠡᠷ ᠲᠠᠢ ᠠᠶᠢᠬᠤᠪᠲᠤᠷ ᠰᠦᠷᠯᠢᠭ ᠠᠮᠢᠳᠠᠨ ᠪᠠᠶᠢᠭᠰᠠᠨ ᠶᠤᠮ ᠭᠡᠨ᠎ᠡ᠃ ᠨᠢᠭᠡ ᠡᠳᠦᠷ ᠤᠢ ᠶᠢᠨ ᠪᠤᠭᠤ ᠡᠪᠡᠷ ᠢ ᠨᠢ ᠵᠢᠭᠡᠯᠡᠵᠦ ᠠᠪᠤᠭᠠᠳ ᠶᠠᠪᠤᠬᠤ ᠳᠠᠭᠠᠨ ᠬᠤᠳᠳᠤᠭ ᠳᠡᠭᠡᠷ᠎ᠡ ᠤᠰᠤ ᠤᠤᠭᠤᠬᠤ ᠳᠤ ᠴᠢᠨᠢ ᠠᠪᠴᠢᠷᠠᠵᠤ ᠥᠭᠭᠦᠶ᠎ᠡ ᠭᠡᠵᠦ ᠠᠨᠳᠠᠭᠠᠶᠢᠯᠠᠭᠰᠠᠨ ᠶᠤᠮ︕ ᠭᠡᠳᠡᠭ᠃ ᠬᠦᠦ ᠮᠢᠨᠢ ᠤᠰᠤ ᠤᠤᠭᠤᠬᠤ ᠳᠠᠭᠠᠨ ᠲᠠᠶᠢᠪᠤᠩ ᠤᠤᠭᠤᠵᠤ᠂ ᠡᠶᠢᠰᠢ ᠲᠡᠶᠢᠰᠢ ᠰᠠᠶᠢᠨ ᠪᠠᠷᠠᠯᠠᠵᠤ ᠪᠠᠢ︕ ᠬᠠᠮᠢᠭ᠎ᠠ ᠨᠢᠭᠡᠲᠡᠢ ᠠᠴᠠ ᠤᠢ ᠶᠢᠨ ᠪᠤᠭᠤ ᠠᠷᠪᠠᠨ ᠰᠠᠯᠠᠭ᠎ᠠ ᠡᠪᠡᠷ ᠢ ᠮᠢᠨᠢ ᠬᠦᠷᠭᠡᠵᠦ ᠢᠷᠡᠬᠦ ᠶᠠᠭᠤ ᠮᠠᠭᠠᠳ︕﹀ ᠬᠡᠮᠡᠨ ᠵᠠᠬᠢᠵᠤ ᠪᠠᠶᠢᠬᠤ ᠪᠠᠨ ᠶᠠᠳᠠᠬᠤ ᠦᠭᠡᠢ︾ ᠭᠡᠵᠦ ᠪᠤᠳᠤᠨ ᠢᠨᠢᠶᠡᠳᠦ ᠭᠦᠷᠪᠡ᠃      ᠦᠳᠡ ᠶᠢᠨ ᠬᠤᠶᠢᠨ᠎ᠠ ᠮᠠᠨ ᠤ ᠪᠠᠷᠢᠭᠠᠳᠠ ᠶᠢᠨ ᠳᠠᠷᠤᠭ᠎ᠠ᠂ ᠦᠯᠦ ᠲᠠᠨᠢᠬᠤ ᠬᠤᠶᠠᠷ ᠬᠥᠮᠥᠨ ᠲᠠᠢ ᠬᠠᠮᠲᠤ ᠢᠷᠡᠭᠡᠳ᠄ ︽ᠲᠠᠨ ᠤ ᠴᠠᠭᠠᠨ ᠢᠩᠭᠡ ᠶᠢ ᠪᠣᠲᠣᠭᠤ ᠲᠠᠢ ᠨᠢ ᠬᠠᠮᠲᠤ ᠵᠢᠭᠤᠯᠴᠢᠯᠠᠯ ᠤᠨ ᠭᠠᠵᠠᠷ ᠠᠪᠠᠴᠢᠬᠤ ᠪᠠᠷ ᠪᠣᠯᠤᠭᠰᠠᠨ︕︾ ᠭᠡᠪᠡ᠃ ︽ᠪᠢ ᠴᠢᠨᠳᠠᠭ᠎ᠠ ᠪᠠᠨ ᠥᠭᠬᠦ ᠦᠭᠡᠢ︕︾ ᠭᠡᠵᠦ ᠣᠬᠢᠯᠠᠭᠰᠠᠨ ᠳᠤ᠂ ᠪᠠᠷᠢᠭᠠᠳᠠ ᠶᠢᠨ ᠳᠠᠷᠤᠭ᠎ᠠ᠄ ︽ᠴᠢᠨᠳᠠᠭ᠎ᠠ ᠶᠢ ᠴᠢᠨᠢ ᠶᠡᠭᠡ ᠬᠤᠲᠠ ᠶᠢᠨ ᠵᠢᠭᠤᠯᠴᠢᠯᠠᠯ ᠤᠨ ᠭᠠᠵᠠᠷ ᠠᠪᠠᠴᠢᠨ᠎ᠠ᠃ ᠤᠯᠠᠨ ᠬᠥᠮᠥᠨ ᠴᠢᠨᠳᠠᠭ᠎ᠠ ᠶᠢ ᠴᠢᠨᠢ ᠬᠤᠯᠢᠴᠠ ᠦᠭᠡᠢ ᠴᠠᠭᠠᠨ ᠵᠢᠰᠦᠮ ᠲᠠᠢ ᠬᠤᠪᠣᠷ ᠵᠢᠰᠦᠮ ᠤᠨ ᠢᠩᠭᠡ ᠪᠠᠶᠢᠨ᠎ᠠ ᠭᠡᠵᠦ ᠮᠠᠭᠲᠠᠨ᠎ᠠ᠃ ᠪᠣᠲᠣᠭᠤ ᠶᠢᠨ ᠬᠢᠨᠢ ᠬᠥᠭᠡᠷᠦᠬᠦᠨ ᠭᠡᠴᠢ︕ ᠬᠡᠮᠡᠨ ᠱᠠᠭᠰᠢᠨ᠎ᠠ︾ ᠭᠡᠯ᠎ᠡ᠃ ᠡᠵᠢ ᠬᠠᠵᠠᠭᠤ ᠠᠴᠠ ︽ᠬᠠᠮᠲᠤ ᠶᠢᠨ ᠮᠠᠯ ᠢ ᠬᠠᠮᠢᠭᠠᠰᠢ ᠨᠢ ᠠᠪᠠᠴᠢᠨ᠎ᠠ ᠭᠡᠪᠡᠯ ᠲᠡᠶᠢᠰᠢ ᠨᠢ ᠥᠭᠬᠦ ᠬᠡᠷᠡᠭᠲᠡᠢ᠃ ᠥᠭᠬᠦ ᠦᠭᠡᠢ ᠪᠠᠶᠢᠵᠤ ᠪᠤᠯᠳᠠᠭ ᠦᠭᠡᠢ ᠶᠤᠮ︾ ᠭᠡᠵᠦ ᠠᠷᠭᠠᠳᠠᠪᠠ᠃      ᠦᠯᠦ ᠲᠠᠨᠢᠬᠤ ᠬᠤᠶᠠᠷ ᠬᠥᠮᠥᠨ ᠴᠢᠨᠳᠠᠭ᠎ᠠ ᠶᠢ ᠬᠥᠲᠥᠯᠥᠨ ᠪᠣᠲᠣᠭᠤ ᠶᠢ ᠨᠢ ᠳᠠᠭᠠᠭᠤᠯᠤᠭᠰᠠᠭᠠᠷ ᠤᠷᠳᠤ ᠨᠢᠷᠤᠭᠤᠨ ᠳᠡᠭᠡᠭᠦᠷ ᠳᠠᠪᠠᠯ᠎ᠠ᠃ ᠡᠬᠡ ᠪᠣᠲᠣᠭᠤ ᠬᠤᠶᠠᠷ ᠤᠨ ᠪᠤᠶᠢᠯᠠᠬᠤ ᠲᠠᠭᠤᠨ ᠬᠤᠯᠠᠳᠠᠨ ᠬᠤᠯᠠᠳᠠᠭᠰᠠᠭᠠᠷ ᠴᠢᠮᠡᠭᠡ ᠲᠠᠰᠤᠷᠠᠪᠠ᠃ ᠮᠢᠨᠤ ᠨᠢᠯᠪᠤᠰᠤ ᠴᠢᠪ ᠴᠢᠮᠡᠭᠡ ᠦᠭᠡᠢ ᠲᠤᠰᠤᠯᠠᠨ᠎ᠠ᠃ ᠰᠦᠷᠦᠭ ᠳᠣᠲᠣᠷ᠎ᠠ ᠪᠠᠨ ᠰᠣᠳᠣᠨ ᠵᠢᠰᠦᠮ ᠲᠠᠢ ᠡᠬᠡ ᠪᠣᠲᠣᠭᠤ ᠬᠤᠶᠠᠷ ᠪᠠᠶᠢᠨ ᠲᠠᠭᠢᠨ ᠪᠤᠶᠢᠯᠠᠵᠤ ᠪᠠᠶᠢᠭᠰᠠᠨ ᠨᠢ ᠦᠶ᠎ᠡ ᠦᠶ᠎ᠡ ᠪᠤᠳᠤᠬᠳᠠᠨ ᠦᠭᠡᠶᠢᠯᠡᠭᠳᠡᠨ᠎ᠡ᠃ ᠴᠢᠨᠳᠠᠭ᠎ᠠ ᠡᠬᠡ ᠪᠣᠲᠣᠭᠤ ᠬᠤᠶᠠᠷ ᠢ ᠠᠮᠢᠳᠠᠨ ᠤ ᠬᠦᠷᠢᠶᠡᠯᠡᠩ ᠳᠤ ᠣᠴᠢᠭᠠᠳ ᠪᠡᠯᠡᠨ ᠵᠡᠯᠡᠨ ᠢ ᠢᠳᠡᠨ ᠲᠠᠶᠢᠪᠤᠩ ᠠᠮᠤᠭᠤᠯᠠᠩ ᠬᠡᠪᠢᠨ ᠵᠤᠬᠰᠤᠬᠤ ᠳᠤ᠂ ᠲᠣᠭᠤᠷᠢᠨ ᠵᠢᠭᠤᠯᠴᠢᠯᠠᠬᠰᠠᠳ ᠠᠯᠠᠭ᠎ᠠ ᠲᠠᠰᠢᠨ ᠱᠠᠭᠰᠢᠨ ᠮᠠᠭᠲᠠᠵᠤ ᠪᠠᠶᠢᠬᠤ ᠪᠠᠷ ᠲᠥᠰᠥᠭᠡᠯᠡᠨ᠎ᠡ᠃ ᠪᠠᠰᠠ ᠵᠠᠷᠢᠮ ᠳᠠᠭᠠᠨ ᠥᠪᠡᠷ ᠢ ᠪᠠᠨ ᠳᠤᠭᠤᠷᠠᠭᠯᠠᠭᠰᠠᠨ ᠤᠯᠠᠨ ᠤ ᠡᠮᠦᠨ᠎ᠡ ᠵᠣᠭᠰᠣᠴᠢᠬᠠᠭᠰᠠᠨ᠄ ︽ᠡᠨᠡ ᠪᠣᠯ ᠮᠠᠨ ᠤ ᠬᠤᠲᠠᠨ ᠤ ᠢᠩᠭᠡ᠂ ᠴᠢᠨᠳᠠᠭ᠎ᠠ ᠭᠡᠳᠡᠭ᠃ ᠪᠣᠲᠣᠭᠤ ᠶᠢ ᠨᠢ ᠪᠢ ᠠᠮᠠᠳᠠᠭᠤᠯᠤᠭᠰᠠᠨ ᠶᠤᠮ︾ ᠭᠡᠳ ᠡᠪᠴᠢᠭᠦᠦ ᠪᠠᠨ ᠳᠡᠯᠡᠳᠦᠨ ᠬᠥᠭᠰᠡᠵᠦ ᠪᠠᠶᠢᠬᠤ ᠪᠠᠷ ᠵᠡᠭᠦᠳᠦᠯᠡᠵᠦ ᠴᠤ ᠭᠠᠷᠤᠭᠰᠠᠨ᠃ ᠡᠳᠦᠷ ᠤᠨ ᠪᠤᠳᠤᠯ ᠰᠥᠨᠢ ᠶᠢᠨ ᠵᠡᠭᠦᠳᠦ ᠭᠡᠵᠦ ᠡᠭᠦᠨ ᠢ ᠬᠡᠯᠡᠳᠡᠭ ᠪᠠᠶᠢᠬᠤ᠃      ᠨᠠᠮᠤᠷ ᠨᠢ ᠪᠢ ᠰᠤᠷᠭᠠᠭᠤᠯᠢ ᠳᠤ ᠣᠷᠣᠵᠤ ᠰᠣᠶᠣᠯ ᠤᠨ ᠮᠥᠷ ᠬᠥᠭᠡᠭᠡᠯ᠎ᠡ᠃ ᠠᠩᠭᠢ ᠲᠠᠪᠰᠢᠬᠤ ᠶᠢ ᠳᠠᠭᠠᠯᠳᠤᠨ ᠪᠢᠴᠢᠭ ᠡᠷᠳᠡᠮ ᠰᠤᠷᠴᠤ ᠬᠤᠯᠠ ᠭᠠᠵᠠᠷ ᠶᠠᠪᠤᠨ ᠶᠡᠭᠡ ᠶᠢ ᠦᠵᠡᠬᠦ ᠪᠠᠷ ᠮᠥᠷᠥᠭᠡᠳᠳᠡᠭ ᠴᠤ ᠪᠣᠯᠪᠠ᠃ ᠠᠩᠬ᠎ᠠ ᠲᠤᠮᠳᠠᠳᠤ ᠳᠤ ᠣᠷᠣᠭᠠᠳ ᠰᠢᠷᠡᠭᠡᠨ ᠨᠠᠶᠢᠵᠢ ᠳᠠᠭᠠᠨ ᠴᠢᠨᠳᠠᠭ᠎ᠠ ᠶᠢᠨ ᠲᠤᠬᠠᠢ ᠶᠠᠷᠢᠭᠰᠠᠨ ᠳᠤ᠂ ︽ᠴᠢᠨᠳᠠᠭ᠎ᠠ ᠴᠢᠨᠢ ᠣᠳᠤ ᠪᠣᠲᠣᠭᠤ ᠲᠠᠢ ᠪᠠᠨ ᠭᠦᠭᠡᠬᠤᠳᠠ ᠶᠢᠨ ᠠᠮᠢᠳᠠᠨ ᠤ ᠬᠦᠷᠢᠶᠡᠯᠡᠩ ᠳᠤ ᠵᠢᠭᠤᠯᠴᠢᠯᠠᠬᠰᠠᠳ ᠤᠨ ᠨᠢᠳᠦ ᠶᠢ ᠬᠤᠵᠢᠷᠯᠠᠵᠤ ᠪᠠᠶᠢᠭ᠎ᠠ ᠪᠠᠶᠢᠯᠭᠦᠢ︕︾ ᠭᠡᠯ᠎ᠡ᠃ ᠣᠷᠣᠢ ᠨᠢ ᠪᠢ ᠴᠢᠨᠳᠠᠭ᠎ᠠ ᠶᠢ ᠠᠮᠢᠳᠠᠨ ᠤ ᠬᠦᠷᠢᠶᠡᠯᠡᠩ ᠳᠤ ᠪᠣᠲᠣᠭᠤ ᠪᠠᠨ ᠬᠥᠬᠦᠭᠦᠯᠦᠭᠡᠳ ᠵᠣᠭᠰᠣᠵᠤ ᠪᠠᠶᠢᠬᠤ ᠪᠠᠷ ᠵᠡᠭᠦᠳᠦᠯᠡᠪᠡ᠃ ᠪᠣᠲᠣᠭᠤ ᠨᠢ ᠶᠠᠭᠠᠬᠢᠯ᠎ᠠ ᠭᠡᠵᠦ ᠬᠡᠵᠢᠶᠡᠳᠡ ᠪᠣᠲᠣᠭᠤ ᠪᠠᠷ ᠢᠶᠠᠨ ᠪᠠᠶᠢᠭᠠᠳ ᠪᠠᠶᠢᠬᠤ ᠪᠤᠢ᠃ ᠲᠤᠷᠤᠭ ᠪᠡᠶ᠎ᠡ ᠲᠠᠢ ᠠᠳᠠ ᠪᠣᠯᠴᠢᠬᠠᠭᠠᠳ ᠵᠢᠭᠤᠯᠴᠢᠯᠠᠬᠰᠠᠳ ᠤᠨ ᠪᠠᠭ᠋ᠠᠷᠬᠠᠯ ᠢ ᠤᠯᠠᠮ ᠢᠯᠡᠭᠦᠦ ᠲᠠᠲᠠᠵᠤ ᠪᠠᠶᠢᠭ᠎ᠠ ᠪᠠᠶᠢᠯᠭᠦᠢ︕ ᠴᠠᠭᠠᠨ ᠢᠩᠭᠡ ᠲᠠᠭᠢᠵᠤ ᠪᠣᠲᠣᠭᠤᠯᠠᠭᠰᠠᠨ ᠪᠣᠯ ᠤᠤ︖  ᠁ ᠬᠡᠮᠡᠨ ᠵᠦᠢᠯ ᠵᠦᠢᠯ ᠢᠶᠠᠷ ᠲᠥᠰᠥᠭᠡᠯᠡᠪᠡ᠃      ᠡᠨᠡ ᠵᠡᠭᠦᠳᠦ ᠨᠠᠳᠠ ᠭᠦᠭᠡᠬᠤᠲᠠ ᠶᠢᠨ ᠶᠠᠮᠠᠷ ᠨᠢᠭᠡᠨ ᠰᠤᠷᠭᠠᠭᠤᠯᠢ ᠳᠤ ᠰᠢᠯᠭᠠᠨ ᠣᠷᠣᠵᠤ ᠡᠬᠡ ᠪᠣᠲᠣᠭᠤ ᠬᠤᠶᠠᠷ ᠢ ᠡᠷᠭᠢᠵᠦ ᠦᠵᠡᠬᠦ ᠬᠦᠰᠡᠯ ᠤᠷᠭᠤᠭᠤᠯᠵᠦ᠂ ᠬᠢᠴᠢᠶᠡᠯ ᠰᠤᠷᠤᠯᠭ᠎ᠠ ᠳᠠᠭᠠᠨ ᠴᠢᠷᠮᠠᠶᠢᠳᠠᠭ ᠪᠣᠯᠭᠠᠯ᠎ᠠ᠃ ᠠᠩᠬ᠎ᠠ ᠲᠤᠮᠳᠠᠳᠤ ᠪᠠᠨ ᠲᠡᠭᠦᠰᠬᠡᠭᠡᠳ ᠭᠦᠭᠡᠬᠤᠲᠠ ᠶᠢᠨ ᠵᠢᠷ ᠤᠨ ᠨᠢᠭᠡᠨ ᠳᠤᠮᠳᠠ ᠵᠡᠷᠭᠡ ᠶᠢᠨ ᠲᠤᠰᠬᠠᠢ ᠮᠡᠷᠭᠡᠵᠢᠯ ᠤᠨ ᠰᠤᠷᠭᠠᠭᠤᠯᠢ ᠳᠤ ᠰᠢᠯᠭᠠᠭᠳᠠᠨ ᠣᠷᠣᠵᠤ ᠬᠦᠰᠡᠯ ᠪᠣᠯᠤᠭᠰᠠᠨ ᠭᠦᠭᠡᠬᠤᠲᠠ ᠶᠢ ᠵᠣᠷᠢᠪᠠ᠃      ᠭᠠᠷᠠᠭ ᠤᠨ ᠡᠳᠦᠷ ᠭᠦᠭᠡᠬᠤᠲᠠ ᠶᠢᠨ ᠠᠮᠢᠳᠠᠨ ᠤ ᠬᠦᠷᠢᠶᠡᠯᠡᠩ ᠳᠤ ᠣᠴᠢᠪᠠᠯ ᠲᠡᠮᠦᠷ ᠰᠠᠷᠠᠯᠵᠢᠨ ᠳᠣᠲᠣᠷ᠎ᠠ ᠪᠠᠷᠠᠭᠠᠨ ᠵᠢᠰᠦᠮ ᠤᠨ ᠲᠦᠷᠪᠡᠨ ᠲᠡᠮᠡᠭᠡ ᠬᠠᠲᠠᠭᠰᠠᠨ ᠡᠷᠳᠡᠨᠢ ᠰᠢᠰᠢ ᠶᠢᠨ ᠰᠦᠷᠡᠯ ᠬᠡᠮᠡᠯᠢᠨ ᠵᠣᠭᠰᠣᠵᠤ ᠬᠠᠷᠠᠭᠳᠠᠯ᠎ᠠ᠃ ᠲᠠᠷᠭᠤ ᠬᠦᠴᠦ ᠠᠪᠳᠠᠭ ᠨᠠᠮᠤᠷ ᠤᠨ ᠲᠠᠩᠰᠤᠭ ᠤᠯᠠᠷᠢᠯ ᠳᠤ ᠬᠠᠭᠤᠷᠠᠢ ᠰᠦᠷᠡᠯ ᠬᠡᠮᠡᠯᠢᠵᠦ ᠵᠤᠬᠰᠤᠬᠤ ᠨᠢ ᠲᠡᠳᠦᠢ ᠯᠡ ᠲᠠᠭᠠᠲᠠᠢ ᠰᠠᠨᠠᠭᠳᠠᠭᠰᠠᠨ ᠦᠭᠡᠢ᠃      ᠪᠢ ᠬᠦᠷᠢᠶᠡᠯᠡᠩ ᠤᠨ ᠬᠠᠮᠢᠶᠠᠷᠤᠭᠴᠢ ᠠᠴᠠ ᠥᠪᠥᠷ ᠮᠣᠩᠭᠤᠯ ᠤᠨ ᠲᠧᠯᠸᠢᠰ ᠬᠤᠷᠢᠶᠠᠨ ᠤ ᠥᠨᠳᠥᠷ ᠠᠰᠠᠷ ᠤᠨ ᠡᠮᠦᠨᠡᠬᠢ ᠰᠢᠨᠬᠤᠸᠠ ᠠᠭᠤᠳᠠᠮ ᠲᠠᠯᠠᠪᠠᠢ ᠳᠤ ᠲᠡᠮᠡᠭᠡ ᠪᠠᠶᠢᠳᠠᠭ ᠢ ᠲᠤᠭᠤᠯᠤᠭᠠᠳ ᠲᠡᠶᠢᠰᠢ ᠭᠦᠷᠦᠯ᠎ᠡ᠃ ᠭᠠᠭᠴᠠ ᠰᠢᠷ᠎ᠠ ᠠᠲᠠᠨ ᠳᠡᠭᠡᠷ᠎ᠡ ᠭᠤᠷᠪᠠᠨ ᠬᠡᠦᠬᠡᠳ ᠰᠤᠨᠳᠠᠯᠠᠨ ᠡᠵᠡᠨ ᠢᠶᠠᠷ ᠨᠢ ᠬᠥᠲᠥᠯᠥᠭᠦᠯᠦᠨ ᠰᠠᠵᠢᠯᠠᠭᠤᠯᠵᠤ ᠪᠠᠶᠢᠨ᠎ᠠ᠃ ᠳᠡᠮᠡᠢ ᠶᠠᠪᠤᠭᠰᠠᠨ ᠦᠭᠡᠢ ᠬᠠᠲᠠᠭᠤ ᠭᠥᠯᠢᠭᠡᠷ ᠱᠦᠢᠨᠢ ᠳᠡᠭᠡᠷ᠎ᠡ ᠪᠤᠷᠠᠨᠲᠠᠭ ᠠᠴᠠ ᠨᠢ ᠳᠤᠭᠲᠤᠷᠤᠨ ᠬᠡᠪᠲᠡᠭᠦᠯᠦᠭᠡᠳ ᠥᠨᠥ ᠭᠤᠷᠪᠠᠨ ᠬᠡᠦᠬᠡᠳ ᠢ ᠪᠠᠭᠤᠯᠭᠠᠲᠠᠯ᠎ᠠ ᠪᠠᠰᠠ ᠨᠢᠭᠡ ᠲᠠᠷᠭᠤᠨ ᠪᠦᠰᠡᠭᠦᠢ ᠤᠨᠤᠭᠠᠳ ᠵᠢᠷᠤᠭ ᠠᠪᠤᠭᠤᠯᠪᠠ᠃ ᠬᠥᠭᠡᠷᠦᠬᠦᠢ ᠲᠡᠷᠡ ᠰᠢᠷ᠎ᠠ ᠠᠲᠠ ᠬᠤᠷᠢᠭᠠᠳᠬᠠᠨ ᠮᠢᠨᠦ᠋ᠲ ᠤᠨ ᠳᠣᠲᠣᠷ᠎ᠠ ᠬᠠᠲᠠᠭᠤ ᠱᠦᠢᠨᠢ ᠱᠠᠯᠠ ᠳᠡᠭᠡᠷ᠎ᠡ ᠲᠤᠯᠤᠭ᠎ᠠ ᠤᠳᠠᠭ᠎ᠠ ᠬᠡᠪᠲᠡᠵᠦ ᠪᠤᠰᠬᠤ ᠨᠢ ᠳᠠᠩᠴᠤ ᠬᠥᠭᠡᠷᠦᠬᠦᠶᠢᠯᠡᠯᠲᠡᠢ ᠰᠠᠨᠠᠭᠳᠠᠪᠠ᠃      ᠨᠢᠭᠡ ᠡᠳᠦᠷ ᠲᠤ ᠬᠡᠴᠢᠨᠡᠨ ᠴᠤ ᠤᠳᠠᠭ᠎ᠠ ᠡᠶᠢᠨ ᠬᠦ ᠬᠡᠪᠲᠡᠵᠦ ᠪᠣᠰᠳᠠᠭ ᠢ ᠲᠥᠰᠥᠭᠡᠯᠡᠬᠦ ᠶᠢᠨ ᠠᠷᠭ᠎ᠠ ᠠᠯᠠᠭ᠎ᠠ᠃ ᠬᠠᠲᠠᠭᠤ ᠱᠦᠢᠨᠢ ᠱᠠᠯᠠ ᠳᠡᠭᠡᠷ᠎ᠡ ᠴᠠᠭ ᠦᠷᠭᠦᠯᠵᠢ ᠬᠡᠪᠲᠡᠵᠦ ᠪᠣᠰᠣᠭᠰᠠᠭᠠᠷ ᠪᠠᠶᠢᠭᠠᠳ ᠡᠪᠦᠳᠦᠭ ᠨᠢ ᠲᠡᠮᠦᠷ ᠤᠨ ᠬᠠᠤᠷᠠᠢ ᠰᠢᠭ᠋ ᠬᠠᠲᠠᠭᠤᠷᠠᠨ ᠡᠪᠡᠷᠰᠢᠵᠡᠢ᠃ ᠭᠠᠭᠴᠠ ᠨᠢᠭᠡ ᠪᠠᠷ ᠢᠶᠠᠨ ᠤᠨᠤᠬᠤ ᠦᠭᠡᠢ᠂ ᠭᠡᠳᠦ ᠭᠡᠳᠦ ᠪᠠᠷ ᠢᠶᠠᠨ ᠵᠥᠪ ᠪᠤᠷᠤᠭᠤ ᠦᠭᠡᠢ ᠵᠠᠶᠢᠳᠠᠯᠠᠭᠰᠠᠭᠠᠷ ᠪᠠᠶᠢᠭᠠᠳ ᠬᠤᠶᠠᠷ ᠪᠦᠭᠦ ᠨᠢ ᠬᠠᠵᠠᠭᠤ ᠲᠡᠶᠢᠰᠢ ᠪᠠᠨ ᠪᠢᠰᠢ ᠂ ᠬᠠᠷᠢᠨ ᠬᠤᠶᠢᠰᠢ ᠪᠠᠨ ᠤᠷᠤᠭᠰᠢ ᠪᠠᠨ ᠤᠨᠠᠵᠤ ᠬᠡ ᠬᠡᠪ ᠢᠶᠠᠨ ᠠᠯᠳᠠᠭᠰᠠᠨ ᠨᠢ ᠪᠦᠷ ᠴᠦ ᠬᠥᠭᠡᠷᠦᠬᠦᠶᠢᠯᠡᠯᠲᠡᠢ ᠠᠮᠢᠳᠠᠨ ᠪᠣᠯᠭᠠᠨ ᠬᠤᠪᠢᠷᠠᠭᠠᠵᠠᠢ᠃ ᠭᠡᠳᠦ ᠭᠤᠷᠪᠠ ᠪᠠᠷ ᠢᠶᠠᠨ ᠰᠢᠪᠠᠨ ᠪᠦᠭᠦ ᠶᠢ ᠨᠢ ᠬᠤᠶᠢᠰᠢ ᠤᠷᠤᠭᠰᠢ ᠨᠢ ᠲᠡᠯᠡᠵᠦ ᠦᠢᠯᠡ ᠲᠠᠮᠤ ᠶᠢ ᠨᠢ ᠬᠡᠴᠢᠨᠡᠨ ᠡᠳ᠋ᠯᠡᠭᠦᠯᠦᠭᠰᠡᠨ ᠢ ᠶᠠᠭᠠᠬᠢᠨ ᠲᠥᠰᠥᠭᠡᠯᠡᠬᠦ ᠪᠤᠢ ᠳ᠋ᠠ᠃      ᠴᠢᠨᠳᠠᠭ᠎ᠠ ᠮᠢᠨᠢ ᠪᠣᠲᠣᠭᠤ ᠲᠠᠢ ᠪᠠᠨ ᠬᠤᠶᠠᠭᠤᠯᠠ ᠬᠠᠮᠢᠭ᠎ᠠ ᠡᠶᠢᠨ ᠬᠦ ᠦᠢᠯᠡ ᠲᠠᠮᠤ ᠪᠠᠨ ᠡᠳ᠋ᠯᠡᠵᠦ ᠪᠠᠶᠢᠭ᠎ᠠ ᠪᠣᠯ︖ ᠭᠡᠵᠦ ᠪᠤᠳᠤᠬᠤ ᠠᠴᠠ ᠭᠤᠣᠯ ᠤᠷᠤᠭᠤ ᠭᠤᠷᠣᠶᠢᠨ᠎ᠠ᠃ ᠪᠢ ᠰᠢᠷ᠎ᠠ ᠠᠳᠠᠨ ᠤ ᠳᠡᠷᠭᠡᠳᠡ ᠣᠴᠢᠵᠤ ᠬᠠᠮᠠᠷ ᠢ ᠨᠢ ᠢᠯᠢᠭᠰᠡᠨ ᠳᠤ᠂ ᠲᠡᠷᠡ ᠴᠤ ᠨᠠᠮᠠᠶᠢ ᠭᠡᠳᠦ ᠦᠨᠦᠷᠯᠡᠭᠰᠡᠨ ᠢᠶᠠᠨ ᠲᠣᠮᠣ ᠲᠣᠮᠣ ᠨᠢᠯᠪᠤᠰᠤ ᠤᠨᠠᠭᠠᠪᠠ᠃ ᠪᠢ ᠴᠢᠨᠳᠠᠭ᠎ᠠ ᠡᠬᠡ ᠪᠣᠲᠣᠭᠤ ᠬᠤᠶᠠᠷ ᠲᠤ ᠥᠭᠬᠦ ᠰᠠᠨᠠᠭ᠎ᠠ ᠲᠠᠢ ᠬᠠᠷᠮᠠᠯᠠᠵᠤ ᠶᠠᠪᠤᠭᠰᠠᠨ ᠬᠡᠳᠦᠨ ᠰᠢᠷᠬᠡᠭ ᠰᠢᠬᠢᠷ ᠢᠶᠠᠨ ᠠᠮᠠᠨ ᠳᠤᠨᠢ ᠬᠢᠭᠡᠳ ᠡᠷᠭᠢᠵᠦ ᠴᠤ ᠬᠠᠷᠠᠯ ᠦᠭᠡᠢ ᠬᠤᠯᠠᠳᠠᠪᠠ᠃ ᠨᠠᠳᠠ ᠡᠷᠭᠢᠵᠦ ᠬᠠᠷᠠᠬᠤ ᠵᠣᠷᠢᠭ ᠳᠠᠩᠴᠤ ᠪᠠᠶᠢᠭᠰᠠᠨ ᠦᠭᠡᠢ᠃      ᠠᠳᠡ ᠲᠡᠨᠳᠡ ᠵᠢᠭᠤᠯᠴᠢᠯᠠᠵᠤ ᠲᠣᠭᠤᠷᠢᠵᠤ ᠦᠵᠡᠭᠡ ᠦᠭᠡᠢ ᠪᠢ ᠠᠮᠢᠳᠠᠨ ᠤ ᠬᠦᠷᠢᠶᠡᠯᠡᠩ᠂ ᠵᠢᠭᠤᠯᠴᠢᠯᠠᠯ ᠤᠨ ᠭᠠᠵᠠᠷ ᠤᠨ ᠠᠮᠢᠲᠠᠳ ᠢ ᠡᠶᠢᠮᠦ ᠵᠣᠪᠠᠭᠤᠷᠢ ᠲᠠᠢ ᠡᠳᠦᠷ ᠬᠤᠨᠤᠭ ᠥᠩᠭᠡᠷᠡᠭᠡᠳᠡᠭ ᠢ ᠵᠡᠭᠦᠳᠦᠯᠡᠭᠡ ᠴᠤ ᠦᠭᠡᠢ᠃ ᠠᠮᠢᠳᠠᠨ ᠤ ᠬᠦᠷᠢᠶᠡᠯᠡᠩ᠂ ᠵᠢᠭᠤᠯᠴᠢᠯᠠᠯ ᠤᠨ ᠭᠠᠵᠠᠷ ᠤᠨ ᠬᠢᠨ ᠶᠠᠮᠠᠷ ᠨᠢᠭᠡᠨ ᠠᠮᠢᠳᠠᠨ ᠢ ᠠᠪᠴᠢᠷᠠᠵᠤ᠂ ᠵᠢᠭᠤᠯᠴᠢᠯᠠᠨ ᠲᠣᠭᠤᠷᠢᠭᠰᠠᠳ ᠢ ᠪᠠᠶᠠᠷᠯᠠᠭᠤᠯᠵᠤ ᠪᠠᠶᠠᠰᠬᠠᠬᠤ ᠳᠠᠭᠠᠨ ᠲᠡᠳᠡᠭᠡᠷ ᠠᠮᠢᠲᠠᠳ ᠤᠨ ᠠᠭᠠᠰᠢ ᠠᠷᠠᠨᠰᠢᠨ᠂ ᠣᠷᠣᠰᠢᠯ ᠲᠣᠭᠲᠠᠨᠢᠯ ᠤᠨ ᠲᠠᠯ᠎ᠠ ᠪᠠᠷ ᠨᠠᠷᠢᠨ ᠰᠤᠳᠤᠯᠭᠠᠨ ᠬᠢᠵᠦ ᠠᠯᠢ ᠪᠤᠯᠬᠤ ᠪᠠᠷ ᠣᠨᠴᠠᠯᠢᠭ ᠲᠤᠨᠢ ᠵᠣᠬᠢᠴᠠᠭᠤᠯᠤᠨ᠂ ᠵᠦᠢ ᠵᠣᠬᠢᠰᠲᠠᠢ ᠨᠥᠬᠦᠴᠡᠯ ᠪᠣᠯᠣᠮᠵᠢ ᠶᠢ ᠬᠠᠩᠭᠠᠵᠤ ᠥᠭᠪᠡᠯ ᠵᠦᠢᠲᠡᠢ ᠪᠤᠶᠤ᠃ ᠲᠡᠮᠡᠭᠡ ᠪᠠᠷ ᠠᠪᠴᠤ ᠬᠡᠯᠡᠪᠡᠯ ᠶᠠᠳᠠᠵᠤ᠂ ᠬᠡᠪᠲᠡᠵᠦ ᠪᠤᠰᠬᠤ ᠳᠤᠨᠢ ᠲᠣᠬᠢᠷᠠᠮᠵᠢᠲᠠᠢ ᠬᠡᠰᠡᠭᠬᠡᠨ ᠵᠥᠭᠡᠯᠡᠨ ᠬᠥᠷᠥᠰᠥ ᠲᠣᠬᠢᠷᠠᠭᠤᠯᠪᠠᠯ ᠶᠠᠭᠤᠲᠠᠢ ᠰᠠᠶᠢᠬᠠᠨ ᠠᠵᠢ︕ ᠵᠢᠭᠤᠯᠴᠢᠯᠠᠯ ᠤᠨ ᠭᠠᠵᠠᠷ ᠵᠦᠯᠭᠡ ᠲᠠᠷᠢᠨ ᠵᠥᠭᠡᠯᠡᠨ ᠬᠥᠷᠥᠰᠥ ᠶᠢ ᠣᠷᠣᠯᠠᠭᠤᠯᠤᠭᠰᠠᠨ ᠴᠦ ᠪᠣᠯᠣᠨ᠎ᠠ ᠰᠢᠤ ᠳ᠋ᠠ︕      ᠲᠡᠮᠡᠭᠡ ᠭᠡᠳᠡᠭ ᠭᠠᠶᠢᠬᠠᠯᠲᠠᠢ ᠵᠥᠩᠴᠢ ᠠᠮᠢᠳᠠᠨ ᠰᠠᠨᠵᠠᠢ᠃ ᠲᠡᠷᠡ ᠵᠢᠯ ᠤᠨ ᠬᠠᠪᠤᠷ᠂ ᠴᠢᠨᠳᠠᠭ᠎ᠠ ᠡᠬᠡ ᠪᠣᠲᠣᠭᠤ ᠬᠤᠶᠠᠷ ᠪᠠᠶᠢᠨ ᠪᠠᠶᠢᠨ ᠪᠤᠶᠢᠯᠠᠵᠤ ᠪᠠᠶᠢᠭᠰᠠᠨ ᠨᠢ ᠲᠠᠭᠢᠨ ᠰᠠᠨᠠᠭᠠᠨ ᠳᠤ ᠪᠠᠭᠤᠪᠠ᠃ ᠡᠬᠡ ᠪᠣᠲᠣᠭᠤ ᠬᠤᠶᠠᠷ ᠬᠤᠯᠠ ᠭᠠᠵᠠᠷ ᠶᠠᠪᠤᠬᠤ ᠪᠠᠨ ᠤᠷᠢᠳᠴᠢᠯᠠᠨ ᠮᠡᠳᠡᠴᠢᠬᠡᠭᠡᠳ ᠨᠤᠲᠤᠭ ᠤᠰᠤᠨ ᠠᠴᠠ ᠪᠠᠨ ᠰᠠᠯᠵᠤ ᠶᠠᠳᠠᠨ ᠭᠤᠨᠢᠵᠤ ᠭᠤᠳᠤᠵᠤ ᠪᠤᠶᠢᠯᠠᠵᠤ ᠪᠠᠶᠢᠭᠰᠠᠨ ᠪᠠᠶᠢᠬᠤ ᠨᠢ ᠁ ᠭᠡᠵᠦ ᠪᠤᠳᠤᠬᠤ ᠠᠴᠠ ᠰᠡᠳᠬᠢᠯ ᠰᠢᠨᠠᠯᠤᠨ᠎ᠠ᠃      ᠴᠢᠨᠳᠠᠭ᠎ᠠ ᠶᠠᠪᠤᠬᠤ ᠪᠠᠨ ᠵᠥᠩᠨᠡᠵᠦ ᠴᠢᠳᠠᠭᠰᠠᠨ ᠶᠤᠮ ᠴᠢᠨᠢ ᠣᠴᠢᠬᠤ ᠭᠠᠵᠠᠷ᠂ ᠬᠤᠵᠢᠮ ᠤᠨ ᠠᠮᠢᠳᠤᠷᠠᠯ ᠢᠶᠠᠨ ᠲᠥᠰᠥᠭᠡᠯᠡᠭᠰᠡᠨ ᠴᠦ ᠪᠠᠶᠢᠵᠤ ᠪᠤᠯᠬᠤ ᠶᠤᠮ᠃ ᠴᠢᠨᠳᠠᠭ᠎ᠠ ᠪᠣᠲᠣᠭᠤ ᠲᠠᠢ ᠪᠠᠨ ᠪᠡᠯᠴᠢᠭᠡᠷ ᠠᠴᠠ ᠪᠤᠴᠠᠵᠤ ᠶᠠᠪᠤᠬᠤ ᠳᠠᠭᠠᠨ᠄ ︽ᠮᠢᠨᠤ ᠬᠠᠶᠢᠷᠠᠲᠤ ᠦᠷ᠎ᠡ ᠮᠢᠨᠢ᠂ ᠮᠠᠷᠭᠠᠰᠢ ᠬᠤᠶᠠᠭᠤᠯᠠ ᠪᠠᠨ ᠡᠨᠡ ᠰᠠᠶᠢᠬᠠᠨ ᠨᠤᠲᠤᠭ ᠢᠶᠠᠨ ᠣᠷᠭᠢᠭᠠᠳ ᠬᠤᠯᠠ ᠶᠢ ᠵᠣᠷᠢᠨ᠎ᠠ᠃ ᠴᠡᠪᠡᠷ ᠠᠭᠠᠷ ᠢ ᠨᠢ ᠠᠭᠤᠵᠢᠷᠠᠲᠠᠯ᠎ᠠ ᠪᠠᠨ ᠠᠮᠢᠰᠬᠤᠯᠯᠠᠵᠤ᠂ ᠲᠡᠭᠷᠢ ᠶᠢᠨ ᠬᠠᠶᠠᠭ᠎ᠠ ᠶᠢ ᠲᠡᠨᠢᠢᠲᠡᠯ᠎ᠡ ᠨᠢ ᠪᠠᠷᠠᠯᠠᠭᠠᠳ ᠨᠢᠳᠦᠨ ᠤ ᠴᠡᠴᠡᠭᠡᠢ ᠰᠢᠭ ᠢᠶᠠᠨ ᠰᠡᠳᠬᠢᠯ ᠳᠡᠭᠡᠨ ᠮᠥᠩᠬᠡᠯᠡᠶ᠎ᠡ ︕︾ ᠭᠡᠵᠦ ᠪᠤᠶᠢᠯᠠᠯᠴᠠᠨ᠂ ᠦᠨᠡᠰᠦᠨ ᠳᠡᠭᠡᠷ᠎ᠡ ᠨᠠᠯᠠᠬᠤ ᠳᠠᠭᠠᠨ ︽ᠬᠤᠵᠢᠮ ᠪᠢᠳᠠ ᠬᠤᠶᠠᠷ ᠲᠤ ᠶᠠᠳᠠᠷᠠᠭ᠎ᠠ ᠪᠠᠨ ᠲᠠᠶᠢᠯᠲᠠᠯ᠎ᠠ ᠨᠠᠯᠠᠬᠤ ᠡᠶᠢᠮᠦ ᠵᠥᠭᠡᠯᠡᠨ ᠬᠥᠷᠥᠰᠥ ᠬᠡᠵᠢᠶ᠎ᠡ ᠴᠤ ᠣᠯᠳᠠᠬᠤ ᠦᠭᠡᠢ᠃ ᠬᠠᠨᠲᠠᠯ᠎ᠠ ᠪᠠᠨ ᠨᠠᠯᠠᠵᠤ ᠲᠡᠨᠢᠢᠲᠡᠯ᠎ᠡ ᠪᠠᠨ ᠰᠤᠨᠢᠶᠠᠨ ᠠᠷᠠᠰᠤ ᠮᠢᠬᠠᠨ ᠳᠠᠭᠠᠨ ᠰᠢᠩᠭᠡᠲᠡᠯ᠎ᠡ ᠰᠠᠨᠠᠵᠤ ᠮᠥᠷᠥᠭᠡᠳᠴᠦ ᠶᠠᠪᠤᠵᠠᠭᠠᠶ᠎ᠠ᠂ ᠬᠤᠶᠠᠭᠤᠯᠠ ᠪᠠᠨ︕︾ ᠬᠡᠮᠡᠨ ᠭᠤᠩᠭᠠᠨᠢᠯᠳᠤᠵᠤ᠂ ᠬᠤᠳᠳᠤᠭ ᠳᠡᠭᠡᠷ᠎ᠡ ᠤᠰᠤ ᠤᠤᠭᠤᠬᠤ ᠳᠠᠭᠠᠨ ︽ᠡᠶᠢᠮᠦ ᠠᠮᠢᠳᠤ ᠲᠤᠩᠭᠠᠯᠠᠭ ᠷᠠᠰᠢᠶᠠᠨ ᠢ ᠲᠠᠮᠰᠢᠶᠠᠯᠠᠨ ᠲᠠᠮᠰᠢᠶᠠᠯᠠᠨ ᠤᠮᠳᠠᠯᠠᠵᠤ᠂ ᠦᠬᠦᠨ ᠦᠬᠦᠲᠡᠯ᠎ᠡ ᠪᠠᠨ ᠠᠷᠠᠭᠠᠨ ᠳᠠᠭᠠᠨ ᠰᠢᠩᠭᠡᠬᠡᠨ ᠠᠭᠤᠰᠬᠠᠵᠤ ᠶᠠᠪᠤᠵᠠᠭᠠᠶ᠎ᠠ︕︾ ᠬᠡᠮᠡᠨ ᠮᠡᠯᠮᠡᠷᠡᠭᠦᠯᠵᠦ ᠪᠠᠶᠢᠭᠰᠠᠨ ᠶᠤᠮ ᠪᠢᠵᠡ ᠠ᠋⁈      ᠴᠢᠨᠳᠠᠭ᠎ᠠ᠂ ᠪᠣᠲᠣᠭᠤ ᠬᠤᠶᠠᠷ ᠤᠨ ᠨᠤᠲᠤᠭ ᠤᠰᠤᠨ ᠠᠴᠠ ᠪᠠᠨ ᠰᠠᠯᠬᠤ ᠦᠶ᠎ᠡ ᠶᠢᠨ ᠰᠡᠳᠬᠢᠯ ᠤᠨ ᠭᠤᠨᠢᠭ ᠳᠣᠭᠳᠣᠯᠤᠯ ᠢ ᠡᠳᠦᠶᠢᠬᠡᠨ ᠢᠶᠠᠷ ᠶᠠᠭᠠᠬᠢᠨ ᠬᠡᠮᠵᠢᠶᠡᠯᠡᠬᠦ ᠪᠢᠯᠡ ᠳ᠋ᠠ᠃ ᠠᠳᠤᠭᠤᠰᠤ ᠠᠮᠢᠲᠠᠨ ᠤ ᠰᠡᠳᠬᠢᠬᠦᠢ ᠳᠤ ᠡᠭᠦᠨ ᠠᠴᠠ ᠴᠤ ᠢᠯᠡᠭᠦᠦ ᠬᠠᠶᠢᠷ᠎ᠠ ᠰᠡᠳᠬᠢᠯᠭᠡ ᠪᠠᠶᠢᠳᠠᠭ ᠢ ᠦᠭᠡᠶᠢᠰᠭᠡᠭᠦ ᠶᠢᠨ ᠠᠷᠭ᠎ᠠ ᠦᠭᠡᠢ᠃      ᠬᠡᠷᠪᠡ ᠪᠢ ᠶᠢᠰᠦᠨ ᠭᠡᠯᠡ ᠮᠡᠳᠡᠳᠡᠭ ᠰᠠᠨ ᠪᠣᠯ ᠁
 
ᠢᠷᠡᠯᠲᠡ᠄ ᠲᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号